ᠡᠪᠦᠯ

ᠭᠦᠷ ᠭᠦᠷ ᠰᠠᠯᠭᠢ ᠰᠦᠨᠢᠵᠢᠨ ᠱᠤᠤᠭᠢᠵᠤ ᠬᠤᠨᠤᠪᠠ

ᠬᠤᠤᠠᠳᠤᠭ ᠤᠨ ᠠᠮᠠ ᠮᠦᠰᠤᠳᠠᠵᠤ ᠬᠤᠪᠣᠭᠤ ᠳᠠᠴᠢᠭᠢᠨᠠᠵᠤ ᠪᠦᠮᠪᠦᠷᠢᠪᠡ᠂

ᠡᠪᠠᠷ ᠨᠢ ᠶᠠᠩᠭᠢᠨᠠᠭᠰᠠᠨ ᠥᠭᠡᠷ ᠤᠳ ᠡᠪᠦᠯᠵᠢᠶ᠎ᠡ ᠵᠤᠷᠢᠨ ᠭᠦᠶ‍ᠦᠯᠳᠡᠪᠡ

ᠡᠷᠳᠡ ᠶᠢᠨ ᠴᠠᠭᠠᠨ ᠨᠠᠷᠠᠨ ᠡᠭᠦᠯᠡᠨ ᠤ ᠳᠤᠤᠭᠤᠷ ᠰᠦᠮᠠᠢ᠌ᠪᠠ᠃

ᠠᠷᠢᠭᠢᠨ ᠳᠠᠭᠠᠨ ᠠᠳᠠᠳᠠᠢ ᠡᠷ᠎ᠡ ᠰᠢᠭ᠌ ᠳᠠᠯ᠎ᠠ ᠭᠡᠨᠡᠳᠲᠡ ᠠᠭᠰᠤᠮᠨᠠᠪᠠ

ᠠᠶᠤᠵᠤ ᠴᠤᠴᠢᠷᠳᠠᠭᠰᠠᠨ ᠪᠦᠰᠡᠭᠦᠢ ᠰᠢᠭ᠌ ᠪᠦᠷᠭᠦᠤᠨ ᠭᠦᠷᠳᠡᠯ᠎ᠡ ᠳᠠᠭᠵᠢᠪᠠ᠂

ᠠᠢ᠌ᠯ ᠤᠨ ᠭᠡᠦᠭᠡᠨ ᠤ ᠴᠢᠷᠠᠢ ᠠᠷᠭᠠᠯ ᠤᠨ ᠴᠤᠭ ᠰᠢᠭ ᠣᠯᠠᠢ᠌ᠪᠠ

ᠠᠳᠤᠭᠤᠨ ᠤ ᠪᠠᠷ᠎ᠠ ᠬᠠᠷᠠᠵᠤ ᠣᠷᠤᠨ ᠭᠠᠷᠤᠨ ᠭᠡᠶ‍ᠦᠷᠡᠪᠡ᠃


ᠵᠤᠬᠢᠶᠠᠭᠴᠢ ᠶᠢᠨ ᠬᠠᠶ‍ᠢᠭ ᠄ ᠪᠠᠷᠠᠭᠤᠨ ᠪᠠᠭᠠᠷᠢᠨ᠂ ᠪᠠᠢ᠌ᠰᠢᠩᠳᠤ

ᠵᠤᠬᠢᠶᠠᠭᠴᠢ᠄ ᠳ᠋·ᠨᠤᠮᠴᠢ
ᠬᠠᠷᠢᠶ᠎ᠠ᠄ ᠰᠢᠯᠦᠭ
ᠳᠠᠷᠤᠮ᠄ 1744
ᠴᠠᠭ᠄ 2009 ᠤᠨ ᠤ 12 ᠰᠠᠷ᠎ᠠ ᠶᠢᠨ 21