ᠵᠢᠭᠠᠨ ᠰᠤᠷᠭᠠᠯᠲᠠ ᠶᠢᠨ ᠦᠭᠦᠯᠡᠯ ᠢ ᠬᠡᠷᠬᠢᠨ ᠪᠢᠴᠢᠬᠦ ᠪᠤᠢ

ᠵᠢᠭᠠᠨ ᠰᠤᠷᠭᠠᠯᠳᠠ ᠶᠢᠨ ᠥᠭᠦᠯᠡᠯ ᠪᠣᠯ ᠮᠦᠨᠴᠤ ᠡᠷᠳᠡᠮ ᠰᠢᠡᠵᠢᠯᠡᠭᠡᠨ ᠤ ᠥᠭᠦᠯᠡᠯ ᠤᠨ ᠨᠢᠭᠡ ᠲᠦᠷᠦᠯ ᠵᠣᠢ᠌ᠯ ᠪᠣᠯᠬᠤ ᠶᠤᠮ᠃ ᠳᠠᠷᠠ ᠨᠢ ᠭᠤᠤᠯᠳᠠᠭᠤ ᠳᠤᠬᠠᠢ ᠶᠢᠨ ᠭᠠᠵᠠᠷ ᠣᠷᠤᠨ ᠤ ᠰᠤᠷᠭᠠᠨ ᠭᠦᠮᠦᠵᠢᠯ ᠤᠨ ᠪᠠᠢ᠌ᠳᠠᠯ᠂ ᠣᠷᠤᠰᠢᠵᠤ ᠪᠠᠢ᠌ᠭ᠎ᠠ ᠠᠰᠠᠭᠤᠳᠠᠯ ᠪᠣᠶᠤ ᠵᠢᠭᠠᠨ ᠰᠤᠷᠭᠠᠬᠤ ᠵᠢᠮ᠎ᠠ ᠬᠠᠤᠯᠢ᠂ ᠵᠢᠭᠠᠨ ᠰᠤᠷᠭᠠᠬᠤ ᠠᠷᠭ᠎ᠠ ᠵᠡᠷᠭᠡ ᠳᠠᠯ᠎ᠠ ᠪᠠᠷ ᠥᠭᠦᠯᠡᠵᠤ ᠦᠪᠡᠷ ᠤᠨ ᠰᠠᠨᠠᠭ᠎ᠠ ᠰᠡᠳᠬᠢᠯᠭᠡ ᠪᠠᠨ ᠢᠯᠡᠷᠡᠭᠦᠯᠭᠦ ᠪᠣᠯᠤᠨ᠎ᠠ᠃ ᠨᠢᠭᠡᠨ ᠰᠤᠷᠭᠠᠨ ᠭᠦᠮᠦᠵᠢᠯ ᠤᠨ ᠡᠮᠦᠨ᠎ᠡ ᠹᠷᠤᠠᠲ᠋ ᠳᠤ ᠣᠳᠠᠭᠠᠨ ᠵᠢᠯ ᠶᠢᠡᠷ ᠰᠢᠷᠭᠠᠭᠤ ᠬᠠᠳᠠᠭᠤᠵᠢᠯᠳᠠᠢ ᠠᠵᠢᠯᠯᠠᠭᠰᠠᠨ ᠪᠠᠭᠰᠢ ᠳᠤ ᠠᠪᠴᠤ ᠭᠡᠯᠡᠪᠠᠯ᠂ ᠵᠢᠭᠠᠨ ᠰᠤᠷᠭᠠᠯᠳᠠ ᠶᠢᠨ ᠥᠭᠦᠯᠡᠯ ᠳᠤᠭᠤᠷᠪᠢᠨ ᠪᠢᠴᠢᠭᠦ ᠪᠣᠯ ᠳᠠᠢ᠌ᠮᠤ ᠯᠠ ᠭᠦᠴᠢᠷᠳᠡᠢ᠂ ᠨᠢᠭᠤᠴᠠᠬᠠᠢ ᠵᠣᠢ᠌ᠯ ᠪᠢᠰᠢ ᠶᠤᠮ᠃ ᠬᠠᠷᠢᠨ ᠦᠪᠡᠷ ᠤᠨ ᠵᠢᠭᠠᠨ ᠰᠤᠷᠭᠠᠯᠳᠠ ᠶᠢᠨ ᠳᠤᠮᠳᠠ ᠭᠢ ᠦᠰᠦᠯᠳᠠ ᠪᠣᠢ᠌ᠵᠢᠯᠳᠠ᠂ ᠦᠪᠡᠷ ᠤᠨ ᠵᠢᠭᠠᠨ ᠰᠤᠷᠭᠠᠯᠳᠠ ᠶᠢᠨ ᠭᠢᠷᠢ ᠪᠦᠳᠦᠮᠵᠢ ᠶᠢᠨ ᠳᠡᠭᠡᠭ᠍ᠰᠢᠯᠡᠭᠦᠯᠦᠯᠳᠡ ᠳᠤ ᠣᠮᠳᠤᠭᠠᠢ᠌ᠯᠠᠵᠤ ᠪᠣᠯᠤᠰᠢ ᠦᠭᠡᠶ ᠨᠢᠭᠡᠨ ᠴᠢᠬᠤᠯᠠ ᠠᠵᠢᠯ ᠪᠣᠯᠤᠨ᠎ᠠ᠃ ᠦᠪᠡᠷ ᠤᠨ ᠵᠢᠭᠠᠨ ᠰᠤᠷᠭᠠᠯᠳᠠ ᠶᠢᠨ ᠶᠠᠪᠣᠴᠠ ᠪᠠᠨ ᠳ᠋ᠦ᠋ᠩᠨᠠᠨ ᠬᠤᠷᠢᠶᠠᠩᠭ᠋ᠣᠢ᠌ᠯᠠᠬᠤ ᠪᠠᠷ ᠪᠠᠷᠠᠬᠤ ᠦᠭᠡᠶ᠂ ᠪᠣᠰᠤᠳ ᠤᠨ ᠳᠤᠷᠰᠢᠯᠭ᠎ᠠ ᠰᠤᠷᠭᠠᠮᠵᠢ ᠶᠢ ᠰᠤᠷᠤᠯᠴᠠᠭᠰᠠᠨ ᠣᠢ᠌ᠯᠠᠭᠠᠯᠳᠠ ᠳᠦᠷᠦᠭ᠍ᠳᠡᠯ ᠶᠢᠡᠨ ᠡᠷᠭᠢᠴᠡᠭᠦᠯᠤᠨ ᠪᠢᠴᠢᠭᠦ ᠳᠤ ᠪᠦᠷ ᠵᠢᠭᠠᠨ ᠰᠤᠷᠭᠠᠯᠳᠠ ᠶᠢᠨ ᠥᠭᠦᠯᠡᠯ ᠪᠢᠴᠢᠭᠦ ᠠᠯᠬᠤᠮ ᠶᠠᠪᠣᠴᠠ ᠶᠢ ᠥᠩᠭᠡᠷᠡᠭᠦᠯᠭᠦ ᠶᠤᠮ᠃ ᠳᠠ ᠦᠪᠡᠷ ᠤᠨ ᠨᠢᠭᠡ ᠭᠢᠴᠢᠶᠡᠯᠡᠯᠭᠡ ᠶᠢᠨ ᠴᠠᠭ ᠤᠨ ᠵᠢᠭᠠᠨ ᠰᠤᠷᠭᠠᠯᠳᠠ᠂ ᠨᠢᠭᠡ ᠭᠠᠷᠠᠭ ᠤᠨ ᠵᠢᠭᠠᠨ ᠰᠤᠷᠭᠠᠯᠳᠠ᠂ ᠨᠢᠭᠡ ᠬᠤᠭᠤᠴᠠᠭᠠᠨ ᠤ ᠵᠢᠭᠠᠨ ᠰᠤᠷᠭᠠᠯᠳᠠ ᠴᠢᠨᠠᠭᠰᠢᠯᠠᠨ ᠭᠡᠳᠤᠨ ᠵᠢᠯ ᠤᠨ ᠵᠢᠭᠠᠨ ᠰᠤᠷᠭᠠᠯᠳᠠ ᠳᠤ ᠪᠠᠨ ᠣᠯᠤᠭᠰᠠᠨ ᠵᠣᠢ᠌ᠯ᠂ ᠠᠯᠳᠠᠭᠰᠠᠨ ᠵᠣᠢ᠌ᠯ ᠭᠡᠵᠤ ᠠᠯᠬᠤᠮ ᠳᠠᠷᠠᠭ᠎ᠠ ᠲᠡᠶ᠂ ᠰᠢᠰᠲ᠋ᠸᠮ ᠲ᠋ᠠᠢ ᠳ᠋ᠦ᠋ᠩᠨᠠᠨ ᠬᠤᠷᠢᠶᠠᠩᠭ᠋ᠣᠢ᠌ᠯᠠᠬᠤ ᠪᠣᠯ ᠳᠠᠷᠤᠢ ᠴᠢᠨᠤ ᠨᠢᠭᠡᠨ ᠳᠤᠷᠰᠢᠯᠭ᠎ᠠ ᠰᠤᠷᠭᠠᠮᠵᠢ ᠪᠠᠨ ᠳ᠋ᠦ᠋ᠩᠨᠠᠵᠤ᠂ ᠬᠣᠢ᠌ᠰᠢᠳᠠ ᠶᠢᠨ ᠠᠵᠢᠯ ᠳᠤ ᠪᠠᠨ ᠳᠤᠷᠰᠢᠯᠭ᠎ᠠ ᠬᠤᠷᠠᠮᠳᠤᠭᠤᠯᠤᠭᠰᠠᠨ ᠮᠠᠲ᠋ᠸᠷᠢᠶᠠᠯ ᠪᠣᠯᠬᠤ ᠣᠴᠢᠷ ᠨᠢᠭᠡ ᠰᠠᠢ᠌ᠨ ᠥᠭᠦᠯᠡᠯ ᠭᠡᠭᠦ ᠳᠤ ᠢᠯᠡᠭᠦᠳᠡᠭᠦ ᠦᠭᠡᠶ ᠶᠤᠮ᠃ ᠵᠥᠪᠭᠡᠨ ᠬᠠᠯᠠᠰᠢᠷᠠᠯ ᠦᠭᠡᠶ ᠪᠢᠴᠢᠳᠡᠭ᠌ ᠶᠤᠮ ᠪᠣᠯ ᠳᠠᠢ᠌ᠮᠤ ᠭᠦᠴᠢᠷ ᠶᠠᠪᠣᠳᠠᠯ ᠪᠢᠰᠢ᠃

