ᠶᠡᠭᠡ ᠪᠠᠢ᠌ᠭᠠᠯᠢ ᠮᠢᠨᠤ ᠳᠠᠭᠤᠤ

ᠬᠤᠯᠠ ᠶᠢᠨ ᠣᠳᠤ


ᠭᠡᠨ ᠨᠢᠭᠡᠨ ᠢ ᠰᠠᠨᠠᠨ ᠮᠦᠷᠦᠭᠡᠳᠦᠭᠡ ᠰᠢᠭ᠌

ᠭᠦᠡᠳᠤ ᠰᠡᠳᠬᠢᠯ ᠤᠨ ᠭᠦᠪ ᠳᠤ ᠣᠨᠠᠵᠤ

ᠭᠦᠪᠠᠭᠡ ᠦᠭᠡᠶ ᠳᠡᠭ᠍ᠷᠢ ᠶᠢᠨ ᠴᠡᠭᠡᠯ ᠳᠤ ᠭᠦᠯᠢᠷᠡᠵᠤ ᠵᠤᠭᠰᠤᠨᠠᠮ

ᠭᠡᠨ ᠨᠢᠭᠡᠨ ᠢ ᠰᠠᠭᠢᠨ ᠭᠦᠯᠢᠶᠡᠭᠡᠭᠡ ᠰᠢᠭ᠌

ᠭᠡᠯᠡᠭ᠍ᠰᠡᠨ ᠥᠭᠡ ᠡᠴᠠ ᠪᠠᠨ ᠶᠠᠭᠠᠭᠢᠭᠰᠠᠨ ᠴᠤ ᠪᠣᠴᠠᠬᠤ ᠥᠭᠡᠢ

ᠭᠢᠵᠠᠭᠠᠷ ᠦᠭᠡᠶ ᠣᠭᠳᠠᠷᠭᠤᠢ ᠶᠢᠨ ᠭᠦᠨ ᠳᠤ ᠭᠢᠯᠠᠯᠵᠠᠨ ᠪᠠᠢ᠌ᠨᠠᠮ


ᠨᠠᠷᠠᠨ ᠤ ᠬᠠᠢ᠌ᠷ᠎ᠠ


ᠪᠦᠭᠦᠯᠢ ᠭᠡᠷᠡᠯ ᠢᠯᠴᠢ ᠪᠠᠨ

ᠪᠢᠴᠢᠬᠠᠨ ᠴᠤ ᠦᠯᠡᠳᠡᠭᠡᠯ ᠦᠭᠡᠶ ᠪᠠᠷ

ᠪᠦᠭᠦᠨ ᠢ ᠪᠦᠮᠪᠦᠷᠴᠡᠭ᠌ ᠲᠤ ᠳᠦᠭᠡᠭᠡᠨ ᠦᠭ‍ᠭᠦᠨᠡᠮ


ᠪᠦᠭᠦᠯᠢ ᠬᠠᠢ᠌ᠷ᠎ᠠ ᠢᠪᠠᠭᠡᠯ ᠵᠢᠠᠨ

ᠪᠢᠴᠢᠬᠠᠨ ᠴᠤ ᠳᠤᠳᠠᠭᠠᠯ ᠦᠭᠡᠶ ᠪᠠᠷ

ᠪᠦᠭᠦᠨ ᠢ ᠳᠡᠯᠡᠭᠡᠢ ᠳᠤ ᠡᠷᠭᠦᠨ ᠪᠠᠷᠢᠨᠠᠮ


ᠰᠠᠷᠠᠨ ᠤ ᠰᠥ᠋


ᠬᠠᠷᠠᠩᠭ᠋ᠤᠢ ᠰᠦᠨᠢ ᠭᠦᠪ ᠲᠡᠭᠡᠨ

ᠬᠠᠯᠠᠭᠤᠨ ᠣᠭᠤᠷᠠᠭᠳᠤ ᠰᠥ᠋ ᠪᠠᠨ

ᠬᠠᠨᠤᠳᠠᠯ᠎ᠠ ᠨᠢ ᠢᠪᠠᠯᠡᠭᠦᠯᠤᠨ ᠭᠦᠭᠦᠭᠦᠯᠦᠨᠡᠮ


ᠬᠠᠯᠠᠭᠤᠨ ᠰᠦᠨ ᠳᠤ ᠴᠠᠳᠤᠭᠰᠠᠨ

ᠬᠠᠷᠠᠩᠭ᠋ᠤᠢ ᠰᠦᠨᠢ ᠭᠦᠪ ᠨᠢ

ᠬᠤᠷᠸ᠎ᠠ ᠶᠢ ᠮᠠᠷᠳᠠᠵᠤ ᠬᠤᠷᠭᠢᠷᠠᠨ᠎ᠠ


ᠰᠠᠯᠭᠢᠨ ᠤ ᠵᠡᠭᠦᠳᠤ


ᠵᠠᠭᠤᠨ ᠲᠦᠮᠡᠨ ᠴᠡᠴᠡᠭ᠌ ᠤᠨ

ᠵᠥᠭᠡᠭᠡᠢ ᠶᠢᠨ ᠣᠷᠤᠭᠤᠯ ᠳᠤ ᠱᠠᠩᠳᠠᠭᠤᠷᠠᠭᠰᠠᠨ

ᠵᠤᠨ ᠤ ᠰᠤᠭᠳᠤᠭᠤ ᠰᠠᠯᠭᠢ


ᠰᠢᠷ᠎ᠠ ᠳᠤᠰᠤ ᠰᠢᠭ ᠰᠦᠨᠢ ᠵᠢᠨ

ᠰᠡᠯᠡᠭᠦᠨ ᠪᠠᠢ᠌ᠳᠠᠯ ᠢ ᠡᠪᠳᠡᠨ ᠪᠣᠷᠠᠭᠠᠤᠨ

ᠰᠢᠭᠢᠷ ᠵᠡᠭᠦᠳᠤᠨ ᠶᠢ ᠨᠢ ᠳᠦᠢᠪᠠᠭᠡᠨ᠎ᠡ


ᠨᠠᠪᠴᠢᠨ ᠤ ᠰᠠᠯᠭᠢ


ᠮᠤᠳᠤᠨ ᠤ ᠮᠢᠩᠭ᠋ᠠᠨ ᠨᠠᠪᠴᠢᠰ

