ᠭᠠᠷ

ᠪᠠᠶᠠᠨ ᠤ ᠡᠷᠭᠡᠳᠡᠨ

ᠪᠢᠯᠢᠭ᠌ ᠣᠬᠠᠭᠠᠨ ᠤ ᠭᠠᠢ᠌ᠬᠠᠮᠰᠢᠭ

ᠭᠠᠷ ᠁

ᠶ‍ᠢᠰᠤᠨ ᠳᠡᠭ᠍ᠷᠢ ᠶᠢᠨ ᠵᠠᠮ ᠡᠷᠭᠢᠭ᠍ᠰᠡᠨ

ᠬᠤᠷᠤᠭᠤᠨ ᠤ ᠥᠡᠳᠡᠭᠡᠨ ᠠᠭᠤᠯᠠ ᠣᠰᠤ ᠳᠠᠢ

ᠶᠠᠷᠳᠢᠠᠴᠤ ᠶᠢᠨ ᠵᠠᠶᠠᠭ᠎ᠠ ᠳᠤᠷᠠᠢ᠌ᠭᠰᠠᠨ

ᠭᠦᠮᠤᠨ ᠤ ᠠᠯᠠᠭᠠᠨ ᠪᠣᠷᠬᠠᠨ ᠲᠦᠯᠭᠡ ᠳᠠᠢ

ᠣᠰᠤᠨ ᠳᠡᠭᠡᠷ᠎ᠡ ᠣᠨᠠᠭᠰᠠᠨ ᠳᠤᠰᠤᠯ ᠭᠦᠷᠳᠡᠯ᠎ᠡ

ᠬᠤᠷᠤᠭᠤᠨ ᠤ ᠮᠢᠨᠢ ᠭᠡ ᠶᠢ ᠵᠢᠷᠤᠵᠤ ᠭᠦᠶᠤᠨ᠎ᠡ

ᠠᠭᠤᠯᠠᠨ ᠳᠤ ᠪᠠᠯᠴᠢᠭᠦ ᠰᠦᠷᠦᠭ᠌ ᠭᠦᠷᠳᠡᠯ᠎ᠡ

ᠭᠢᠮᠤᠰᠤᠨ ᠤ ᠮᠢᠨᠢ ᠡᠩᠭᠡᠷ ᠲᠤ ᠴᠡᠴᠡᠭ᠍ᠯᠡᠵᠤ ᠨᠡᠭᠦᠨ᠎ᠡ

ᠰᠦᠮᠪᠤᠨ ᠬᠤᠷᠤᠭᠤᠨ ᠤ ᠡᠷᠳᠡᠮ ᠵᠢᠠᠷ

ᠳᠠᠩᠨᠠᠢ ᠭᠦᠷᠦᠭᠦ ᠨᠢ ᠣᠷᠠᠨ

ᠰᠡᠭᠦᠳᠡᠷ ᠲᠡᠶ ᠳᠠᠭᠤᠨ ᠤ ᠠᠶᠠᠯᠭᠤ ᠶᠢ

ᠰᠤᠯᠠᠭᠠᠢ ᠪᠠᠷ ᠨᠡᠷᠡᠯᠡᠭᠦ ᠨᠢ ᠣᠶᠠᠨ

ᠵᠢᠷᠦᠭᠡᠨ ᠤ ᠭᠡᠯᠡ ᠲᠡᠶ ᠭᠠᠷ ᠤᠨ ᠰᠠᠴᠤᠯᠢ ᠶᠢ

ᠳᠤᠶᠠᠭ᠎ᠠ ᠪᠠᠷ ᠢᠨᠢᠶᠡᠯᠭᠡᠭᠦ ᠨᠢ ᠭᠡᠭᠡᠮᠰᠦᠭ᠌

ᠵᠡᠭᠦᠳᠤᠨ ᠤ ᠮᠦᠷ ᠲᠡᠶ ᠭᠦᠮᠤᠨ ᠤ ᠠᠮᠢᠳᠤᠷᠠᠯ ᠢ

ᠭᠦᠰᠡᠯᠡᠩ ᠲᠡᠶ ᠭᠠᠷᠳᠠᠬᠤ ᠨᠢ ᠷᠤᠮᠠᠠᠲ᠋ᠢᠭ