ᠵᠢᠭᠠᠨ ᠰᠤᠷᠭᠠᠯᠳᠠ ᠶᠢᠨ ᠥᠭᠦᠯᠡᠯ ᠨᠢ ᠪᠠᠰᠠᠴᠤ ᠪᠣᠰᠤᠳ ᠡᠷᠳᠡᠮ ᠰᠢᠡᠵᠢᠯᠡᠭᠡᠨ ᠤ ᠥᠭᠦᠯᠡᠯ ᠲᠡᠶ ᠪᠢᠴᠢᠭᠦ ᠠᠯᠬᠤᠮ ᠳᠠᠷᠠᠭ᠎ᠠ᠂ ᠶᠠᠪᠣᠴᠠ᠂ ᠪᠦᠳᠦᠴᠡ ᠨᠢ ᠪᠦᠷ ᠠᠳᠠᠯᠢ ᠶᠤᠮ᠃ ᠳᠠᠷᠤᠢ ᠣᠷᠢᠳᠠᠪᠠᠷ ᠰᠠᠳᠤᠪ ᠶᠢᠡᠨ ᠳᠤᠭᠳᠠᠭᠠᠨ᠎ᠠ᠂ ᠳᠠᠭᠢᠨ ᠣᠨᠤᠯᠳᠠ ᠪᠠᠨ ᠳᠤᠷᠠᠤᠠᠴᠤ᠂ ᠠᠯᠬᠤᠮ ᠳᠠᠷᠠᠭ᠎ᠠ ᠲᠡᠶ ᠨᠤᠳᠠᠯᠠᠨ᠎ᠠ᠃ ᠬᠠᠮᠤᠭ ᠰᠡᠭᠦᠯ ᠳᠤ᠂ ᠳ᠋ᠦ᠋ᠩᠨᠡᠯᠲᠡ ᠪᠠᠨ ᠪᠣᠯᠪᠠᠰᠤᠷᠠᠭᠤᠯᠤᠨ᠎ᠠ᠃

ᠨᠢᠭᠡ᠂ ᠰᠠᠳᠤᠪ ᠶᠢᠡᠨ ᠳᠤᠭᠳᠠᠭᠠᠬᠤ ᠪᠣᠯ ᠵᠢᠭᠠᠨ ᠰᠤᠷᠭᠠᠯᠳᠠ ᠶᠢᠨ ᠥᠭᠦᠯᠡᠯ ᠢ ᠰᠠᠢ᠌ᠨ ᠪᠢᠴᠢᠭᠦ ᠶᠢᠨ ᠬᠠᠮᠤᠭ ᠴᠢᠬᠤᠯᠠ ᠨᠢᠭᠡ ᠠᠯᠬᠤᠮ ᠪᠣᠯᠤᠨ᠎ᠠ᠃

ᠵᠥᠪᠭᠡᠨ ᠵᠢᠭᠠᠨ ᠰᠤᠷᠭᠠᠯᠳᠠ ᠶᠢᠨ ᠠᠵᠢᠯ ᠢ ᠨᠢᠭᠡᠯᠡ ᠰᠠᠤᠠᠭᠢᠯ ᠶᠢᠡᠷ ᠭᠢᠭ᠍ᠰᠡᠨ ᠪᠠᠭᠰᠢ ᠪᠣᠯ ᠰᠤᠷᠭᠠᠨ ᠭᠦᠮᠦᠵᠢᠯ᠂ ᠵᠢᠭᠠᠨ ᠰᠤᠷᠭᠠᠯᠳᠠ ᠶᠢᠨ ᠬᠠᠮᠢᠶ᠎ᠠ ᠪᠦᠭᠦᠢ ᠪᠢᠴᠢᠭᠦ ᠰᠠᠳᠤᠪ ᠳᠤᠩ ᠥᠷᠭᠡᠨ ᠪᠠᠢ᠌ᠳᠠᠭ᠃ ᠰᠠᠳᠤᠪ ᠨᠢ ᠠᠭᠤᠯᠭ᠎ᠠ ᠶᠢ ᠳᠤᠭᠳᠠᠭᠠᠬᠤ ᠪᠣᠯᠬᠤᠷ ᠰᠠᠳᠤᠪ ᠰᠤᠩᠭ᠋ᠤᠬᠤ ᠳᠤ ᠪᠠᠨ ᠡᠷᠭᠡᠪᠰᠢ ᠨᠠᠷᠢᠨ ᠭᠢᠨᠠᠮᠠᠭᠠᠢ ᠰᠠᠤᠠᠭᠢᠨ ᠪᠣᠳᠤᠯᠭᠢᠯᠠᠵᠤ ᠪᠠᠢ᠌ᠭᠠᠤᠨ ᠳᠤᠭᠳᠠᠭᠠᠬᠤ ᠭᠡᠷᠡᠭ᠍ᠳᠡᠢ᠃ ᠦᠭᠡᠶ ᠪᠣᠯ ᠰᠠᠳᠤᠪ ᠶᠢᠡᠨ ᠳᠤᠭᠳᠠᠭᠠᠰᠠᠨ ᠪᠣᠯᠪᠠᠴᠤ ᠠᠭᠤᠯᠭ᠎ᠠ ᠳᠤ ᠪᠠᠨ ᠳᠤᠭᠢᠷᠠᠭᠤᠯᠬᠤ ᠳᠤ ᠮᠦᠨ ᠭᠦᠴᠢᠷᠳᠡᠯ ᠪᠣᠯᠳᠠᠭ᠃ ᠰᠠᠳᠤᠪ ᠶᠢᠡᠨ ᠭᠡᠳᠦᠷᠭᠡᠢ ᠶᠡᠭᠡ᠂ ᠭᠡᠳᠤ ᠭᠦᠴᠢᠷ᠂ ᠴᠠᠭ ᠡᠴᠡ ᠥᠩᠭᠡᠷᠡᠭ᠍ᠰᠡᠨ ᠪᠣᠯᠬᠤ ᠡᠴᠡ ᠭᠢᠴᠢᠶᠡᠭᠦ ᠭᠡᠷᠡᠭ᠍ᠳᠡᠢ᠃ ᠭᠡᠳᠤ ᠶᠡᠭᠡ ᠪᠣᠯᠪᠠᠯ ᠳᠤᠯᠤᠭᠠᠢ ᠨᠢ ᠪᠠᠭᠠᠳᠠᠭᠠᠤᠨ᠂ ᠮᠠᠯᠠᠭᠠᠢ ᠨᠢ ᠶᠡᠭᠡᠳᠦᠨ᠎ᠡ᠃ ᠪᠠᠰᠠ ᠪᠦᠷᠢᠮᠦᠰᠤᠨ ᠨᠤᠳᠠᠯᠠᠵᠤ ᠳᠡᠢ᠌ᠯᠭᠦ ᠦᠭᠡᠶ ᠪᠣᠯᠤᠨ᠎ᠠ᠃ ᠭᠡᠳᠤ ᠭᠦᠴᠢᠷ ᠪᠣᠯ ᠳᠤᠤᠱᠳᠠᠢ ᠨᠤᠳᠠᠯᠠᠵᠤ ᠴᠢᠳᠠᠬᠤ ᠦᠭᠡᠶ᠂ ᠳᠦᠭᠦᠭᠡᠢ ᠪᠣᠳᠠᠭ᠎ᠠ ᠰᠢᠭ ᠪᠣᠯᠵᠤ ᠠᠮᠳᠠ ᠰᠢᠮᠳᠠ ᠪᠠᠨ ᠠᠯᠳᠠᠨ᠎ᠠ᠃ ᠨᠠᠩ ᠴᠢᠨᠠᠭᠰᠢᠯᠠᠨ ᠴᠠᠭ ᠦᠶ᠎ᠡ ᠡᠴᠡ ᠬᠤᠴᠤᠷᠤᠭᠰᠠᠨ ᠪᠣᠯ ᠥᠭᠦᠯᠡᠭᠦ ᠴᠢᠬᠤᠯᠠ ᠦᠭᠡᠶ ᠪᠣᠯᠵᠤ᠂ ᠥᠭᠦᠯᠡᠯ ᠴᠢᠨᠢ ᠶᠠᠮᠠᠷᠴᠤ ᠦᠨ᠎ᠡ ᠥᠷᠳᠡᠭ᠌ ᠦᠭᠡᠶ ᠪᠣᠯᠤᠨ᠎ᠠ᠃ ᠰᠠᠳᠤᠪ ᠰᠤᠩᠭ᠋ᠤᠬᠤ ᠳᠤ ᠪᠠᠨ ᠡᠷᠭᠡᠪᠰᠢ ᠳᠤᠤᠷᠠᠬᠢ ᠭᠤᠷᠪᠠᠨ ᠵᠠᠷᠴᠢᠮ ᠢ ᠪᠠᠷᠢᠮᠳᠠᠯᠠᠬᠤ ᠭᠡᠷᠡᠭ᠍ᠳᠡᠢ ᠳᠠᠷᠤᠢ ᠥᠢᠯᠡᠳᠦᠯᠭᠡᠳᠤ ᠴᠢᠨᠠᠷ᠂ ᠪᠣᠯᠤᠮᠵᠢᠳᠤ ᠴᠢᠨᠠᠷ᠂ ᠰᠢᠨ᠎ᠠ ᠰᠤᠷᠭᠤᠭ ᠴᠢᠨᠠᠷ ᠢ ᠪᠠᠳᠤᠯᠠᠬᠤ ᠭᠡᠷᠡᠭ᠍ᠳᠡᠢ᠃ ᠰᠤᠩᠭ᠋ᠤᠭᠰᠠᠨ ᠰᠠᠳᠤᠪ ᠴᠢᠨᠢ ᠡᠷᠭᠡᠪᠰᠢ ᠦᠪᠡᠷ ᠤᠨ ᠪᠣᠳᠠᠳᠠᠢ ᠪᠠᠢ᠌ᠳᠠᠯ ᠳᠤ ᠵᠤᠭᠢᠴᠠᠭᠰᠠᠨ ᠪᠠᠢ᠌ᠬᠤ ᠶᠢ ᠠᠩᠬᠠᠷᠤᠨ᠎ᠠ᠃ ᠪᠠᠰᠠ ᠳᠦᠭᠦᠭᠡᠢ ᠮᠠᠲ᠋ᠸᠷᠢᠶᠠᠯ ᠴᠢᠨᠢ ᠨᠠᠯᠢᠶᠠᠤᠨ ᠡᠯᠪᠠᠭ᠌ ᠵᠤᠵᠠᠭᠠᠨ ᠪᠠᠢ᠌ᠬᠤ ᠭᠡᠷᠡᠭ᠍ᠳᠡᠢ᠃ ᠰᠠᠳᠤᠪ ᠤᠨ ᠭᠡᠯᠡᠯᠭᠡ ᠴᠢᠨᠢ ᠠᠪᠣᠴᠠᠯᠳᠤᠩᠭ᠋ᠤᠢ᠂ ᠳᠤᠳᠤ ᠳᠤᠪᠣᠭᠤᠷ᠂ ᠰᠢᠨ᠎ᠠ ᠰᠡᠪᠠᠭᠦᠨ ᠪᠠᠢ᠌ᠬᠤ ᠶᠢ ᠭᠢᠴᠢᠶᠠᠨ᠎ᠠ᠃