ᠮᠥᠩᠭᠡ ᠨᠠᠷᠠᠨ ᠤ ᠳᠤᠤᠷ᠎ᠠ

ᠮᠢᠨᠤ ᠮᠡᠳᠡᠳᠡᠭ᠌ ᠦᠭᠡᠶ ᠳᠠᠭᠤᠤ ᠳᠠᠭᠤᠯᠠᠨ᠎ᠠ


ᠨᠠᠷᠠᠳᠠᠢ ᠨᠠᠯᠭᠠᠷ ᠨᠤᠳᠤᠭ ᠵᠢᠠᠨ

ᠨᠢᠭᠡ ᠡᠷᠭᠢᠵᠤ ᠥᠵᠡᠭᠦ ᠶᠤᠮᠰᠠᠨ ᠭᠡᠰᠡᠨ ᠰᠢᠭ᠌

ᠨᠠᠩᠳᠠ ᠪᠠᠶᠠᠰᠤᠨ ᠭᠦᠭᠯᠡᠷᠡᠨ᠎ᠡ


ᠮᠤᠳᠤᠨ ᠤ ᠮᠢᠩᠭ᠋ᠠᠨ ᠨᠠᠪᠴᠢᠰ

ᠮᠥᠩᠭᠡ ᠰᠠᠷᠠᠨ ᠤ ᠳᠤᠤᠷ᠎ᠠ

ᠮᠢᠨᠤ ᠮᠡᠳᠡᠳᠡᠭ᠌ ᠳᠠᠭᠤᠤ ᠳᠠᠭᠤᠯᠠᠨ᠎ᠠ


ᠮᠦᠷᠠᠨ ᠤ ᠥᠭᠡ


ᠶᠠᠭᠤ ᠴᠤ ᠨᠠᠮᠢ᠋ᠢ ᠲᠤᠰᠴᠤ ᠴᠢᠳᠠᠬᠤ ᠥᠭᠡᠢ

ᠶᠠᠷᠤᠨᠢ ᠪᠢ ᠵᠤᠭᠰᠤᠵᠤ ᠥᠵᠡᠭᠡ ᠥᠭᠡᠢ

ᠶᠡᠭᠡ ᠳᠠᠯᠠᠢ ᠶᠢ ᠵᠤᠷᠢᠭᠰᠠᠨ ᠮᠢᠨᠢ ᠵᠤᠷᠢᠭᠰᠠᠨ


ᠶᠠᠭᠤ ᠴᠤ ᠨᠠᠮᠢ᠋ᠢ ᠪᠣᠭᠤᠵᠤ ᠴᠢᠳᠠᠬᠤ ᠥᠭᠡᠢ

ᠶᠠᠷᠤᠨᠢ ᠪᠢ ᠴᠥᠭᠦᠵᠤ ᠥᠵᠡᠭᠡ ᠥᠭᠡᠢ

ᠶᠡᠭᠡ ᠳᠠᠯᠠᠢ ᠶᠢ ᠳᠡᠮᠡᠤᠯᠡᠭ᠍ᠰᠡᠨ ᠮᠢᠨᠢ ᠳᠡᠮᠡᠤᠯᠡᠭ᠍ᠰᠡᠨ


ᠳᠠᠯᠠᠢ ᠳᠠᠭᠠᠨ ᠪᠢ ᠪᠣᠴᠠᠨ᠎ᠠ

ᠳᠠᠩᠴᠢ ᠠᠪᠣᠷᠭᠤ ᠭᠦᠴᠤ ᠣᠯᠵᠤ

ᠳᠠᠭᠢᠭᠠᠤᠨ ᠪᠢ ᠡᠭᠡ ᠬᠠᠭᠤᠷᠠᠢ ᠳᠠᠭᠠᠨ ᠬᠠᠷᠢᠨ᠎ᠠ


ᠳᠠᠯᠠᠢ ᠭᠢᠭᠡᠳ ᠡᠭᠡ ᠬᠠᠭᠤᠷᠠᠢ ᠶᠢ ᠬᠤᠯᠪᠣᠵᠤ

ᠳᠠᠷᠭᠢᠯᠠᠭᠰᠠᠨ ᠴᠢᠰᠤ ᠰᠢᠭ ᠪᠣᠴᠠᠯᠵᠤ

ᠳᠠᠭᠤᠤ ᠪᠠᠨ ᠳᠠᠭᠤᠯᠠᠵᠤ ᠪᠢ ᠣᠷᠤᠰᠤᠨ᠎ᠠ


ᠴᠢᠯᠠᠭᠤ ᠶᠢᠨ ᠠᠷᠠᠠᠰᠢᠨ


ᠭᠦᠢᠳᠡᠨ ᠳᠤ ᠭᠦᠭᠡᠷᠡᠨ ᠭᠦᠯᠳᠡᠭᠡᠳ

ᠳᠠᠯ᠎ᠠ ᠳᠤᠠᠳᠠᠭᠠᠭᠤᠷ ᠶᠢᠡᠨ ᠠᠩᠭᠢᠷᠠᠭᠰᠠᠨ ᠴᠤ᠂

ᠭᠦᠮᠦᠭᠡᠢ ᠪᠠᠨ ᠵᠠᠭᠤᠵᠤ ᠳᠡᠰᠭᠦ ᠡᠴᠠ ᠪᠢᠰᠢ

ᠳᠤᠰᠤᠯ ᠨᠢᠯᠪᠣᠰᠤ ᠴᠤ ᠣᠨᠠᠭᠠᠬᠤ ᠦᠭᠡᠶ᠃


ᠬᠠᠯᠠᠭᠤᠨ ᠳᠤ ᠴᠤᠳᠤᠨ ᠰᠢᠳᠠᠭᠠᠤᠨ

ᠶᠠᠭ ᠳᠤᠠᠳᠠᠭᠠᠭᠤᠷ ᠶᠢᠡᠨ ᠵᠠᠭᠠᠷᠠᠭᠰᠠᠨ ᠴᠤ᠂

ᠬᠠᠯᠠ ᠶᠢ ᠳᠠᠭᠠᠭᠠᠵᠤ ᠴᠢᠩᠭ᠋ᠠᠷᠠᠬᠤ ᠡᠴᠠ ᠪᠢᠰᠢ

