ᠮᠠᠯᠠᠭᠠᠢ ᠶᠢᠨ ᠭᠠᠷᠴᠠ

ᠰᠢᠨᠡᠭᠡᠨ ᠤ ᠢᠮᠢᠨ ᠭᠤᠤᠯ ᠤᠨ ᠭᠦᠪᠠᠭᠡᠨ ᠳᠤ ᠰᠥᠨᠦᠭᠡᠭ᠍ᠳᠡᠭ᠍ᠰᠡᠨ ᠶᠠᠫᠣᠨ ᠴᠡᠷᠢᠭ᠌ ᠤᠨ ᠮᠠᠯᠠᠭᠠᠢ ᠡ᠊ᠨᠳᠡ ᠣᠯᠠᠨ ᠬᠠᠶᠠᠭᠳᠠᠭᠰᠠᠨ ᠪᠠᠢ᠌ᠵᠠᠢ᠃ ᠨᠤᠳᠤᠭ ᠤᠨ ᠭᠢᠨ ᠡᠨᠡ ᠭᠠᠵᠠᠷ ᠢ 《ᠮᠠᠯᠠᠭᠠᠢ ᠶᠢᠨ ᠭᠠᠷᠴᠠ》 ᠭᠡᠵᠤ ᠨᠠᠷᠠᠯᠠᠵᠠᠢ᠃

ᠮᠢᠨᠤ ᠡᠨᠡ ᠪᠢᠴᠢᠵᠤ ᠪᠠᠢ᠌ᠭ᠎ᠠ ᠶᠠᠪᠣᠳᠠᠯ ᠪᠣᠯ ᠦᠨᠡᠨ ᠣᠴᠢᠷ ᠶᠤᠮ᠃ ᠳᠤᠬᠠᠢ ᠶᠢᠨ ᠦᠶ᠎ᠡ ᠳᠤ ᠬᠠᠭᠤᠷᠮᠠᠭ ᠮᠠᠠᠵᠤ ᠶᠢᠨ ᠠᠷᠪᠠᠳᠤᠭᠠᠷ ᠴᠡᠷᠢᠭ᠌ ᠤᠨ ᠳᠤᠭᠤᠷᠢᠭ ᠲᠤ ᠪᠠᠢ᠌ᠭᠰᠠᠨ ᠣᠳᠤᠭᠢ ᠢᠮᠢᠨ ᠰᠤᠮᠤ ᠶᠢᠨ ᠢᠮᠢᠨ ᠭᠠᠴᠠᠭᠠᠨ ᠤ ᠫᠣᠤᠴᠢᠨ ᠣᠪᠣᠭᠳᠤ ᠱᠠᠩᠳᠤᠷᠵᠢ ᠨᠠᠰᠤᠳᠠᠨ ᠤ ᠶᠠᠷᠢᠭᠰᠠᠨ ᠢ 1990 ᠣᠨ ᠤ ᠡᠪᠦᠯ ᠳᠡᠮᠳᠡᠭᠯᠡᠨ ᠠᠪᠴᠤ ᠬᠤᠴᠤᠷᠤᠭᠠᠭᠰᠠᠨ ᠮᠢᠨᠢ ᠡᠨᠡ ᠪᠢᠯᠠ᠃

ᠡᠨᠡᠭᠦ ᠠᠷᠪᠠᠳᠤᠭᠠᠷ ᠴᠡᠷᠢᠭ᠌ ᠤᠨ ᠳᠤᠭᠤᠷᠢᠭ ᠲᠤ ᠮᠠᠨ ᠤ ᠢᠮᠢᠨ ᠨᠤᠳᠤᠭ ᠡᠴᠠ ᠥᠭᠡᠯᠡᠳ ᠵᠠᠯᠠᠭᠤᠴᠤᠳ ᠫᠣᠤᠴᠢᠨ ᠣᠪᠣᠭᠳᠤ ᠴᠣᠢ᠌ᠳᠤᠪ᠂ ᠭᠠᠯᠽᠢᠳ ᠣᠪᠣᠭᠳᠤ ᠳᠡᠮᠴᠡᠭ᠌᠂ ᠫᠣᠤᠴᠢᠨ ᠣᠪᠣᠭᠳᠤ ᠱᠠᠩᠳᠤᠷᠵᠢ᠂ ᠱᠠᠷᠠᠢ᠌ᠳ ᠣᠪᠣᠭᠳᠤ ᠰᠦᠷᠤᠩ᠂ ᠫᠣᠤᠴᠢᠨ ᠣᠪᠣᠭᠳᠤ ᠣᠢ᠌ᠳᠤᠪ᠂ ᠳᠤᠷᠭᠤᠳ ᠣᠪᠣᠭᠳᠤ ᠵᠢᠭ᠍ᠰᠦ᠋ᠷᠦᠩ ᠵᠡᠷᠭᠡ ᠭᠦᠮᠦᠰ ᠡᠨᠡ ᠴᠡᠷᠢᠭ᠌ ᠲᠤ ᠪᠠᠢ᠌ᠭᠰᠠᠨ ᠶᠤᠮ᠃

ᠡᠳᠡᠭᠡᠷ ᠴᠡᠷᠢᠭ᠌ ᠤᠳ ᠲᠤ ᠪᠠᠰᠠ ᠵᠢᠷᠢᠮ ᠠᠢ᠌ᠮᠠᠭ᠂ ᠴᠢᠴᠢᠬᠠᠷ᠂ ᠵᠤᠤ ᠣᠳᠠ ᠠᠢ᠌ᠮᠠᠭ᠂ ᠮᠤᠷᠢᠠᠳᠠᠪᠠᠭ᠎ᠠ ᠶᠢᠨ ᠭᠦᠮᠤᠨ ᠴᠤ ᠣᠯᠠᠨ ᠪᠠᠢ᠌ᠭᠰᠠᠨ᠃

