ᠨᠠᠷᠠ ᠵᠦᠪ ᠡᠷᠭᠢᠭᠦ ᠮᠤᠩᠭ᠋ᠤᠯ ᠣᠷᠤᠨ

ᠨᠠᠷᠠ ᠵᠦᠪ ᠡᠷᠭᠢᠭᠦ ᠮᠢᠨᠤ ᠮᠤᠩᠭ᠋ᠤᠯ ᠣᠷᠤᠨ

ᠨᠠᠳᠠ ᠳᠤ ᠭᠠᠭᠴᠠ ᠵᠠᠶᠠᠭᠠᠭᠰᠠᠨ

ᠪᠣᠷᠬᠠᠨ ᠡᠭᠡ ᠣᠷᠤᠨ

ᠡᠷᠭᠡ ᠪᠠᠯᠴᠢᠷ ᠬᠡᠦᠬᠡᠳ ᠨᠢ

ᠨᠠᠷᠠ ᠵᠦᠪ ᠡᠷᠭᠢᠵᠤ

ᠭᠦᠯ ᠳᠡᠭᠡᠷ᠎ᠡ ᠪᠠᠨ ᠵᠤᠭᠰᠤᠳᠠᠭ

ᠡᠭᠡ ᠭᠡᠯᠡ ᠪᠠᠨ ᠡᠭᠡᠰᠢᠭ᠌ ᠭᠡᠢ᠌ᠭᠦᠯᠦᠭ᠍ᠴᠢ ᠪᠠᠷ

ᠨᠠᠷᠠ ᠵᠦᠪ ᠵᠢᠷᠤᠵᠤ

ᠥᠭᠡ ᠬᠠᠮᠠᠷ ᠲᠤ ᠣᠷᠤᠳᠠᠭ

ᠭᠡᠷ ᠪᠦᠯᠢ ᠨᠠᠭᠠᠳᠬᠤ ᠳᠠᠭᠠᠨ

ᠨᠠᠷᠠ ᠵᠦᠪ ᠡᠷᠭᠢᠵᠤ

ᠡᠷᠦᠭᠡ ᠪᠠᠨ ᠪᠣᠰᠬᠠᠳᠠᠭ

ᠭᠡᠷᠡᠯᠳᠦᠭ᠍ᠰᠡᠨ ᠭᠡᠳᠦᠭᠦᠯᠡ ᠪᠠᠨ ᠠᠭᠤᠯᠵᠠᠭᠰᠠᠨ ᠴᠤ

ᠨᠠᠷᠠ ᠶᠢ ᠵᠦᠪ ᠰᠤᠩᠭ᠋ᠤᠵᠤ

ᠱᠠᠭ᠎ᠠ ᠬᠠᠶᠠᠵᠤ ᠳᠤᠭᠯᠠᠳᠠᠭ


ᠨᠠᠷᠠ ᠵᠦᠪ ᠡᠷᠭᠢᠭᠦ ᠮᠢᠨᠤ ᠮᠤᠩᠭ᠋ᠤᠯ ᠣᠷᠤᠨ

ᠨᠠᠳᠠ ᠳᠤ ᠵᠠᠶᠠᠭᠠᠭᠰᠠᠨ

ᠪᠣᠷᠬᠠᠨ ᠡᠭᠡ ᠣᠷᠤᠨ

ᠨᠠᠷᠠᠳᠤ᠂ ᠭᠠᠪᠢᠶᠠᠳᠤ᠂ ᠮᠡᠷᠭᠡᠳ ᠨᠢ ᠴᠤ

ᠨᠠᠷ᠎ᠠ ᠵᠦᠪ ᠡᠷᠭᠢᠵᠤ

ᠨᠠᠰᠤᠳᠠᠨ ᠪᠣᠭᠤᠷᠤᠯ ᠳᠤ ᠪᠠᠨ ᠰᠥᠰᠦᠭᠯᠡᠳᠡᠭ᠌

ᠨᠠᠴᠢᠨ᠂ ᠱᠤᠩᠬᠤᠷ᠂ ᠭᠠᠷᠤᠳᠢ ᠳᠠᠷᠬᠠᠨ ᠪᠦᠭᠡᠴᠦᠳ ᠨᠢ