ᠬᠤᠶᠠᠷ᠂ ᠣᠳᠤᠷᠢᠳᠬᠠᠯ ᠤᠨ ᠭᠡᠰᠡᠭ᠌ ᠲᠤ ᠦᠪᠡᠷ ᠤᠨ ᠦᠵᠡᠯᠳᠠ ᠪᠠᠨ ᠳᠤᠷᠠᠳᠤᠨ᠎ᠠ᠂ ᠡᠨᠡ ᠨᠢ ᠳᠠᠷᠤᠢ ᠨᠤᠳᠠᠯᠠᠯᠳᠠ ᠭᠢᠭᠦ ᠶᠢᠨ ᠪᠠᠷᠢᠮᠳᠠ ᠮᠦᠨ᠃

ᠰᠠᠳᠤᠪ ᠤᠨ ᠳᠤᠭᠤᠷᠢᠨ ᠳᠤ ᠳᠤᠷᠠᠳᠤᠨ ᠭᠠᠷᠭᠠᠭᠰᠠᠨ ᠦᠵᠡᠯᠳᠠ ᠴᠢᠨᠢ ᠡᠩ ᠳᠡᠷᠢᠭᠦᠨ ᠳᠤ ᠡᠷᠭᠡᠪᠰᠢ ᠥᠴᠦᠭᠡᠨ ᠴᠤ ᠥ ᠰᠠᠪ ᠦᠭᠡᠶ ᠵᠦᠪ ᠣᠨᠤᠪᠴᠢᠳᠠᠢ ᠪᠠᠢ᠌ᠬᠤ ᠭᠡᠷᠡᠭ᠍ᠳᠡᠢ᠃ ᠭᠡᠷᠪᠡ ᠦᠵᠡᠯᠳᠠ ᠴᠢᠨᠢ ᠪᠣᠷᠤᠭᠤ ᠪᠣᠯᠴᠢᠬᠠᠪᠠᠯ ᠪᠦᠭᠦ ᠥᠭᠦᠯᠡᠯ ᠴᠢᠨᠢ ᠪᠣᠷᠤᠭᠤᠳᠠᠵᠤ ᠶᠠᠮᠠᠷᠴᠤ ᠭᠡᠷᠡᠭ᠍ᠴᠡᠭᠡ ᠦᠭᠡᠶ ᠶᠠᠭᠤᠮ᠎ᠠ ᠪᠣᠯᠳᠠᠭ᠃ ᠳᠠᠷᠠᠭᠠᠯᠠᠪᠠᠯ᠂ ᠰᠠᠳᠤᠪ ᠢᠯᠠ ᠳᠤᠳᠤᠷᠬᠠᠢ᠃ ᠪᠠᠯᠠᠷᠬᠠᠢ᠂ ᠡᠰᠡᠭᠦᠯ᠎ᠡ ᠭᠤᠤᠯᠳᠠᠯᠭ᠎ᠠ ᠳᠤᠳᠤ ᠪᠢᠰᠢ ᠪᠣᠯᠵᠤ ᠪᠣᠯᠬᠤ ᠦᠭᠡᠶ᠃ ᠪᠦᠭᠦ ᠥᠭᠦᠯᠡᠯ ᠴᠢᠨᠢ ᠡᠷᠭᠡᠪᠰᠢ ᠨᠢᠭᠡᠯᠡ ᠭᠤᠤᠯ ᠰᠠᠨᠠᠭ᠎ᠠ ᠳᠤ ᠥᠢᠯᠡᠴᠢᠯᠡᠭ᠍ᠰᠡᠨ ᠪᠠᠢ᠌ᠬᠤ ᠭᠡᠷᠡᠭ᠍ᠳᠡᠢ᠃ ᠴᠢᠬᠤᠯᠠ ᠲᠡᠶ ᠦᠶ᠎ᠡ ᠳᠤ ᠭᠤᠤᠯ ᠰᠠᠳᠤᠪ ᠲᠤ ᠪᠠᠨ ᠥᠢᠯᠡᠴᠢᠯᠡᠭᠦᠯᠵᠤ ᠭᠡᠳᠤ ᠭᠡᠳᠤᠨ ᠳᠠᠳ᠋ ᠰᠠᠳᠤᠪ ᠳᠤᠷᠠᠤᠠᠴᠤ ᠪᠣᠯᠤᠨ᠎ᠠ᠃ ᠳᠠᠳ᠋ ᠰᠠᠳᠤᠪ ᠤᠨ ᠳᠤᠷᠠᠳᠤᠯᠳᠠ ᠨᠢ ᠡᠷᠭᠡᠪᠰᠢ ᠭᠤᠤᠯ ᠰᠠᠳᠤᠪ ᠤᠨ ᠶᠢᠡᠨ ᠳᠤᠭᠤᠷᠢᠨ ᠳᠤ ᠣᠢ᠌ᠯᠠᠴᠢᠯᠠᠵᠤ᠂ ᠭᠤᠤᠯ ᠰᠠᠳᠤᠪ ᠤᠨ ᠶᠢᠡᠨ ᠵᠦᠪ ᠪᠣᠯᠬᠤ ᠶᠢ ᠨᠠᠩ ᠭᠦᠡᠵᠡᠭᠡᠢ ᠳᠤᠳᠤᠯᠠᠬᠤ ᠳᠤ ᠣᠢ᠌ᠯᠠᠳᠤᠯ ᠥᠵᠡᠭᠦᠯᠦᠨ᠎ᠡ᠃ ᠭᠤᠷᠪᠠ ᠳᠤ᠂ ᠦᠵᠡᠯᠳᠠ ᠳᠠᠨᠢᠯᠳᠠ ᠰᠢᠯᠢᠳᠡᠭ᠌ ᠰᠠᠢ᠌ᠨ᠂ ᠭᠡᠯᠡ ᠠᠪᠰᠠᠷᠬᠠᠨ᠂ ᠰᠠᠨᠠᠭ᠎ᠠ ᠳᠤᠳᠤᠷᠠᠭᠤᠨ᠃

