ᠮᠤᠷᠢᠳᠠᠢ ᠴᠠᠭᠠᠨ ᠰᠠᠷ᠎ᠠ

ᠪᠠᠰᠠ ᠨᠢᠭᠡᠨ ᠴᠠᠭᠠᠨ ᠰᠠᠷ᠎ᠠ ᠬᠠᠶᠠᠭᠠᠨ ᠳᠤ ᠢᠷᠠᠯ᠎ᠠ᠂ ᠡᠨᠡᠭᠡᠨ ᠮᠦᠴᠡ ᠳᠤ ᠪᠠᠭ᠎ᠠ ᠶᠢᠨ ᠦᠶ᠎ᠡ ᠶᠢᠨ ᠴᠠᠭᠠᠨ ᠰᠠᠷ᠎ᠠ ᠶᠢᠨ ᠰᠠᠢ᠌ᠬᠠᠨ ᠰᠠᠢ᠌ᠬᠠᠨ ᠳᠤᠷᠠᠳᠬᠠᠯ ᠰᠠᠨᠠᠭᠳᠠᠵᠤ ᠪᠠᠢ᠌ᠨ᠎ᠠ᠃ ᠳᠠᠷᠠ ᠦᠶ᠎ᠡ ᠳᠤ ᠴᠠᠭᠠᠨ ᠰᠠᠷ᠎ᠠ ᠬᠤᠷᠳᠤᠬᠠᠨ ᠭᠦᠷᠴᠤ ᠢᠷᠡᠭᠦ ᠶᠢ ᠳᠠᠰᠴᠤ ᠶᠠᠳᠠᠨ ᠬᠤᠷᠤᠭᠤ ᠳᠠᠷᠤᠨ ᠳᠤᠭᠠᠯᠠᠨ ᠭᠦᠯᠢᠶᠡᠳᠡᠭ᠌ ᠪᠢᠯᠠ᠃ ᠠᠯᠢ ᠡᠷᠳᠡ ᠡᠴᠠ ᠴᠠᠭᠠᠨ ᠰᠠᠷ᠎ᠠ ᠶᠢᠨ ᠮᠤᠷᠢ ᠪᠠᠨ ᠪᠠᠷᠢᠨ᠎ᠠ ᠭᠡᠵᠤ ᠭᠡᠢ᠌ᠷᠭᠡᠨ᠂ ᠡᠷᠳᠡ ᠶᠢᠨ ᠴᠠᠢ ᠪᠠᠷ ᠠᠳᠤᠭᠤᠨ ᠳᠤ ᠪᠠᠨ ᠮᠤᠷᠳᠠᠭᠠᠤᠨ᠂ ᠪᠦᠳᠤᠨ ᠡᠳᠦᠷ ᠶᠠᠪᠣᠭᠠᠤᠨ ᠠᠳᠤᠭᠤ ᠪᠠᠨ ᠣᠯᠤᠭᠰᠠᠨ ᠦᠭᠡᠶ ᠣᠷᠮ᠎ᠠ ᠮᠠᠭᠤᠳᠠᠢ ᠭᠡᠷ ᠲᠤ ᠪᠠᠨ ᠬᠠᠷᠢᠵᠤ ᠪᠠᠢ᠌ᠭᠰᠠᠨ ᠣᠳᠠᠭ᠎ᠠ ᠪᠣᠢ᠃ ᠠᠪᠣ ᠪᠠᠷ ᠶᠢᠡᠨ ᠮᠤᠷᠢᠨ ᠤ ᠭᠢ ᠪᠠᠨ ᠳᠠᠯ ᠢ ᠰᠠᠢ᠌ᠬᠠᠨ ᠰᠢᠭᠤᠯᠭᠠᠵᠤ ᠴᠠᠭᠠᠨ ᠰᠠᠷ᠎ᠠ ᠪᠣᠯᠳᠠᠯ᠎ᠠ ᠰᠣᠢ᠌ᠳᠠᠭ᠃

ᠰᠢᠨ᠎ᠠ ᠶᠢᠨ ᠨᠢᠭᠡᠨ ᠤ ᠪᠦᠷᠦᠢ ᠬᠠᠷᠠᠩᠭ᠋ᠤᠢ ᠪᠠᠷ ᠮᠤᠷᠢ ᠪᠠᠨ ᠪᠠᠰᠠ ᠡᠮᠡᠭᠡᠯᠯᠡᠵᠤ ᠴᠢᠳᠠᠬᠤ ᠦᠭᠡᠶ ᠳᠡᠭᠦᠤ ᠪᠢᠳᠠ ᠬᠤᠶᠠᠷ ᠠᠪᠣ ᠪᠠᠨ ᠱᠠᠯᠠᠵᠤ ᠪᠠᠢ᠌ᠵᠤ ᠮᠤᠷᠢ ᠪᠠᠨ ᠡᠮᠡᠭᠡᠯᠯᠡᠭᠦᠯᠤᠨ᠂ ᠳᠠᠰ ᠬᠠᠷᠠᠩᠭᠤᠢ ᠪᠠᠷ ᠮᠤᠷᠢᠨ ᠳᠤ ᠪᠠᠨ ᠮᠤᠷᠳᠠᠵᠤ ᠴᠢᠳᠠᠬᠤ ᠦᠭᠡᠶ ᠳᠡᠭᠦᠤ ᠪᠠᠨ ᠠᠷᠠᠢ ᠭᠡᠵᠤ ᠮᠤᠷᠳᠠᠭᠤᠯᠤᠭᠠᠤᠨ᠂ ᠠᠢ᠌ᠯ ᠰᠠᠭᠠᠬᠠᠯᠳᠠ᠂ ᠳᠦᠷᠤᠯ ᠰᠠᠳᠤᠨ᠂ ᠡᠪᠦᠭᠡ ᠡᠮᠡᠭᠡ ᠳᠤ ᠪᠠᠨ ᠵᠤᠯᠭᠠᠨ᠎ᠠ ᠭᠡᠳ ᠭᠡᠮᠵᠢᠶᠡᠯᠡᠰᠢ ᠦᠭᠡᠶ ᠪᠠᠶᠠᠷ ᠭᠦᠷ ᠲᠡᠶ ᠮᠤᠷᠳᠠᠳᠠᠭ ᠪᠢᠯᠠ᠃ ᠡᠨᠡ ᠠᠢ᠌ᠯ ᠤᠨ ᠣᠶᠠᠭᠠᠨ ᠳᠤ ᠪᠠᠭᠤᠬᠤ ᠳᠤ ᠣᠶᠠᠭ᠎ᠠ ᠳᠦᠭᠦᠷᠡᠩ ᠴᠢᠭᠢᠭ᠌ ᠲᠤ ᠪᠠᠨ ᠰᠠᠩᠳᠤᠭᠰᠠᠨ ᠰᠠᠢ᠌ᠬᠠᠨ ᠰᠠᠢ᠌ᠬᠠᠨ ᠮᠤᠷᠢᠳ ᠬᠠᠵᠠᠭᠠᠷ ᠳᠠᠷᠤᠨ ᠦᠤᠷᠰᠠᠵᠤ ᠪᠠᠢ᠌ᠳᠠᠭ ᠪᠢᠯᠠ᠃ ᠨᠠᠨ ᠠᠢ᠌ᠯ ᠡᠴᠠ ᠳᠠᠷᠠ ᠠᠢ᠌ᠯ ᠶᠠᠪᠤᠨ ᠶᠠᠪᠣᠠᠭᠰᠠᠭᠠᠷ ᠨᠠᠢ᠌ᠯᠠᠨ ᠨᠡᠢ᠌ᠯᠡᠭ᠍ᠰᠡᠭᠡᠷ ᠳᠠᠠᠳᠠ ᠳᠤᠮᠤᠭ᠎ᠠ ᠦᠭᠡᠶ᠂ ᠠᠭᠳᠠ ᠮᠤᠷᠢ ᠣᠨᠤᠬᠤ ᠳᠤ ᠵᠠᠪᠠᠯ ᠰᠤᠠᠳᠠᠯ᠎ᠠ ᠭᠦᠶ‍ᠦᠯᠭᠡᠵᠤ ᠶᠠᠪᠣᠬᠤ ᠶᠤᠰᠤᠳᠠᠢ ᠰᠢᠭ ᠪᠠᠷᠭᠤ ᠨᠤᠳᠤᠭ ᠤᠨ ᠮᠥᠩᠭᠦᠨ ᠡᠪᠦᠯ ᠤᠨ ᠬᠤᠷ ᠴᠠᠰᠤᠨ ᠳᠤᠮᠳᠠᠭᠤᠷ ᠭᠦᠯᠦᠭ᠌ ᠤᠨ ᠰᠢᠠᠳᠠᠰᠤ ᠰᠢᠯᠭᠠᠨ ᠠᠷᠪᠠᠨ ᠭᠡᠳᠤ ᠬᠤᠷᠢᠨ ᠮᠤᠷᠢᠳᠠᠢ ᠵᠠᠯᠠᠭᠤᠴᠤᠳ ᠪᠣᠯᠤᠨ ᠳᠠᠭᠤ ᠱᠤᠤ ᠲᠡᠶ ᠴᠠᠭᠠᠯᠠᠳᠠᠭ ᠪᠢᠯᠠ᠃ ᠳᠠᠷᠠ ᠦᠶ᠎ᠡ ᠳᠤ ᠠᠷᠪᠠᠨ ᠭᠡᠳᠤ ᠬᠤᠷᠢᠨ ᠮᠤᠷᠢᠳᠠᠢ ᠭᠦᠮᠤᠨ ᠶᠠᠪᠣᠬᠤ ᠶᠢ ᠨᠢᠭᠡ ᠶᠡᠭᠡ ᠭᠠᠢ᠌ᠬᠠᠳᠠᠭ ᠦᠭᠡᠶ᠂ ᠳᠦᠷᠪᠠ ᠳᠠᠪᠣ ᠪᠠᠷ ᠴᠤᠭ ᠶᠠᠪᠣᠬᠤ ᠪᠣᠯ ᠪᠦᠷ ᠡᠪ ᠡᠡᠭ᠌ ᠤᠨ ᠶᠠᠪᠣᠳᠠᠯ᠂ ᠮᠤᠳᠤᠷ ᠮᠠᠰᠢᠨ ᠭᠡᠵᠤ ᠶᠤᠰᠤᠳᠠᠢ ᠴᠥᠭᠡᠨ ᠡᠴᠠ ᠴᠥᠭᠡᠨ᠃ ᠰᠢᠨᠠᠤᠨ ᠶᠢᠡᠷ ᠭᠡᠷᠪᠡ ᠠᠯᠢ ᠨᠢᠭᠡ ᠠᠢ᠌ᠯ ᠠᠢ᠌ᠮᠠᠭ ᠤᠨ ᠭᠢᠨ ᠨᠠᠰᠤᠨ ᠨᠠᠢ᠌ᠷ᠂ ᠦᠷᠢᠶ᠎ᠠ ᠨᠠᠢ᠌ᠷ ᠪᠣᠯᠬᠤ ᠶᠠᠭᠤᠮ᠎ᠠ ᠪᠣᠯ ᠪᠦᠷ ᠯᠠ ᠮᠤᠷᠢᠳᠠᠢ ᠭᠦᠮᠦᠰ᠂ ᠨᠠᠢ᠌ᠷ ᠤᠨ ᠪᠠᠭᠤᠯᠴᠠᠭᠰᠠᠨ ᠠᠢ᠌ᠯ ᠤᠨ ᠭᠦᠡᠵᠢᠭ᠍ᠰᠡᠨ ᠣᠷᠳᠤ ᠳᠡᠷᠭᠡ ᠶᠢ ᠠᠷᠤ ᠦᠪᠣᠷ ᠦᠭᠡᠶ ᠮᠤᠷᠢᠳ ᠶᠢᠡᠷ ᠪᠦᠰᠡᠯᠡᠵᠤ᠂ ᠮᠤᠷᠢ ᠪᠠᠨ ᠣᠶᠠᠬᠤ ᠭᠠᠵᠠᠷ ᠦᠭᠡᠶ ᠡᠢ᠌ᠰᠢ ᠳᠠᠢ᠌ᠰᠢ ᠵᠠᠢ ᠶᠢ ᠨᠢ ᠬᠠᠷᠠᠨ ᠬᠠᠷᠠᠨ ᠵᠤᠭᠰᠤᠵᠤ ᠪᠠᠢ᠌ᠳᠠᠭ ᠪᠢᠯᠠ᠃ ᠨᠠᠰᠤᠳᠠᠢ᠌ᠴᠤᠳ ᠨᠠᠢ᠌ᠷ ᠤᠨ ᠮᠤᠩᠭ᠋ᠤᠯ ᠭᠡᠷ ᠤᠨ ᠬᠣᠢ᠌ᠮᠤᠷ ᠲᠤ ᠰᠠᠭᠠᠳᠠᠵᠤ ᠢᠳᠡᠭᠡ ᠠᠮᠰᠠᠨ᠂ ᠠᠷᠢᠭᠢ ᠪᠠᠷᠢᠵᠤ᠂ ᠬᠤᠨᠢ ᠮᠠᠯ᠂ ᠭᠦᠴᠦᠳᠤ ᠪᠦᠭᠡ᠂ ᠥᠩᠭᠡᠷᠡᠵᠤ ᠪᠠᠢ᠌ᠭ᠎ᠠ ᠡᠪᠦᠯ ᠶᠢᠡᠨ᠂ ᠣᠳᠠᠬᠤ ᠦᠭᠡᠶ ᠢᠷᠡᠭᠦ ᠬᠠᠪᠣᠷ ᠶᠢᠡᠨ ᠪᠠᠯᠭᠡᠰᠢᠶᠡᠨ ᠶᠠᠷᠢᠬᠤ ᠳᠤ᠂ ᠵᠠᠯᠠᠭᠤᠴᠤᠤᠳ ᠮᠤᠩᠭ᠋ᠤᠯ ᠭᠡᠷ ᠤᠨ ᠭᠠᠳᠠᠨ᠎ᠠ ᠨᠠᠰᠤ ᠬᠤᠷᠠᠭ ᠶᠢᠡᠷ ᠶᠢᠡᠨ ᠭᠡᠰᠡᠭ᠌ ᠪᠦᠯᠦᠭ᠌ ᠶᠢᠡᠷ ᠢᠨᠢᠶᠠᠳᠤᠮ ᠱᠤᠭ ᠶᠠᠷᠢᠨ ᠵᠤᠭᠰᠤᠵᠠᠭᠠᠵᠤ᠂ ᠭᠡᠢ ᠲᠡᠶ ᠭᠡᠳᠦᠭᠦᠯᠡ ᠨᠢ ᠨᠤᠴᠤᠯᠳᠤᠵᠤ᠂ ᠮᠡᠭᠡ ᠮᠡᠷᠭᠡᠵᠢᠯ ᠶᠢᠡᠨ ᠰᠤᠷᠢᠨ᠂ ᠪᠠᠷᠢᠯᠳᠤᠵᠤ ᠪᠠᠢ᠌ᠳᠠᠭ ᠪᠢᠯᠠ᠃ ᠨᠠᠢ᠌ᠷ ᠤᠨ ᠮᠡᠡᠭᠯᠡᠢ ᠮᠤᠷᠢ ᠳᠤᠳᠤᠷᠠᠵᠤ᠂ ᠪᠦᠭᠡ ᠶᠢᠨ ᠥᠵᠦᠭᠦᠷ ᠭᠠᠷᠬᠤ ᠳᠤ᠂ ᠡᠪᠦᠯ ᠤᠨ ᠴᠠᠢ᠌ᠪᠠᠭᠠᠷ ᠨᠠᠷᠠᠨ ᠪᠠᠷᠠᠭᠤᠠᠰᠢ ᠳᠠᠰᠢᠵᠤ᠂ ᠠᠢ᠌ᠯ ᠰᠠᠭᠠᠬᠠᠯᠳᠠ ᠪᠠᠨ ᠪᠠᠶᠠᠰᠬᠠᠭᠰᠠᠨ ᠨᠢᠭᠡ ᠡᠳᠦᠷ ᠤᠨ ᠨᠠᠭᠠᠳᠤᠮ ᠦᠨᠳᠦᠷᠯᠠᠵᠤ᠂ ᠣᠶᠠᠭᠠᠨ ᠡᠴᠠ ᠪᠦᠭᠡᠮ ᠪᠦᠭᠡᠮ ᠮᠤᠷᠢᠳᠠᠢ ᠭᠦᠮᠦᠰ ᠵᠥᠭ᠌ ᠵᠥᠭ᠌ ᠲᠤ ᠪᠠᠨ ᠳᠠᠷᠠᠨ ᠪᠣᠴᠠᠳᠠᠭ ᠪᠢᠯᠠ᠃

ᠲ᠋ᠠᠯ᠎ᠠ ᠨᠤᠳᠤᠭ ᠤᠨ ᠮᠢᠨᠢ᠂ ᠮᠠᠯᠴᠢᠳ ᠤᠨ ᠮᠢᠨᠢ ᠴᠠᠭᠠᠨ ᠰᠠᠷ᠎ᠠ ᠭᠡᠵᠤ ᠮᠤᠷᠢᠳᠠᠢ ᠴᠠᠭᠠᠨ ᠰᠠᠷ᠎ᠠ᠂ ᠶᠤᠰᠤᠳᠠᠢ ᠮᠤᠷᠢᠨ ᠨᠢᠷᠤᠭᠤᠨ ᠳᠡᠭᠡᠷ᠎ᠡ ᠪᠠᠨ ᠴᠠᠭᠠᠯᠠᠳᠠᠭ ᠴᠠᠭᠠᠨ ᠰᠠᠷ᠎ᠠ ᠪᠠᠢ᠌ᠭᠰᠠᠨ ᠪᠢᠯᠠ᠃


ᠵᠤᠬᠢᠶᠠᠭᠴᠢ ᠶᠢᠨ ᠬᠠ‍‌ᠶᠢᠭ ᠄ ᠦᠪᠣᠷ ᠮᠤᠩᠭ᠋ᠤᠯ ᠤᠨ ᠪᠠᠭᠰᠢ ᠶᠢᠨ ᠶᠡᠭᠡ ᠰᠤᠷᠭᠠᠭᠤᠯᠢ

ᠵᠤᠬᠢᠶᠠᠭᠴᠢ᠄ ᠠᠰᠬᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢ᠌ᠷᠠᠭᠤᠯᠤᠯ
ᠳᠠᠷᠤᠮ᠄ 1769
ᠴᠠᠭ᠄ 2011 ᠤᠨ ᠤ 01 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