ᠢᠰᠡᠭᠡᠢ

ᠬᠠᠯᠠᠭᠤᠨ ᠬᠤᠰᠢᠭᠤᠳᠤ ᠬᠤᠨᠢᠨ ᠤ

ᠪᠠᠶᠠᠨ ᠤ ᠵᠥᠭᠡᠯᠡᠨ ᠨᠤᠤᠰᠤ

ᠬᠠᠢ᠌ᠴᠢᠨ ᠤ ᠳᠤᠷᠭᠠᠨ ᠢᠷ ᠡᠴᠠ

ᠬᠠᠶᠠᠯᠠᠨ ᠪᠠᠭᠤᠠᠠᠰᠠᠨ ᠭᠠᠷᠤᠯᠳᠠ

ᠡᠵᠢ ᠶᠢᠨ ᠰᠠᠪᠠᠭ᠎ᠠ ᠳᠤ ᠪᠦᠵᠢᠭᠯᠡᠭ᠍ᠰᠡᠨ

ᠡᠪᠭᠡᠷᠡᠭᠡ ᠴᠠᠭᠠᠨ ᠣᠪᠣᠭ᠎ᠠ

ᠢᠰᠡᠭᠡᠢ ᠶᠠᠰᠠᠬᠤ ᠪᠠᠷ ᠬᠤᠷᠢᠶᠠᠭᠰᠠᠨ

ᠢᠯᠴᠢᠳᠤ ᠳᠤᠯᠠᠭᠠᠨ ᠭᠦᠷᠦᠩᠭᠡ

ᠰᠠᠢ᠌ᠨ ᠡᠳᠦᠷ ᠤᠨ ᠵᠤᠯᠠᠢ ᠳ᠋ᠤ

ᠳᠠᠪᠢᠰᠴᠤ ᠪᠦᠳᠦᠭᠡᠭᠦ ᠣᠢ᠌ᠯᠠᠰ

ᠰᠠᠪᠠᠭᠰᠠᠨ ᠨᠤᠤᠰᠤ ᠪᠠᠨ ᠵᠤᠯᠠᠭᠠᠤᠨ

ᠳᠡᠪᠳᠦᠭᠡᠵᠤ ᠰᠢᠷᠡᠯᠳᠡᠭᠦᠯᠭᠦ ᠣᠢ᠌ᠯᠠ

ᠬᠤᠨ ᠴᠠᠭᠠᠨ ᠨᠤᠤᠰᠤ

ᠬᠤᠷᠠᠵᠤ ᠨᠠᠢ᠌ᠯᠠᠨ᠎ᠠ

ᠬᠤᠷᠤᠭᠠᠨ ᠤ ᠳᠤᠷᠭᠠᠨ ᠠᠷ ᠲᠤ

ᠬᠤᠮᠢᠷᠠᠵᠤ ᠨᠢᠭᠳᠠᠷᠠᠨ᠎ᠠ

ᠳᠠᠷᠳᠠᠩ ᠢᠰᠡᠭᠡᠢ

ᠳᠠᠷᠤᠭᠳᠠᠵᠤ ᠪᠦᠳᠤᠨ᠎ᠡ

ᠳᠠᠪᠬᠤᠷ ᠡᠪᠭᠡᠭᠡᠳ

ᠳᠠᠪᠳᠠᠵᠤ ᠪᠦᠷᠢᠨ᠎ᠡ

ᠬᠤᠷᠳᠤ ᠭᠦᠯᠦᠭ᠌ ᠤᠨ ᠡᠷᠴᠢ

ᠳᠡᠩᠭᠡᠯᠢᠭ᠌ ᠳᠤ ᠠᠭᠤᠰᠴᠤ ᠢᠷᠠᠨ᠎ᠡ

ᠬᠤᠷᠠᠭᠰᠠᠨ ᠣᠯᠠᠨ ᠭᠡᠢ᠌ᠴᠢᠨ

ᠢᠰᠡᠭᠡᠢ ᠪᠠᠨ ᠮᠢᠯᠢᠶᠠᠨ ᠨᠠᠢ᠌ᠷᠯᠠᠨ᠎ᠠ︕

ᠨᠠᠷᠠ ᠰᠠᠷᠠ ᠪᠦᠮᠪᠦᠷᠢᠵᠤ ᠳᠠᠪᠠᠳᠠᠭ

ᠭᠡᠷ ᠤᠨ ᠮᠢᠨᠢ ᠳᠡᠭᠡᠪᠦᠷ ᠢᠰᠡᠭᠡᠢ

ᠨᠠᠰᠤ ᠵᠢᠯ ᠨᠦᠮᠤᠷᠯᠠᠨ ᠡᠷᠭᠢᠳᠡᠭ᠌

ᠭᠤᠯᠤᠮᠳᠠ ᠶᠢᠨ ᠮᠢᠨᠢ ᠳᠤᠭᠤᠷᠭ᠎ᠠ ᠢᠰᠡᠭᠡᠢ

ᠨᠢ᠋ᠮᠠᠨ ᠬᠠᠨᠠᠳᠤ ᠭᠡᠷ ᠤᠨ ᠮᠢᠨᠢ

ᠯᠠᠠᠵᠠᠨ ᠡᠷᠢᠶ᠎ᠡ ᠲᠡᠶ ᠡᠭᠦᠳᠡ ᠢᠰᠡᠭᠡᠢ