ᠭᠤᠷᠪᠠ᠂ ᠭᠤᠤᠯ ᠵᠤᠬᠢᠶᠠᠯ ᠳᠤ ᠰᠢᠰᠲ᠋ᠸᠮ ᠲᠡᠶ ᠨᠤᠳᠠᠯᠠᠯᠳᠠ ᠭᠢᠨ᠎ᠠ᠃ ᠡᠨᠡ ᠪᠣᠯ ᠥᠭᠦᠯᠡᠯ ᠤᠨ ᠭᠤᠤᠯ ᠭᠡᠰᠡᠭ᠌ ᠮᠦᠨ᠂ ᠳᠠᠷᠤᠢ ᠭᠤᠤᠯ ᠵᠤᠭᠢᠶᠠᠯ ᠪᠣᠯᠬᠤ ᠶᠤᠮ᠃

ᠵᠤᠬᠢᠶᠠᠭᠴᠢ ᠶᠢᠨ ᠳᠤᠷᠠᠳᠤᠭᠰᠠᠨ ᠦᠵᠡᠯᠳᠠ ᠳᠠᠨᠢᠯᠳᠠ ᠶᠢᠨ ᠶᠢᠡᠨ ᠵᠦᠪ ᠪᠣᠯᠬᠤ ᠶᠢ ᠭᠡᠷᠡᠴᠢᠯᠡᠵᠤ ᠪᠠᠳᠤᠯᠠᠬᠤ ᠶᠠᠪᠣᠴᠠ ᠶᠢ ᠨᠤᠳᠠᠯᠠᠬᠤ ᠭᠡᠨ᠎ᠡ᠃ ᠡᠢ᠌ᠮᠤ ᠡᠴᠡ ᠪᠠᠷᠢᠮᠳᠠ ᠪᠣᠯ ᠨᠤᠳᠠᠯᠠᠯᠳᠠ ᠶᠢᠨ ᠬᠠᠮᠤᠭ ᠦᠨᠳᠦᠰᠦᠨ ᠡᠯᠧᠮᠧᠨ᠋ᠲ ᠪᠣᠯᠤᠨ᠎ᠠ᠃ ᠪᠠᠷᠢᠮᠳᠠ ᠡᠯᠧᠮᠧᠨ᠋ᠲ ᠶᠢ ᠬᠤᠷᠢᠶᠠᠩᠭ᠋ᠣᠢ᠌ᠯᠠᠪᠠᠯ ᠳᠤᠤᠷᠠᠭᠢ ᠮᠠᠳᠤ ᠬᠤᠶᠠᠷ ᠵᠣᠢ᠌ᠯ ᠳᠤ ᠪᠠᠭᠳᠡᠨ᠎ᠡ᠃ ᠨᠢᠭᠡ ᠨᠢ ᠪᠣᠳᠠᠳᠤ ᠭᠡᠷᠡᠭ᠌ ᠶᠠᠪᠣᠳᠠᠯ ᠪᠠᠷᠢᠮᠳᠠ᠂ ᠨᠥᠭᠦᠭᠡ ᠨᠢ ᠶᠤᠰᠤ ᠣᠴᠢᠷ ᠤᠨ ᠪᠠᠷᠢᠮᠳᠠ ᠪᠣᠯᠬᠤ ᠶᠤᠮ᠃ ᠥᠩᠭᠡᠷᠡᠭ᠍ᠰᠡᠨ ᠤ ᠪᠣᠳᠠᠳᠤ ᠭᠡᠷᠡᠭ᠌ ᠶᠠᠪᠣᠳᠠᠯ ᠤᠨ ᠥᠯᠢᠭᠡᠷ ᠵᠢᠱᠢᠶ᠎ᠠ ᠪᠠᠷ ᠦᠪᠡᠷ ᠤᠨ ᠦᠵᠡᠯᠳᠠ ᠶᠢᠨ ᠵᠦᠪ ᠪᠣᠯᠬᠤ ᠪᠠᠨ ᠪᠠᠳᠤᠯᠠᠬᠤ ᠨᠢ ᠮᠦᠨ ᠴᠤ ᠨᠢᠭᠡ ᠥᠨᠡᠮᠰᠢᠭᠦᠯᠭᠦ ᠭᠦᠴᠤᠨ ᠶᠢᠡᠷ ᠴᠢᠩᠭ᠋᠎ᠠ ᠪᠠᠢ᠌ᠳᠠᠭ᠃ ᠵᠢᠱᠢᠶᠠᠯᠠᠪᠠᠯ᠂ ᠨᠢᠶᠦ᠋ᠲ᠋ᠤᠨ ᠤ 《ᠪᠣᠳᠠᠰ ᠤᠨ ᠳᠠᠳᠠᠯᠴᠠᠬᠤ ᠭᠦᠴᠤᠨ》 ᠢ ᠡᠭᠦᠳᠦᠭ᠍ᠰᠡᠨ᠂ ᠸᠠᠲ᠋ ᠶᠢᠨ ᠠᠭᠤᠷ ᠤᠨ ᠭᠦᠴᠤᠨ ᠢ ᠰᠤᠳᠤᠯᠤᠭᠰᠠᠨ᠂ ᠱᠠᠭᠢᠮᠤᠨᠢ ᠶᠢᠨ ᠪᠣᠳ᠋ᠳ᠋ᡁᠨ ᠶᠢᠨ ᠱᠠᠰᠢᠨ ᠢ ᠡᠭᠦᠳᠦᠭ᠍ᠰᠡᠨ᠂ ᠺᠦᠩᠽᠢ ᠮᠸᠩᠽᠢ ᠶᠢᠨ ᠪᠣᠭᠳᠠ ᠡᠷᠳᠡᠮᠳᠡᠨ ᠪᠣᠯᠤᠭᠰᠠᠨ ᠮᠠᠳᠤ ᠶᠢᠨ ᠳᠡᠯᠡᠭᠡᠢ ᠨᠠᠢ᠌ᠳᠠ ᠪᠠᠷ ᠶᠢᠡᠨ ᠮᠠᠳᠠᠵᠤ ᠣᠢ᠌ᠯᠠᠭᠠᠰᠠᠨ ᠪᠣᠳᠠᠳᠤ ᠭᠡᠷᠡᠭ᠌ ᠣᠴᠢᠷ ᠨᠢ ᠣᠯᠠᠨ ᠦᠵᠡᠯᠳᠠ ᠳᠠᠨᠢᠯᠳᠠ ᠶᠢ ᠨᠤᠳᠠᠯᠠᠬᠤ ᠳᠤ ᠳᠤᠩ ᠴᠢᠬᠤᠯᠠ ᠭᠡᠷᠡᠴᠢ ᠪᠠᠷᠢᠮᠳᠠ ᠪᠣᠯᠬᠤ ᠶᠤᠮ᠃ ᠶᠤᠰᠤ ᠣᠴᠢᠷ ᠤᠨ ᠪᠠᠷᠢᠮᠳᠠ ᠳᠤ ᠪᠢᠴᠢᠭ᠌ ᠨᠤᠮ ᠳᠡᠭᠡᠷ᠎ᠡ ᠳᠡᠮᠳᠡᠭᠯᠡᠭ᠍ᠰᠡᠨ᠂ ᠪᠠᠭᠰᠢ ᠶᠢᠨ ᠳᠠᠢ᠌ᠯᠪᠣᠷᠢᠯᠠᠭᠰᠠᠨ ᠵᠡᠷᠭᠡ ᠣᠷᠢᠳᠤᠭᠢ ᠭᠦᠮᠦᠰ ᠤᠨ ᠦᠵᠡᠯ ᠰᠠᠨᠠᠭ᠎ᠠ᠂ ᠰᠤᠳᠤᠯᠭᠠᠨ ᠤ ᠦᠷ᠎ᠡ ᠳ᠋ᠦ᠋ᠩ ᠨᠢ ᠪᠦᠷ ᠮᠠᠨ ᠤ ᠳᠤᠷᠠᠳᠤᠭᠰᠠᠨ ᠦᠵᠡᠯ ᠰᠠᠨᠠᠭᠠᠨ ᠤ ᠵᠦᠪ ᠪᠣᠯᠬᠤ ᠶᠢ ᠨᠤᠳᠠᠯᠠᠬᠤ ᠭᠡᠷᠡᠴᠢ ᠪᠠᠷᠢᠮᠳᠠ ᠪᠣᠯᠬᠤ ᠶᠤᠮ᠃