ᠨᠠᠷᠠ ᠵᠦᠪ ᠡᠷᠭᠢᠵᠤ

ᠨᠠᠢ᠌ᠷ ᠶᠢᠡᠨ ᠥᠡᠳᠦᠷᠵᠢᠭᠦᠯᠳᠡᠭ᠌

ᠨᠠᠭᠠᠳᠤᠮ ᠤᠨ ᠬᠤᠷᠠᠯ ᠤᠨ ᠳᠠᠭᠤᠤ ᠨᠢ

ᠨᠠᠷ᠎ᠠ ᠵᠦᠪ ᠠᠶᠠᠰᠷᠠᠵᠤ

ᠨᠠᠷᠭᠢᠶᠠᠠᠳᠤ ᠳᠠᠯᠠᠪᠣᠷ ᠶᠢᠡᠨ ᠮᠢᠯᠢᠶᠠᠳᠠᠭ

ᠨᠠᠩᠴᠢᠳ ᠤᠨ ᠳᠡᠭᠡᠵᠢ ᠰᠠᠷᠬᠤᠤᠨ ᠶᠢᠡᠨ

ᠨᠠᠷᠠ ᠵᠦᠪ ᠢᠳᠠᠮᠯᠠᠵᠤ

ᠭᠦᠮᠤᠨ ᠪᠠᠢ᠌ᠭᠠᠯᠢ ᠳᠠᠭᠠᠨ ᠰᠡᠷᠵᠢᠮᠯᠡᠳᠡᠭ᠌


ᠨᠠᠷᠠ ᠵᠦᠪ ᠡᠷᠭᠢᠭᠦ ᠮᠢᠨᠤ ᠮᠤᠩᠭ᠋ᠤᠯ ᠣᠷᠤᠨ

ᠨᠠᠳᠠ ᠳᠤ ᠭᠠᠭᠴᠠ ᠵᠠᠶᠠᠭᠠᠭᠰᠠᠨ

ᠪᠣᠷᠬᠠᠨ ᠡᠭᠡ ᠣᠷᠤᠨ

ᠬᠤᠨ ᠴᠠᠭᠠᠨ ᠮᠤᠩᠭ᠋ᠤᠯ ᠭᠡᠷ ᠤᠳ

ᠨᠠᠷᠠ ᠵᠦᠪ ᠰᠠᠭᠤᠷᠢᠰᠢᠵᠤ

ᠣᠯᠠᠷᠢᠯ ᠭᠡᠯᠭᠢᠨ ᠳᠡᠪᠳᠡᠷᠢᠳᠡᠭ᠌

ᠬᠤᠷᠠᠭ᠎ᠠ᠂ ᠢᠰᠢᠭᠡ᠂ ᠳᠤᠭᠤᠯ ᠤᠳ

ᠨᠠᠷᠠ ᠵᠦᠪ ᠮᠠᠢ᠌ᠯᠠᠯᠳᠤᠵᠤ

ᠮᠠᠯ ᠤᠨ ᠳᠤᠭᠠᠨ ᠳᠤ ᠣᠷᠤᠳᠠᠭ

ᠬᠤᠰᠤ᠂ ᠬᠤᠠᠳᠤᠷ᠂ ᠮᠠᠢ᠌ᠯᠠᠰᠤ

ᠨᠠᠷᠠ ᠵᠦᠪ ᠰᠠᠯᠠᠭᠠᠯᠠᠵᠤ

ᠨᠠᠪᠴᠢ ᠦᠷ᠎ᠡ ᠪᠠᠨ ᠪᠣᠯᠪᠠᠰᠤᠷᠠᠭᠤᠯᠳᠠᠭ

ᠬᠤᠠᠳᠠᠨ᠂ ᠶᠠᠭᠠᠨ᠂ ᠰᠢᠷ᠎ᠠ ᠥᠩᠭᠡ ᠶᠢᠨ ᠴᠡᠴᠡᠭᠡᠰ

ᠨᠠᠷᠠ ᠵᠦᠪ ᠳᠡᠯᠭᠡᠵᠤ

ᠥᠩᠭᠡ ᠪᠠᠨ ᠮᠥᠴᠡᠷᠭᠡᠭ᠍ᠰᠡᠨ


ᠨᠠᠷ᠎ᠠ ᠵᠦᠪ ᠡᠷᠭᠢᠭᠦ ᠮᠢᠨᠤ ᠮᠤᠩᠭ᠋ᠤᠯ ᠣᠷᠤᠨ

ᠨᠠᠳᠠ ᠳᠤ ᠭᠠᠭᠴᠠ ᠵᠠᠶᠠᠭᠠᠭᠰᠠᠨ

ᠪᠣᠷᠬᠠᠨ ᠡᠭᠡ ᠣᠷᠤᠨ

ᠮᠦᠷᠠᠨ ᠭᠤᠤᠯ ᠣᠭᠠᠯᠵᠠᠯᠠᠨ

ᠨᠠᠷᠠ ᠵᠦᠪ ᠳᠤᠯᠭᠢᠶᠠᠯᠠᠵᠤ

ᠡᠷᠭᠢ ᠪᠠᠨ ᠶᠡᠭᠦᠷᠡᠭᠦᠯᠳᠡᠭ᠌ ᠦᠭᠡᠶ

ᠠᠭᠤᠯᠠ ᠬᠠᠳᠠ ᠨᠢ ᠣᠷᠭᠤᠭ᠎ᠠ

ᠨᠠᠷᠠ ᠵᠦᠪ ᠰᠦᠨᠳᠠᠷᠯᠠᠵᠤ

ᠡᠮᠪᠦᠷᠢᠵᠤ ᠡᠪᠠᠰᠤ ᠪᠠᠨ ᠬᠤᠭᠤᠯᠳᠠᠭ ᠦᠭᠡᠶ

ᠭᠦᠭᠡ ᠴᠡᠩᠭᠡᠷ ᠣᠭᠳᠠᠷᠭᠤᠢ ᠨᠢ

ᠨᠠᠷᠠ ᠵᠦᠪ ᠴᠠᠯᠮᠠᠢ᠌ᠵᠤ

ᠭᠦᠪᠦᠩ ᠡᠭᠦᠯᠡ ᠪᠠᠨ ᠠᠳᠤᠭᠤᠯᠠᠭᠰᠠᠨ

ᠭᠦᠭᠡᠮᠳᠡᠭ᠌ ᠨᠤᠭᠤᠭᠠᠨ ᠳᠠᠯ᠎ᠠ ᠨᠢ

ᠨᠠᠷᠠ ᠵᠦᠪ ᠴᠡᠯᠭᠡᠷᠡᠵᠤ

ᠴᠡᠴᠡᠭ᠌ ᠬᠤᠸᠠᠷ ᠶᠢᠡᠨ ᠥᠯᠦᠭᠡᠢ᠌ᠳᠡᠭ᠍ᠰᠡᠨ


ᠨᠠᠷᠠ ᠵᠦᠪ ᠡᠷᠭᠢᠭᠦ ᠮᠢᠨᠤ ᠮᠤᠩᠭ᠋ᠤᠯ ᠣᠷᠤᠨ

ᠨᠠᠳᠠ ᠳᠤ ᠭᠠᠭᠴᠠ ᠵᠠᠶᠠᠭᠠᠭᠰᠠᠨ

ᠪᠣᠷᠬᠠᠨ ᠡᠭᠡ ᠣᠷᠤᠨ

ᠡᠩᠭᠡ ᠮᠠᠠᠳᠤ ᠶᠢᠨ ᠣᠪᠣᠭᠠᠤᠨ ᠨᠢ

ᠨᠠᠷᠠ ᠵᠦᠪ ᠦᠨᠳᠦᠷᠰᠢᠵᠤ

ᠨᠠᠷᠮᠠᠢ ᠣᠷᠤᠨ ᠶᠢᠡᠨ ᠰᠠᠭᠢᠳᠠᠭ

ᠡᠷᠡᠭᠦᠯ ᠣᠬᠠᠭᠠᠠᠳᠤ ᠦᠬᠢᠳ ᠨᠢ

ᠨᠠᠷᠠ ᠵᠦᠪ ᠮᠤᠷᠳᠠᠵᠤ

