ᠨᠤᠳᠤᠭ
(ᠪᠣᠭᠳᠠ ᠡᠵᠡᠨ ᠤ ᠮᠡᠡᠳᠦᠯᠡᠭ᠍ᠰᠡᠨ 850 ᠵᠢᠯ ᠤᠨ ᠣᠢ ᠳᠤ ᠵᠤᠷᠢᠭᠤᠯᠪᠠ)

ᠡᠭᠡ ᠨᠤᠳᠤᠭ ᠤᠨ ᠮᠢᠨᠢ ᠨᠤᠶᠠᠨ ᠰᠠᠯᠭᠢᠨ ᠳᠤ ᠭᠤᠳᠣᠢ᠌ᠳᠠᠭ ᠦᠭᠡᠶ ᠰᠥᠰᠦᠭ᠌ ᠰᠥᠵᠢᠭ᠌ ᠲᠡᠶ ᠡᠭ᠍ᠴᠡ ᠪᠣᠰᠤᠭ᠎ᠠ ᠡᠯᠢᠭᠡᠨ ᠬᠠᠳᠠᠨ ᠤ ᠬᠠᠩᠬᠠᠭᠠᠷ ᠦᠷᠭᠡᠨ ᠡᠩᠭᠡᠷ ᠴᠡᠭᠡᠵᠢᠨ ᠳᠤ ᠳᠡᠯᠭᠡᠭ᠍ᠳᠡᠭ᠍ᠰᠡᠨ ᠥᠵᠦᠭᠦᠷ ᠦᠭᠡᠶ ᠠᠭᠤᠵᠢᠮ ᠭᠡᠭᠡᠷ᠎ᠡ ᠶᠢᠨ ᠴᠠᠭᠢᠯᠳᠠᠭ ᠤᠨ ᠴᠡᠴᠡᠭ᠌᠂ ᠮᠢᠨᠤ ᠣᠨᠠᠭᠠᠨ ᠪᠠᠭ᠎ᠠ ᠶᠢᠨ ᠣᠬᠠᠭᠠᠨ ᠪᠣᠳᠤᠯ ᠤᠨ ᠴᠢᠮᠡᠭ᠌ ᠪᠣᠯᠤᠨ ᠲᠦᠯᠤᠵᠢᠵᠤ᠂ ᠣᠷᠤᠭᠰᠢ ᠳᠠᠪᠰᠢᠬᠤ ᠶᠢᠨ ᠠᠤᠭ᠎ᠠ ᠭᠦᠴᠤᠨ ᠤ ᠡᠭᠢ ᠪᠣᠯᠤᠨ ᠣᠠᠳᠤᠷᠤᠭᠰᠠᠭᠠᠷ᠂ ᠣᠨ ᠣᠨ ᠤ ᠦᠯᠵᠡᠢ ᠪᠠᠯᠭᠡ ᠶᠢ ᠰᠤᠶᠤᠵᠤ᠂ ᠣᠬᠠᠭᠠᠠᠳᠤ ᠰᠢᠠᠳᠠᠰᠤᠳᠠᠨ ᠤ ᠣᠷᠠᠨ ᠳᠠᠮ ᠢ ᠢᠯᠡᠭᠡᠨ᠂ ᠣᠨ ᠤ ᠠᠶᠠᠨ ᠳᠤ ᠰᠢᠳᠦᠭᠡᠨ ᠪᠣᠯᠤᠨ ᠰᠥᠭᠯᠡᠢ᠌ᠵᠤ᠂ ᠰᠠᠷ᠎ᠠ ᠶᠢᠨ ᠰᠠᠢ᠌ᠬᠠᠨ ᠳᠤ ᠰᠠᠷᠵᠢᠮ ᠪᠣᠯᠤᠨ ᠮᠢᠯᠢᠶᠠᠵᠤ ᠶᠠᠪᠣᠨ᠎ᠠ᠁

