ᠠᠩᠭᠢ ᠶᠢᠨ ᠡᠷᠬᠢᠯᠡᠭᠴᠢ ᠶᠢᠨ ᠴᠢᠭ᠍ᠯᠡᠯᠲᠡ

ᠠᠩᠭᠢ ᠶᠢᠨ ᠡᠷᠬᠢᠯᠡᠭ᠍ᠴᠢ ᠶᠢᠨ ᠠᠵᠢ᠍ᠯ ᠪᠤᠯ ᠲᠦ᠋ᠢ᠍ᠯ ᠤᠨ ᠨᠠᠷᠢ᠍ᠨ ᠪᠤᠳ᠋ᠤᠯᠢ᠍ᠶᠠᠨᠳ᠋ᠠᠢ᠂ ᠬᠦᠴᠢ᠍ᠷ ᠪᠡᠷᠭᠡᠰᠢ᠍ᠶᠡᠯ ᠲᠡᠶ᠂ ᠬᠦᠯᠢ᠍ᠴᠡᠩᠭᠦᠢ ᠴᠢ᠍ᠨᠠᠷ ᠲᠡᠶ ᠠᠵᠢ᠍ᠯ ᠮᠦ᠋ᠨ᠃ ᠲᠡᠷᠡ ᠨᠢ ᠭᠡᠥᠭᠡᠳ ᠲᠣ ᠪᠢᠴᠢ᠍ᠭ᠌ ᠵᠢᠭᠠᠬᠤ ᠪᠡᠷ ᠦᠯᠦ ᠪᠠᠷᠠᠨ᠂ ᠨᠡᠩ ᠴᠢ᠍ᠬᠤᠯᠠ ᠨᠢ ᠬᠦᠮᠦᠨ ᠪᠤᠯᠬᠤ ᠶᠤᠰᠤ ᠤᠴᠢ᠍ᠷ᠂ ᠴᠢ᠍ᠳ᠋ᠠᠪᠤᠷᠢ᠍ᠳ᠋ᠠᠨ ᠪᠤᠯᠬᠤ ᠠᠪᠢᠶᠠᠰ ᠴᠢ᠍ᠳ᠋ᠠᠪᠤᠷᠢ ᠵᠡᠷᠭᠡ ᠤᠯᠠᠨ ᠲᠠᠯ᠎ᠠ ᠶᠢᠨ ᠰᠤᠷᠳ᠋ᠠᠯ ᠰᠤᠷᠭᠠᠯ᠂ ᠤᠶᠤᠨ ᠤᠬᠠᠭᠠᠨ᠂ ᠬᠦᠮᠦᠵᠢ᠍ᠯ ᠵᠢᠭᠠᠪᠤᠷᠢ ᠬᠦᠷᠳ᠋ᠡᠭᠡᠭᠦ ᠶᠢ ᠱᠠᠭᠠᠷᠳ᠋ᠠᠳ᠋ᠠᠭ᠃ ᠠᠩᠭᠢ ᠶᠢᠨ ᠡᠷᠬᠢᠯᠡᠭ᠍ᠴᠢ ᠶᠢᠨ ᠠᠵᠢ᠍ᠯ ᠳ᠋ᠥ ᠭᠡᠯᠡᠯᠭᠡᠨ ᠦᠭᠡᠶ ᠪᠠᠭᠰᠢ ᠪᠤᠯᠤᠭᠰᠠᠳ ᠤᠨ ᠬᠤᠪᠢ ᠬᠦᠮᠦᠨ ᠤ ᠴᠢ᠍ᠷᠮᠠᠢ᠌ᠯᠭ᠎ᠠ᠂ ᠪᠤᠳ᠋ᠠᠳ᠋ᠠᠢ ᠡᠴᠡ ᠡᠭᠦᠰᠭᠦ᠂ ᠰᠤᠷᠤᠭᠴᠢ ᠪᠡᠷ ᠦᠨᠳ᠋ᠦᠰᠦ ᠪᠤᠯᠭᠠᠬᠤ᠂ ᠭᠠᠵᠠᠷ ᠤᠷᠤᠨ ᠤ ᠤᠨᠴᠠᠯᠢ᠍ᠭ ᠵᠡᠷᠭᠡ ᠵᠠᠷᠢ᠍ᠮ ᠲᠠᠯ᠎ᠠ ᠪᠠᠷ ᠬᠠᠷᠢ᠍ᠯᠴᠠᠨ ᠠᠳ᠋ᠠᠯᠢ ᠦᠬᠡᠢ ᠪᠠᠢ᠌ᠳ᠋ᠠᠭ ᠪᠤᠯᠪᠠᠴᠤ᠂ ᠮᠢ᠍ᠨᠦ ᠦᠵᠡᠭᠦ ᠪᠡᠷ ᠪᠠᠰᠠ ᠲᠦ᠋ᠭᠡᠮᠡᠯ ᠴᠢ᠍ᠨᠠᠷ ᠲᠡᠶ ᠭᠡᠳ᠋ᠦᠨ ᠲᠠᠯ᠎ᠠ ᠪᠠᠢ᠌ᠳ᠋ᠠᠭ ᠪᠢᠯᠡ᠃ ᠡᠭᠦᠨ ᠳ᠋ᠥ ᠪᠢ ᠦᠩᠭᠡᠷᠡᠭ᠍ᠰᠡᠨ ᠤ ᠠᠩᠭᠢ ᠡᠷᠬᠢᠯᠡᠭ᠍ᠰᠡᠨ ᠠᠵᠢ᠍ᠯ ᠶᠢᠠᠨ ᠨᠠᠷᠢ᠍ᠨ ᠨᠢ᠍ᠮᠪᠠᠢ ᠳ᠋ᠦ᠋ᠩᠨᠡᠪᠡᠯ ᠲᠤᠥᠷᠠᠬᠢ ᠮᠡᠳ᠋ᠦ ᠶᠢᠨ ᠨᠢ᠋ᠮᠠᠨ ᠲᠠᠯ᠎ᠠ ᠶᠢ ᠤᠮᠳ᠋ᠤᠭᠠᠢ᠌ᠯᠠᠵᠤ ᠪᠤᠯᠬᠤ ᠦᠭᠡᠶ᠂ ᠡᠭᠦᠨ ᠢ ᠲᠦ᠋ᠬᠦᠮᠴᠢ᠍ᠯᠡᠭᠡᠳ ᠠᠩᠭᠢ ᠶᠢᠨ ᠠᠵᠢ᠍ᠯ ᠤᠨ 《ᠨᠢ᠋ᠮᠠᠨ ᠦᠰᠦᠭ᠍ᠳ᠋ᠦ》 ᠴᠢᠭ᠍ᠯᠡᠯᠳ᠋ᠡ ᠭᠡᠮᠡᠨ ᠬᠤᠷᠢ᠍ᠶᠠᠩᠭ᠋ᠤᠢ᠌ᠯᠠᠭᠠᠳ᠂ ᠡᠷᠬᠢᠮ ᠤᠯᠠᠨ ᠬᠠᠮᠳ᠋ᠤ ᠠᠵᠢ᠍ᠯᠯᠠᠭᠰᠠᠳ ᠲᠡᠶ ᠰᠢ᠍ᠭᠤᠳ ᠲᠤᠷᠰᠢ᠍ᠯᠭ᠎ᠠ ᠪᠤᠯᠭᠠᠨ ᠰᠤᠯᠢ᠍ᠯᠴᠠᠶ᠎ᠠ᠄