ᠬᠠᠭᠤᠷᠮᠠᠭ ᠠᠷᠪᠠᠳᠤᠭᠠᠷ ᠴᠡᠷᠢᠭ᠌ ᠤᠨ ᠳᠤᠭᠤᠷᠢᠭ ᠤᠨ ᠰᠸᠯᠢᠩᠪᠦ᠋ ᠬᠠᠢ᠌ᠯᠠᠷ ᠬᠤᠳᠠ ᠳᠤ ᠪᠠᠢ᠌ᠪᠠ᠃ ᠨᠠᠠᠲ᠋ᠦ᠋ᠨ ᠳᠤ ᠬᠤᠶᠠᠷ ᠮᠤᠷᠢᠳᠤ ᠴᠡᠷᠢᠭ᠌ ᠤᠨ ᠬᠤᠷᠢᠶ᠎ᠠ ᠪᠠᠢ᠌ᠭᠰᠠᠨ ᠨᠢ ᠳᠠᠪᠢᠳᠤᠭᠠᠷ ᠪᠣᠯᠤᠨ ᠳᠠᠪᠢᠨ ᠨᠢᠭᠡᠳᠦᠭᠡᠷ ᠬᠤᠷᠢᠶ᠎ᠠ ᠪᠣᠯᠤᠨ᠎ᠠ᠃ ᠣᠭ ᠨᠠᠷ᠎ᠠ ᠨᠢ ᠭᠢᠩᠭ᠋ᠠᠨ ᠮᠤᠷᠢᠳᠤ ᠴᠡᠷᠢᠭ᠌ ᠤᠨ ᠳᠤᠯᠤᠳᠤᠭᠠᠷ ᠪᠠ ᠨᠢ᠋ᠮᠠᠳᠤᠭᠠᠷ ᠬᠤᠷᠢᠶ᠎ᠠ ᠭᠡᠳᠡᠭ᠌᠃ 1945 ᠣᠨ ᠤ ᠵᠢᠷᠭᠤᠳᠤᠭᠠᠷ ᠰᠠᠷ᠎ᠠ ᠳᠤ ᠳᠠᠪᠢᠳᠤᠭᠠᠷ ᠬᠤᠷᠢᠶ᠎ᠠ ᠵᠠᠷᠯᠢᠭ ᠭᠦᠯᠢᠶᠡᠨ ᠭᠢᠩᠭ᠋ᠠᠨ ᠠᠭᠤᠯᠠᠨ ᠤ ᠬᠤᠩᠭ᠋ᠤᠯᠵᠢ ᠳᠤ ᠣᠴᠢᠵᠤ ᠴᠡᠷᠢᠭ᠌ ᠤᠨ ᠪᠠᠭᠢᠯᠠᠯᠳᠠ ᠪᠡᠯᠡᠳᠭᠡᠪᠡ᠃ ᠳᠠᠪᠢᠨ ᠨᠢᠭᠡᠳᠦᠭᠡᠷ ᠬᠤᠷᠢᠶ᠎ᠠ ᠶᠢᠨ ᠨᠢᠭᠡᠨ ᠰᠤᠮᠤ ᠴᠡᠷᠢᠭ᠌ ᠨᠢ ᠰᠢᠨ᠎ᠠ ᠪᠠᠷᠭᠤ ᠵᠡᠭᠦᠨ ᠬᠤᠰᠢᠭᠤᠨ ᠳᠤ ᠠᠮᠤᠭᠤᠯᠠᠩ ᠢ ᠰᠠᠭᠢᠪᠠ᠃

1945 ᠣᠨ ᠤ 8 ᠳ᠋ᠤᠭᠠᠷ ᠰᠠᠷ᠎ᠠ ᠶᠢᠨ 9 ᠊ᠤ ᠡᠳᠦᠷ ᠤᠨ ᠡᠷᠳᠡ ᠵᠦᠪᠯᠠᠯᠳᠤ ᠶᠢᠨ ᠣᠯᠠᠭᠠᠨ ᠴᠡᠷᠢᠭ᠌ ᠬᠠᠢ᠌ᠯᠠᠷ ᠬᠤᠳᠠ ᠶᠢ ᠳᠠᠯᠠᠨ ᠭᠡᠳᠤᠨ ᠨᠢᠰᠭᠡᠯ ᠶᠢᠡᠷ ᠳᠠᠭᠠᠷᠢᠨ ᠳᠠᠯᠪᠠᠴᠢᠵᠤ᠂ ᠨᠠᠠᠲ᠋ᠦ᠋ᠨ ᠢ ᠴᠤ ᠰᠦᠷᠴᠢᠨ ᠫᠣᠤᠳᠠᠯ᠎ᠠ᠃ ᠡᠨᠡ ᠪᠠᠢ᠌ᠳᠠᠯ ᠳᠤ ᠠᠷᠪᠠᠳᠤᠭᠠᠷ ᠴᠡᠷᠢᠭ᠌ ᠤᠨ ᠳᠤᠭᠤᠷᠢᠭ ᠤᠨ ᠰᠸᠯᠢᠩᠪᠦ᠋ ᠪᠠ ᠡᠯ᠎ᠡ ᠴᠡᠷᠢᠭ᠌ ᠠᠩᠭᠢ ᠪᠠᠴᠢᠮ ᠴᠤᠭᠯᠠᠷᠠᠵᠤ ᠪᠠᠢ᠌ᠯᠳᠤᠭᠠᠨ ᠤ ᠪᠡᠯᠡᠳᠭᠡᠯ ᠳᠤ ᠣᠷᠤᠪᠠ᠃

