ᠦᠵᠤᠮᠤᠴᠢᠨ ᠪᠣᠳᠤᠯᠭᠠᠰᠢᠷᠠᠯ

ᠦᠵᠤᠮᠤᠴᠢᠠᠴᠤᠳ ᠬᠠᠮᠢᠭ᠎ᠠ ᠡᠴᠠ ᠢᠷᠠᠯ᠎ᠠ ︖

ᠳᠠᠷᠠ ᠴᠢᠨᠢ ᠨᠢᠭᠤᠴᠠ᠃

ᠦᠵᠤᠮ ᠤᠨ ᠠᠭᠤᠯᠠᠨ ᠡᠴᠠ ᠢᠷᠠᠯ᠎ᠠ ᠭᠡᠳᠡᠭ᠌ ᠪᠢᠰᠢᠤ ︖

ᠳᠠᠷᠠ ᠴᠢᠨᠢ ᠳᠤᠮᠤᠭ᠃

ᠣᠴᠢᠷ ᠨᠢ ᠪᠠᠢ᠌ᠮᠠᠨ ᠳᠤᠮᠤᠭ ᠲᠡᠶ ᠪᠣᠯᠤᠨ᠎ᠠ ᠭᠡᠵᠤ ᠳᠠ ᠪᠣᠳᠤᠪᠠᠯ᠂

ᠣᠷᠢᠳᠤ ᠶᠢᠨ ᠳᠡᠦᠭᠡ ᠴᠤ ᠳᠡᠦᠭᠡ ᠪᠢᠰᠢ ᠪᠣᠯᠴᠢᠵᠤ ᠮᠠᠳᠠᠨ᠎ᠡ᠃


ᠦᠵᠤᠮᠤᠴᠢᠠᠴᠤᠳ ᠤᠨ ᠨᠤᠳᠤᠭ ᠨᠢ ᠬᠠᠮᠢᠭ᠎ᠠ ᠪᠣᠯ ︖

ᠳᠠᠷᠠ ᠴᠢᠨᠢ ᠨᠢᠭᠤᠴᠠ᠃

ᠦᠵᠤᠮ ᠤᠨ ᠠᠭᠤᠯᠠᠨ ᠳᠤ ᠪᠠᠢ᠌ᠯ᠎ᠠ ᠭᠡᠳᠡᠭ᠌ ᠪᠢᠰᠢ ᠪᠢᠯᠢᠤ ︖

ᠳᠠᠷᠠ ᠴᠢᠨᠢ ᠳᠤᠮᠤᠭ᠃

ᠨᠤᠳᠤᠭ ᠲᠠᠭᠠᠨ ᠰᠠᠭᠤᠵᠤ ᠪᠠᠢ᠌ᠵᠤ ᠨᠤᠳᠤᠭ ᠶᠢᠡᠨ ᠭᠡᠵᠤ ᠡᠷᠢᠪᠠᠯ᠂

ᠨᠤᠳᠤᠭ ᠴᠢᠨᠢ ᠴᠢᠨᠤᠭᠢ ᠪᠢᠰᠢ ᠭᠦᠮᠤᠨ ᠤ ᠭᠢ ᠪᠣᠯᠴᠢᠬᠤ ᠪᠢᠰᠢᠤ ⁉


ᠦᠵᠤᠮᠤᠴᠢᠨ ᠤ ᠳᠠᠯ᠎ᠠ ᠣᠳᠤ ᠶᠠᠮᠠᠷ ᠪᠣᠯ ︖

ᠡᠨᠡ ᠴᠢᠨᠢ ᠰᠠ‍‌ᠶᠢ ᠠᠰᠠᠭᠤᠮᠠᠷ ᠶᠠᠭᠤᠮ᠎ᠠ ᠪᠠᠢ᠌ᠨ᠎ᠠ᠃

ᠦᠩ ᠰᠢᠮᠡᠯᠢᠭ᠌ ᠪᠠᠯᠴᠢᠭᠡᠷ ᠲᠡᠶ ᠭᠡᠯᠢᠤ ︖

ᠳᠠᠷᠠ ᠴᠢᠨᠢ ᠥᠩᠭᠡᠷᠡᠭ᠍ᠰᠡᠨ ᠳᠤ᠃

ᠥᠩᠭᠡᠷᠡᠭ᠍ᠰᠡᠨ ᠢ ᠨᠢ ᠮᠠᠳᠠᠪᠠᠯ ᠪᠦᠳᠦᠴᠢᠭᠦ ᠨᠢ ᠭᠡᠵᠤ ᠪᠣᠳᠤᠪᠠᠯ᠂

ᠦᠵᠤᠮᠤᠴᠢᠨ ᠤ ᠶᠠᠪᠣᠳᠠᠯ ᠴᠤ ᠪᠦᠷᠢᠯᠵᠤ ᠪᠠᠰᠠ ᠮᠠᠳᠠᠨ᠎ᠡ᠃


ᠣᠨ ᠣᠳᠠᠭᠠᠨ ᠤ ᠳᠡᠦᠭᠡ ᠶᠢᠨ ᠣᠷᠤᠰᠬᠠᠯ ᠳ᠋ᠤ

ᠣᠷᠤᠠᠰᠢᠬᠤ ᠨᠤᠳᠤᠭ ᠬᠤᠪᠢᠷᠠᠵᠤ ᠴᠤ ᠮᠡᠳᠡᠭᠦ ᠶᠤᠮ ᠪᠠᠢ᠌ᠨ᠎ᠠ᠃

ᠣᠢ᠌ᠯᠠᠭᠠᠵᠤ ᠰᠤᠳᠤᠯᠤᠨ ᠪᠢᠴᠢᠵᠤ ᠳᠡᠮᠳᠡᠭᠯᠡᠭᠦ ᠳ᠋ᠡᠭᠡᠨ