ᠰᠤᠷᠭᠠᠨ ᠭᠦᠮᠦᠵᠢᠯ ᠵᠢᠭᠠᠨ ᠰᠤᠷᠭᠠᠯᠳᠠ ᠶᠢᠨ ᠥᠭᠦᠯᠡᠯ ᠢ ᠪᠢᠴᠢᠭᠦ ᠳᠤ ᠳᠤᠷᠠᠳᠤᠭᠰᠠᠨ ᠦᠵᠡᠯᠳᠠ ᠳᠠᠨᠢᠯᠳᠠ ᠴᠢᠨᠢ ᠦᠨᠡᠨ ᠪᠣᠳᠠᠳᠠᠢ᠂ ᠵᠦᠪ ᠣᠨᠤᠪᠴᠢᠳᠠᠢ᠂ ᠪᠦᠷᠢᠨ ᠭᠦᠢᠴᠡᠳ᠂ ᠨᠡᠢ᠌ᠳᠡᠯᠢᠭ᠌ ᠴᠢᠨᠠᠷᠳᠠᠢ᠂ ᠰᠢᠨ᠎ᠠ ᠰᠡᠪᠠᠭᠦᠨ᠂ ᠢᠳᠡᠭᠡᠭ᠍ᠳᠡᠭᠦᠯᠭᠦ ᠭᠦᠴᠤᠨ ᠲᠡᠶ ᠪᠠᠢ᠌ᠬᠤ ᠶᠢ ᠱᠠᠭᠠᠷᠳᠠᠨ᠎ᠠ᠃

ᠣᠯᠠᠨ ᠠᠷᠪᠢᠨ ᠪᠠᠷᠢᠮᠳᠠ ᠪᠠᠨ ᠣᠷᠭᠠᠨᠢᠭ ᠶᠢᠡᠷ ᠠᠪᠣᠴᠠᠯᠳᠤᠭᠤᠯᠵᠤ᠂ ᠬᠠᠮᠳᠤ ᠪᠠᠷ ᠣᠨᠤᠯᠳᠠ ᠪᠠᠨ ᠨᠤᠳᠠᠯᠠᠬᠤ ᠳᠤ ᠭᠡᠷᠡᠭ᠌ ᠣᠴᠢᠷ ᠤᠨ ᠵᠠᠳᠠᠯᠤᠯᠳᠠ ᠣᠢ᠌ᠯᠠᠳᠤᠯ ᠳᠤ ᠳᠦᠰᠢᠭᠯᠡᠨ᠎ᠡ᠃ ᠵᠠᠳᠠᠯᠤᠯᠳᠠ ᠪᠠᠨ ᠰᠢᠡᠵᠢᠯᠡᠭᠦ ᠣᠬᠠᠭᠠᠠᠴᠢ᠂ ᠡᠮᠭᠢ ᠳᠠᠷᠠᠭ᠎ᠠ ᠲᠡᠶ᠂ ᠣᠨᠤᠯ ᠶᠤᠰᠤ ᠲᠡᠶ᠂ ᠭᠡᠰᠡᠭ᠌ ᠳᠠᠰᠤᠯᠪᠣᠷᠢ ᠲᠡᠶ ᠪᠠᠷ ᠭᠢᠨ᠎ᠠ᠃ ᠨᠤᠳᠠᠯᠠᠯᠳᠠ ᠶᠢᠨ ᠶᠠᠪᠣᠴᠠ ᠳᠤ ᠪᠦᠳᠦᠴᠡ ᠢᠯᠡᠷᠭᠡᠢ᠂ ᠡᠮᠭᠢ ᠴᠡᠭ᠍ᠴᠡ ᠳᠤᠳᠤᠷᠠᠭᠤᠨ᠂ ᠠᠭᠤᠯᠭ᠎ᠠ ᠠᠪᠣᠴᠠᠯᠳᠤᠩᠭ᠋ᠤᠢ᠂ ᠶᠤᠰᠤ ᠣᠴᠢᠷ ᠭᠦᠨ ᠨᠠᠷᠢᠨ᠂ ᠨᠢᠭᠳᠠ ᠴᠢᠩᠭ᠋᠎ᠠ ᠯᠤᠭᠢᠭ ᠴᠢᠨᠠᠷ ᠲᠡᠶ ᠡᠰᠢᠯᠡᠭ᠍ᠰᠡᠨ ᠪᠠᠷᠢᠮᠳᠠ ᠶᠢᠨ ᠣᠢ᠌ᠯᠠᠳᠤᠯ ᠢ ᠭᠦᠢᠴᠡᠳ ᠪᠠᠳᠠᠷᠠᠭᠤᠯᠤᠨ᠎ᠠ᠃

ᠳᠦᠷᠪᠡ᠂ ᠣᠨᠤᠯᠳᠠ ᠪᠠᠨ ᠨᠤᠳᠠᠯᠠᠭᠰᠠᠨ ᠤ ᠰᠠᠭᠤᠷᠢᠨ ᠳᠡᠭᠡᠷ᠎ᠡ ᠳ᠋ᠦ᠋ᠩᠨᠡᠯᠲᠡ ᠶᠢᠨ ᠴᠢᠨᠠᠷᠳᠠᠢ ᠰᠠᠨᠠᠯ ᠳᠤᠷᠠᠳᠤᠯᠭ᠎ᠠ ᠭᠠᠷᠭᠠᠵᠤ᠂ ᠵᠤᠬᠢᠶᠠᠭᠴᠢ ᠶᠢᠨ ᠦᠵᠡᠯᠳᠠ ᠳᠠᠨᠢᠯᠳᠠ ᠪᠠᠨ ᠣᠯᠠᠮ ᠨᠢᠭᠡ ᠠᠯᠬᠤᠮ ᠳᠤᠪᠣᠢ᠌ᠯᠭᠠᠨ᠎ᠠ᠃

ᠥᠭᠦᠯᠡᠯ ᠤᠨ ᠳ᠋ᠦ᠋ᠩᠨᠡᠯᠲᠡ ᠳᠤᠪᠴᠢ ᠳᠤᠳᠤᠷᠠᠭᠤᠨ᠂ ᠵᠦᠪ ᠣᠨᠤᠪᠴᠢᠳᠠᠢ᠂ ᠢᠳᠠ ᠭᠦᠴᠤᠨ ᠲᠡᠶ ᠪᠠᠢ᠌ᠬᠤ ᠭᠡᠷᠡᠭ᠍ᠳᠡᠢ᠃ ᠭᠡᠷᠪᠡ ᠥᠭᠦᠯᠡᠯ ᠤᠨ ᠳ᠋ᠦ᠋ᠩᠨᠡᠯᠲᠡ ᠶᠢ ᠨᠤᠳᠠᠯᠠᠬᠤ ᠶᠠᠪᠣᠴᠠ ᠶᠢᠨ ᠳᠤᠮᠳᠠ ᠪᠠᠨ ᠨᠠᠷᠢᠨ ᠳᠤᠳᠤᠷᠬᠠᠢ᠌ᠯᠠᠭᠰᠠᠨ ᠪᠠᠢ᠌ᠪᠠᠯ ᠬᠠᠮᠤᠭ ᠰᠡᠭᠦᠯ ᠳᠤ ᠳᠠᠭᠢᠨ ᠨᠤᠷᠱᠤᠬᠤ ᠴᠢᠬᠤᠯᠠ ᠦᠭᠡᠶ᠃