8 ᠳ᠋ᠤᠭᠠᠷ ᠰᠠᠷ᠎ᠠ ᠶᠢᠨ 9 ᠊ᠤ ᠦᠳᠡᠰᠢ ᠪᠦᠭᠦ ᠴᠡᠷᠢᠭ᠌ ᠤᠨ ᠳᠤᠭᠤᠷᠢᠭ ᠪᠣᠯᠤᠨ ᠬᠠᠢ᠌ᠯᠠᠷ ᠬᠤᠳᠠ᠂ ᠨᠠᠠᠲ᠋ᠦ᠋ᠨ ᠤ ᠴᠡᠷᠢᠭ᠌ ᠭᠦᠳᠡᠯᠵᠤ ᠢᠮᠢᠨ ᠭᠤᠤᠯ ᠢ ᠭᠠᠳᠤᠯᠤᠨ ᠭᠠᠷᠴᠤ ᠨᠢᠭᠡ ᠰᠦᠨᠢ ᠶᠠᠪᠣᠭᠠᠤᠨ 10 ᠊ᠤ ᠡᠳᠦᠷ ᠤᠨ ᠦᠷᠯᠦᠭᠡ ᠡᠷᠳᠡ ᠰᠢᠨᠡᠭᠡᠨ ᠤ ᠡᠯᠡᠰᠤᠨ ᠬᠤᠳᠤᠭᠤᠷ ᠲᠤ ᠣᠷᠤᠵᠤ ᠴᠡᠷᠢᠭ᠌᠂ ᠮᠤᠷᠢ ᠪᠠᠨ ᠠᠮᠠᠷᠠᠭᠤᠯᠪᠠ᠃ ᠰᠸᠯᠢᠩᠪᠦ᠋ ᠡᠴᠠ ᠪᠦᠭᠦ ᠴᠡᠷᠢᠭ᠌ ᠤᠨ ᠳᠠᠷᠤᠭ᠎ᠠ ᠨᠡᠷ ᠢ ᠴᠤᠭᠯᠠᠭᠤᠯᠵᠤ᠂ ᠭᠢᠩᠭ᠋ᠠᠨ ᠳᠠᠪᠠᠭᠠᠨ ᠳᠤ ᠣᠬᠤᠷᠢᠨ ᠣᠷᠤᠵᠤ ᠵᠦᠪᠯᠠᠯᠳᠤ ᠶᠢᠨ ᠣᠯᠠᠭᠠᠨ ᠴᠡᠷᠢᠭ᠌ ᠢ ᠬᠤᠷᠢᠭᠯᠠᠨ ᠰᠢ᠌ᠤᠠᠪᠣᠷᠢᠳᠤ ᠪᠠᠢ᠌ᠯᠳᠤᠭᠠᠨ ᠭᠢᠨ᠎ᠠ ᠭᠡᠪᠡ᠃

ᠡᠨᠡᠭᠦ ᠪᠠᠴᠢᠮ ᠪᠠᠢ᠌ᠳᠠᠯ ᠤᠨ ᠳᠤᠤᠷ᠎ᠠ ᠪᠦᠷᠦᠢ ᠳᠠᠰᠤᠷᠠᠬᠤ ᠦᠶᠡᠰ ᠨᠢᠭᠡᠨ ᠪᠣᠷᠢᠶᠠᠤᠨ ᠭᠦᠮᠤᠨ ᠭᠦᠷᠴᠤ ᠢᠷᠠᠨ 《ᠬᠤᠰᠢᠭᠤᠨ ᠤ ᠴᠠᠷᠠᠨ ᠳᠠᠷᠤᠭ᠎ᠠ ᠳᠠ ᠨᠡᠷ ᠢ ᠳᠠᠷᠣᠢ᠌ᠬᠠᠨ ᠶᠠᠫᠤᠳᠴᠤᠳ ᠡᠴᠠ ᠰᠠᠯᠪᠠᠯ ᠳᠡᠭᠡᠷ᠎ᠡ ᠪᠢᠰᠢ ᠦᠦ᠂ ᠡᠨᠡ ᠥᠭᠡ ᠶᠢ ᠮᠤᠩᠭ᠋ᠤᠯ ᠳᠠᠷᠤᠭ᠎ᠠ ᠨᠡᠷ ᠲᠠᠭᠠᠨ ᠳᠠᠮᠵᠢᠭᠤᠯᠵᠤ ᠭᠡᠯᠡᠭᠡᠷᠡᠢ᠂ ᠨᠢᠭᠤᠴᠠ ᠰᠢᠤ ︕》 ᠭᠡᠪᠡ᠃

ᠪᠢᠳᠠᠨ ᠤ ᠳᠤᠳᠤᠷ᠎ᠠ ᠭᠤᠴᠢ ᠰᠢᠬᠠᠮ ᠶᠠᠫᠣᠨ ᠴᠡᠷᠢᠭ᠌ ᠪᠠᠢ᠌ᠭᠰᠠᠨ ᠶᠤᠮ᠃ ᠮᠠᠷᠭᠠᠰᠢ ᠶᠠᠫᠤᠳᠴᠤᠳ ᠢ ᠠᠯᠠᠭᠠᠤᠨ ᠵᠦᠪᠯᠠᠯᠳᠤ ᠶᠢᠨ ᠣᠯᠠᠭᠠᠨ ᠴᠡᠷᠢᠭ᠌ ᠲᠤ ᠪᠠᠭᠤᠵᠤ ᠦᠭ‍ᠭᠦ ᠪᠠᠷ ᠰᠢᠭᠤᠳᠤᠯ᠎ᠠ᠃ ᠢᠩᠭᠢᠭᠡᠳ ᠢᠳᠡᠭᠡᠯ ᠨᠠᠢ᠌ᠳᠠᠪᠣᠷᠢᠳᠠᠢ ᠮᠤᠩᠭ᠋ᠤᠯ ᠠᠬ᠎ᠠ ᠳᠡᠭᠦᠤ ᠨᠡᠷ ᠲᠠᠭᠠᠨ ᠶᠠᠫᠣᠠᠴᠤᠳ ᠢ ᠠᠯᠠᠬᠤ ᠪᠠᠷ ᠳᠤᠭᠢᠷᠠᠭᠤᠯᠪᠠ᠃