ᠪᠦᠯᠳᠡᠢ᠌ᠭ᠍ᠰᠡᠨ ᠬᠠᠷᠠᠴᠠ ᠪᠠᠷ

ᠭᠠᠷ ᠭᠤᠷᠢᠳᠠᠭᠰᠠᠨ ᠬᠡᠦᠬᠡᠳ ᠭᠡᠨᠡᠨ

ᠪᠦᠯᠢᠶᠡᠨ ᠰᠥ᠋ ᠨᠢ ᠴᠢᠨᠤᠷᠠᠵᠤ

ᠭᠠᠷ ᠡᠴᠠ ᠬᠠᠷᠢᠭᠤ ᠡᠷᠢᠭ᠍ᠰᠡᠨ ᠪᠦᠰᠡᠭᠦᠢ ᠴᠠᠢ᠌ᠯᠭᠠᠨ

ᠡᠪᠦᠯ ᠬᠤᠨᠢᠨ ᠤ ᠬᠡᠦᠬᠡᠳ ᠤᠨ ᠭᠠᠷ ᠭᠡᠵᠢᠶᠡᠳᠡ ᠪᠠᠭᠡᠷᠡᠩᠭᠡᠢ

ᠥᠡᠳᠡᠢ᠌ᠭᠦ ᠨᠠᠷᠠ ᠶᠢ ᠳᠦᠰᠢᠭᠦ ᠨᠢᠯᠬ᠎ᠠ ᠨᠤᠭᠤᠭᠠᠨ ᠤ ᠭᠠᠷ ᠳᠠᠩᠳᠠ ᠭᠦᠯᠴᠢᠩᠭᠡᠢ

ᠭᠢᠯᠢᠩ ᠳᠦᠭᠦᠷᠦᠭ᠍ᠰᠡᠨ ᠳᠡᠯᠡᠭᠡᠢ ᠶᠢᠨ ᠬᠠᠴᠠᠷ ᠳᠡᠭᠡᠷ᠎ᠡ

ᠭᠡᠩᠰᠢᠭᠦᠷᠡᠳᠡᠯ᠎ᠡ ᠪᠠᠭᠤᠭᠰᠠᠨ ᠴᠢᠩᠭᠢᠰ ᠤᠨ ᠠᠯᠠᠭᠠᠨ ᠬᠠᠳᠠᠵᠢᠭᠰᠠᠨ

᠊ᠭ᠍ᠭᠢᠪ ᠳᠤᠷᠭ᠎ᠠ ᠰᠢᠭ ᠰᠠᠷᠠᠨ ᠤ ᠴᠢᠷᠠᠢ ᠳᠡᠭᠡᠷ᠎ᠡ

ᠳᠠᠭᠠᠯᠠᠵᠤ ᠠᠷᠴᠢᠭᠰᠠᠨ ᠭᠦᠮᠤᠨ ᠤ ᠭᠠᠷ ᠳᠤᠮᠤᠭ ᠪᠠᠰᠤᠵᠤ ᠬᠠᠳᠠᠭᠠᠨᠠᠭᠰᠠᠨ

ᠭᠡᠵᠢᠶ᠎ᠡ ᠨᠢᠭᠡ ᠣᠴᠠᠷᠠᠬᠤ ᠳ᠋ᠤ

ᠬᠠᠯᠠᠭᠤᠨ ᠭᠠᠷ ᠠᠳᠬᠤᠵᠤ ᠪᠠᠶᠠᠰᠬᠤ ᠦᠶ᠎ᠡ ᠰᠠᠢ᠌ᠬᠠᠨ

ᠭᠡᠮᠵᠢᠶ᠎ᠡ ᠲᠡᠶ ᠨᠠᠰᠤ ᠶᠢ ᠴᠢᠮᠭᠢ ᠴᠢᠮᠭᠢ ᠪᠠᠷ

ᠳᠠᠰᠤᠯᠵᠤ ᠳᠠᠭᠤᠰᠬᠤ ᠴᠠᠭ ᠤᠨ ᠭᠠᠷ ᠬᠠᠯᠠᠳᠠᠢ

ᠭᠠᠵᠠᠷ ᠳᠡᠭ᠍ᠷᠢ ᠶᠢ ᠬᠠᠪᠰᠤᠷᠴᠤ

ᠠᠯᠠᠭ᠎ᠠ ᠵᠠᠯᠪᠢᠷᠠᠬᠤ ᠨᠢ ᠰᠥᠵᠦᠭ᠍ᠳᠡᠢ