ᠶᠤᠤᠯᠠᠬᠤ ᠳᠠᠭᠤ ᠠᠪᠢᠶᠠᠯᠠᠬᠤ ᠦᠭᠡᠶ᠃


ᠰᠤᠢ᠌ᠷᠡᠭᠡᠳ ᠳᠠᠯᠬᠠᠷᠠᠭᠰᠠᠨ ᠴᠠᠭ ᠲᠠᠭᠠᠨ ᠴᠤ

ᠡᠭᠦᠯᠡ ᠪᠣᠯᠵᠤ ᠭᠡᠢ᠌ᠰᠭᠦ ᠦᠭᠡᠶ᠂

ᠦᠬᠢᠷᠠᠨ ᠭᠡᠢ᠌ᠰᠦᠭ᠍ᠰᠡᠨ ᠦᠶ᠎ᠡ ᠳᠡᠭᠡᠨ ᠴᠤ

ᠦᠯᠠᠮᠵᠢ ᠭᠦᠴᠦᠳᠡᠨ ᠳᠤ ᠮᠦᠷᠭᠦᠭᠦ ᠦᠭᠡᠶ᠃


ᠭᠡᠨ ᠡᠴᠠ ᠴᠤ ᠭᠤᠩᠰᠢᠵᠤ ᠭᠤᠶᠤᠬᠤ ᠥᠭᠡᠢ

ᠭᠠᠭᠴᠠᠬᠠᠨ ᠪᠠᠶ᠎ᠠ ᠪᠠᠨ ᠯᠠ ᠰᠢᠳᠤᠨ᠎ᠡ᠂

ᠭᠡᠵᠢᠶ᠎ᠡ ᠴᠤ ᠭᠤᠨᠢᠵᠤ ᠭᠤᠳᠤᠷᠠᠬᠤ ᠥᠭᠡᠢ

ᠭᠠᠭᠴᠠᠬᠠᠨ ᠵᠤᠷᠢᠭ ᠶᠢᠡᠨ ᠯᠠ ᠲᠦᠰᠢᠨ᠎ᠡ︕


ᠡᠭᠦᠯᠡ


ᠡᠭᠡ ᠭᠦᠮᠤᠨ ᠤ ᠨᠢᠯᠪᠣᠰᠤ

ᠡᠨᠡ ᠳᠡᠯᠡᠭᠡᠢ ᠳᠤ ᠦᠨᠡᠳᠠᠢ᠂

ᠡᠵᠢ ᠪᠠᠨ ᠣᠭᠢᠯᠠᠭᠤᠯᠤᠭᠰᠠᠨ ᠦᠷᠠᠰ ᠨᠢ

ᠡᠵᠢ ᠳᠡᠭᠡᠨ ᠭᠢᠵᠠᠭᠠᠷ ᠦᠭᠡᠶ ᠦᠷᠢᠳᠠᠢ᠃

ᠡᠨᠡ ᠳᠡᠯᠡᠭᠡᠢ ᠶᠢᠨ ᠬᠠᠮᠤᠭ

ᠡᠭᠦᠯᠡᠨ ᠡᠵᠢ ᠡᠴᠠ ᠪᠠᠨ ᠠᠪᠣᠴᠠ ᠲᠡᠶ ᠶᠤᠮᠰᠢᠭ᠂

ᠡᠩᠭᠡᠷ ᠢ ᠨᠢ ᠳᠡᠪᠳᠦᠭᠡᠯᠭᠡᠨ ᠣᠭᠢᠯᠠᠭᠤᠯᠵᠤ

ᠥᠩᠭᠡᠳᠤ ᠨᠢᠯᠪᠣᠰᠤ ᠶᠢ ᠨᠢ ᠣᠤᠭᠤᠳᠠᠭ ᠪᠠᠢ᠌ᠨ᠎ᠠ᠃

ᠰᠥ᠋ ᠪᠦᠭᠡᠳ ᠨᠢᠯᠪᠣᠰᠤ ᠪᠠᠨ

ᠰᠠᠭᠤᠯᠠᠭ᠎ᠠ ᠪᠠᠷ ᠭᠠᠵᠠᠷ ᠲᠤ ᠠᠰᠬᠠᠳᠠᠭ ᠪᠠᠢ᠌ᠨ᠎ᠠ᠂

ᠰᠥ᠋ ᠨᠢᠯᠪᠣᠰᠤ ᠳ᠋ᠤᠨᠢ ᠴᠠᠳᠤᠭᠰᠠᠨ ᠦᠷᠠᠰ ᠨᠢ

ᠰᠠᠷᠠᠭᠤᠯ ᠡᠷᠡᠭᠦᠯ ᠥᠰᠳᠡᠭ᠌ ᠪᠠᠢ᠌ᠨ᠎ᠠ᠃

ᠡᠭᠦᠯᠡ ᠡᠵᠢ ᠳᠡᠭᠡᠨ ᠦᠷᠢᠳᠡᠭ᠍ᠰᠡᠨ

ᠡᠨᠡ ᠳᠡᠯᠡᠭᠡᠢ ᠶᠢᠨ ᠬᠠᠮᠤᠭ᠂

ᠡᠵᠢ ᠶᠢᠨ ᠶᠢᠡᠨ ᠭᠦᠨ ᠠᠴᠢ ᠵᠢ

ᠡᠨᠡᠦᠭᠡᠨ ᠨᠠᠰᠤᠨ ᠳᠠᠭᠠᠨ ᠬᠠᠷᠢᠭᠤᠯᠵᠤ ᠪᠠᠷᠠᠳᠠᠭ ᠦᠭᠡᠶ ᠪᠠᠢ᠌ᠨ᠎ᠠ᠁


ᠬᠤᠷ ᠪᠠᠢ᠌ᠭᠠᠯᠢ


ᠨᠠᠮᠢ᠋ᠢ ᠳᠤᠭᠤᠵᠤ ᠳᠤᠷᠠᠯᠠᠵᠤ

ᠨᠠᠠᠳᠢᠨ ᠬᠠᠢ᠌ᠷ᠎ᠠ ᠪᠠᠨ ᠦᠭ‍ᠭᠦᠭᠡ ᠥᠭᠡᠢ

ᠨᠠᠷᠠᠨ ᠤ ᠰᠠᠢ᠌ᠬᠠᠨ ᠭᠡᠦᠭᠡᠨ ᠦᠦ ᠳ᠋ᠠ ᠴᠢ