ᠨᠠᠢ᠌ᠷ ᠤᠨ ᠭᠡᠢ᠌ᠴᠢᠳ ᠵᠠᠯᠠᠷᠠᠭᠰᠠᠨ

ᠦᠯᠵᠡᠢ ᠭᠡᠭᠡ ᠲᠡᠶ ᠣᠯᠪᠣᠭ ᠢᠰᠡᠭᠡᠢ

ᠬᠠᠶᠠᠭᠠᠨ ᠤ ᠪᠠᠷᠠᠭ᠎ᠠ

ᠳᠠᠩᠬᠠᠭ ᠰᠠᠪᠠ ᠢᠰᠡᠭᠡᠢ

ᠬᠠᠷᠠᠭᠠᠴᠠ ᠳᠠᠷᠤᠭᠰᠠᠨ ᠡᠷᠦᠭᠡ

ᠳᠠᠯ᠎ᠠ ᠰᠠᠷᠠᠨ ᠢᠰᠡᠭᠡᠢ

ᠡᠵᠢ ᠡᠴᠠ ᠪᠠᠨ ᠵᠠᠶᠠᠭᠠᠬᠤ ᠳ᠋ᠤ

ᠡᠯᠢᠭᠡᠨ ᠴᠠᠭᠠᠨ ᠮᠠᠠᠴᠤᠢ ᠮᠢᠨᠢ

ᠢᠰᠡᠭᠡᠢ ᠪᠠᠢ᠌ᠭᠰᠠᠨ

ᠡᠭᠡᠯ ᠲᠦᠮᠡᠨ ᠤ

ᠡᠩᠭᠡᠵᠢᠨ ᠠᠮᠢᠳᠤᠷᠠᠳᠠᠭ ᠥᠯᠦᠭᠡᠢ

ᠢᠰᠡᠭᠡᠢ ᠪᠠᠢ᠌ᠭᠰᠠᠨ

ᠬᠠᠭᠢᠷ ᠡᠪᠦᠯ ᠤᠨ ᠭᠦᠢᠳᠡᠨ ᠳ᠋ᠤ

ᠭᠠᠷ ᠤᠨ ᠮᠢᠨᠢ ᠭᠡᠷ ᠪᠣᠯᠤᠭᠰᠠᠨ ᠢᠰᠡᠭᠡᠢ

ᠬᠠᠳᠠᠭᠤ ᠬᠤᠯᠠ ᠶᠢ ᠳᠤᠭᠤᠯᠬᠤ ᠳᠤ

ᠭᠤᠳᠤᠯ ᠤᠨ ᠮᠢᠨᠢ ᠣᠯᠠᠪᠴᠢ ᠪᠣᠯᠤᠭᠰᠠᠨ ᠢᠰᠡᠭᠡᠢ

ᠰᠢᠪᠰᠢᠵᠤ ᠣᠷᠭᠢᠭᠰᠠᠨ ᠱᠠᠭᠠᠢ

ᠢᠰᠡᠭᠡᠢ ᠳᠡᠭᠡᠷ᠎ᠡ ᠪᠠᠳᠠᠷᠠᠵᠤ ᠠᠰᠬᠠᠷᠠᠳᠠᠭ

ᠰᠢᠨ᠎ᠡ ᠪᠠᠷᠢ ᠶᠢᠨ ᠦᠳᠡ ᠳᠠᠪᠢᠯᠭ᠎ᠠ

ᠢᠰᠡᠭᠡᠢ ᠳᠡᠭᠡᠷ᠎ᠡ ᠪᠠᠭᠤᠵᠤ ᠠᠮᠠᠷᠠᠳᠠᠭ

ᠡᠷᠳᠡᠨᠢ ᠶᠢᠨ ᠬᠠᠷ᠎ᠠ ᠳᠤᠯᠤᠭᠠᠢ ᠳᠤ ᠮᠢᠨᠢ

ᠢᠰᠡᠭᠡᠢ ᠮᠠᠯᠠᠭᠠᠢ ᠭᠡᠪ ᠳᠠᠢ

ᠡᠷᠪᠠᠭᠡᠷ ᠦᠷ᠎ᠡ ᠶᠢᠨ ᠮᠢᠨᠢ ᠭᠦᠯ ᠳ᠋ᠤ

ᠢᠰᠡᠭᠡᠢ ᠪᠣᠢ᠌ᠳᠠᠭ ᠡᠪ ᠳᠠᠢ

ᠬᠤᠶᠠᠭ ᠳᠤᠭᠤᠯᠭ᠎ᠠ

ᠳᠤᠳᠤᠷ ᠶᠢᠡᠨ ᠢᠰᠡᠭᠡᠢ ᠳᠠᠢ

ᠭᠢᠳᠤᠭ᠎ᠠ ᠬᠤᠷᠴᠠᠳᠠᠨ

ᠬᠤᠢ ᠲᠠᠭᠠᠨ ᠢᠰᠡᠭᠡᠢ ᠳᠠᠢ

ᠭᠠᠩᠭ᠋ᠠᠷ ᠱᠠᠭᠠᠵᠠᠩ ᠤᠨ ᠭᠡᠷ ᠪᠣᠯᠤᠭᠰᠠᠨ