ᠨᠢ᠋ᠮᠠᠨ ᠰᠠᠷ᠎ᠠ ᠶᠢᠨ ᠠᠷᠪᠠᠨ ᠨᠢᠭᠡᠨ ᠤ ᠡᠷᠳᠡ ᠪᠦᠭᠦ ᠮᠤᠷᠢᠳᠤ ᠴᠡᠷᠢᠭ᠌ ᠭᠢᠩᠭ᠋ᠠᠨ ᠳᠠᠪᠠᠭ᠎ᠠ ᠶᠢ ᠴᠢᠭᠯᠡᠨ ᠣᠷᠤᠭᠰᠢᠯᠠᠵᠤ ᠰᠢᠨᠡᠭᠡᠨ ᠰᠦᠮ᠎ᠡ ᠶᠢᠨ ᠵᠡᠭᠦᠨ ᠪᠠᠶ᠎ᠠ ᠳᠤ ᠡᠯᠡᠰᠤ ᠲᠡᠶ ᠪᠦᠭᠡᠷᠡᠭ᠌ ᠭᠠᠵᠠᠷ ᠭᠦᠷᠭᠦ ᠳᠤ ᠴᠡᠷᠢᠭ᠌ ᠳᠠᠭᠠᠭᠤᠯᠵᠤ ᠪᠠᠢ᠌ᠭᠰᠠᠨ ᠵᠸᠩᠵᠤᠷᠵᠠᠪ ᠭᠡᠨᠡᠳᠲᠡ ᠭᠠᠷ ᠡᠷᠭᠦᠨ 《ᠴᠡᠷᠢᠭ᠌ ᠬᠣᠢ᠌ᠰᠢ ᠣᠬᠤᠷᠢ ︕》 ᠭᠡᠵᠤ ᠵᠠᠷᠯᠢᠭᠳᠠᠪᠠ᠃ ᠣᠯᠠᠨ ᠴᠡᠷᠢᠭ᠌ ᠮᠤᠷᠢᠨ ᠤ ᠭᠦᠯ ᠥᠢᠮᠡᠭᠡᠨ ᠪᠣᠯᠪᠠ᠃ ᠰᠠᠨᠠᠮᠰᠠᠷ ᠦᠭᠡᠶ ᠪᠠᠢ᠌ᠭᠰᠠᠨ ᠭᠤᠴᠢ ᠭᠠᠷᠤᠢ ᠶᠠᠫᠣᠨ ᠴᠡᠷᠢᠭ᠌ ᠊ᠭ᠍ᠱᠡᠨ ᠵᠠᠭᠤᠷ᠎ᠠ ᠮᠤᠩᠭ᠋ᠤᠯ ᠭᠦᠪᠠᠭᠦᠨ ᠤᠨ ᠭᠠᠷ ᠲᠤ ᠣᠰᠠᠳᠬᠠᠭᠳᠠᠪᠠ᠃ ᠶᠠᠫᠣᠠᠴᠤᠳ ᠤᠨ ᠥᠭᠦᠳᠡᠯ ᠢ ᠪᠦᠷᠢᠳᠭᠡᠭᠦ ᠦᠶᠡᠰ ᠲᠤ ᠭᠤᠷᠪᠠ ᠳᠦᠷᠪᠠᠨ ᠶᠠᠫᠣᠨ ᠭᠦᠮᠤᠨ ᠳᠤᠳᠠᠭᠠᠭᠰᠠᠨ ᠢ ᠮᠠᠳᠠᠪᠠ᠃

ᠡᠨᠡ ᠦᠶᠡᠰ ᠲᠤ ᠭᠠᠯᠳᠤ ᠳᠡᠷᠭᠡ ᠨᠡᠪᠳᠡᠷᠡᠭᠦ ᠪᠠᠨ ᠵᠤᠭᠰᠤᠵᠠᠢ᠃ ᠴᠡᠷᠢᠭ᠌ ᠤᠳ ᠰᠢᠷ᠎ᠠ ᠬᠤᠪᠴᠠᠰᠤ ᠲᠡᠶ ᠪᠦᠭᠡᠳ ᠰᠤᠯᠢᠬᠤ ᠡᠩ ᠤᠨ ᠠᠷᠠᠤᠨ ᠤᠨ ᠰᠤᠯᠠ ᠬᠤᠪᠴᠠᠰᠤ ᠪᠠᠢ᠌ᠬᠤ ᠦᠭᠡᠶ᠃ ᠨᠤᠳᠤᠭ ᠵᠥᠭ᠌ ᠪᠣᠴᠠᠬᠤ ᠳᠤ ᠵᠠᠮ ᠤᠨ ᠵᠠᠷᠤᠳᠠᠯ ᠪᠣᠯᠭᠠᠬᠤ ᠵᠤᠭᠤᠰ ᠮᠦᠩᠭᠦ ᠴᠤ ᠪᠠᠢ᠌ᠬᠤ ᠦᠭᠡᠶ᠃ ᠡᠳᠡᠭᠡᠷ ᠣᠯᠠᠨ ᠴᠡᠷᠢᠭ᠌ ᠤᠳ ᠢ ᠳᠠᠷᠬᠠᠭᠠᠵᠤ ᠵᠥᠭ᠌ ᠪᠣᠯᠭᠠᠨ ᠳᠤ ᠶᠠᠪᠣᠭᠤᠯᠪᠠᠯ ᠠᠷᠠᠤᠨ ᠲᠤ ᠠᠯᠠᠭᠳᠠᠬᠤ ᠪᠣᠶᠤ ᠵᠦᠪᠯᠠᠯᠳᠤ ᠶᠢᠨ ᠴᠡᠷᠢᠭ᠌ ᠲᠤ ᠠᠯᠠᠭᠳᠠᠵᠤ ᠮᠠᠳᠠᠨ᠎ᠠ᠃ ᠡᠢ᠌ᠮᠤ ᠪᠠᠢ᠌ᠳᠠᠯ ᠳᠤ ᠨᠠᠢ᠌ᠳᠠ ᠪᠠᠷ ᠶᠢᠡᠨ ᠵᠦᠪᠯᠠᠯᠳᠤ ᠶᠢᠨ ᠣᠯᠠᠭᠠᠨ ᠠᠷᠮᠢ ᠳᠤ ᠪᠠᠭᠤᠵᠤ ᠥᠭ᠍ᠪᠠᠯ ᠳᠡᠭᠡᠷ᠎ᠡ ᠪᠠᠢ᠌ᠯ᠎ᠠ᠃

