ᠡᠪᠠᠰᠤ ᠪᠠ ᠡᠯᠡᠰᠤ

ᠨᠤᠶᠠᠨ ᠳᠡᠭ᠍ᠷᠢ ᠶᠢᠨ ᠰᠠᠭᠤᠳᠠᠯ ᠢ ᠡᠷᠭᠦᠵᠤ

ᠨᠤᠭᠤᠭᠠᠨ ᠡᠪᠠᠰᠤ ᠳᠤᠤᠷ᠎ᠠ ᠡᠴᠡ ᠴᠤᠷᠭᠢᠯᠠᠨ᠎ᠠ

ᠨᠤᠮᠢᠨ ᠳᠠᠯ᠎ᠠ ᠶᠢᠨ ᠳᠡᠪᠢᠰᠭᠡᠷ ᠢ ᠳᠠᠷᠤᠵᠤ

ᠨᠤᠯᠴᠢᠭᠠᠷ ᠡᠯᠡᠰᠤ ᠳᠡᠭᠡᠷ᠎ᠡ ᠡᠴᠡ ᠴᠤᠯᠭᠢᠯᠠᠨ᠎ᠠ

ᠡᠪᠠᠰᠤ ᠪᠠᠷ ᠰᠢᠷᠢᠭ᠍ᠰᠡᠨ ᠳᠠᠯ᠎ᠠ ᠶᠢᠨ ᠳᠡᠭᠡᠭᠦᠷ

ᠡᠭᠦᠯᠡ ᠪᠠᠷ ᠪᠦᠷᠢᠭ᠍ᠰᠡᠨ ᠳᠡᠭ᠍ᠷᠢ ᠶᠢᠨ ᠳᠤᠤᠭᠤᠷ

ᠡᠩᠭᠡᠷ ᠵᠠᠳᠠᠭᠠᠢ ᠡᠷᠭᠢᠭᠦᠤ ᠡᠯᠡᠰᠤ ᠴᠢ

ᠡᠷᠳᠡᠨᠢ ᠪᠢᠰᠢ ᠡᠪᠠᠰᠤᠨ ᠳᠤ ᠳᠠᠷᠤᠭᠳᠠᠨ᠎ᠠ ᠳ᠋ᠠ

ᠵᠤᠬᠢᠶᠠᠭᠴᠢ᠄ ᠵᠢ᠊·ᠠᠩᠭᠢᠷ
ᠢᠷᠡᠯᠲᠡ᠄ ᠵᠤᠬᠢᠶᠠᠭᠴᠢ ᠡᠴᠡ ᠬᠠᠩᠭᠠᠪᠠ
ᠬᠠᠷᠢᠶ᠎ᠠ᠄ ᠰᠢᠯᠦᠭ
ᠳᠠᠷᠤᠮ᠄ 2536
ᠴᠠᠭ᠄ 2007 ᠤᠨ ᠤ 05 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