ᠥᠭᠦᠯᠡᠯ ᠶᠢᠡᠨ ᠡᠭᠢᠯᠡᠵᠤ ᠪᠢᠴᠢᠭᠦ ᠡᠴᠡ ᠪᠠᠨ ᠡᠮᠦᠨ᠎ᠡ᠂ ᠰᠤᠩᠭ᠋ᠤᠭᠰᠠᠨ ᠰᠠᠳᠤᠪ ᠤᠨ ᠶᠢᠡᠨ ᠳᠤᠭᠤᠷᠢᠨ ᠳᠤ ᠵᠤᠬᠢᠶᠠᠨ ᠪᠢᠴᠢᠭᠦ ᠳᠤᠪᠴᠢ ᠪᠠᠨ ᠨᠠᠷᠢᠨ ᠨᠢᠭᠳᠠ ᠪᠠᠢ᠌ᠷᠢᠰᠢᠭᠤᠯᠤᠨ᠎ᠠ᠃ ᠵᠤᠬᠢᠶᠠᠯ ᠤᠨ ᠳᠤᠪᠴᠢ ᠪᠠᠨ ᠭᠡᠳᠦᠢ ᠪᠣᠳᠠᠳᠠᠢ᠂ ᠭᠡᠳᠦᠢ ᠨᠠᠷᠢᠨ ᠪᠢᠴᠢᠭ᠍ᠰᠡᠨ ᠪᠠᠢ᠌ᠪᠠᠯ ᠥᠭᠦᠯᠡᠯ ᠶᠢᠡᠨ ᠪᠢᠴᠢᠭᠦ ᠨᠠᠩ ᠣᠷᠤᠭᠰᠢᠳᠠᠢ ᠪᠠᠢ᠌ᠳᠠᠭ᠃ ᠵᠤᠬᠢᠶᠠᠨ ᠪᠢᠴᠢᠯᠭᠡ ᠶᠢᠨ ᠶᠠᠪᠣᠴᠠ ᠶᠢᠨ ᠳᠤᠮᠳᠠ ᠪᠠᠨ ᠪᠠᠰᠠ ᠵᠤᠭᠢᠰᠳᠠᠢ ᠳᠤᠭᠢᠷᠠᠭᠤᠯᠬᠤ᠂ ᠠᠭᠤᠯᠭ᠎ᠠ ᠶᠢᠨ ᠳᠤᠪᠴᠢ ᠪᠠᠨ ᠵᠠᠰᠠᠪᠣᠷᠢᠯᠠᠵᠤ ᠪᠣᠯᠤᠨ᠎ᠠ᠃ ᠣᠴᠢᠷ ᠠᠭᠤᠯᠭ᠎ᠠ ᠶᠢᠨ ᠳᠤᠪᠴᠢ ᠪᠣᠯ ᠥᠭᠦᠯᠡᠯ ᠪᠢᠴᠢᠭᠦ ᠳᠤ ᠥᠢᠯᠡᠴᠢᠯᠡᠭ᠍ᠰᠡᠨ ᠮᠠᠲ᠋ᠸᠷᠢᠶᠠᠯ ᠪᠣᠯᠤᠨ᠎ᠠ᠃

ᠡᠭᠡ ᠨᠤᠤᠷᠠᠭ ᠶᠢᠡᠨ ᠪᠢᠴᠢᠵᠤ ᠪᠠᠷᠠᠭᠰᠠᠨ ᠤ ᠳᠠᠷᠠᠭ᠎ᠠ᠂ ᠬᠠᠯᠠᠰᠢᠷᠠᠯ ᠦᠭᠡᠶ ᠳᠠᠭᠢᠨ ᠳᠠᠪᠳᠠᠨ ᠵᠠᠰᠠᠬᠤ ᠪᠠᠨ ᠵᠠᠯᠬᠠᠭᠤᠷᠠᠵᠤ ᠪᠣᠯᠬᠤ ᠦᠭᠡᠶ᠃ ᠳᠠᠩ ᠣᠯᠤᠰ ᠤᠨ ᠰᠢᠯᠦᠭ᠍ᠴᠢ ᠪᠠᠢ ᠵᠢᠤᠢ ᠡᠢ ᠨᠢᠭᠡ ᠰᠠᠢ᠌ᠨ ᠥᠭᠦᠯᠡᠪᠦᠷᠢ ᠶᠢ ᠴᠠᠭ ᠢᠮᠠᠭᠳᠠ ᠵᠠᠰᠠᠵᠤ ᠪᠠᠢ᠌ᠭᠠᠤᠨ ᠰᠠ‍‌ᠶᠢ ᠪᠦᠳᠦᠭᠡᠳᠡᠭ᠌ ᠭᠡᠵᠡᠢ᠃ ᠰᠢᠯᠢᠳᠡᠭ᠌ ᠥᠭᠦᠯᠡᠯ ᠪᠣᠯ ᠪᠢᠴᠢᠵᠤ ᠭᠠᠷᠭᠠᠭᠰᠠᠨ ᠶᠠᠭᠤᠮ᠎ᠠ ᠪᠢᠰᠢ ᠬᠠᠷᠢᠨ ᠵᠠᠰᠠᠵᠤ ᠪᠠᠢ᠌ᠭᠠᠤᠨ ᠭᠠᠷᠭᠠᠭᠰᠠᠨ ᠶᠤᠮ᠃ ᠦᠪᠡᠷ ᠶᠢᠡᠨ ᠨᠠᠷᠢᠨ ᠭᠢᠨᠠᠮᠠᠭᠠᠢ ᠵᠠᠰᠠᠬᠤ ᠪᠠᠷ ᠪᠠᠷᠠᠬᠤ ᠦᠭᠡᠶ ᠪᠠᠰᠠ ᠬᠠᠮᠳᠤ ᠠᠵᠢᠯᠯᠠᠭᠴᠢ᠂ ᠰᠠᠢ᠌ᠨ ᠨᠠᠢ᠌ᠵᠠ ᠪᠠᠷ ᠶᠢᠡᠨ ᠥᠵᠡᠭᠦᠯᠵᠤ᠂ ᠵᠠᠰᠠᠪᠣᠷᠢᠯᠠᠬᠤ ᠰᠠᠨᠠᠯ ᠢ ᠨᠢ ᠬᠤᠷᠢᠶᠠᠨ᠎ᠠ᠃ ᠣᠴᠢᠷ ᠨᠢ ᠬᠠᠵᠠᠭᠤ ᠡᠴᠡ ᠬᠠᠷᠠᠭᠰᠠᠤᠨ ᠳᠤᠳᠤᠷᠬᠠᠢ ᠪᠣᠯᠬᠤᠷ ᠥᠭᠦᠯᠡᠯ ᠳᠤ ᠭᠢ ᠣᠷᠤᠰᠢᠬᠤ ᠠᠰᠠᠭᠤᠳᠠᠯ ᠢ ᠠᠮᠠᠷᠬᠠᠨ ᠦᠵᠡᠵᠤ ᠭᠠᠷᠬᠤ ᠶᠤᠮ᠃

ᠪᠠᠭᠰᠢᠨᠠᠷ ᠰᠤᠷᠭᠠᠨ ᠭᠦᠮᠦᠵᠢᠯ᠂ ᠵᠢᠭᠠᠨ ᠰᠤᠷᠭᠠᠯᠳᠠ ᠶᠢᠨ ᠠᠵᠢᠯ ᠤᠨ ᠳᠤᠮᠳᠠ ᠪᠠᠨ ᠨᠢᠳᠤ ᠪᠠᠷ ᠥᠵᠡᠭ᠍ᠰᠡᠨ᠂ ᠴᠢᠭᠢ ᠪᠠᠷ ᠰᠤᠨᠤᠰᠤᠭᠰᠠᠨ᠂ ᠦᠪᠡᠷ ᠶᠢᠡᠨ ᠰᠡᠳᠭᠢᠭ᠍ᠰᠡᠨ᠂ ᠪᠠᠶ᠎ᠠ ᠪᠠᠷ ᠶᠢᠡᠨ ᠥᠩᠭᠡᠷᠡᠭᠦᠯᠦᠭ᠍ᠰᠡᠨ᠂ ᠣᠯᠤᠭᠰᠠᠨ ᠣᠢ᠌ᠯᠠᠭᠠᠯᠳᠠ ᠳᠦᠷᠦᠭ᠍ᠳᠡᠯ ᠵᠡᠷᠭᠡ ᠪᠠᠨ ᠴᠠᠭ ᠢᠮᠠᠭᠳᠠ ᠡᠮᠭᠢᠯᠡᠨ ᠴᠡᠭ᠍ᠴᠡᠯᠡᠵᠤ᠂ ᠳ᠋ᠦ᠋ᠩᠨᠠᠵᠤ ᠬᠤᠷᠢᠶᠠᠩᠭ᠋ᠣᠢ᠌ᠯᠠᠭᠠᠤᠨ ᠰᠠᠨᠠᠭᠠᠴᠢᠯᠠᠭ᠎ᠠ ᠲᠡᠶ ᠪᠠᠷ ᠡᠭᠡ ᠮᠠᠲ᠋ᠸᠷᠢᠶᠠᠯ ᠴᠤᠭᠯᠠᠭᠤᠯᠬᠤ ᠵᠠᠩ ᠳᠠᠤᠠᠬᠠᠯ ᠲᠡᠶ ᠪᠣᠯᠪᠠᠯ ᠵᠢᠭᠠᠨ ᠰᠤᠷᠭᠠᠬᠤ᠂ ᠰᠤᠷᠭᠠᠨ ᠭᠦᠮᠦᠵᠢᠭᠦᠯᠭᠦ ᠠᠵᠢᠯ ᠤᠨ ᠭᠢᠷᠢ ᠪᠦᠳᠦᠮᠵᠢ ᠶᠢᠨ ᠳᠡᠭᠡᠭᠡᠭ᠍ᠰᠢᠯᠡᠯᠳᠡ ᠳᠤ ᠳᠤᠩ ᠴᠢᠬᠤᠯᠠ ᠠᠴᠢ ᠬᠤᠯᠪᠣᠭᠳᠠᠯ ᠲᠠᠢ ᠶᠤᠮ᠃ ᠭᠡᠳᠥᠢᠪᠠᠷ ᠭᠦᠮᠤᠨ ᠪᠦᠭᠦᠨ ᠤ ᠠᠵᠢᠯ ᠤᠨ ᠳᠤᠮᠳᠠ ᠣᠷᠤᠰᠢᠬᠤ ᠠᠰᠠᠭᠤᠳᠠᠯ ᠪᠣᠯᠬᠤ ᠪᠣᠯᠪᠠᠴᠤ ᠭᠡᠨ ᠪᠦᠭᠦᠨ ᠤ ᠪᠢᠷ ᠤᠨ ᠳᠤᠤᠷ᠎ᠠ ᠵᠤᠬᠢᠶᠠᠯ ᠪᠣᠯᠵᠤ ᠪᠦᠳᠦᠭᠦ ᠦᠭᠡᠶ ᠪᠣᠯᠬᠤᠷ ᠳᠠᠨ ᠤ ᠪᠢᠴᠢᠭ᠍ᠰᠡᠨ ᠵᠤᠬᠢᠶᠠᠯ ᠴᠢᠨᠢ ᠯᠠᠪᠳᠠᠢ ᠰᠢᠯᠢᠳᠡᠭ᠌ ᠥᠭᠦᠯᠡᠯ ᠪᠣᠯᠬᠤ ᠶᠤᠮ᠃ ᠳᠡᠭᠡᠭᠦ ᠳᠤ ᠵᠠᠪᠠᠯ ᠳᠤᠤᠷᠠᠭᠢ ᠮᠠᠳᠤ ᠬᠤᠶᠠᠷ ᠳᠠᠯ᠎ᠠ ᠪᠠᠷ ᠢᠯᠡᠭᠦᠭᠡᠨ ᠠᠩᠬᠠᠷᠬᠤ ᠭᠡᠷᠡᠭ᠍ᠳᠡᠢ᠄

1᠂ ᠵᠢᠭᠠᠨ ᠰᠤᠷᠭᠠᠯᠳᠠ ᠶᠢᠨ ᠳᠡᠮᠳᠡᠭᠯᠡᠯ ᠭᠢᠭᠦ ᠪᠠ ᠭᠢᠴᠢᠶᠡᠯᠯᠡᠭᠡ ᠶᠢᠨ ᠳᠠᠷᠠᠭᠠᠭᠢ ᠡᠷᠭᠢᠴᠡᠭᠦᠯᠦᠯ ᠭᠢᠭᠦ ᠶᠢ ᠴᠢᠩᠭ᠋᠎ᠠ ᠪᠠᠷᠢᠮᠳᠠᠯᠠᠬᠤ ᠭᠡᠷᠡᠭ᠍ᠳᠡᠢ᠃

ᠨᠢᠭᠡ ᠪᠠᠭᠰᠢ ᠨᠢᠭᠡ ᠪᠠᠶᠠᠨ ᠳᠤ ᠪᠠᠨ ᠺᠤᠨᠰᠫᠧᠺᠲ᠋ ᠪᠢᠴᠢᠭᠡᠤᠨ ᠰᠠᠢ᠌ᠨ ᠪᠠᠭᠰᠢ ᠪᠣᠯᠵᠤ ᠳᠠᠢ᠌ᠯᠤᠨ᠎ᠠ ᠭᠡᠭᠦ ᠣᠴᠢᠷ ᠦᠭᠡᠶ᠃ ᠭᠡᠷᠪᠡ ᠳᠠᠷᠠ ᠭᠡᠳᠤᠨ ᠵᠢᠯ ᠶᠢᠡᠷ ᠵᠢᠭᠠᠨ ᠰᠤᠷᠭᠠᠯᠳᠠ ᠶᠢᠨ ᠳᠡᠮᠳᠡᠭᠯᠡᠯ ᠪᠢᠴᠢᠭᠦ ᠪᠣᠶᠤ ᠭᠢᠴᠢᠶᠡᠯᠯᠡᠭᠡ ᠶᠢᠨ ᠳᠠᠷᠠᠭᠠᠭᠢ ᠡᠷᠭᠢᠴᠡᠭᠦᠯᠦᠯ ᠪᠢᠴᠢᠭᠦ ᠶᠢ ᠴᠢᠩᠭ᠋᠎ᠠ ᠪᠠᠷᠢᠮᠳᠠᠯᠠᠪᠠᠯ ᠨᠢᠭᠡᠨ ᠨᠠᠷᠠᠳᠤ ᠪᠠᠭᠰᠢ ᠪᠣᠯᠬᠤ ᠪᠣᠯᠤᠯᠴᠠᠭ᠎ᠠ ᠪᠠᠢ᠌ᠨ᠎ᠠ᠃ ᠰᠢᠯᠳᠠᠭᠠᠨ ᠨᠢ ᠳᠤᠩ ᠭᠢᠯᠪᠠᠷᠬᠠᠨ᠂ ᠳᠠᠷᠤᠢ ᠵᠢᠭᠠᠨ ᠰᠤᠷᠭᠠᠯᠳᠠ ᠶᠢᠨ ᠡᠷᠭᠢᠴᠡᠭᠦᠯᠦᠯ ᠭᠢᠵᠤ ᠳᠤᠷᠰᠢᠯᠭ᠎ᠠ ᠰᠤᠷᠭᠠᠮᠵᠢ ᠪᠠᠨ ᠴᠠᠭ ᠥᠷᠭᠦᠯᠵᠢ ᠳ᠋ᠦ᠋ᠩᠨᠠᠨ ᠬᠤᠷᠢᠶᠠᠩᠭ᠋ᠣᠢ᠌ᠯᠠᠵᠤ ᠪᠠᠢ᠌ᠪᠠᠯ ᠳᠠᠷᠤᠢ ᠪᠠᠭᠰᠢ ᠶᠢᠨ ᠦᠰᠦᠨ ᠪᠣᠢ᠌ᠵᠢᠯᠳᠠ ᠶᠢᠨ ᠠᠯᠬᠤᠮ ᠳᠠᠷᠠᠭ᠎ᠠ ᠪᠣᠯᠬᠤ ᠶᠤᠮ᠃

