ᠡᠷᠢᠭ᠍ᠳᠡᠯ ᠤᠨ ᠰᠠᠢ᠌ᠬᠠᠨ

ᠢᠳᠡᠭᠡᠯ ᠶᠢᠡᠷ ᠰᠡᠳᠭᠢᠯ ᠶᠢᠡᠨ ᠰᠦᠯᠠᠵᠤ᠂ ᠳᠤᠷᠠᠯᠠᠯ ᠶᠢᠡᠷ ᠳᠠᠭᠤᠤ ᠪᠠᠨ ᠨᠡᠷᠡᠭ᠍ᠰᠡᠨ ᠵᠤᠠᠰᠠᠭ ᠰᠠᠢ᠌ᠬᠠᠨ ᠵᠢᠷᠦᠭᠡᠨ ᠳᠠᠯ᠎ᠠ ᠳᠤ ᠴᠡᠮᠴᠡᠭᠡᠷ ᠪᠠᠢ᠌ᠭᠠᠯᠢ ᠶᠢᠨ ᠰᠤᠳᠤᠨ ᠴᠡᠴᠡᠭ᠌ ᠭᠡᠮᠡᠷ ᠴᠡᠪᠠᠷᠭᠡᠨ ᠭᠡᠭᠡᠡᠴᠢᠷ ᠢᠨᠠᠭ ᠮᠢᠨᠢ ᠦᠯᠡᠮᠵᠢ ᠶᠢᠨ ᠨᠠᠢ᠌ᠷ ᠲᠡᠶ ᠦᠨᠢ ᠡᠷᠢᠭ᠍ᠳᠡᠨ᠎ᠡ᠃

ᠳᠤᠷᠠᠨ ᠰᠢᠭ ᠬᠤᠶᠠᠷ ᠳᠤᠪᠴᠢᠨ ᠬᠠᠷ᠎ᠠ ᠨᠢᠳᠤ ᠴᠢᠨᠢ ᠡᠷᠢᠭ᠍ᠳᠡᠨ᠎ᠡ᠂ ᠳᠤᠭᠤᠷᠢᠮ ᠪᠦᠷᠢᠳᠤ ᠰᠢᠭ᠌ ᠣᠶᠠᠬᠠᠨ ᠭᠤᠪᠠᠢ ᠠᠭᠠᠯᠢ ᠴᠢᠨᠢ ᠡᠷᠢᠭ᠍ᠳᠡᠨ᠎ᠡ᠃ ᠡᠳᠦᠷ ᠤᠨ ᠴᠠᠭᠠᠨ ᠪᠣᠳᠤᠯ ᠳᠤ ᠡᠷᠢᠭ᠍ᠳᠡᠨ᠎ᠡ᠂ ᠥᠷᠭᠡᠯᠡᠭᠦ ᠰᠦᠨᠢ ᠶᠢᠨ ᠵᠡᠭᠦᠳᠤᠨ ᠳᠤ ᠡᠷᠢᠭ᠍ᠳᠡᠨ᠎ᠡ᠃

ᠡᠷᠢᠭ᠍ᠳᠡᠯ ᠪᠣᠯ ᠥᠭ᠍‍ᠭᠢᠶᠡᠮᠦᠷ ᠬᠠᠢ᠌ᠷ᠎ᠠ ᠶᠢᠨ ᠴᠤᠩᠬᠤᠨ ᠳᠤᠤᠷ᠎ᠠ ᠴᠡᠩᠭᠡᠭ᠌ ᠠᠭᠠᠷ ᠠᠮᠢᠰᠬᠤᠨ ᠮᠦᠰᠢᠶᠠᠨ ᠳᠡᠯᠭᠡᠷᠡᠭ᠍ᠰᠡᠨ ᠨᠢᠭᠡᠨ ᠪᠣᠳᠠ ᠰᠤᠷᠭᠤᠭ ᠴᠡᠴᠡᠭ᠌᠃ ᠪᠠᠢ᠌ᠨ ᠪᠠᠢ᠌ᠨ ᠳᠤᠨᠤᠷᠠᠨ ᠮᠡᠯᠳᠡᠷᠡᠭᠦ ᠰᠢᠭᠦᠳᠡᠷᠢ ᠶᠢᠨ ᠪᠦᠮᠪᠦᠯᠢᠭ᠌ ᠲᠤ ᠮᠢᠩᠭ᠋ᠠᠨ ᠬᠠᠪᠣᠷ ᠤᠨ ᠵᠢᠷᠤᠭ ᠰᠤᠯᠤᠩᠭ᠋ᠠᠷᠠᠵᠤ ᠣᠯᠠᠷᠢᠯ ᠤᠨ ᠥᠩᠭᠡ ᠣᠶᠠᠩᠭ᠋᠎ᠠ ᠶᠢᠨ ᠭᠦᠭ᠌ ᠲᠡᠶ ᠢᠳᠡᠭᠡᠰᠢᠨ᠎ᠡ᠃