ᠭᠠᠯᠪᠠ ᠶᠢᠷᠳᠢᠠᠴᠤ ᠶᠢ ᠨᠢᠷᠭᠡᠵᠤ

ᠴᠦᠮᠦ (ᠴᠦᠮ᠎ᠡ) ᠨᠢᠳᠤᠷᠭᠠᠳᠤᠬᠤ ᠨᠢ ᠠᠶᠤᠮᠰᠢᠭᠳᠠᠢ︕

ᠶ‍ᠢᠰᠤᠨ ᠳᠡᠭ᠍ᠷᠢ ᠶᠢᠨ ᠵᠠᠮ ᠡᠷᠭᠢᠭ᠍ᠰᠡᠨ

ᠬᠤᠷᠤᠭᠤᠨ ᠤ ᠥᠡᠳᠡᠭᠡᠨ ᠠᠭᠤᠯᠠ ᠣᠰᠤ ᠳᠠᠢ

ᠶᠢᠷᠳᠢᠠᠴᠤ ᠶᠢᠨ ᠵᠠᠶᠠᠭ᠎ᠠ ᠳᠤᠷᠠᠢ᠌ᠭᠰᠠᠨ

ᠭᠦᠮᠤᠨ ᠤ ᠠᠯᠠᠭᠠᠨ ᠪᠣᠷᠬᠠᠨ ᠲᠦᠯᠭᠡ ᠳᠠᠢ

ᠣᠰᠤᠨ ᠳᠡᠭᠡᠷ᠎ᠡ ᠣᠨᠠᠭᠰᠠᠨ ᠳᠤᠰᠤᠯ ᠭᠦᠷᠳᠡᠯ᠎ᠡ

ᠬᠤᠷᠤᠭᠤᠨ ᠤ ᠮᠢᠨᠢ ᠭᠡᠭᠡ ᠶᠢ ᠵᠢᠷᠤᠵᠤ ᠭᠦᠶᠤᠨ᠎ᠡ

ᠠᠭᠤᠯᠠᠨ ᠳᠤ ᠪᠠᠯᠴᠢᠭᠦ ᠰᠦᠷᠦᠭ᠌ ᠭᠦᠷᠳᠡᠯ᠎ᠡ

ᠭᠢᠮᠤᠰᠤᠨ ᠤ ᠮᠢᠨᠢ ᠡᠩᠭᠡᠷ ᠲᠤ ᠴᠡᠴᠡᠭ᠍ᠯᠡᠵᠤ ᠨᠡᠭᠦᠨ᠎ᠡ

ᠪᠠᠶᠠᠨ ᠤ ᠡᠷᠭᠡᠳᠡᠨ

ᠪᠢᠯᠢᠭ᠌ ᠣᠬᠠᠭᠠᠨ ᠤ ᠭᠠᠢ᠌ᠬᠠᠮᠰᠢᠭ

ᠭᠠᠷ ᠁


ᠵᠤᠬᠢᠶᠠᠭᠴᠢ ᠶᠢᠨ ᠬᠠ‍‌ᠶᠢᠭ ᠄ ᠳᠡᠯᠡᠭᠡᠢ ᠬᠤᠳᠠ

ᠵᠤᠬᠢᠶᠠᠭᠴᠢ᠄ ᠬᠠᠰᠭᠢᠷᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1575
ᠴᠠᠭ᠄ 2011 ᠤᠨ ᠤ 03 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