ᠣᠳᠤ ᠶᠢᠨ ᠲᠦᠯᠦᠭᠡ ᠪᠢᠰᠢ ᠪᠣᠯ ᠢᠯᠡᠭᠦᠴᠡ ᠶᠠᠪᠣᠳᠠᠯ ᠪᠠ ︖

ᠣᠯᠤᠭᠰᠠᠨ ᠶᠢᠡᠨ ᠡᠵᠡᠩᠨᠡᠵᠤ ᠡᠰᠡ ᠴᠢᠳᠠᠪᠠᠯ

ᠣᠳᠠᠯ ᠦᠭᠡᠶ ᠬᠠᠷᠢᠨ ᠭᠡᠭᠡᠵᠤ ᠴᠤ ᠮᠠᠳᠠᠨ᠎ᠡ᠃


ᠣᠷᠢᠳᠤ ᠶᠢᠨ ᠳᠡᠦᠭᠡ ᠶᠢ ᠣᠢ᠌ᠯᠠᠭᠠᠬᠤ ᠴᠢᠬᠤᠯᠠ

ᠣᠳᠤ ᠶᠠᠭᠠᠭᠢᠬᠤ ᠪᠠᠨ ᠪᠣᠳᠤᠬᠤ ᠪᠠᠰᠠ ᠴᠢᠬᠤᠯᠠ᠂

ᠦᠪᠯᠠᠵᠤ ᠵᠠᠯᠭᠠᠭᠰᠠᠨ ᠳᠠᠷᠠ ᠪᠦᠭᠦᠨ ᠵᠢᠠᠨ

ᠦᠷᠠᠰ ᠲᠡᠭᠡᠨ ᠭᠡᠪ ᠶᠢᠡᠷ ᠨᠢ ᠦᠯᠡᠳᠡᠭᠡᠭᠦ ᠨᠠᠩ ᠴᠢᠬᠤᠯᠠ᠃

ᠣᠢ᠌ᠯᠠᠰ ᠪᠦᠳᠦᠭᠡᠵᠤ ᠣᠳᠤᠮ ᠵᠠᠯᠭᠠᠬᠤ ᠳ᠋ᠤ

ᠦᠨᠦᠳᠤᠷ ᠭᠡᠷᠭᠢᠭᠦ ᠪᠣᠯ ᠳᠡᠦᠭᠡ ᠶᠢᠨ ᠬᠠᠷᠢᠭᠤᠴᠠᠯᠭ᠎ᠠ᠃


ᠦᠴᠦᠭᠡᠳᠦᠷ ᠤᠨ ᠶᠠᠪᠣᠳᠠᠯ ᠦᠨᠦᠳᠤᠷ ᠲᠤ ᠳᠡᠦᠭᠡ

ᠦᠨᠦᠳᠤᠷ ᠤᠨ ᠶᠠᠪᠣᠳᠠᠯ ᠮᠠᠷᠭᠠᠰᠢ ᠶᠢᠨ ᠳᠡᠦᠭᠡ᠂

ᠦᠨᠦ ᠶᠢᠨ ᠨᠡᠢ᠌ᠭᠡᠮ ᠳᠤ ᠠᠯᠳᠠᠵᠤ ᠣᠨᠤᠭᠰᠠᠨ ᠢ

ᠦᠨᠳᠦᠰᠦᠳᠠᠨ ᠤ ᠳᠡᠦᠭᠡᠴᠢ ᠨᠡᠷ ᠬᠤᠵᠢᠮ ᠥᠨᠡᠯᠡᠯᠭᠦᠢ᠃

ᠦᠵᠤᠮᠤᠴᠢᠨ ᠤ ᠳᠡᠦᠭᠡ ᠬᠤᠵᠢᠮ ᠶᠠᠮᠠᠷ ᠪᠣᠯᠬᠤ ᠶᠢᠨ᠂

ᠦᠨᠳᠦᠰᠦ ᠣᠴᠢᠭ ᠨᠢ ᠣᠳᠤ ᠳᠤ ᠪᠠᠢ᠌ᠬᠤ ᠪᠢᠰᠢᠤ ⁉


ᠵᠤᠬᠢᠶᠠᠭᠴᠢ ᠶᠢᠨ ᠬᠠ‍‌ᠶᠢᠭ ᠄ ᠪᠠᠷᠠᠭᠤᠨ ᠦᠵᠤᠮᠤᠴᠢᠨ ᠬᠤᠰᠢᠭᠤᠨ ᠤ ᠪᠠᠯᠭᠠᠷᠭᠤᠤᠯ ᠪᠠᠯᠭᠠᠰᠤ

ᠵᠤᠬᠢᠶᠠᠭᠴᠢ᠄ ᠨᠡᠰᠦᠡᠮᠥ᠋ᠩᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1346
ᠴᠠᠭ᠄ 2012 ᠤᠨ ᠤ 08 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