ᠣᠷᠤᠰ ᠪᠢᠴᠢᠭ᠌ ᠲᠡᠶ ᠰᠤᠯᠤᠨ ᠬᠤᠰᠢᠭᠤᠨ ᠤ ᠳᠠᠷᠤᠭ᠎ᠠ ᠴᠠᠷᠠᠨ ᠢ ᠵᠠᠯᠠᠵᠤ ᠠᠪᠴᠢᠷᠠᠨ ᠵᠦᠪᠯᠠᠯᠳᠤ ᠶᠢᠨ ᠣᠯᠠᠭᠠᠨ ᠠᠷᠮᠢ ᠳᠤ ᠪᠠᠭᠤᠵᠤ ᠦᠭ‍ᠭᠦ ᠪᠢᠴᠢᠭ᠌ ᠢ ᠪᠢᠴᠢᠭᠦᠯᠪᠡ᠃ ᠨᠢ᠋ᠮᠠᠨ ᠰᠠᠷ᠎ᠠ ᠶᠢᠨ ᠠᠷᠪᠠᠨ ᠬᠤᠶᠠᠷ ᠤᠨ ᠡᠷᠳᠡ ᠣᠳᠤ ᠶᠢᠨ ᠰᠢᠨᠡᠭᠡᠨ ᠪᠠᠷᠠᠭᠤᠨ ᠰᠤᠮᠤ ᠶᠢᠨ ᠨᠤᠳᠤᠭ 《ᠣᠯᠠᠭᠠᠨ ᠬᠠᠷᠠᠭᠠᠨ᠎ᠠ》 ᠭᠡᠳᠡᠭ᠌ ᠭᠠᠵᠠᠷ ᠲᠤ ᠵᠦᠪᠯᠠᠯᠳᠤ ᠶᠢᠨ ᠣᠯᠠᠭᠠᠨ ᠠᠷᠮᠢ ᠳᠤ ᠪᠠᠭᠤᠵᠤ ᠦᠭ‍ᠭᠦ ᠪᠢᠴᠢᠭ᠌ ᠢ ᠴᠠᠷᠠᠨ ᠬᠤᠰᠢᠭᠤᠨ ᠳᠠᠷᠤᠭ᠎ᠠ ᠦᠪᠡᠷ ᠤᠨ ᠪᠠᠶ᠎ᠠ ᠪᠠᠷ ᠭᠦᠷᠭᠡᠵᠤ ᠥᠭ᠍ᠪᠡ᠃

ᠵᠦᠪᠯᠠᠯᠳᠤ ᠶᠢᠨ ᠴᠡᠷᠢᠭ᠌ ᠤᠨ ᠳᠠᠯ᠎ᠠ ᠶᠢᠨ ᠭᠢᠨ ᠪᠠᠭᠤᠵᠤ ᠦᠭ‍ᠭᠦ ᠪᠢᠴᠢᠭ᠌ ᠢ ᠭᠦᠯᠢᠶᠡᠨ ᠠᠪᠣᠭᠰᠠᠨ ᠤ ᠳᠠᠷᠠᠭ᠎ᠠ 《ᠣᠯᠠᠭᠠᠨ ᠬᠠᠷᠠᠭᠠᠨ᠎ᠠ》 ᠭᠡᠳᠡᠭ᠌ ᠭᠠᠵᠠᠷ ᠲᠤ ᠪᠠᠭᠤᠵᠤ ᠦᠭ‍ᠭᠦ ᠶᠢ ᠵᠦᠪᠰᠢᠶᠠᠷᠠᠯ᠎ᠠ᠃ ᠭᠡᠭᠦ ᠳᠡᠭᠡᠨ ᠫᠣᠤ ᠵᠡᠪᠰᠡᠭ᠌ ᠳᠤᠰᠢᠶᠠᠬᠤ ᠳᠤ ᠫᠣᠤ ᠳᠤᠤᠭᠠᠷᠭᠠᠵᠤ ᠪᠣᠯᠬᠤ ᠦᠭᠡᠶ᠃ ᠭᠡᠷᠪᠡ ᠫᠣᠤ ᠭᠦᠳᠡᠯᠭᠡᠭ᠍ᠰᠡᠨ ᠪᠠᠢ᠌ᠪᠠᠯ ᠮᠠᠨ ᠤ ᠪᠦᠭᠦ ᠴᠡᠷᠢᠭ᠌ ᠢ ᠪᠦᠭᠦᠨ ᠢ ᠣᠰᠠᠳᠬᠠᠨ᠎ᠠ ᠭᠡᠪᠡ᠃