ᠨᠠᠮᠢ᠋ᠢ ᠰᠢᠨᠠᠯᠭᠠᠭᠰᠠᠨ ᠳᠠᠭᠢᠨᠢᠰ ᠦᠦ ᠳ᠋ᠠ ᠴᠢ

ᠨᠠᠷᠠ ᠴᠢᠨᠤ ᠭᠠᠯᠳᠠᠢ ᠨᠢᠳᠤ

ᠨᠠᠮᠢ᠋ᠢ ᠣᠭᠳᠤ ᠰᠢᠷᠳᠡᠭᠡ ᠥᠭᠡᠢ

ᠨᠠᠪᠴᠢᠰ ᠴᠢᠨᠤ ᠵᠥᠭᠡᠯᠡᠨ ᠣᠷᠤᠭᠤᠯ

ᠨᠠᠮᠢ᠋ᠢ ᠣᠭᠳᠤ ᠥᠨᠦᠰᠦᠭᠡ ᠥᠭᠡᠢ

ᠠᠭᠤᠯᠠᠰ ᠴᠢᠨᠤ ᠨᠡᠮᠡᠭᠦᠨ ᠭᠦᠭᠦ

ᠣᠭᠳᠤ ᠨᠠᠳᠠ ᠪᠠᠷ ᠢᠯᠡᠭᠦᠯᠡᠭᠡ ᠥᠭᠡᠢ

ᠣᠰᠤ ᠴᠢᠨᠤ ᠣᠶᠠᠬᠠᠨ ᠬᠠᠢ᠌ᠷ᠎ᠠ

ᠣᠭᠳᠤ ᠨᠠᠳᠠ ᠪᠠᠷ ᠳᠤᠰᠤᠯᠠᠭ᠎ᠠ ᠥᠭᠡᠢ

ᠡᠭᠦᠯᠡᠰ ᠴᠢᠨᠤ ᠳᠤᠷᠭᠠᠨ ᠠᠯᠴᠢᠭᠤᠷ

ᠢᠴᠢᠵᠤ ᠴᠢ ᠴᠠᠭᠠᠨ᠎ᠠ ᠨᠢ ᠨᠢᠭᠤᠭᠳᠠᠨ᠎ᠠ

ᠥᠩᠭᠡᠳᠤ ᠳᠤᠯᠤᠩ ᠴᠢᠨᠤ ᠴᠢᠷᠠᠢ

ᠥᠭᠦᠯᠡᠭᠦ ᠥᠭᠡ ᠳᠤ ᠮᠢᠨᠢ ᠴᠢᠰ ᠣᠯᠠᠢ᠌ᠨ᠎ᠠ

ᠰᠠᠯᠭᠢ ᠴᠢᠨᠤ ᠳᠠᠭᠤᠤ ᠶᠤᠮ

ᠰᠡᠳᠬᠢᠯ ᠢ ᠴᠢᠨᠢ ᠪᠢ ᠣᠢ᠌ᠯᠭᠠᠵᠤ ᠶᠠᠳᠠᠨ᠎ᠠ

ᠰᠠᠷᠠ ᠴᠢᠨᠤ ᠳᠤᠷᠠᠯᠠᠯ ᠶᠤᠮ

ᠰᠠᠨᠠᠭ᠎ᠠ ᠶᠢ ᠴᠢᠨᠢ ᠪᠢ ᠦᠯᠤ ᠳᠦᠭᠦᠭᠡᠷᠡᠨ᠎ᠡ

ᠭᠠᠵᠠᠷ ᠤᠨ ᠮᠠᠭᠮᠠ ᠴᠢᠨᠤ ᠵᠢᠷᠦᠭᠡ ᠶᠤᠮ

ᠭᠠᠭᠴᠠᠭᠠᠷ ᠶᠢᠡᠨ ᠴᠢᠩᠨᠠᠬᠤ ᠳᠤ ᠮᠢᠨᠢ ᠳᠦᠭ᠍ᠰᠢᠨ᠎ᠡ

ᠭᠠᠯᠳᠤ ᠠᠭᠤᠯᠠ ᠴᠢᠨᠤ ᠠᠷᠠᠠᠰᠢᠨ ᠶᠤᠮ

ᠭᠠᠭᠴᠠᠬᠠᠨ ᠴᠢᠮ᠎ᠠ ᠳᠠᠭᠠᠨ ᠪᠢ ᠤᠢ᠌ᠷᠠᠳᠤᠵᠤ ᠴᠢᠳᠠᠬᠤ ᠥᠭᠡᠢ

ᠳᠤᠷᠠᠯᠠᠭᠰᠠᠨ ᠴᠢᠮ᠎ᠠ ᠳᠠᠭᠠᠨ ᠪᠢ

ᠳᠤᠷᠠᠯᠠᠯ ᠶᠢᠡᠨ ᠢᠯᠡᠳᠭᠡᠵᠤ ᠴᠢᠳᠠᠬᠤ ᠥᠭᠡᠢ

ᠳᠤᠳᠤᠷ᠎ᠠ ᠮᠢᠨᠢ ᠳᠦᠷᠡᠯᠵᠡᠭᠡ ᠬᠠᠢ᠌ᠷ᠎ᠠ ᠪᠠᠨ

ᠳᠤᠷᠠᠳᠠᠢ ᠴᠢᠮ᠎ᠠ ᠳᠠᠭᠠᠨ ᠥᠭ᠍ᠴᠤ ᠴᠢᠳᠠᠬᠤ ᠥᠭᠡᠢ

ᠨᠠᠮᠢ᠋ᠢ ᠳᠤᠭᠤᠵᠤ ᠳᠤᠷᠠᠯᠠᠵᠤ

ᠨᠠᠠᠳᠢᠨ ᠬᠠᠢ᠌ᠷ᠎ᠠ ᠪᠠᠨ ᠣᠭᠳᠤ ᠦᠭ‍ᠭᠦᠭᠡ ᠥᠭᠡᠢ

ᠨᠠᠷᠠᠨ ᠤ ᠰᠠᠢ᠌ᠬᠠᠨ ᠭᠡᠦᠭᠡᠨ ᠦᠦ ᠳ᠋ᠠ ᠴᠢ

ᠨᠠᠮᠢ᠋ᠢ ᠰᠢᠨᠠᠯᠭᠠᠵᠤ ᠭᠦᠢᠴᠡᠭ᠍ᠰᠡᠨ ᠳᠠᠭᠢᠨᠢᠰ ᠦᠦ ᠳ᠋ᠠ ᠴᠢ ᠁