ᠳᠤᠯᠭ᠎ᠠ ᠶᠢᠨ ᠴᠢᠯᠠᠭᠤ ᠪᠠᠨ ᠪᠣᠰᠬᠠᠳᠠᠭ

ᠪᠣᠳᠤᠯ ᠰᠢᠠᠳᠠᠰᠤ ᠲᠡᠶ ᠰᠢᠯᠢ ᠶᠢᠨ ᠡᠷᠡᠰ ᠨᠢ

ᠨᠠᠷᠠ ᠵᠦᠪ ᠭᠦᠳᠡᠯᠵᠤ

ᠪᠣᠮᠪᠠ ᠶᠢᠨ ᠣᠷᠤᠨ ᠶᠢᠡᠨ ᠵᠢᠷᠤᠭᠯᠠᠭᠰᠠᠨ

ᠪᠣᠶᠠᠠᠳᠤ ᠪᠣᠭᠤᠷᠤᠯ ᠨᠠᠰᠤᠳᠠᠤᠨ ᠨᠢ

ᠨᠠᠷᠠ ᠵᠦᠪ ᠵᠠᠪᠢᠯᠠᠵᠤ

ᠪᠦᠦᠪᠠᠢ ᠶᠢᠨ ᠳᠠᠭᠤᠤ ᠭᠢᠩᠰᠢᠭ᠍ᠰᠡᠨ


ᠨᠠᠷᠠ ᠵᠦᠪ ᠡᠷᠭᠢᠭᠦ ᠮᠢᠨᠤ ᠮᠤᠩᠭ᠋ᠤᠯ ᠣᠷᠤᠨ

ᠨᠠᠳᠠ ᠳᠤ ᠭᠠᠭᠴᠠ ᠵᠠᠶᠠᠭᠠᠭᠰᠠᠨ

ᠪᠣᠷᠬᠠᠨ ᠡᠭᠡ ᠣᠷᠤᠨ

ᠴᠤᠭᠯᠠᠷᠠᠵᠤ ᠰᠠᠭᠤᠭᠰᠠᠨ ᠱᠠᠭᠠᠵᠠᠭᠠᠢ ᠨᠢ

ᠨᠠᠷᠠ ᠵᠦᠪ ᠡᠭᠦᠷ ᠶᠢᠡᠨ ᠪᠠᠷᠢᠵᠤ

ᠴᠤᠪᠤᠵᠤ ᠥᠩᠭᠡᠷᠡᠭᠦ ᠪᠠᠷᠰ ᠢ ᠱᠤᠤᠯᠠᠭᠰᠠᠨ

ᠴᠤᠷᠣᠢ᠌ᠵᠤ ᠣᠷᠭᠤᠭᠰᠠᠨ ᠥᠭᠡᠷ ᠤᠨ ᠡᠪᠠᠷ ᠨᠢ

ᠨᠠᠷᠠ ᠵᠤᠢᠪ ᠰᠠᠷᠠᠢ᠌ᠯᠴᠠᠵᠤ

ᠴᠤᠭᠢᠬᠤ ᠳᠤ ᠰᠥᠷᠦᠭ᠌ ᠨᠢ ᠳᠠᠭᠠᠭᠠᠤᠨ ᠮᠥᠭᠡᠷᠡᠭ᠍ᠰᠡᠨ

ᠭᠡᠭᠡᠷ᠎ᠡ ᠳᠤᠭᠤᠯᠯᠠᠭᠰᠠᠨ ᠦᠨᠢᠶᠠᠤᠨ ᠨᠢ

ᠨᠠᠷᠠ ᠵᠦᠪ ᠭᠡᠪᠢᠵᠤ

ᠳᠤᠭᠤᠯ ᠶᠢᠡᠨ ᠳᠤᠯᠢᠶᠠᠳᠠᠭ

ᠭᠡᠳᠤ ᠬᠤᠨᠤᠭ ᠬᠤᠭᠤᠯᠠ ᠳᠠᠰᠤᠷᠠᠭᠰᠠᠨ ᠨᠢᠭᠡᠨ ᠢ ᠴᠤ

ᠨᠠᠷᠠ ᠵᠦᠪ ᠭᠦᠳᠦᠯᠵᠤ

