ᠦᠷᠭᠦᠯᠵᠢ ᠲᠤᠯᠢᠳᠠᠬᠤ ᠨᠢ ᠬᠦᠭᠰᠢᠷᠡᠬᠦ ᠶᠢ ᠤᠳᠠᠭᠠᠰᠢᠷᠠᠭᠤᠯᠤᠨ᠎ᠠ

ᠡᠮᠡᠭ᠍ᠳᠡᠢ᠌ᠴᠦᠳ ᠤᠨ ᠣᠯᠠᠩᠭᠢ ᠨᠢ ᠦᠪᠡᠷ ᠢ ᠪᠠᠨ ᠳᠤᠯᠢᠳᠠᠵᠤ ᠰᠢᠡᠵᠢᠭᠦ ᠳᠤᠷᠠᠳᠠᠢ ᠪᠠᠢ᠌ᠳᠠᠭ᠃ ᠣᠷᠤᠰ ᠤᠨ ᠰᠢᠡᠵᠢᠯᠡᠭᠦ ᠣᠬᠠᠭᠠᠠᠳᠠᠨ ᠤ ᠢᠯᠡᠷᠡᠭᠦᠯᠦᠭ᠍ᠰᠡᠨ ᠶᠢᠡᠷ᠂ ᠡᠮᠡᠭ᠍ᠳᠡᠢ᠌ᠴᠦᠳ ᠳᠤᠯᠢᠳᠠᠵᠤ ᠰᠢᠡᠵᠢᠭᠦ ᠳᠤᠷᠠᠳᠠᠢ ᠨᠢ ᠰᠢᠡᠵᠢᠯᠡᠭᠦ ᠣᠬᠠᠭᠠᠨ ᠪ ᠡᠰᠢ ᠪᠠᠷᠢᠮᠳᠠ ᠲᠡᠶ ᠪᠠᠢ᠌ᠳᠠᠭ᠂ ᠥᠷᠭᠦᠯᠵᠢ ᠳᠤᠯᠢᠳᠠᠵᠤ ᠰᠢᠡᠵᠢᠭᠦ ᠨᠢ ᠭᠦᠮᠤᠨ ᠤ ᠪᠠᠶ᠎ᠠ ᠶᠢᠨ ᠡᠷᠡᠭᠦᠯ ᠮᠠᠠᠳᠤ ᠳᠤ ᠶᠡᠭᠡᠭᠡᠨ ᠳᠤᠰᠠ ᠲᠡᠶ ᠪᠠᠷ ᠪᠠᠷᠠᠬᠤ ᠦᠭᠡᠶ ᠭᠦᠭ᠍ᠰᠢᠷᠡᠭᠦ ᠶᠢ ᠴᠤ ᠣᠳᠠᠭᠠᠰᠢᠷᠠᠭᠤᠯᠬᠤ ᠶᠤᠮ᠃

《ᠣᠷᠤᠰ ᠤᠨ ᠰᠢᠡᠵᠢᠯᠡᠭᠦ ᠣᠬᠠᠭᠠᠨ ᠤ ᠭᠦᠷᠢᠶᠡᠯᠡᠩ ᠤᠨ ᠮᠡᠳᠡᠭᠦᠯᠦᠯᠳᠡ》 ᠳᠤ ᠵᠢᠭᠠᠵᠤ ᠭᠠᠷᠭᠠᠭᠰᠠᠨ ᠨᠢ᠂ ᠶᠠᠮᠠᠷᠪᠠ ᠪᠣᠳᠠᠰ ᠪᠣᠶᠤ ᠠᠮᠢᠳᠤ ᠣᠷᠭᠠᠨᠢᠭ ᠪᠠᠶᠠᠳᠤ ᠨᠢ ᠭᠠᠳᠠᠭᠠᠳᠤ ᠣᠷᠴᠢᠨ ᠤ ᠰᠠᠴᠤᠷᠠᠭ ᠨᠥᠯᠦᠭᠡᠨ ᠳᠤᠤᠷ᠎ᠠ ᠪᠦᠷ ᠭᠡᠷᠡᠯ ᠂ ᠢᠯᠴᠢ᠂ ᠳᠠᠭᠤ ᠡᠭᠦᠰᠳᠡᠭ᠌ ᠪᠠᠢ᠌ᠨ᠎ᠠ᠃ ᠭᠦᠮᠤᠨ ᠳᠤᠯᠢ ᠥᠵᠡᠭᠦ ᠦᠶ᠎ᠡ ᠳᠤ᠂ ᠳᠤᠯᠢ ᠪᠠᠷ ᠳᠠᠮᠵᠢᠵᠤ ᠣᠢ᠌ᠯᠵᠤ ᠢᠷᠡᠭ᠍ᠰᠡᠨ ᠳᠣᠢ᠌ᠯ ᠤᠨ ᠳᠤᠤᠷ᠎ᠠ ᠭᠡᠮᠵᠢᠶᠡᠨ ᠤ ᠰᠠᠴᠤᠷᠠᠭ ᠨᠢ ᠭᠦᠮᠤᠨ ᠤ ᠡᠰ᠂ ᠡᠷᠭᠡᠳᠡᠨ ᠭᠢᠭᠡᠤᠨ ᠪᠠᠶ᠎ᠠ ᠳᠤ ᠰᠠᠳᠠᠯᠳᠠ ᠥᠵᠡᠭᠦᠯᠦᠨ᠎ᠡ᠃