ᠬᠠᠢ᠌ᠷ᠎ᠠ ☆ ᠠᠩᠭᠢ ᠶᠢᠨ ᠡᠷᠬᠢᠯᠡᠭ᠍ᠴᠢ ᠶᠢᠨ ᠠᠵᠢ᠍ᠯ ᠳ᠋ᠥ ᠬᠠᠢ᠌ᠷ᠎ᠠ ᠶᠢ ᠬᠠᠮᠤᠭ ᠲᠡᠷᠢ᠍ᠬᠦᠨ ᠳ᠋ᠥ ᠲᠠᠯᠪᠢᠵᠤ᠂ ᠠᠩᠭᠢ ᠶᠢᠨ ᠠᠯᠢ᠍ᠪᠠ ᠠᠵᠢ᠍ᠯ ᠳ᠋ᠥ ᠬᠠᠢ᠌ᠷ᠎ᠠ ᠪᠡᠷ ᠪᠢᠯᠬᠠᠵᠤ ᠪᠠᠢ᠌ᠪᠠᠯ ᠲᠠᠭᠠᠷᠠᠨ᠎ᠠ᠃

ᠲᠤᠳ᠋ᠤᠨᠤ ☆ ᠠᠩᠭᠢ ᠶᠢᠨ ᠡᠷᠬᠢᠯᠡᠭ᠍ᠴᠢ ᠶᠢᠨ ᠠᠵᠢ᠍ᠯ ᠳ᠋ᠥ ᠶᠠᠭᠤᠨ ᠤ ᠡᠮᠦᠨ᠎ᠠ ᠰᠤᠷᠤᠭᠴᠢ ᠶᠢᠨ ᠰᠡᠳᠭᠢᠯ ᠢ ᠤᠢ᠌ᠯᠠᠭᠠᠨ᠂ ᠶᠡᠷᠦ ᠨᠢ ᠰᠤᠷᠤᠭᠴᠢ ᠶᠢᠨ ᠨᠠᠢ᠌ᠵᠠ ᠪᠤᠯᠵᠤ ᠪᠠᠢ᠌ᠪᠠᠯ ᠵᠤᠬᠢᠨ᠎ᠠ᠃

ᠤᠳ᠋ᠤᠷᠢ᠍ᠳᠬᠤ ☆ ᠠᠩᠭᠢ ᠶᠢᠨ ᠡᠷᠬᠢᠯᠡᠭ᠍ᠴᠢ ᠶᠢᠨ ᠠᠵᠢ᠍ᠯ ᠳ᠋ᠥ ᠵᠠᠪᠠᠯ ᠰᠤᠷᠤᠭᠴᠢ ᠶᠢ ᠰᠡᠩᠭᠡᠷᠡᠭᠦᠯᠦᠨ ᠤᠳ᠋ᠤᠷᠢ᠍ᠳᠴᠤ᠂ ᠵᠦ᠋ᠪ ᠤᠨᠤᠪᠴᠢ᠍ᠳ᠋ᠠᠢ ᠴᠢ᠍ᠳ᠋ᠠᠪᠤᠷᠢ᠍ᠳ᠋ᠠᠨ ᠪᠤᠯᠭᠠᠬᠤ ᠠᠩᠬᠠᠨ ᠤ ᠰᠠᠭᠤᠷᠢ ᠶᠢ ᠲᠠᠯᠪᠢᠨ᠎ᠠ᠃

ᠰᠢ᠍ᠷᠭᠠᠭᠤ ☆ ᠠᠩᠭᠢ ᠶᠢᠨ ᠡᠷᠬᠢᠯᠡᠭ᠍ᠴᠢ ᠶᠢᠨ ᠠᠵᠢ᠍ᠯ ᠳ᠋ᠥ ᠦᠷᠭᠦᠯᠵᠢ ᠶᠢᠨ ᠴᠢ᠍ᠨᠠᠷ ᠲᠡᠶ ᠬᠦᠮᠦᠵᠢ᠍ᠭᠦᠯᠵᠤ᠂ ᠰᠤᠷᠤᠭᠴᠢ ᠶᠢ ᠰᠡᠩᠭᠡᠷᠡᠭᠦᠯᠵᠤ ᠠᠵᠢ᠍ᠯᠴᠢ ᠰᠢ᠍ᠷᠭᠠᠭᠤ ᠰᠤᠷᠳ᠋ᠠᠯ ᠢ ᠬᠠᠷᠠᠬᠠᠨ ᠪᠠᠭ᠎ᠠ ᠡᠴᠡ ᠨᠢ ᠬᠦᠮᠦᠵᠢ᠍ᠭᠦᠯᠦᠨ᠎ᠠ᠃

