ᠪᠣᠯᠳᠠᠭ ᠪᠣᠯ

ᠬᠤᠷ᠎ᠠ ᠶᠢᠨ ᠳᠠᠷᠠᠭᠠᠭᠢ ᠳᠤᠯᠤᠭᠠᠨ ᠥᠩᠭᠡ ᠶᠢᠨ ᠰᠤᠯᠤᠩᠭ᠎ᠠ ᠵᠢ

ᠬᠤᠷᠢᠶᠠᠵᠤ ᠪᠣᠯᠳᠠᠭ ᠪᠣᠯ ᠰᠢᠵᠢᠮ ᠪᠣᠯᠭᠠᠨ ᠭᠡᠷᠡᠭᠯᠡᠭᠦ ᠰᠠᠨ᠂

ᠬᠤᠨᠤᠭ ᠤᠨ ᠵᠡᠭᠦᠳᠤᠨ ᠳᠤ ᠠᠮᠠᠷᠠᠭ ᠪᠣᠯᠤᠭᠰᠠᠨ ᠴᠢᠨᠤᠭᠢ ᠪᠠᠨ

ᠬᠤᠩᠭ᠋ᠤᠷ ᠵᠢᠷᠦᠭᠡ ᠶᠢ ᠴᠢᠨᠢ ᠵᠢᠷᠦᠭᠡ ᠲᠡᠶ ᠪᠠᠨ ᠬᠤᠯᠪᠤᠨ ᠭᠡᠯᠭᠢᠭᠦ ᠰᠠᠨ᠃


ᠬᠠᠷᠠᠭ᠎ᠠ ᠠᠯᠳᠠᠮ᠎ᠠ ᠳᠡᠨᠢᠭᠡᠷ ᠰᠠᠢ᠌ᠬᠠᠨ ᠳᠠᠯ᠎ᠠ ᠶᠢ ᠪᠠᠨ

ᠬᠤᠮᠢᠵᠤ ᠪᠣᠯᠳᠠᠭ ᠪᠣᠯ ᠠᠯᠴᠢᠭᠤᠷ ᠪᠣᠯᠭᠠᠨ ᠭᠡᠷᠡᠭᠯᠡᠭᠦ ᠰᠠᠨ᠂

ᠬᠤᠵᠢᠮ ᠤᠨ ᠠᠮᠢᠳᠤᠷᠠᠯ ᠳᠤ ᠬᠤᠪᠢ ᠨᠢᠭᠡᠳᠡᠢ ᠴᠢᠮ᠎ᠠ ᠳ᠋ᠠᠭᠠᠨ

ᠬᠠᠢ᠌ᠷ᠎ᠠ ᠶᠢᠨ ᠭᠡᠷᠡᠴᠢ ᠪᠠᠷ ᠵᠥᠭᠡᠯᠡᠨ ᠭᠠᠷ ᠲᠤ ᠴᠢᠨᠢ ᠠᠳᠬᠤᠭᠤᠯᠬᠤ ᠰᠠᠨ᠃


ᠵᠡᠷᠭᠡᠯᠭᠡᠨ ᠳᠠᠳᠠᠭᠰᠠᠨ ᠴᠡᠩᠭᠡᠷ ᠭᠦᠳᠡᠭᠡ ᠶᠢᠨ ᠰᠠᠯᠭᠢᠨ ᠵᠢᠠᠷ

ᠵᠠᠭᠢᠮ ᠤᠨ ᠥᠭᠡ ᠪᠠᠨ ᠰᠤᠷᠭᠤᠭ ᠰᠤᠨᠤᠷ ᠲᠤ ᠴᠢᠨᠢ ᠭᠦᠷᠭᠡᠭᠦ ᠰᠠᠨ᠂

ᠵᠢᠩᠭᠢᠨᠢ ᠬᠠᠢ᠌ᠷ᠎ᠠ ᠪᠠᠷ ᠴᠠᠯᠭᠢᠯᠠᠵᠤ ᠪᠣᠴᠠᠯᠤᠭᠰᠠᠨ ᠰᠢᠪᠠᠨᠡᠭᠡ ᠪᠠᠨ

ᠵᠢᠷᠦᠭᠡᠨ ᠤ ᠥᠵᠦᠭᠦᠷ ᠶᠢᠡᠷ ᠶᠢᠡᠨ ᠵᠢᠷᠦᠭᠡᠨ ᠤ ᠣᠭ ᠲᠤ ᠴᠢᠨᠢ ᠪᠢᠴᠢᠭᠦ ᠰᠠᠨ᠃


ᠡᠪᠭᠡᠷᠡᠨ ᠨᠡᠭᠦᠭᠦ ᠭᠦᠪᠦᠩ ᠴᠠᠭᠠᠨ ᠡᠭᠦᠯᠡ ᠵᠢ

ᠡᠰᠭᠡᠵᠤ ᠪᠣᠯᠳᠠᠭ ᠪᠣᠯ ᠵᠢᠮᠰᠡᠭ᠌ ᠪᠣᠯᠭᠠᠨ ᠭᠡᠷᠡᠭᠯᠡᠭᠦ ᠰᠠᠨ᠂

ᠡᠩᠭᠡ ᠠᠮᠢᠳᠤᠷᠠᠬᠤ ᠥᠡᠳᠡᠭᠡᠨ ᠴᠠᠭᠠᠨ ᠦᠷᠭᠦᠭᠡ ᠪᠠᠨ

ᠡᠭᠦᠯᠡᠨ ᠭᠡ ᠪᠠᠷ ᠡᠭᠦᠳᠡ ᠡᠷᠦᠭᠡ ᠶᠢ ᠨᠢ ᠴᠢᠮᠡᠭᠦ ᠰᠠᠨ᠃


ᠵᠤᠬᠢᠶᠠᠭᠴᠢ ᠶᠢᠨ ᠬᠠ‍‌ᠶᠢᠭ ᠄ ᠪᠠᠷᠠᠭᠤᠨ ᠦᠵᠦᠮᠤᠴᠢᠨ ᠬᠤᠰᠢᠭᠤᠨ ᠤ ᠪᠠᠯᠭᠠᠷᠭᠤᠤᠯ ᠪᠠᠯᠭᠠᠰᠤ ᠶᠢᠨ ᠪᠠᠯᠭᠠᠷ ᠵᠡᠭᠡᠯᠢ

ᠵᠤᠬᠢᠶᠠᠭᠴᠢ᠄ ᠨᠠᠰᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2585
ᠴᠠᠭ᠄ 2012 ᠤᠨ ᠤ 06 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