ᠢᠮᠢᠨ ᠭᠤᠤᠯ ᠤᠨ ᠴᠠᠭᠠᠨ᠎ᠠ ᠵᠦᠪᠯᠠᠯᠳᠤ ᠶᠢᠨ ᠣᠯᠠᠭᠠᠨ ᠠᠷᠮᠢ ᠶᠢᠨ ᠴᠡᠷᠢᠭ᠌ ᠣᠯᠠᠨ ᠶᠡᠭᠡ ᠫᠣᠤ ᠵᠡᠷᠭᠡᠴᠡᠭᠦᠯᠤᠨ᠂ ᠫᠦᠯᠸᠮᠸᠲ᠋ ᠢ ᠣᠯᠠᠨ ᠠᠴᠢᠶᠠᠨ ᠤ ᠮᠠᠰᠢᠨ ᠳᠡᠷᠭᠡᠨ ᠳᠡᠭᠡᠷ᠎ᠡ ᠮᠠᠨ ᠤ ᠵᠥᠭ᠌ ᠬᠠᠠᠳᠤᠭᠤᠯᠤᠨ ᠳᠠᠯᠪᠢᠵᠠᠢ᠃ ᠣᠯᠠᠨ ᠠᠦ᠋ᠲ᠋ᠤᠮᠠᠲ᠋ ᠫᠣᠤ ᠪᠠᠷᠢᠭᠰᠠᠨ ᠵᠦᠪᠯᠠᠯᠳᠤ ᠶᠢᠨ ᠴᠡᠷᠢᠭ᠌ ᠤᠳ ᠪᠢᠳᠠᠨ ᠢ ᠬᠠᠪᠴᠢᠨ ᠵᠤᠭᠰᠤᠵᠤ ᠪᠠᠢ᠌ᠪᠠ᠃ ᠪᠢᠳᠠ ᠢᠮᠢᠨ ᠭᠤᠤᠯ ᠢ ᠭᠠᠳᠤᠯᠵᠤ ᠭᠠᠷᠤᠮᠠᠭᠴᠠ ᠫᠣᠤ ᠵᠡᠪᠰᠡᠭ᠌ ᠶᠢᠡᠨ ᠭᠠᠵᠠᠷ ᠲᠤ ᠳᠠᠯᠪᠢᠨ ᠳᠤᠰᠢᠶᠠᠭᠠᠤᠨ᠂ ᠵᠦᠪᠯᠠᠯᠳᠤ ᠴᠡᠷᠢᠭ᠌ ᠤᠨ ᠵᠠᠷᠯᠢᠭ ᠵᠢᠭᠠᠪᠣᠷᠢ ᠪᠠᠷ ᠮᠠᠨᠤᠰ ᠢ ᠮᠤᠩᠭ᠋ᠤᠯ ᠣᠯᠤᠰ ᠤᠨ ᠬᠠᠮᠠᠷ ᠳᠠᠪᠠᠭ᠎ᠠ ᠭᠡᠳᠡᠭ᠌ ᠭᠠᠵᠠᠷ ᠲᠤ ᠳᠠᠭᠤᠵᠤ ᠠᠪᠴᠢᠷᠠᠪᠠ᠃

ᠡ᠊ᠨᠳᠡ ᠰᠠᠷ᠎ᠠ ᠭᠠᠷᠤᠢ ᠪᠣᠯᠬᠤ ᠬᠤᠭᠤᠴᠠᠭᠠᠨ ᠳᠤ ᠢᠳᠠᠰᠢ ᠣᠤᠭᠤᠰᠢ ᠳᠤᠳᠠᠭᠳᠠᠨ ᠥᠯᠦᠰᠭᠦᠯᠡᠩ ᠤᠨ ᠠᠶᠤᠯ ᠳᠤ ᠣᠴᠠᠷᠠᠪᠠ᠃

ᠡᠨᠡ ᠦᠶ᠎ᠡ ᠳᠤ ᠢᠮᠢᠨ ᠭᠠᠴᠠᠭᠠᠨ ᠤ ᠫᠣᠤᠴᠢᠨ ᠣᠪᠣᠭᠳᠤ ᠱᠠᠩᠳᠤᠷᠵᠢ ᠨᠢᠭᠡᠨ ᠮᠤᠷᠢ ᠣᠯᠵᠤ ᠠᠪᠴᠢᠷᠠᠨ ᠴᠡᠷᠢᠭ᠌ ᠤᠨ ᠮᠠᠢ᠌ᠬᠠᠨ ᠳᠠᠭᠠᠨ ᠴᠢᠷᠴᠤ ᠣᠷᠤᠭᠤᠯᠤᠨ ᠠᠯᠠᠭᠠᠤᠨ᠂ ᠮᠤᠷᠢᠨ ᠤ ᠮᠢᠬ᠎ᠠ ᠶᠢ ᠭᠡᠰᠡᠭ᠌ ᠭᠡᠰᠡᠭ᠌ ᠪᠣᠯᠭᠠᠨ ᠬᠤᠪᠢᠶᠠᠵᠤ ᠮᠠᠢ᠌ᠬᠠᠨ ᠤ ᠳᠤᠤᠭᠤᠷ ᠭᠠᠳᠠᠭᠰᠢ ᠨᠢ ᠭᠠᠷᠭᠠᠵᠤ ᠬᠠᠷᠠᠩᠭ᠋ᠠᠯᠠᠵᠤ ᠪᠠᠢ᠌ᠭ᠎ᠠ ᠴᠡᠷᠢᠭ᠌ ᠤᠳ ᠲᠤ ᠦᠯ ᠵᠠᠯᠭᠠᠭᠤᠯᠵᠤ ᠬᠤᠪᠢᠶᠠᠵᠤ ᠦᠭ‍ᠪᠡ᠃