ᠣᠨᠤᠭ᠎ᠠ ᠵᠠᠯᠭᠠᠭᠤᠯᠤᠨ ᠮᠤᠷᠳᠠᠭᠤᠯᠳᠠᠭ


ᠨᠠᠷᠠ ᠵᠦᠪ ᠡᠷᠭᠢᠭᠦ ᠮᠢᠨᠤ ᠮᠤᠩᠭ᠋ᠤᠯ ᠣᠷᠤᠨ

ᠨᠠᠳᠠ ᠳᠤ ᠭᠠᠭᠴᠠ ᠵᠠᠶᠠᠭᠠᠭᠰᠠᠨ

ᠪᠣᠷᠬᠠᠨ ᠡᠭᠡ ᠣᠷᠤᠨ

ᠠᠭᠠᠷᠤᠤᠯ᠂ ᠬᠤᠷᠤᠳ᠂ ᠠᠭᠠᠭ ᠲᠡᠶ ᠭᠦᠭᠡ ᠴᠠᠢ

ᠨᠠᠷᠠ ᠵᠦᠪ ᠠᠩᠭᠢᠯᠵᠤ

ᠠᠮᠳᠠ ᠶᠢᠨ ᠳᠡᠭᠡᠵᠢ ᠶᠢ ᠥᠨᠦᠷᠳᠦᠭᠦᠯᠳᠡᠭ᠌

ᠠᠰᠠᠷᠯᠠᠵᠤ ᠣᠪᠣᠭᠠᠯᠠᠭᠰᠠᠨ ᠠᠷᠭᠠᠯ ᠲᠦᠯᠡᠰᠢ

ᠨᠠᠷᠠ ᠵᠦᠪ ᠳᠠᠯᠠᠩᠨᠠᠷᠠᠵᠤ

ᠢᠯᠴᠢ ᠭᠡᠷᠡᠯ ᠶᠢᠡᠷ ᠳᠦᠷᠡᠯᠵᠢᠳᠡᠭ᠌

ᠠᠳᠤᠭᠤᠨ ᠳᠠᠯ ᠤᠨ ᠳᠤᠷᠭᠠᠨ ᠰᠠᠯᠭᠢ ᠨᠢ

ᠨᠠᠷᠠ ᠵᠦᠪ ᠢᠰᠭᠡᠷᠴᠤ

ᠠᠵᠠ ᠭᠡᠢ᠌ᠮᠦᠷᠢ ᠳᠠᠯᠠᠯᠤᠭᠰᠠᠨ

ᠠᠯᠳᠠᠨ ᠣᠭᠰᠠᠭᠠᠳᠠᠨ ᠤ ᠨᠡᠭᠦᠳᠡᠯ ᠤᠨ ᠳᠤᠭᠤᠰᠤ

ᠨᠠᠷᠠ ᠵᠦᠪ ᠰᠢᠭᠤᠷᠴᠤ

ᠠᠮᠢᠵᠢᠷᠠᠯ ᠤᠨ ᠭᠠᠯ ᠶᠢᠡᠨ ᠪᠠᠳᠠᠷᠠᠭᠠᠭᠰᠠᠨ


ᠨᠠᠷᠠ ᠵᠦᠪ ᠡᠷᠭᠢᠭᠦ ᠮᠢᠨᠤ ᠮᠤᠩᠭ᠋ᠤᠯ ᠣᠷᠤᠨ

ᠨᠠᠳᠠ ᠳᠤ ᠭᠠᠭᠴᠠ ᠵᠠᠶᠠᠭᠠᠭᠰᠠᠨ

ᠪᠣᠷᠬᠠᠨ ᠡᠭᠡ ᠣᠷᠤᠨ

ᠡᠵᠡᠨ ᠴᠢᠩᠭᠢᠰ ᠤᠨ ᠦᠷᠡᠰ ᠤᠳ

ᠨᠠᠷᠠ ᠵᠦᠪ ᠵᠢᠦᠡᠭᠦᠵᠤ

ᠴᠢᠰᠤ ᠪᠠᠷ ᠪᠦᠭᠡᠯᠵᠢᠳᠡᠭ᠌