ᠭᠤᠥᠯᠴᠢ ☆ ᠠᠩᠭᠢ ᠶᠢᠨ ᠡᠷᠬᠢᠯᠡᠭ᠍ᠴᠢ ᠶᠢᠨ ᠠᠵᠢ᠍ᠯ ᠳ᠋ᠥ ᠡᠨᠭ᠌ ᠲᠡᠷᠢ᠍ᠭᠦᠨ ᠳ᠋ᠥ ᠪᠦᠬᠦ ᠠᠩᠭᠢ ᠶᠢᠨ ᠰᠤᠷᠤᠭᠴᠢ ᠶᠢ ᠲᠡᠭ᠍ᠰᠢ ᠪᠡᠷ ᠦᠵᠡᠵᠤ᠂ ᠪᠦᠬᠦ ᠰᠤᠷᠤᠭᠴᠢ ᠳ᠋ᠥ ᠲᠦ᠋ᠪ ᠭᠤᠥᠯᠴᠢ ᠪᠡᠷ ᠬᠠᠨᠳ᠋ᠤᠨ᠎ᠠ᠃

ᠴᠢ᠍ᠩᠭ᠎ᠠ ☆ ᠠᠩᠭᠢ ᠶᠢᠨ ᠡᠷᠬᠢᠯᠡᠭ᠍ᠴᠢ ᠶᠢᠨ ᠠᠵᠢ᠍ᠯ ᠳ᠋ᠥ ᠵᠠᠪᠠᠯ ᠱᠠᠭᠠᠷᠳ᠋ᠠᠯᠭ᠎ᠠ ᠴᠢ᠍ᠩᠭ᠎ᠠ ᠨᠢ᠍ᠮᠪᠠᠢ ᠪᠠᠢ᠌ᠵᠤ᠂ ᠬᠠᠳ᠋ᠠᠭᠤ ᠴᠢ᠍ᠩᠭ᠎ᠠ ᠪᠠᠢ᠌ᠬᠤ ᠨᠢ ᠦᠨᠡᠨ ᠳ᠋ᠡᠭᠡᠨ ᠬᠠᠢ᠌ᠷᠠᠲᠠᠢ ᠪᠠᠢ᠌ᠬᠤ ᠶᠢᠨ ᠦᠷᠬᠦᠯᠵᠢ᠍ᠯᠡᠯ ᠪᠤᠯᠤᠨ᠎ᠠ᠃

ᠠᠮᠢ᠍ᠳ᠋ᠤᠯᠢ᠍ᠭ ☆ ᠠᠩᠭᠢ ᠶᠢᠨ ᠡᠷᠭᠢᠯᠡᠭ᠍ᠴᠢ ᠶᠢᠨ ᠠᠵᠢ᠍ᠯ ᠳ᠋ᠥ ᠶᠡᠷᠦ ᠨᠢ ᠰᠤᠷᠤᠭᠴᠢ ᠪᠡᠷ ᠦᠨᠳ᠋ᠦᠰᠦ ᠪᠤᠯᠭᠠᠨ᠂ ᠠᠰᠠᠭᠤᠳ᠋ᠠᠯ ᠢ ᠰᠢᠢᠳᠪᠦᠷᠢ᠍ᠯᠡᠭᠦ ᠳ᠋ᠥ ᠠᠮᠢ᠍ᠳ᠋ᠤᠯᠢ᠍ᠭ ᠪᠦᠭᠡᠳ ᠰᠢ᠍ᠨ᠎ᠠ ᠶᠢ ᠡᠭᠦᠳᠭᠦ ᠲᠠᠨᠢ᠍ᠯᠳ᠋ᠠ ᠶᠢ ᠨᠢ ᠲᠡᠭᠡᠭ᠍ᠰᠢ᠍ᠯᠡᠭᠦᠯᠦᠨ᠎ᠠ᠃