ᠬᠠᠮᠠᠷ ᠳᠠᠪᠠᠭ᠎ᠠ ᠡᠴᠠ ᠳᠠᠭᠢᠨ ᠬᠠᠢ᠌ᠯᠠᠷ ᠲᠤ ᠪᠣᠴᠠᠬᠤ ᠵᠠᠮ ᠳᠤ ᠴᠡᠷᠢᠭ᠌ ᠤᠳ ᠶᠠᠳᠠᠷᠠᠵᠤ ᠦᠯ ᠬᠤᠭᠤᠯᠠ ᠦᠭᠡᠶ ᠶᠠᠪᠠᠭᠠᠨ ᠶᠠᠪᠣᠬᠤ ᠳᠤ ᠵᠠᠷᠢᠮ ᠴᠡᠷᠢᠭ᠌ ᠤᠳ ᠪᠠᠶ᠎ᠠ ᠮᠠᠭᠤᠳᠠᠵᠤ ᠵᠢᠭᠰᠠᠭᠠᠯ ᠶᠢᠡᠨ ᠳᠠᠭᠠᠵᠤ ᠳᠡᠢ᠌ᠯᠭᠦ ᠦᠭᠡᠶ ᠶᠡᠭᠡ ᠵᠦᠳᠡᠷᠡᠵᠠᠢ᠃ ᠭᠡᠨ ᠨᠢᠭᠡᠨ ᠪᠠᠢ᠌ᠯᠳᠤᠭᠴᠢ ᠴᠡᠷᠢᠭ᠌ ᠤᠨ ᠡᠩᠨᠡᠭᠡ ᠪᠠᠨ ᠳᠠᠭᠠᠵᠤ ᠴᠢᠳᠠᠬᠤ ᠦᠭᠡᠶ ᠪᠣᠯᠤᠭᠰᠠᠭᠠᠷ ᠣᠷᠤᠰ ᠴᠡᠷᠢᠭ᠌ ᠢᠯᠳᠠᠷ ᠦᠭᠡᠶ ᠪᠠᠷ ᠫᠣᠤᠳᠠᠨ ᠠᠯᠠᠳᠠᠭ᠃ ᠥᠭᠡᠯᠡᠳ ᠤᠨ ᠳᠤᠷᠭᠤᠳ ᠣᠪᠣᠭᠳᠤ ᠵᠢᠭ᠍ᠰᠦ᠋ᠷᠦᠩ ᠪᠠᠶ᠎ᠠ ᠨᠢ ᠡᠪᠡᠳᠴᠢᠯᠡᠨ ᠴᠡᠷᠢᠭ᠌ ᠤᠨ ᠶᠡᠭᠡ ᠵᠢᠭᠰᠠᠭᠠᠯ ᠶᠢᠡᠨ ᠶᠠᠭ ᠳᠠᠭᠠᠵᠤ ᠳᠡᠢ᠌ᠯᠭᠦ ᠦᠭᠡᠶ ᠪᠣᠯᠵᠠᠢ᠃ ᠭᠡᠷᠪᠡ ᠢᠩᠭᠢᠭᠡᠳ ᠬᠤᠴᠤᠷᠤᠭᠰᠠᠭᠠᠷ ᠣᠷᠤᠰ ᠴᠡᠷᠢᠭ᠌ ᠲᠤ ᠫᠣᠤᠳᠠᠭᠳᠠᠨ ᠠᠯᠠᠭᠳᠠᠨ᠎ᠠ᠃ ᠣᠷᠤᠰ ᠴᠡᠷᠢᠭ᠌ ᠲᠤ ᠫᠣᠤᠳᠠᠭᠤᠯᠬᠤ ᠦᠭᠡᠶ ᠶᠢᠨ ᠲᠦᠯᠦᠭᠡ ᠴᠡᠷᠢᠭ᠌ ᠲᠤ ᠬᠠᠮᠳᠤ ᠪᠠᠢ᠌ᠭ᠎ᠠ ᠨᠥᠭᠦᠤᠨ ᠪᠣᠶᠤ ᠥᠭᠡᠯᠡᠳ ᠤᠨ ᠬᠠᠮᠳᠤ ᠪᠠᠢ᠌ᠯᠴᠠᠭᠰᠠᠨ ᠭᠦᠮᠦᠰ ᠵᠢᠭ᠍ᠰᠦ᠋ᠷᠦᠩ ᠢ ᠰᠤᠭᠤᠳᠠᠨ ᠴᠢᠷᠴᠤ ᠴᠢᠩᠭ᠋ᠠᠭᠠᠵᠤ ᠶᠠᠪᠣᠭᠠᠤᠨ ᠳᠡᠭᠦᠨ ᠤ ᠠᠮᠢ ᠶᠢ ᠠᠪᠣᠷᠠᠭᠰᠠᠨ ᠶᠤᠮ᠃

ᠬᠠᠢ᠌ᠯᠠᠷ ᠲᠤ ᠭᠦᠷᠴᠤ ᠢᠷᠡᠭ᠍ᠰᠡᠨ ᠤ ᠳᠠᠷᠠᠭ᠎ᠠ ᠰᠢᠭᠤᠳ ᠵᠡᠭᠦᠨ ᠠᠭᠤᠯᠠᠨ ᠳᠤ ᠳᠠᠭᠤᠵᠤ ᠠᠪᠠᠴᠢᠨ ᠳᠠᠪᠤᠨ ᠰᠠᠷ᠎ᠠ ᠰᠢᠬᠠᠮ ᠬᠠᠷ᠎ᠠ ᠠᠵᠢᠯ ᠭᠢᠯᠭᠡᠪᠡ᠃ ᠡᠨᠡ ᠦᠶᠡᠰ ᠲᠤ ᠬᠠᠯᠠᠭᠤᠨ ᠭᠢᠵᠢᠭ᠌ ᠡᠪᠡᠳᠴᠢᠨ ᠳᠡᠯᠭᠡᠷᠡᠵᠤ ᠬᠠᠯᠳᠠᠪᠣᠷᠢᠯᠠᠭᠠᠤᠨ ᠬᠤᠶᠠᠷ ᠵᠠᠭᠤ ᠭᠠᠷᠤᠢ ᠭᠦᠮᠤᠨ ᠥᠭᠦᠵᠡᠢ᠃ ᠡᠪᠡᠳᠴᠢᠳᠡᠨ ᠨᠢᠭᠡ ᠥᠭᠦᠪᠠᠯ ᠨᠢᠭᠡ ᠶᠢ ᠨᠢ ᠭᠡᠷ ᠡᠴᠠ ᠭᠠᠷᠭᠠᠨ ᠭᠠᠳᠠᠨ᠎ᠠ ᠬᠠᠶᠠᠵᠤ ᠪᠠᠢ᠌ᠳᠠᠯ᠎ᠠ ᠥᠭᠦᠳᠡᠯ ᠣᠪᠣᠭᠠᠷᠠᠭᠠᠤᠨ ᠭᠦᠢᠳᠡᠨ ᠳᠤ ᠳᠠᠷᠠᠢ᠌ᠳᠠᠯ᠎ᠠ ᠭᠦᠯᠳᠡᠴᠢᠭᠡᠭ᠍ᠰᠡᠨ ᠪᠠᠢ᠌ᠯ᠎ᠠ᠃