ᠪᠣᠷᠤᠭ᠎ᠠ


ᠳᠡᠭ᠍ᠷᠢ᠂ ᠨᠢᠭᠤᠷ ᠵᠢᠠᠨ

ᠡᠭᠦᠯᠡᠨ ᠱᠨ ᠪᠠᠷ ᠪᠦᠳᠦᠭᠡᠭᠡᠳ ᠨᠢᠭᠤᠨ᠎ᠠ

ᠳᠡᠷᠡᠭᠡᠨ ᠊ᠭ᠍ᠱᠡᠨ᠎ᠡ

ᠡᠭᠦᠯᠡᠨ ᠤ ᠳᠤᠳᠤᠷ᠎ᠠ ᠡᠴᠠ ᠠᠶᠤᠩᠭ᠎ᠠ ᠴᠠᠭᠢᠯᠤᠭᠠᠤᠨ ᠠᠪᠣᠨ᠎ᠠ

ᠭᠡᠨ ᠨᠢ ᠣᠭᠢᠯᠠᠭᠰᠠᠨ ᠢ ᠮᠡᠳᠡᠭ᠍ᠰᠡᠨ ᠥᠭᠡᠢ

ᠭᠡᠰᠡᠭ‍ᠭᠡᠨ ᠵᠠᠭᠤᠷ᠎ᠠ ᠨᠢᠯᠪᠣᠰᠤ ᠱᠠᠭᠢᠭᠠᠤᠨ

ᠭᠦᠷᠡᠩ ᠨᠠᠷᠠᠨ ᠳᠤ ᠰᠢᠳᠠᠮᠠᠷ ᠪᠠᠢ᠌ᠭᠰᠠᠨ ᠳᠡᠯᠡᠭᠡᠢ ᠵᠢᠨ

ᠭᠡᠭᠦᠳᠡᠭ᠌ ᠴᠡᠭᠡᠵᠢ ᠠᠭᠤᠵᠢᠷᠠᠭᠠᠤᠨ ᠦᠭ‍ᠭᠦᠨ᠎ᠡ

ᠣᠰᠤᠯᠠᠵᠤ ᠵᠠᠢ᠌ᠷᠯᠠᠭᠰᠠᠨ ᠨᠢᠳᠤ

ᠣᠭᠢᠶᠠᠵᠤ ᠠᠷᠴᠢᠭᠰᠠᠨ ᠨᠢᠭᠤᠷ

ᠣᠭᠢᠯᠠᠭᠠᠤᠨ ᠠᠭᠤᠵᠢᠷᠠᠳᠠᠭ ᠴᠡᠭᠡᠵᠢ ᠰᠢᠭ᠌

ᠣᠩᠭ᠋ᠤᠨ ᠳᠡᠭ᠍ᠷᠢ ᠮᠢᠨᠢ ᠭᠦᠭᠡᠷᠦᠭᠦᠨ ᠪᠠᠢ᠌ᠨ᠎ᠠ

ᠭᠦᠭᠡᠷᠦᠭᠦᠨ ᠭᠦᠭᠡ ᠳᠡᠭ᠍ᠷᠢ ᠵᠢ

ᠭᠡᠨ ᠨᠢ ᠡᠮᠡᠯᠡᠵᠤ ᠣᠭᠢᠯᠠᠭᠤᠯᠤᠭᠰᠠᠨ ᠪᠣᠢ

ᠭᠡᠳᠡᠷ ᠵᠠᠩ ᠲᠡᠶ ᠠᠶᠤᠩᠭ᠎ᠠ ᠭᠡᠵᠢ ᠤᠤ

ᠭᠡᠨ ᠳᠡᠭᠦᠨ ᠢ ᠠᠷᠭᠠᠳᠠᠨ᠎ᠠ ᠡ ᠁


ᠮᠥᠩᠭᠡ ᠶᠢᠨ ᠨᠤᠭᠤᠭᠠᠨ ᠠᠶᠠᠯᠭᠤ


ᠬᠠᠷ᠎ᠠ ᠴᠠᠭᠠᠨ ᠳᠠᠷᠤᠴᠠᠨ ᠡᠴᠠ

ᠭᠤᠭᠤᠵᠢᠨ ᠠᠰᠬᠠᠷᠠᠬᠤ

ᠬᠠᠷᠠᠩᠭ᠋ᠤᠢ ᠨᠤᠭᠤᠭᠠᠨ ᠠᠶᠠᠯᠭᠤ ᠨᠤᠭᠤᠳ

ᠬᠠᠷᠠᠬᠠᠨ ᠪᠠᠭ᠎ᠠ ᠨᠠᠰᠤᠨ ᠡᠴᠠ ᠮᠢᠨᠢ

ᠬᠠᠰᠢᠭ ᠴᠢᠭᠢ ᠶᠢ ᠮᠢᠨᠢ ᠥᠨᠦᠰᠦᠭ᠍ᠰᠡᠨ

ᠬᠠᠮᠤᠭ ᠤᠨ ᠭᠤᠶᠤ ᠳᠠᠭᠤᠳᠤ

ᠳᠡᠭᠦᠯᠳᠡᠷ ᠬᠤᠭᠤᠷ ᠮᠢᠨᠢ


ᠥᠰᠭᠦ ᠨᠠᠰᠤᠨ ᠳ᠋ᠤ

ᠭᠠᠰᠢᠭᠤᠨ ᠢ ᠠᠷᠭᠠᠳᠠᠨ ᠮᠠᠷᠳᠠᠭᠤᠯᠤᠭᠰᠠᠨ

ᠥᠭ᠍ᠰᠦᠭᠦ ᠣᠷᠤᠭᠤᠳᠠᠬᠤ ᠵᠥᠭᠡᠯᠡᠨ ᠨᠤᠲ᠋

ᠡᠰᠡᠷᠭᠦᠴᠡᠯᠳᠦᠭᠦ ᠨᠢᠭᠡᠳᠭᠦ ᠠᠮᠢᠳᠤᠷᠠᠯ ᠳ᠋ᠤ

ᠠᠮᠲᠠᠳᠠᠢ᠌ᠬᠠᠨ ᠢ ᠵᠢᠯᠢᠪᠳᠦᠭᠦᠯᠤᠨ ᠠᠮᠰᠠᠭᠤᠯᠤᠭᠰᠠᠨ