ᠴᠠᠭ ᠴᠠᠭ᠂ ᠡᠳᠦᠷ ᠡᠳᠦᠷ ᠤᠨ ᠵᠢᠭᠠᠨ ᠰᠤᠷᠭᠠᠯᠳᠠ ᠶᠢᠨ ᠳᠤᠮᠳᠠ ᠪᠣᠢ ᠪᠣᠯᠤᠭᠰᠠᠨ ᠦᠨᠡᠨ ᠮᠦᠨ ᠭᠡᠷᠡᠭ᠌ ᠣᠴᠢᠷ᠂ ᠥᠯᠢᠭᠡᠷ ᠵᠢᠱᠢᠶ᠎ᠠ ᠶᠢ ᠡᠳᠦᠷ ᠤᠨ ᠳᠡᠮᠳᠡᠭᠯᠡᠯ ᠪᠠ ᠡᠷᠭᠢᠴᠡᠭᠦᠯᠦᠯ ᠤᠨ ᠭᠡᠯᠪᠠᠷᠢ ᠪᠠᠷ ᠳᠡᠮᠳᠡᠭᠯᠡᠨ ᠠᠪᠴᠤ ᠣᠨᠤᠯ ᠤᠨ ᠳᠠᠯ᠎ᠠ ᠪᠠᠷ ᠵᠠᠳᠠᠯᠤᠯᠳᠠ ᠭᠢᠵᠤ ᠣᠨᠤᠯ ᠥᠢᠯᠡᠳᠦᠯᠭᠡ ᠶᠢ ᠣᠶᠠᠯᠳᠤᠭᠤᠯᠤᠨ ᠰᠢᠡᠵᠢᠯᠡᠭ᠍ᠰᠡᠨ ᠤ ᠰᠡᠭᠦᠯᠡᠷ ᠡᠭᠦᠨ ᠤ ᠳᠤᠮᠳᠠ ᠡᠴᠡ ᠦᠪᠡᠷ ᠤᠨ ᠵᠢᠭᠠᠨ ᠰᠤᠷᠭᠠᠯᠳᠠ ᠭᠢᠷᠢ ᠪᠦᠳᠦᠮᠵᠢ ᠪᠠ ᠵᠤᠬᠢᠶᠠᠨ ᠪᠢᠴᠢᠭᠦ ᠴᠢᠳᠠᠪᠣᠷᠢ ᠪᠠᠨ ᠳᠡᠭᠡᠭ᠍ᠰᠢᠯᠡᠭᠦᠯᠭᠦ ᠪᠦᠭᠡᠤᠨ ᠪᠠᠰᠠ ᠡᠷᠳᠡᠮ ᠰᠢᠡᠵᠢᠯᠡᠭᠡᠨ ᠤ ᠡᠯᠪᠠᠭ᠌ ᠪᠠᠶᠠᠯᠢᠭ ᠪᠣᠷᠤ ᠮᠠᠲ᠋ᠸᠷᠢᠶᠠᠯ ᠴᠤᠭᠯᠠᠭᠤᠯᠵᠤ ᠣᠯᠬᠤ ᠶᠤᠮ᠃ ᠨᠠᠷᠠᠳᠤ ᠰᠤᠷᠭᠠᠨ ᠭᠦᠮᠦᠵᠢᠯᠳᠡᠨ ᠸᠸᠢ ᠱᠤ ᠱᠸᠩ ᠶᠠᠭᠠᠭᠢᠭᠠᠤᠨ ᠡᠷᠳᠡᠮᠳᠡᠨ ᠪᠣᠯᠵᠤ ᠴᠢᠳᠠᠭᠰᠠᠨ ᠪᠣᠢ ︕ ᠳᠠᠷᠠ 24 ᠨᠠᠰᠤᠨ ᠡᠴᠡ ᠪᠠᠨ ᠡᠭᠢᠯᠡᠨ ᠡᠳᠦᠭᠡ ᠪᠣᠯᠳᠠᠯ᠎ᠠ ᠪᠢᠴᠢᠭ᠍ᠰᠡᠨ ᠵᠢᠭᠠᠨ ᠰᠤᠷᠭᠠᠯᠳᠠ ᠶᠢᠨ ᠡᠳᠦᠷ ᠤᠨ ᠳᠡᠮᠳᠡᠭᠯᠡᠯ ᠪᠠ ᠭᠢᠴᠢᠶᠡᠯᠯᠡᠭᠡ ᠶᠢᠨ ᠳᠠᠷᠠᠭᠠᠭᠢ ᠡᠷᠭᠢᠴᠡᠭᠦᠯᠦᠯ ᠨᠢ ᠭᠡᠳᠤᠨ ᠵᠠᠭᠤᠨ ᠲᠦᠮᠡᠨ ᠥᠰᠦᠭ᠌ ᠪᠣᠯᠵᠤ ᠬᠤᠵᠢᠮ ᠨᠢ ᠳᠠᠷᠤᠢ ᠨᠢᠭᠡ ᠨᠢᠭᠡ ᠬᠤᠪᠢ ᠨᠥᠯᠦᠭᠡ ᠶᠡᠭᠡᠳᠡᠢ ᠵᠢᠭᠠᠨ ᠰᠤᠷᠭᠠᠯᠳᠠ ᠶᠢᠨ ᠰᠤᠳᠤᠨ ᠪᠦᠳᠦᠭᠡᠯ ᠢ ᠡᠭᠦᠳᠦᠭ᠍ᠰᠡᠨ ᠶᠤᠮ᠃ ᠡᠢ᠌ᠮᠤ ᠡᠴᠡ ᠨᠢᠭᠡᠨ ᠰᠠᠢ᠌ᠨ ᠳᠠᠷᠢᠭᠢ ᠲᠡᠶ ᠪᠠᠢ᠌ᠬᠤ ᠡᠴᠡ ᠨᠢᠭᠡᠨ ᠮᠠᠭᠤ ᠪᠢᠷ ᠲᠡᠶ ᠪᠠᠢ᠌ᠬᠤ ᠨᠢ ᠳᠡᠭᠡᠷ᠎ᠡ ᠭᠡᠰᠡᠨ ᠥᠭᠡ ᠶᠢ ᠥᠨᠡᠮᠰᠢᠭᠦ ᠦᠭᠡᠶ ᠪᠠᠢ᠌ᠬᠤ ᠶᠢᠨ ᠠᠷᠭ᠎ᠠ ᠦᠭᠡᠶ᠃

2.ᠨᠠᠰᠤᠨ ᠳᠤᠷᠰᠢᠳᠠ ᠶᠢᠨ ᠰᠤᠷᠤᠯᠴᠠᠯᠭ᠎ᠠ ᠶᠢ ᠪᠠᠷᠢᠮᠳᠠᠯᠠᠬᠤ ᠭᠡᠷᠡᠭ᠍ᠳᠡᠢ᠃

《ᠨᠤᠮ ᠪᠢᠴᠢᠭ᠌ ᠪᠣᠯ ᠡᠮ ᠪᠣᠯᠤᠨ᠎ᠠ᠃ ᠨᠤᠮ ᠪᠢᠴᠢᠭ᠌ ᠢ ᠢᠯᠡᠭᠦᠭᠡᠨ ᠣᠩᠰᠢᠪᠠᠰᠤ ᠮᠤᠩᠬᠠᠭ ᠢ ᠵᠠᠰᠠᠮᠤᠢ》᠃ ᠪᠠᠭᠰᠢᠨᠠᠷ ᠭᠠᠭᠴᠠᠬᠦ ᠳᠠᠰᠤᠷᠠᠯᠳᠠ ᠦᠭᠡᠶ ᠰᠤᠷᠤᠯᠴᠠᠪᠠᠯ ᠰᠠ‍‌ᠶᠢ ᠴᠠᠭ ᠦᠶ᠎ᠡ ᠶᠢᠨ ᠣᠷᠤᠰᠬᠠᠯ ᠢ ᠳᠠᠭᠠᠵᠤ ᠠᠮᠵᠢᠨ᠂ ᠠᠮᠢ ᠨᠠᠰᠤ ᠣᠯᠠᠮ ᠣᠤᠠᠬ᠎ᠠ ᠠᠭᠤᠯᠭ᠎ᠠ ᠲᠡᠶ ᠪᠣᠯᠵᠤ᠂ ᠣᠢ᠌ᠯᠠᠰ ᠪᠦᠳᠦᠭᠡᠵᠤ ᠳᠠᠢ᠌ᠯᠤᠨ᠎ᠠ᠃ ᠦᠨᠡᠨ ᠪᠣᠳᠠᠳᠤ ᠭᠡᠷᠡᠭ᠌ ᠤᠴᠢᠷ ᠡᠴᠡ ᠥᠨᠡᠮᠰᠢᠭᠦᠯᠭᠦ ᠭᠦᠴᠤᠨ ᠲᠡᠶ ᠶᠤᠰᠤ ᠣᠴᠢᠷ ᠢ ᠰᠠᠤᠠᠭᠢᠮᠵᠢᠯᠠᠨ ᠭᠠᠷᠭᠠᠵᠤ᠂ ᠡᠯᠪᠠᠭ᠌ ᠳᠡᠯᠪᠠᠭ᠌ ᠳᠤᠷᠰᠢᠯᠭ᠎ᠠ ᠰᠤᠷᠭᠠᠮᠵᠢ ᠶᠢᠨ ᠬᠤᠷᠠᠮᠳᠤᠯᠭ᠎ᠠ᠂ ᠡᠭᠦᠳᠤᠨ ᠪᠦᠳᠦᠭᠡᠯᠴᠢ ᠴᠢᠨᠠᠷ ᠲᠡᠶ ᠰᠢᠨ᠎ᠠ ᠰᠡᠪᠠᠭᠦᠨ ᠰᠠᠳᠤᠪ ᠢ ᠳᠤᠷᠠᠳᠤᠨ᠂ ᠭᠦᠮᠦᠰ ᠲᠤ ᠭᠦᠨ ᠭᠦᠡᠵᠡᠭᠡᠢ ᠨᠥᠯᠦᠭᠡ ᠶᠡᠭᠡᠳᠡᠢ ᠰᠠᠢ᠌ᠨ ᠥᠭᠦᠯᠡᠯ ᠢ ᠪᠢᠴᠢᠵᠤ ᠳᠠᠢ᠌ᠯᠤᠨ᠎ᠠ᠃


ᠵᠤᠬᠢᠶᠠᠭᠴᠢ ᠶᠢᠨ ᠬᠠᠶ‍ᠢᠭ ᠄ ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤᠨ ᠤ ᠱᠸᠪᠠᠷᠳᠤ ᠮᠤᠩᠭ᠋ᠤᠯ ᠦᠨᠳᠦᠰᠦᠳᠠᠨ ᠤ ᠳᠤᠮᠳᠠᠳᠤ ᠰᠤᠷᠭᠠᠭᠤᠯᠢ


ᠵᠤᠬᠢᠶᠠᠭᠴᠢ᠄ ᠲᠠᠩᠨᠤᠳ ᠬᠠᠢ᠌ᠬᠤ
ᠬᠠᠷᠢᠶ᠎ᠠ᠄ ᠪᠠᠭᠰᠢ ᠶᠢᠨ ᠬᠠᠨᠢ
ᠳᠠᠷᠤᠮ᠄ 2034
ᠴᠠᠭ᠄ 2012 ᠤᠨ ᠤ 09 ᠰᠠᠷ᠎ᠠ ᠶᠢᠨ 07