ᠪᠣᠷᠤᠭᠠᠠᠳᠤ ᠰᠦᠨᠢ ᠨᠣᠢ᠌ᠷ ᠬᠤᠯᠵᠢᠨ ᠪᠣᠳᠤᠯ ᠳᠠᠪᠳᠤᠵᠤ ᠴᠢᠮ᠎ᠠ ᠶᠢ ᠥᠭᠡᠢ᠌ᠯᠡᠨ᠎ᠡ᠂ ᠨᠠᠷᠠᠳᠤ ᠡᠳᠦᠷ ᠵᠢᠷᠦᠭᠡ ᠡᠮᠵᠡᠭᠯᠡᠨ ᠨᠠᠮᠤᠷ ᠤᠨ ᠨᠠᠪᠴᠢ ᠰᠢᠭ ᠭᠠᠩᠳᠠᠵᠤ ᠥᠭᠡᠢ᠌ᠯᠡᠨ᠎ᠡ᠃ ᠥᠭᠡᠢ᠌ᠯᠡᠭᠦ ᠶᠢᠨ ᠵᠢᠷᠭᠠᠯ ᠳᠤ ᠬᠠᠢ᠌ᠯ ᠤᠨ ᠣᠰᠤ ᠰᠢᠭ ᠣᠷᠤᠰᠴᠤ ᠢᠷᠡᠭᠦ ᠳᠤᠷᠠᠰᠤᠯ ᠮᠥᠷᠦᠭᠡᠳᠦᠯ ᠤᠨ ᠵᠤᠵᠠᠭᠠᠨ ᠮᠠᠨᠠᠨ ᠨᠦᠮᠤᠷᠤᠨ ᠥᠶ‍ᠦᠭ᠍‍ᠭᠡᠨ ᠰᠡᠳᠭᠢᠯ ᠤᠨ ᠳᠤᠷᠭᠠᠨ ᠪᠠᠯᠴᠢᠭᠡᠷ ᠲᠤ ᠪᠠᠨ ᠥᠤᠷ ᠰᠦᠨᠢ ᠶᠢᠨ ᠴᠢᠮᠡᠭᠡ ᠴᠢᠩᠨᠠᠨ ᠵᠤᠭᠰᠤᠬᠤ ᠦᠨᠦᠴᠢᠷᠠᠯ ᠤᠨ ᠳᠠᠪᠢᠯᠠᠩ ᠭᠡᠴᠡᠭᠦᠤ᠃

ᠬᠤᠷᠸ᠎ᠠ ᠶᠢᠨ ᠠᠭᠤᠳᠠᠮ ᠵᠠᠢ ᠳᠤ ᠬᠤᠩᠭ᠋ᠤᠷᠬᠠᠨ ᠪᠣᠯᠪᠠᠷᠠᠢ ᠬᠤᠶᠠᠷ ᠰᠡᠳᠭᠢᠯ ᠳᠤᠷᠠᠯᠠᠯ ᠤᠨ ᠨᠤᠭᠤᠭᠠᠨ ᠵᠤᠨ ᠡᠪᠦᠷᠯᠡᠵᠤ ᠪᠣᠴᠠᠬᠤ ᠭᠠᠯᠠᠭᠤᠳ ᠤᠨ ᠣᠶᠠᠬᠠᠨ ᠭᠠᠩᠭ᠋ᠠᠨᠠᠭ᠎ᠠ ᠰᠢᠭ ᠰᠤᠷᠠᠭ ᠤᠨ ᠬᠤᠯᠠ ᠡᠴᠡ ᠡᠷᠭᠢᠨ ᠡᠷᠭᠢᠨ ᠡᠷᠢᠭ᠍ᠳᠡᠯ ᠳᠤᠤᠷᠯᠠᠨ᠎ᠠ᠃ ᠡᠨᠡ ᠳᠡᠯᠡᠭᠡᠢ ᠳᠤ ᠡᠷᠢᠭ᠍ᠳᠡᠯ ᠥᠭᠡᠢ᠌ᠯᠡᠯ ᠤᠨ ᠪᠣᠷᠤ ᠬᠠᠩᠭ᠋ᠠᠢ ᠪᠠᠷ ᠡᠯᠢᠨ ᠬᠠᠯᠢᠬᠤ ᠴᠡᠩᠭᠡᠯ ᠪᠠᠶᠠᠰᠤᠯ ᠢ ᠥᠭᠡᠷ᠎ᠡ ᠶᠠᠭᠤ ᠲᠡᠶ ᠵᠣᠢ᠌ᠷᠯᠠᠨ᠎ᠠ ᠪᠢᠯᠠ︖

ᠵᠤᠬᠢᠶᠠᠭᠴᠢ᠄ ᠴᠢ᠊·ᠮᠠᠠᠳᠤᠯ᠎ᠠ
ᠬᠠᠷᠢᠶ᠎ᠠ᠄ ᠨᠠᠢᠷᠠᠭᠤᠯᠤᠯ
ᠳᠠᠷᠤᠮ᠄ 3661
ᠴᠠᠭ᠄ 2009 ᠤᠨ ᠤ 08 ᠰᠠᠷ᠎ᠠ ᠶᠢᠨ 19