ᠦᠯᠤ ᠮᠠᠷᠳᠠᠬᠤ ᠰᠠᠭᠤᠭᠳᠠᠯ


ᠨᠤᠳᠤᠭ ᠡᠴᠠ ᠪᠠᠨ ᠬᠤᠯᠠ ᠰᠠᠭᠤᠬᠤ ᠳ᠋ᠤ

ᠨᠣᠢ᠌ᠷ ᠢ ᠮᠢᠨᠢ ᠵᠡᠭᠦᠳᠤ ᠪᠠᠷ ᠣᠰᠤᠯᠠᠭᠰᠠᠨ

ᠮᠠᠷᠳᠠᠬᠤ ᠶᠢᠨ ᠠᠷᠭ᠎ᠠ ᠦᠭᠡᠶ ᠴᠡᠭᠡᠵᠢᠯᠡᠭᠡᠰᠤ

ᠨᠠᠮᠢ᠋ᠢ ᠮᠦᠷᠦᠭᠡᠳᠦᠯ ᠳᠤ ᠴᠢᠪᠪᠦᠭᠡᠵᠤ

ᠨᠢᠯᠪᠣᠰᠤ ᠶᠢ ᠮᠢᠨᠢ ᠰᠠᠯᠭᠢ ᠪᠠᠷ ᠶᠢᠡᠨ ᠠᠷᠴᠢᠭᠰᠠᠨ

ᠣᠷᠭᠢᠬᠤ ᠶᠢᠨ ᠠᠷᠭ᠎ᠠ ᠦᠭᠡᠶ ᠦᠯᠦᠭᠡᠢ


ᠬᠠᠯᠠᠬᠤ ᠳᠤ

ᠰᠡᠭᠦᠳᠡᠷ ᠤᠨ ᠶᠢᠡᠨ ᠡᠯᠢᠭᠡᠨ ᠳᠤ ᠵᠢᠷᠭᠠᠭᠠᠳᠠᠭ

ᠭᠠᠵᠠᠷ ᠡᠵᠢ ᠶᠢᠨ ᠰᠡᠪᠢᠭᠦᠷ

ᠬᠠᠭᠰᠠᠬᠤ ᠳ᠋ᠤ

ᠴᠢᠭᠡᠭ᠌ ᠤᠨ ᠰᠦ᠋ ᠪᠠᠷ ᠶᠢᠡᠨ ᠣᠮᠳᠠᠯᠠᠭᠤᠯᠳᠠᠭ

ᠬᠠᠯᠠᠭᠤᠨ ᠨᠤᠳᠤᠭ ᠤᠨ ᠭᠦᠪᠢᠭᠦᠷ

ᠣᠢ᠌ᠤᠠᠬᠤ ᠳ᠋ᠤ

ᠮᠦᠴᠢᠷ ᠪᠦᠷᠢ ᠨᠢ ᠭᠦᠳᠡᠯᠵᠤ

ᠵᠢᠷᠦᠭᠡ ᠶᠢ ᠠᠮᠠᠷᠠᠭᠠᠬᠤ ᠳᠠᠭᠠᠯᠠᠯ

ᠣᠭᠢᠯᠠᠬᠤ ᠳ᠋ᠤ

ᠨᠠᠪᠴᠢ ᠪᠦᠷᠢ ᠨᠢ ᠳᠠᠭᠤᠯᠠᠵᠤ

ᠰᠦᠨᠠᠰᠤ ᠶᠢ ᠳᠠᠢ᠌ᠤᠠᠬᠤᠷᠠᠭᠤᠯᠬᠤ ᠪᠦᠦᠪᠠᠢ


ᠣᠢ ᠪᠣᠯ ᠳᠠᠭᠤᠰᠳᠠᠭ ᠦᠭᠡᠶ ᠨᠤᠭᠤᠭᠠᠨ ᠠᠶᠠᠯᠭᠤ

ᠣᠩᠭ᠋ᠤᠨ ᠪᠠᠢ᠌ᠭᠠᠯᠢ ᠵᠢᠨ

ᠣᠶᠠᠩᠭ᠋ᠠᠯᠠᠵᠤ ᠳᠠᠭᠤᠰᠤᠳᠠᠭ ᠦᠭᠡᠶ ᠴᠡᠩᠭᠡᠷ ᠭᠦᠭ᠍ᠵᠢᠮ

ᠣᠭᠳᠠᠷᠭᠤᠢ ᠡᠴᠠ ᠪᠣᠷᠤᠭ᠎ᠠ ᠰᠠᠷᠪᠠᠢ᠌ᠭᠰᠠᠨ

ᠣᠯᠠᠨ ᠣᠯᠠᠨ ᠬᠤᠷᠤᠭᠤ ᠲᠡᠶ

ᠥᠭ᠍‍ᠭᠢᠶᠡᠮᠦᠷ ᠰᠡᠳᠬᠢᠯ ᠲᠡᠶ ᠡᠵᠢ ᠪᠣᠷᠬᠠᠨ


ᠨᠤᠭᠤᠭᠠᠨ ᠮᠦᠴᠢᠷ ᠊᠊᠊᠊᠊᠊᠊᠊᠊᠊᠊᠊᠊᠊᠊

ᠳᠡᠭ᠍ᠷᠢ ᠳᠤ ᠤᠶᠠᠩ‍ᠭ᠎ᠠ ᠶᠢᠨ ᠰᠢᠯᠦᠭ᠌ ᠳᠠᠳᠠᠯᠠᠭᠰᠠᠨ

ᠡᠭᠡ ᠳᠡᠯᠡᠭᠡᠢ ᠶᠢᠨ ᠬᠤᠷᠴᠠ ᠪᠢᠷ

ᠨᠤᠯ ᠨᠠᠪᠴᠢᠰ ᠊᠊᠊᠊᠊᠊᠊᠊᠊᠊᠊᠊᠊᠊᠊

ᠬᠤᠷᠸ᠎ᠠ ᠳᠤ ᠰᠡᠳᠬᠢᠯ ᠤᠨ ᠳᠠᠭᠤᠤ ᠪᠠᠨ ᠠᠶᠠᠯᠠᠭᠰᠠᠨ

ᠣᠩᠭ᠋ᠤᠨ ᠪᠠᠢ᠌ᠭᠠᠯᠢ ᠶᠢᠨ ᠣᠷᠠᠨ ᠬᠤᠭᠤᠯᠠᠢ