ᠪᠤᠳ᠋ᠠᠳ᠋ᠠᠢ ☆ ᠠᠩᠭᠢ ᠶᠢᠨ ᠠᠵᠢ᠍ᠯ ᠤᠨ ᠬᠠᠮᠢ᠍ᠶᠠᠷᠤᠯᠳ᠋ᠠ ᠶᠢᠨ ᠲᠠᠯ᠎ᠠ ᠪᠡᠷ ᠵᠠᠪᠠᠯ ᠢᠯᠡ ᠪᠠᠢ᠌ᠯᠭᠠᠵᠤ᠂ ᠦᠨᠡᠨ ᠪᠤᠳ᠋ᠠᠳ᠋ᠠᠢ ᠲᠦ᠋ᠯᠦᠪᠯᠡᠭᠡ ᠲᠡᠶ᠂ ᠠᠯᠬᠤᠮ ᠲᠠᠷᠠᠭ᠎ᠠ ᠲᠡᠶ ᠪᠡᠷ ᠬᠠᠷᠠᠯᠳ᠋ᠠ ᠳᠠᠭᠠᠨ ᠬᠦᠷᠬᠦ ᠶᠢ ᠪᠠᠳ᠋ᠤᠯᠠᠨ᠎ᠠ᠃

《ᠦᠪᠦᠷ ᠮᠤᠩᠭ᠋ᠤᠯ ᠤᠨ ᠰᠤᠷᠭᠠᠨ ᠬᠦᠮᠦᠵᠢ᠍ᠯ》 ᠰᠡᠳᠭᠦᠯ ᠤᠨ 2016 ᠤᠨ ᠤ 2 ᠳ᠋ᠤᠭᠠᠷ ᠬᠤᠭᠤᠴᠠᠭᠠᠨ ᠳ᠋ᠥ ᠨᠡᠢ᠌ᠳ᠋ᠡᠯᠡᠭ᠍ᠳ᠋ᠡᠪᠡ


ᠵᠤᠬᠢᠶᠠᠭᠴᠢ᠄ ᠸ·ᠠᠭᠤᠯᠠ
ᠢᠷᠡᠯᠲᠡ᠄ ᠵᠤᠬᠢᠶᠠᠭᠴᠢ ᠶᠢᠨ ᠢᠷᠡᠭᠦᠯᠦᠭᠰᠡᠨ ᠡᠬᠡ ᠪᠢᠴᠢᠭ᠌
ᠳᠠᠷᠤᠮ᠄ 539
ᠴᠠᠭ᠄ 2017 ᠤᠨ ᠤ 03 ᠰᠠᠷ᠎ᠠ ᠶᠢᠨ 24
ᠪᠢᠴᠢᠭ᠍‍ᠯᠡᠭᠴᠢ᠄ ᠸ · ᠠᠭᠤᠯᠠ
ᠨᠠᠢ᠌ᠷᠠᠭᠤᠯᠤᠭᠴᠢ᠄ ᠪᠦᠬᠡᠡᠷᠳᠡᠨᠢ
ᠲᠤᠰ ᠵᠤᠬᠢᠶᠠᠯ ᠢ ᠪᠦᠷᠭᠡ ᠳᠡᠭᠡᠨ ᠬᠠᠳᠠᠭᠠᠯᠠᠬᠤ
ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃

ᠪᠠᠢ᠌ᠷᠢ᠄ ᠮᠤᠩᠭ᠋ᠤᠯ ᠬᠡᠪ ᠰᠤᠷᠭᠠᠨ ᠬᠦᠮᠦᠵᠢᠯᠪᠠᠭᠰᠢ ᠶᠢᠨ - ᠠᠩᠭᠢ ᠶᠢᠨ ᠡᠷᠬᠢᠯᠡᠭᠴᠢ ᠶᠢᠨ ᠴᠢᠭ᠍ᠯᠡᠯᠲᠡ