ᠡᠷᠳᠡᠨᠢ ᠶᠢᠨ ᠭᠦᠯᠦᠭ᠌ ᠤᠨ ᠣᠨᠠᠭ᠎ᠠ

ᠨᠠᠷᠠ ᠵᠦᠪ ᠦᠣᠷᠰᠠᠵᠤ

ᠴᠢᠰᠤ ᠪᠠᠷ ᠰᠢᠭᠡᠳᠡᠭ᠌


ᠨᠠᠷᠠ ᠵᠦᠪ ᠡᠷᠭᠢᠭᠦ ᠮᠢᠨᠤ ᠮᠤᠩᠭ᠋ᠤᠯ ᠣᠷᠤᠨ

ᠨᠠᠳᠠ ᠳᠤ ᠭᠠᠭᠴᠠ ᠵᠠᠶᠠᠭᠠᠠᠭᠰᠠᠨ

ᠪᠣᠷᠬᠠᠨ ᠡᠭᠡ ᠣᠷᠤᠨ

ᠬᠠᠳᠠ ᠪᠣᠯᠠᠭ᠂ ᠬᠠᠯᠠᠭᠤᠨ ᠷᠠᠰᠢᠶᠠᠨ

ᠨᠠᠷᠠ ᠵᠦᠪ ᠣᠷᠭᠢᠯᠤᠨ

ᠨᠠᠷᠢᠨ ᠰᠤᠵᠠᠭ ᠲᠤ ᠰᠢᠪᠠᠷᠳᠠᠬᠤ ᠦᠭᠡᠶ

ᠬᠠᠢ᠌ᠷᠭᠤᠴᠠᠢ ᠪᠣᠯᠵᠤᠮᠤᠷ ᠨᠢ ᠭᠦᠷᠳᠡᠯ᠎ᠡ

ᠨᠠᠷᠠ ᠵᠦᠪ ᠵᠢᠷᠭᠢᠵᠤ

ᠬᠠᠷᠢ ᠭᠡᠯᠡ ᠪᠠᠷ ᠳᠤᠩᠭ᠋ᠤᠤᠠᠬᠤ ᠦᠭᠡᠶ

ᠬᠠᠨ ᠭᠡ᠊ᠨᠳᠡᠢ ᠬᠠᠢ᠌ᠷᠬᠠᠨ ᠤᠳ ᠨᠢ

ᠨᠠᠷᠠ ᠵᠦᠪ ᠪᠣᠰᠤᠭᠠᠵᠢᠵᠤ

ᠬᠠᠷ᠎ᠠ ᠰᠠᠯᠭᠢᠨ ᠳᠤ ᠪᠦᠭᠦᠢᠭᠦ ᠦᠭᠡᠶ

ᠬᠠᠯᠬ᠎ᠠ᠂ ᠬᠠᠳᠤᠨ ᠠᠷᠢᠭᠤᠨ ᠮᠦᠷᠠᠨ ᠨᠢ

ᠨᠠᠷᠠ ᠵᠦᠪ ᠳᠠᠪᠠᠯᠭᠠᠯᠠᠵᠤ

ᠬᠠᠢ᠌ᠷ᠎ᠠ ᠶᠢᠨ ᠰᠥ᠋ ᠨᠢ ᠰᠢᠷᠭᠢᠭᠦ ᠦᠭᠡᠶ


ᠨᠠᠷᠠ ᠵᠦᠪ ᠡᠷᠭᠢᠭᠦ ᠮᠢᠨᠤ ᠮᠤᠩᠭ᠋ᠤᠯ ᠣᠷᠤᠨ

ᠨᠠᠳᠠ ᠳ᠋ᠤ ᠭᠠᠭᠴᠠ ᠵᠠᠶᠠᠭᠠᠭᠰᠠᠨ

ᠪᠣᠷᠬᠠᠨ ᠡᠭᠡ ᠣᠷᠤᠨ

ᠰᠢᠷᠭᠡᠭ᠌ ᠡᠪᠠᠰᠤᠨ ᠤ ᠭᠢᠨᠢ ᠰᠢᠷ᠎ᠠ ᠰᠠᠬᠠᠯ ᠨᠢ ᠴᠤ

ᠨᠠᠷᠠ ᠵᠦᠪ ᠦᠨᠳᠦᠰᠦᠯᠠᠵᠤ