ᠰᠢᠡᠵᠢᠯᠡᠭᠦ ᠣᠬᠠᠭᠠᠠᠳᠠᠤᠨ 3 ᠬᠤᠷᠤᠭᠤ ᠰᠢᠯ ᠳᠤ ᠳᠤᠰ ᠪᠦᠷᠢ ᠴᠢᠰᠤ ᠭᠢᠵᠤ᠂ ᠨᠢᠭᠡᠳᠦᠭᠡᠷ ᠬᠤᠷᠤᠭᠤ ᠰᠢᠯ ᠢ ᠡᠭ᠍ᠴᠡ ᠳᠤᠰᠬᠤ ᠳᠤᠯᠢ ᠪᠠᠷ ᠪᠦᠳᠠᠭᠡᠵᠤ᠂ ᠬᠤᠶᠠᠳᠤᠭᠠᠷ ᠬᠤᠷᠤᠭᠤ ᠰᠢᠯ ᠢ ᠳᠡᠭᠡᠷ᠎ᠡ ᠳᠤᠤᠷ᠎ᠠ ᠳᠠᠯᠪᠢᠭᠰᠠᠨ ᠬᠤᠶᠠᠷ ᠳᠤᠯᠢ ᠶᠢᠨ ᠳᠤᠮᠳᠠ ᠳᠠᠯᠪᠢᠵᠤ᠂ ᠭᠤᠷᠪᠠᠳᠤᠭᠠᠷ ᠬᠤᠷᠤᠭᠤ ᠰᠢᠯ ᠢ ᠵᠥᠪᠭᠡᠨ ᠳᠡᠭᠡᠷ᠎ᠡ ᠳᠠᠯ᠎ᠠ ᠡᠴᠡ ᠨᠢ ᠪᠦᠳᠡᠭᠡᠪᠡ᠃ ᠳᠡᠭᠡᠭᠡᠤᠨ 3 ᠬᠤᠷᠤᠭᠤ ᠰᠢᠯ ᠢ ᠬᠠᠷᠠᠩᠭ᠋ᠤᠢ ᠭᠡᠷ ᠲᠤ 1 ᠴᠠᠭ ᠳᠠᠯᠪᠢᠭᠰᠠᠨ ᠬᠣᠢ᠌ᠨ᠎ᠠ 3 ᠬᠤᠷᠤᠭᠤ ᠰᠢᠯ ᠡᠴᠡ ᠳᠤᠰᠪᠣᠷᠢ ᠴᠥᠭᠡᠨ ᠭᠡᠮᠵᠢᠶᠡᠨ ᠤ ᠴᠢᠰᠤ ᠠᠪᠴᠤ ᠳᠤᠷᠰᠢᠯᠳᠠ ᠭᠢᠵᠠᠢ᠃