ᠰᠠᠶ᠎ᠠ ᠦᠨᠳᠦᠰᠦ ᠊᠊᠊᠊᠊᠊᠊᠊᠊᠊᠊᠊᠊᠊᠊

ᠭᠠᠵᠠᠷ ᠤᠨ ᠲᠦᠪ ᠣᠷᠤᠭᠤ ᠳᠡᠮᠡᠤᠯᠦᠭ᠍ᠰᠡᠨ

ᠠᠮᠢ ᠨᠠᠰᠤᠨ ᠤ ᠳᠤᠭᠤᠯ ᠠᠢ᠌ᠵᠠᠮ

ᠰᠦᠨ ᠰᠢᠭᠦᠳᠡᠷᠢ ᠊᠊᠊᠊᠊᠊᠊᠊᠊᠊᠊᠊᠊᠊᠊

ᠡᠭᠡ ᠭᠠᠵᠠᠷ ᠳᠡᠭᠡᠷ᠎ᠡ ᠬᠠᠨᠤᠳᠠᠯ᠎ᠠ ᠠᠰᠬᠠᠭᠰᠠᠨ

ᠰᠦᠨ ᠬᠠᠢ᠌ᠷ᠎ᠠ ᠶᠢᠨ ᠳᠤᠷᠭᠠᠨ ᠨᠠᠮᠢᠷᠠᠭ᠎ᠠ


ᠴᠡᠴᠡᠭ᠌ ᠤᠨ ᠦᠴᠢᠭ᠌


ᠮᠥᠩᠭᠡ ᠶᠢᠨ ᠪᠣᠰᠤ ᠳᠠᠪᠢᠯᠠᠩ ᠳ᠋ᠠᠭᠠᠨ

ᠭᠤᠮᠤᠳᠠᠭᠠᠤᠨ ᠪᠢ ᠰᠠᠭᠤᠬᠤ ᠦᠭᠡᠶ᠂

ᠮᠦᠨᠳᠤᠷ ᠬᠤᠷ᠎ᠠ ᠶᠢᠨ ᠭᠤᠶᠠᠳᠠᠯᠭᠠᠨ ᠡᠴᠠ

ᠭᠤᠯᠳᠤᠷᠢᠭᠠᠤᠨ ᠪᠢ ᠳᠤᠳᠠᠭᠠᠬᠤ ᠦᠭᠡᠶ︕

ᠥᠩᠭᠡ ᠪᠦᠭᠡᠳ ᠵᠢᠰᠤ ᠪᠠᠨ

ᠨᠠᠷᠠᠨ ᠤ ᠳᠤᠤᠷ᠎ᠠ ᠰᠤᠯᠤᠩᠭ᠋ᠠᠷᠠᠭᠤᠯᠵᠤ᠂

ᠦᠨᠦᠷ ᠪᠦᠭᠡᠳ ᠴᠢᠨᠠᠷ ᠵᠢᠠᠨ

ᠨᠠᠷᠠᠳᠤ ᠶᠢᠨ ᠳᠡᠭᠡᠷ᠎ᠡ ᠰᠠᠴᠤᠵᠤ᠂

ᠠᠰᠠᠨ ᠪᠠᠢ᠌ᠵᠤ ᠳᠡᠯᠭᠡᠷᠡᠨᠡᠮ

ᠠᠭᠢᠷᠠᠨ ᠪᠠᠢ᠌ᠵᠤ ᠬᠤᠠᠳᠠᠭᠠᠯᠠᠨᠠᠮ᠂

ᠠᠭᠤᠤ ᠪᠠᠢ᠌ᠭᠠᠯᠢ ᠶᠢᠨ ᠡᠪᠦᠷ ᠳᠤ

ᠠᠯᠳᠠᠨ ᠵᠡᠭᠦᠳᠤ ᠪᠠᠨ ᠮᠠᠨᠠᠨᠠᠮ᠃

ᠬᠠᠪᠣᠷ ᠤᠨ ᠣᠷᠢ ᠣᠷᠤᠬᠤ ᠳ᠋ᠤ

ᠬᠠᠭᠳᠠ ᠶᠢ ᠨᠢᠳᠤᠯᠠᠵᠤ ᠣᠷᠭᠤᠨᠠᠮ᠂

ᠬᠠᠷᠠᠭ᠎ᠠ ᠶᠢ ᠴᠢᠨᠢ ᠦᠨᠢᠳᠠ ᠴᠠᠳᠬᠤᠭᠠᠵᠤ

ᠬᠠᠮᠤᠭ ᠳᠦᠷᠦᠭᠦᠯᠡᠵᠤ ᠳᠡᠷᠭᠡᠯᠰᠢᠨᠡᠮ ︕


ᠮᠤᠳᠤᠨ ᠳᠤ ᠭᠡᠯᠡᠭᠦ ᠥᠭᠡ


ᠮᠤᠳᠤ ᠴᠢ ᠭᠦᠮᠤᠨ ᠰᠢᠭ᠌ ᠪᠣᠯᠬᠤᠠᠴᠢᠨ ᠶᠠᠭᠠᠭᠢᠨ᠎ᠠ

ᠮᠠᠭᠤ ᠭᠡᠷᠡᠭ᠌ ᠲᠤ ᠣᠴᠠᠷᠠᠪᠠᠯ ᠳᠠᠯᠪᠠ ᠳᠤᠰᠤᠨ ᠠᠭᠤᠷᠯᠠᠵᠤ᠂

ᠮᠦᠴᠢᠷ ᠰᠠᠯᠠᠭ᠎ᠠ ᠪᠠᠨ ᠥᠳᠦᠭᠡ ᠦᠭᠡᠶ ᠳᠠᠰᠤᠴᠢᠨ ᠬᠤᠭᠤᠯᠵᠤ

ᠮᠤᠩᠭ᠋ᠤᠯ ᠵᠠᠩᠵᠤᠨ ᠰᠢᠭ ᠠᠭᠤᠷᠯᠠᠬᠤᠠᠴᠢᠨ ᠶᠠᠭᠠᠭᠢᠨ᠎ᠠ︕

ᠳᠤᠳᠤᠷ᠎ᠠ ᠴᠢᠨᠢ ᠳᠣᠢ᠌ᠮᠠᠷ ᠰᠢᠳᠠᠵᠤ ᠪᠠᠢ᠌ᠭᠰᠠᠨ ᠴᠤ