ᠡᠨᠡ ᠬᠠᠯᠠᠭᠤᠨ ᠭᠡᠵᠢᠭ᠌ ᠡᠪᠡᠳᠴᠢᠨ ᠳᠤ ᠥᠭᠡᠯᠡᠳ ᠤᠨ ᠴᠣᠢ᠌ᠳᠤᠪ ᠨᠠᠰᠤ ᠪᠠᠷᠠᠵᠠᠢ᠃ ᠭᠦᠳᠡᠯᠮᠦᠷᠢ ᠳᠤ ᠪᠠᠢ᠌ᠭᠰᠠᠨ ᠡᠳᠡᠭᠡᠷ ᠭᠦᠮᠦᠰ ᠤᠨ ᠠᠮᠢᠳᠤᠷᠠᠯ ᠭᠡᠴᠡᠭᠦᠳᠡᠭᠡᠳ ᠢᠷᠠᠪᠠ᠃ ᠦᠯᠦᠰᠴᠤ ᠳᠠᠭᠠᠷᠠᠭᠰᠠᠨ ᠴᠡᠷᠢᠭ᠌ ᠤᠳ ᠵᠦᠪᠯᠠᠯᠳᠤ ᠶᠢᠨ ᠴᠡᠷᠢᠭ᠌ ᠤᠨ ᠬᠠᠯᠢᠰᠤᠯᠠᠭᠠᠤᠨ ᠭᠠᠵᠠᠷ ᠳᠤ ᠬᠠᠶᠠᠭᠰᠠᠨ ᠲᠦᠮᠦᠰᠦᠨ ᠤ ᠬᠠᠯᠢᠰᠤ ᠶᠢ ᠳᠡᠭᠦᠵᠤ ᠢᠳᠡᠭᠦ ᠳ᠋ᠤᠨᠢ ᠵᠦᠪᠯᠠᠯᠳᠤ ᠶᠢᠨ ᠴᠡᠷᠢᠭ᠌ ᠬᠠᠷᠠᠵᠤ ᠪᠠᠢ᠌ᠭᠠᠤᠨ ᠳᠡᠭᠡᠷ᠎ᠡ ᠡᠴᠠ ᠫᠣᠤᠳᠠᠨ ᠠᠯᠠᠴᠢᠬᠠᠨ᠎ᠠ᠃

ᠬᠠᠷ᠎ᠠ ᠬᠠᠳᠠᠭᠤ ᠭᠦᠳᠡᠯᠮᠦᠷᠢ ᠭᠢᠵᠤ ᠪᠠᠢ᠌ᠭᠰᠠᠨ ᠴᠡᠷᠢᠭ᠌ ᠤᠳ ᠥᠯᠦᠰᠭᠦ ᠳᠡᠭᠡᠨ ᠡᠤ ᠵᠠᠩ ᠹᠠᠩ᠂ ᠯᠢᠤ ᠵᠠᠩ ᠹᠠᠩ ᠤᠨ ᠳᠠᠠᠳᠠ ᠴᠠᠭᠠᠨ ᠨᠤᠭᠤᠭ᠎ᠠ ᠶᠢ ᠳᠦᠭᠦᠭᠡᠢ ᠪᠠᠷ ᠢᠳᠠᠵᠤ ᠭᠦᠢᠳᠡᠨ ᠳᠤ ᠳᠠᠭᠠᠷᠠᠬᠤ ᠳᠠᠭᠠᠨ ᠭᠡᠳᠡᠰᠤ ᠨᠢ ᠭᠦᠭᠡᠭᠡᠵᠤ ᠳᠠᠯᠪᠠᠷᠠᠵᠤ ᠥᠭᠦᠳᠡᠭ᠌᠃ ᠡᠳᠡᠭᠡᠷ ᠴᠡᠷᠢᠭ᠌ ᠤᠨ ᠭᠦᠮᠦᠰ ᠭᠦᠢᠳᠡᠨ ᠳᠤ ᠳᠠᠭᠠᠷᠠᠵᠤ ᠪᠠᠭᠡᠷᠡᠵᠤ ᠦᠯᠦᠰᠴᠤ ᠦᠯᠪᠠᠷᠤᠨ ᠬᠠᠯᠠ ᠵᠤᠪᠠᠯᠠᠩ ᠶᠢᠡᠨ ᠬᠠᠨᠤᠳᠠᠯ᠎ᠠ ᠡᠳ᠋ᠯᠡᠯ᠎ᠡ᠃ 1946 ᠣᠨ ᠤ 2 ᠰᠠᠷ᠎ᠠ ᠳᠤ ᠪᠣᠰᠤᠯᠭ᠎ᠠ ᠭᠠᠷᠭᠠᠵᠤ ᠪᠠᠭᠤᠵᠤ ᠦᠭ‍ᠭᠦᠭ᠍ᠰᠡᠨ ᠴᠡᠷᠢᠭ᠌ ᠤᠳ ᠳᠠᠯᠪᠢᠭᠳᠠᠵᠤ ᠭᠡᠷ ᠲᠡᠭᠡᠨ ᠪᠣᠴᠠᠵᠤ ᠬᠠᠷᠢᠪᠠ᠃

ᠨᠤᠳᠤᠭ ᠤᠨ ᠥᠭᠡᠯᠡᠳ ᠴᠡᠷᠢᠭ᠌ ᠤᠳ ᠴᠤ ᠭᠡᠷ ᠲᠡᠭᠡᠨ ᠠᠮᠢᠳᠤ ᠮᠠᠠᠳᠤ ᠬᠠᠷᠢᠵᠤ ᠢᠷᠠᠯ᠎ᠠ᠃


** ᠭᠠᠷᠴᠠ ᠊᠊᠊᠊᠊᠊᠊᠊᠊᠊᠊᠊᠊᠊᠊ ᠭᠠᠳᠤᠯᠭ᠎ᠠ


ᠵᠤᠬᠢᠶᠠᠭᠴᠢ ᠶᠢᠨ ᠬᠠ‍‌ᠶᠢᠭ ᠄ ᠧᠡᠩᠭᠢ ᠶᠢᠨ ᠳᠸᠯᠸᠢᠰ ᠬᠤᠷᠢᠶ᠎ᠠ

ᠵᠤᠬᠢᠶᠠᠭᠴᠢ᠄ ᠥᠭᠡᠯᠡᠳ·ᠵᠠᠮᠰᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠮᠤᠩᠭᠤᠯ ᠲᠡᠦᠬᠡ
ᠳᠠᠷᠤᠮ᠄ 2732
ᠴᠠᠭ᠄ 2012 ᠤᠨ ᠤ 02 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