ᠰᠢᠷᠠᠮᠤᠨ ᠬᠤᠰᠢᠭᠤᠨ ᠳᠤ ᠳᠠᠰᠤᠷᠠᠬᠤ ᠦᠭᠡᠶ

ᠠᠲ᠋ᠤᠮ ᠳᠠᠯᠪᠠᠷᠠᠵᠤ ᠠᠮᠢ ᠪᠠᠨ ᠠᠯᠳᠠᠭᠰᠠᠨ ᠴᠤ

ᠨᠠᠷᠠ ᠵᠦᠪ ᠣᠨᠠᠵᠤ

ᠠᠯᠳᠠᠨ ᠰᠢᠷᠤᠢ ᠪᠠᠨ ᠳᠡᠪᠠᠷᠡᠳᠡᠭ᠌

ᠶᠠᠰᠤ ᠪᠠᠨ ᠬᠤᠭᠤᠯᠤᠭᠰᠠᠨ ᠴᠤ ᠨᠠᠷ᠎ᠠ ᠪᠠᠨ ᠰᠢᠷᠣᠢ᠌ᠳᠠᠭᠤᠯᠬᠤ ᠦᠭᠡᠶ

ᠨᠠᠷᠠ ᠵᠦᠪ ᠳᠠᠭᠤᠷᠢᠰᠴᠤ

ᠨᠠᠮᠳᠠᠷ ᠳᠡᠦᠭᠡ ᠪᠠᠨ ᠴᠠᠳᠢᠭᠯᠠᠳᠠᠭ

ᠨᠠᠷᠠ ᠰᠠᠷᠠ ᠲᠡᠶ ᠵᠡᠷᠭᠡᠴᠡᠭ᠍ᠰᠡᠨ ᠨᠠᠠᠳᠢᠨ ᠰᠤᠶᠤᠯ

ᠨᠠᠷᠠ ᠵᠦᠪ ᠭᠡᠷᠡᠯᠳᠦᠵᠤ

ᠨᠠᠷᠮᠠᠢ ᠣᠷᠤᠨ ᠶᠢᠡᠨ ᠭᠡᠭᠡᠷᠡᠭᠦᠯᠦᠭ᠍ᠰᠡᠨ

ᠨᠠᠷᠠ ᠵᠦᠪ ᠡᠷᠭᠢᠭᠦ ᠮᠢᠨᠤ ᠮᠤᠩᠭ᠋ᠤᠯ ᠣᠷᠤᠨ

ᠨᠠᠳᠠ ᠳᠤ ᠭᠠᠭᠴᠠ ᠵᠠᠶᠠᠭᠠᠭᠰᠠᠨ

ᠪᠣᠷᠬᠠᠨ ᠡᠭᠡ ᠣᠷᠤᠨ ᠡ


ᠵᠤᠬᠢᠶᠠᠭᠴᠢ ᠶᠢᠨ ᠬᠠᠶ‍ᠢᠭ ᠄ ᠭᠠᠬᠠᠢ᠌ᠳᠤ ᠳᠤᠮᠳᠠᠳᠤ ᠰᠤᠷᠭᠠᠭᠤᠯᠢ

ᠵᠤᠬᠢᠶᠠᠭᠴᠢ᠄ ᠬᠦᠬᠡ‍ᠠ᠋ᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1454
ᠴᠠᠭ᠄ 2010 ᠤᠨ ᠤ 01 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