ᠴᠢᠩᠭᠢᠰ ᠤᠨ ᠮᠤᠩᠭ᠋ᠤᠯ

ᠴᠠᠳᠢᠭ ᠳᠡᠦᠭᠡ ᠪᠠᠨ ᠵᠠᠭᠤᠨ ᠳᠠᠮᠵᠢᠨ

ᠴᠠᠴᠠᠨ ᠪᠢᠯᠢᠭ᠌ ᠶᠢᠡᠷ ᠶᠢᠡᠨ ᠪᠢᠴᠢᠭ᠍ᠯᠡᠭ᠍ᠰᠡᠨ

ᠴᠢᠩ ᠵᠤᠷᠢᠭᠳᠤ ᠪᠠᠭᠠᠳᠤᠷ ᠣᠭᠰᠠᠭᠠᠳᠠᠨ ᠢ

ᠴᠢᠩᠭᠢᠰ ᠤᠨ ᠮᠤᠩᠭ᠋ᠤᠯ ᠭᠡᠳᠡᠭ᠌ ᠶᠤᠮ᠂

ᠬᠤᠷᠴᠠ ᠢᠯᠳᠤ ᠬᠤᠷᠳᠤᠨ ᠭᠦᠯᠦᠭ᠌ ᠬᠤᠶᠠᠷ ᠶᠢᠡᠷ

ᠬᠤᠷᠸ᠎ᠠ ᠶᠢ ᠳᠦᠪᠰᠢᠦᠡᠭᠡᠭ᠍ᠰᠡᠨ ᠳᠤᠮᠤᠭ ᠲᠡᠶ

ᠬᠤᠤᠰ ᠦᠭᠡᠶ ᠪᠠᠭᠠᠳᠤᠷ ᠦᠨᠳᠦᠰᠦᠳᠠᠨ ᠢ

ᠴᠢᠩᠭᠢᠰ ᠤᠨ ᠮᠤᠩᠭ᠋ᠤᠯ ᠭᠡᠳᠡᠭ᠌ ᠶᠤᠮ᠂

ᠰᠥ᠋ ᠰᠢᠭ ᠴᠠᠢ᠌ᠯᠭᠠᠨ ᠰᠡᠳᠬᠢᠯ ᠲᠡᠶ

ᠰᠦᠯᠳᠡ ᠰᠢᠭ ᠪᠣᠰᠤᠭ᠎ᠠ ᠢᠳᠡᠭᠡᠯ ᠲᠡᠶ

ᠰᠤᠳᠤᠨ ᠴᠤᠤᠳᠤ ᠪᠠᠭᠠᠳᠤᠷᠴᠤᠳ ᠢ

ᠴᠢᠩᠭᠢᠰ ᠤᠨ ᠮᠤᠩᠭ᠋ᠤᠯ ᠭᠡᠳᠡᠭ᠌ ᠶᠤᠮ᠂

ᠣᠷᠳᠤ ᠶᠢᠨ ᠳᠠᠭᠤᠨ ᠤ ᠱᠢᠷᠤᠩᠬᠠᠢ ᠲᠡᠶ

ᠣᠷᠠᠨ ᠪᠦᠵᠢᠭ᠌ ᠤᠨ ᠨᠠᠭᠢᠯᠵᠠᠭ᠎ᠠ ᠲᠡᠶ

ᠣᠷᠯᠢᠭᠴᠢᠨ ᠡᠨᠡ ᠦᠨᠳᠦᠰᠦᠳᠠᠨ ᠢ

ᠴᠢᠩᠭᠢᠰ ᠤᠨ ᠮᠤᠩᠭ᠋ᠤᠯ ᠭᠡᠳᠡᠭ᠌ ᠶᠤᠮ᠂

ᠠᠯᠠᠭᠠᠨ ᠳᠡᠭᠡᠷ᠎ᠡ ᠪᠠᠨ ᠬᠠᠳᠠᠭ ᠲᠡᠶ

ᠠᠰᠢᠳᠠ ᠶᠢᠨ ᠪᠣᠶᠠᠨ ᠤ ᠢᠷᠦᠭᠡᠯ ᠲᠡᠶ

ᠠᠤᠭ᠎ᠠ ᠴᠢᠭᠡᠴᠢ ᠵᠢᠷᠤᠮᠳᠠᠨ ᠢ

ᠴᠢᠩᠭᠢᠰ ᠤᠨ ᠮᠤᠩᠭ᠋ᠤᠯ ᠭᠡᠳᠡᠭ᠌ ᠶᠤᠮ᠂

ᠠᠠᠳᠠ ᠶᠢᠨ ᠨᠠᠠᠳᠢᠨ ᠳᠠᠩᠭ᠋ᠠᠷᠢᠭ ᠲᠡᠶ

ᠠᠷᠢᠭᠤᠨ ᠵᠠᠩᠰᠢᠯ ᠣᠯᠠᠮᠵᠢᠯᠠᠯ ᠲᠡᠶ

ᠠᠷᠴᠠᠭ᠎ᠠ ᠦᠭᠡᠶ ᠪᠣᠯᠪᠠᠰᠤᠨ ᠦᠨᠳᠦᠰᠦᠳᠠᠨ ᠢ

ᠴᠢᠩᠭᠢᠰ ᠤᠨ ᠮᠤᠩᠭ᠋ᠤᠯ ᠭᠡᠳᠡᠭ᠌ ᠶᠤᠮ᠁᠂


ᠵᠤᠬᠢᠶᠠᠭᠴᠢ ᠶᠢᠨ ᠬᠠᠶ‍ᠢᠭ᠄ ᠰᠢᠠᠵᠢᠶᠠᠩ ᠤᠨ ᠪᠠᠶᠠᠠᠭᠤᠤᠯ ᠮᠤᠩᠭ᠋ᠤᠯ ᠥᠪᠠᠷᠳᠡᠭᠡᠨ ᠵᠠᠰᠠᠬᠤ ᠵᠸᠤ ᠶᠢᠨ ᠾᠸᠵᠢᠩ ᠰᠢᠶᠠᠨ

ᠵᠤᠬᠢᠶᠠᠭᠴᠢ᠄ ᠮᠣ᠊·ᠮᠥᠩᠭᠡᠪᠠᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1898
ᠴᠠᠭ᠄ 2010 ᠤᠨ ᠤ 06 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