ᠭᠠᠯ ᠳᠤᠭᠤᠭᠠᠨ ᠤ ᠪᠠᠷᠢᠭᠤᠯ ᠪᠣᠯᠤᠭᠰᠠᠨ

ᠬᠠᠭᠤᠷᠴᠤ ᠡᠷᠭᠢᠭᠦᠯᠳᠡᠭ᠌ ᠶᠤᠭᠳᠠ ᠪᠣᠯᠤᠭᠰᠠᠨ

ᠬᠤᠮᠨᠠᠵᠤ ᠠᠴᠢᠳᠠᠭ ᠵᠠᠭᠠᠰᠠ ᠪᠣᠯᠤᠭᠰᠠᠨ

ᠬᠤᠷᠴᠠ ᠬᠠᠪᠬᠠᠨ ᠤ ᠵᠢᠭᠢᠷᠡᠭ᠌

ᠳᠡᠪᠭᠡᠨ ᠤ ᠳᠠᠪᠠᠭ ᠢᠰᠡᠭᠡᠢ

ᠬᠤᠷᠤᠭ᠎ᠠ ᠢᠰᠢᠭᠡᠨ ᠤ ᠮᠠᠠᠴᠤᠢ

ᠡᠪᠠᠰᠦᠳᠡᠢ ᠳᠤᠭᠳᠤᠢ ᠢᠰᠡᠭᠡᠢ

ᠬᠤᠷᠳᠤᠨ ᠭᠦᠯᠦᠭ᠌ ᠤᠨ ᠳᠤᠬᠤᠯᠭ᠎ᠠ

ᠡᠮᠡᠭᠡᠯ ᠤᠨ ᠵᠥᠭᠡᠯᠡᠨ ᠬᠤᠮ ᠢᠰᠡᠭᠡᠢ

ᠬᠤᠷ᠎ᠠ ᠰᠠᠯᠭᠢᠨ ᠤ ᠬᠠᠯᠬᠠᠪᠴᠢ

ᠬᠤᠪᠴᠠᠰᠤᠨ ᠤ ᠳᠡᠭᠡᠳᠤ ᠭᠡᠮᠡᠯᠢᠭ᠌ ᠢᠰᠡᠭᠡᠢ

ᠠᠷᠪᠠᠨ ᠬᠤᠷᠤᠭᠠᠨ ᠤ ᠡᠷᠳᠡᠮ ᠰᠢᠩᠭᠡᠭ᠍ᠰᠡᠨ

ᠠᠵᠢᠯᠰᠠᠭ ᠮᠠᠯᠴᠢᠳ ᠤᠨ ᠡᠳ᠋ᠯᠡᠯ

ᠠᠶᠠᠠᠴᠢᠨ ᠮᠤᠩᠭ᠋ᠤᠯ ᠤᠨ ᠬᠠᠢ᠌ᠷ᠎ᠠ ᠰᠢᠩᠭᠡᠭ᠍ᠰᠡᠨ

ᠠᠮᠪᠠᠨ ᠴᠠᠭᠠᠨ ᠭᠡᠷᠡᠭ᠍ᠰᠡᠯ

ᠴᠢᠩᠭᠡᠰ ᠤᠨ ᠠᠪᠣ

ᠶ‍ᠢᠰᠦᠭᠡᠢ ᠪᠠᠭᠠᠳᠤᠷ

ᠴᠢ ᠪᠢᠳᠠᠨ ᠤ

ᠢᠰᠡᠭᠡᠢ ᠪᠠᠭᠠᠳᠤᠷ

ᠡᠷᠭᠢᠮ ᠨᠠᠷ᠎ᠠ ᠮᠢᠨᠢ

ᠢᠰᠡᠭᠡᠢ ᠳᠤᠭᠤᠷᠭᠠᠳᠠᠨ

ᠡᠷᠢᠯ ᠤᠨ ᠮᠦᠷ ᠮᠢᠨᠢ

ᠢᠰᠡᠭᠡᠢ ᠭᠤᠳᠤᠯᠴᠢᠨ︕



ᠵᠤᠬᠢᠶᠠᠭᠴᠢ ᠶᠢᠨ ᠬᠠ‍‌ᠶᠢᠭ ᠄ ᠳᠡᠯᠡᠭᠡᠢ ᠬᠤᠳᠠ

ᠵᠤᠬᠢᠶᠠᠭᠴᠢ᠄ ᠬᠠᠰᠭᠢᠷᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1789
ᠴᠠᠭ᠄ 2011 ᠤᠨ ᠤ 03 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