ᠳᠤᠷᠰᠢᠯᠳᠠ ᠶᠢᠨ ᠳ᠋ᠦ᠋ᠩ ᠳᠤ᠂ ᠳᠤᠯᠢ ᠶᠢᠨ ᠣᠢ᠌ᠯᠳᠠ ᠶᠢᠨ ᠰᠠᠴᠤᠷᠠᠭ ᠨᠢ ᠴᠢᠰᠤᠨ ᠰᠢᠩᠭᠡᠨ ᠤ ᠭᠡᠷᠡᠯᠯᠢᠭ᠌ ᠨᠢᠭᠳᠠᠴᠠ ᠳᠤ ᠨᠥᠯᠦᠭᠡ ᠥᠵᠡᠭᠦᠯᠳᠡᠭ᠌᠂ ᠰᠠᠴᠤᠷᠠᠭ ᠤᠨ ᠣᠢ᠌ᠯᠠᠳᠤᠯ ᠳᠤᠤᠷ᠎ᠠ᠂ ᠪᠠᠶᠠᠳᠤ ᠴᠤᠭᠴᠠ ᠶᠢᠨ ᠳᠤᠳᠤᠭᠠᠳᠤ ᠳ᠋ᠠᠭᠢ ᠣᠰᠤᠨ ᠮᠤᠯᠸᠺᠦᠯ ᠨᠢ ᠭᠦᠳᠡᠯᠵᠤ᠂ ᠴᠢᠰᠤᠨ ᠤ ᠢᠰᠦᠯᠳᠦᠭᠦ ᠰᠢᠠᠵᠢ ᠶᠢ ᠰᠡᠷᠭᠡᠢ᠌ᠯᠡᠭᠦ ᠪᠠ ᠴᠢᠰᠤᠨ ᠤ ᠳᠤᠳᠤᠷᠠᠭᠢ ᠢᠰᠭᠡᠭᠦᠷ ᠤᠨ ᠭᠦᠳᠡᠯᠭᠡᠭᠡᠡᠳᠤ ᠰᠢᠠᠵᠢ ᠶᠢ ᠨᠡᠮᠡᠭ᠍ᠳᠡᠭᠦᠯᠵᠤ᠂ ᠡᠭᠦᠨ ᠡᠴᠡ ᠣᠷᠠᠭᠠᠨᠢᠭ ᠪᠠᠶᠠᠳᠤ ᠶᠢᠨ ᠠᠮᠢᠳᠤ ᠪᠣᠳᠠᠰ ᠤᠨ ᠴᠢᠳᠠᠪᠣᠷᠢ ᠶᠢ ᠨᠡᠮᠡᠭ᠍ᠳᠡᠭᠦᠯᠭᠦ ᠪᠣᠯᠤᠨ᠎ᠠ᠃

ᠡᠭᠦᠨ ᠡᠴᠡ ᠰᠢᠡᠵᠢᠯᠡᠭᠦ ᠣᠬᠠᠭᠠᠠᠳᠠᠨ ᠢᠯᠡᠭᠦᠭᠡᠨ ᠳᠤᠯᠢ ᠥᠵᠡᠭᠦ ᠨᠢ ᠪᠠᠶ᠎ᠠ ᠮᠠᠬᠠᠪᠣᠤᠨ ᠤᠨ ᠡᠷᠡᠭᠦᠯ ᠡᠩᠭᠡ ᠶᠢ ᠬᠠᠮᠠᠭᠠᠯᠠᠵᠤ ᠭᠦᠭ᠍ᠰᠢᠷᠡᠭᠦ ᠶᠢ ᠣᠳᠠᠭᠠᠰᠢᠷᠠᠭᠤᠯᠳᠠᠭ ᠭᠡᠭᠦ ᠳ᠋ᠦ᠋ᠩᠨᠠᠯᠳᠠ ᠣᠯᠵᠠᠢ᠃


ᠢᠷᠡᠯᠲᠡ᠄ ᠢᠷᠡᠭᠦᠯᠦᠭᠰᠡᠨ ᠡᠬᠡ ᠪᠢᠴᠢᠭ᠌
ᠳᠠᠷᠤᠮ᠄ 2608
ᠴᠠᠭ᠄ 2009 ᠤᠨ ᠤ 11 ᠰᠠᠷ᠎ᠠ ᠶᠢᠨ 11
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