ᠳᠠᠭᠤᠨ ᠦᠭᠡᠶ ᠳᠤᠭᠤᠢ ᠵᠤᠭᠰᠤᠨ᠎ᠠ ᠴᠢ᠂

ᠳᠤᠯᠤᠭᠠᠢ ᠳᠡᠭᠡᠷ᠎ᠡ ᠴᠢᠨᠢ ᠴᠠᠰᠤ ᠳᠠᠷᠤᠵᠤ ᠪᠠᠢ᠌ᠭᠰᠠᠨ ᠴᠤ

ᠳᠤᠭᠤᠬᠤ ᠴᠤ ᠦᠭᠡᠶ ᠰᠢᠭ ᠵᠢᠮᠢ᠌ᠵᠤ ᠯᠠ ᠵᠤᠭᠰᠤᠨ᠎ᠠ ᠴᠢ ︖

ᠨᠠᠮᠤᠷ ᠤᠨ ᠭᠢᠳᠠᠭ᠎ᠠ ᠶᠢᠨ ᠢᠷᠳᠤ ᠰᠠᠯᠭᠢ

ᠨᠠᠪᠴᠢ ᠨᠠᠮᠠᠭ᠎ᠠ ᠶᠢ ᠴᠢᠨᠢ ᠭᠢᠷᠭᠠᠨ ᠭᠡᠢ᠌ᠰᠭᠡᠵᠤ ᠪᠠᠢ᠌ᠬᠤ ᠳᠤ᠂

ᠨᠢᠳᠤ ᠦᠭᠡᠶ ᠴᠠᠰᠤ ᠰᠢᠭᠤᠷᠭ᠎ᠠ ᠴᠢᠮᠢ᠋ᠢ ᠪᠠᠭᠡᠷᠡᠭᠦᠯᠵᠤ ᠪᠠᠢ᠌ᠬᠤ ᠳ᠋ᠤ

ᠨᠠᠭ᠎ᠠ ᠴᠠᠭ᠎ᠠ ᠦᠭᠡᠶ ᠯᠥᠭᠯᠥᠢᠵᠤ ᠯᠠ ᠵᠤᠭᠰᠤᠨ᠎ᠠ ᠴᠢ᠃

ᠬᠤᠷᠸ᠎ᠠ ᠳᠤ ᠭᠡᠯᠡᠭᠦ ᠣᠯᠠᠨ ᠥᠭᠡ ᠴᠢᠨᠢ ᠪᠠᠢ᠌ᠭᠰᠠᠨ ᠴᠤ

ᠬᠤᠷᠤᠰᠤᠯ ᠵᠠᠨᠤᠯ ᠤᠨ ᠮᠢᠩᠭ᠋ᠠᠨ ᠵᠠᠭᠠᠯᠳᠤᠭ᠎ᠠ ᠴᠢᠨᠢ ᠪᠠᠢ᠌ᠭᠰᠠᠨ ᠴᠤ᠂

ᠬᠠᠯᠠᠭᠤᠨ ᠠᠮᠢ ᠴᠢᠨᠢ ᠪᠠᠶ᠎ᠠ ᠡᠴᠠ ᠴᠢᠨᠢ ᠰᠠᠯᠤᠨ ᠶᠠᠪᠣᠴᠢᠬᠠᠭᠰᠠᠨ ᠰᠢᠭ

ᠬᠠᠮᠢᠶ᠎ᠠ ᠴᠤ ᠦᠭᠡᠶ ᠣᠭ ᠪᠠᠢ᠌ᠷᠢ ᠳᠠᠭᠠᠨ ᠮᠠᠨᠠᠷᠠᠵᠤ ᠯᠠ ᠵᠤᠭᠰᠤᠨ᠎ᠠ ᠴᠢ᠂ ᠁

ᠮᠤᠳᠤ ᠴᠢ ᠭᠦᠮᠤᠨ ᠰᠢᠭ᠌ ᠪᠣᠯᠬᠤᠠᠴᠢᠨ ᠶᠠᠭᠠᠭᠢᠨ᠎ᠠ

ᠮᠠᠭᠤ ᠭᠡᠷᠡᠭ᠌ ᠣᠴᠠᠷᠠᠪᠠᠯ ᠳᠠᠯᠪᠠ ᠳᠤᠰᠤᠨ ᠠᠭᠤᠷᠯᠠᠵᠤ᠂

ᠮᠦᠴᠢᠷ ᠰᠠᠯᠠᠭ᠎ᠠ ᠪᠠᠨ ᠥᠳᠦᠭᠡ ᠦᠭᠡᠶ ᠳᠠᠰᠤᠴᠢᠨ ᠬᠤᠭᠤᠯᠵᠤ

ᠮᠤᠩᠭ᠋ᠤᠯ ᠵᠠᠩᠵᠤᠨ ᠰᠢᠭ ᠠᠭᠤᠷᠯᠠᠬᠤᠠᠴᠢᠨ ᠶᠠᠭᠠᠭᠢᠨ᠎ᠠ︖ ︕


ᠵᠤᠬᠢᠶᠠᠭᠴᠢ ᠶᠢᠨ ᠬᠠᠶ‍ᠢᠭ ᠄ ᠰᠢᠠᠵᠢᠶᠠᠩ ᠢᠯᠢ ᠵᠸᠤ ᠶᠢᠨ ᠳᠤᠷᠰᠢᠯᠳᠠ ᠶᠢᠨ ᠳᠤᠮᠳᠠᠳᠤ ᠰᠤᠷᠭᠠᠭᠤᠯᠢ

ᠵᠤᠬᠢᠶᠠᠭᠴᠢ᠄ ᠭᠠᠩᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1450
ᠴᠠᠭ᠄ 2010 ᠤᠨ ᠤ 05 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