ᠭᠦᠭᠡ ᠳᠡᠭ᠍ᠷᠢ ᠶᠢᠨ ᠰᠦᠷᠯᠡᠭᠦᠨ ᠳᠤ ᠬᠤᠴᠢᠭᠳᠠᠨ᠂ ᠭᠦᠷᠦᠰᠦᠳᠤ ᠳᠡᠯᠡᠭᠡᠢ ᠶᠢᠨ ᠰᠥᠵᠢᠭ᠌ ᠶᠢᠡᠷ ᠮᠢᠯᠢᠶᠠᠭᠳᠠᠭᠰᠠᠨ ᠡᠯᠢᠭᠡᠨ ᠬᠠᠢ᠌ᠷᠠᠳᠤ ᠡᠭᠡ ᠨᠤᠳᠤᠭ ᠲᠤ ᠪᠠᠨ ᠪᠢ ᠭᠢᠵᠠᠭᠠᠷ ᠦᠭᠡᠶ ᠭᠦᠨ ᠴᠡᠩᠭᠡᠷ ᠭᠦᠰᠡᠯ ᠶᠢᠡᠨ ᠢᠯᠡᠭᠡᠵᠤ᠂ ᠬᠠᠷᠠᠮᠰᠠᠯ᠂ ᠭᠤᠮᠤᠳᠠᠯ᠂ ᠣᠴᠠᠭᠠᠷᠯᠠᠯ᠂ ᠠᠭᠤᠴᠢᠯᠠᠯ ᠪᠦᠭᠦᠨ ᠲᠡᠶ ᠵᠡᠷᠭᠡᠴᠡᠨ ᠪᠠᠭ᠎ᠠ ᠪᠠᠯᠴᠢᠷ ᠣᠢ ᠳᠤ᠋ ᠳᠤ ᠪᠠᠨ ᠪᠠᠶᠠᠰᠤᠯ ᠤᠨ ᠳᠤᠨᠢᠶᠠᠷ ᠪᠢᠯᠬᠠᠭᠤᠯᠵᠤ ᠶᠠᠪᠣᠭᠰᠠᠨ᠂ ᠣᠷᠢ ᠣᠷᠤᠵᠤ ᠢᠷᠭᠤᠢ ᠳᠡᠯᠭᠡᠷᠡᠭᠦ ᠠᠶᠠᠰ ᠶᠢᠡᠷ ᠭᠤᠮᠤᠷᠬᠠᠵᠤ ᠳᠤᠷᠠᠭᠰᠠᠨ ᠰᠦᠷᠦᠭ᠌ ᠶᠢᠡᠨ ᠳᠠᠭᠤᠨ ᠡᠯᠢᠭᠡᠨ ᠬᠠᠳᠠᠨ ᠤ ᠡᠩᠭᠡᠷ ᠪᠠᠯᠴᠢᠭᠦᠯᠤᠨ᠎ᠡ᠂ ᠢᠷᠭᠤᠢ ᠭᠦᠭᠡᠭᠡᠭ᠍ᠰᠡᠨ ᠬᠤᠨᠢᠳ ᠶᠢᠡᠨ ᠠᠷᠤ ᠡᠴᠡ ᠨᠢ ᠪᠠᠷᠠᠯᠠᠵᠤ ᠰᠠᠭᠤᠭᠰᠠᠭᠠᠷ ᠴᠠᠭᠢᠯᠳᠠᠭ ᠤᠨ ᠴᠡᠴᠡᠭ᠌ ᠡᠴᠡ ᠭᠡᠳᠤ ᠶᠢ ᠳᠠᠰᠤᠳᠠᠵᠤ ᠳᠠᠳᠠᠭᠤᠷ ᠬᠠᠳᠬᠤᠭᠤᠷ ᠣᠷᠠᠯᠠᠨ ᠳᠤᠪᠭᠢᠭᠠᠤᠨ ᠠᠯᠢ ᠨᠢᠭᠡ ᠬᠠᠴᠠᠷ ᠭᠤᠸ᠎ᠠ ᠠᠢ᠌ᠯ ᠤᠨ ᠦᠬᠢᠨ ᠳᠤ ᠭᠦᠷᠭᠡᠭᠦ ᠶᠢ ᠰᠠᠳᠭᠢᠨ᠎ᠡ᠁ ᠣᠶᠠᠬᠠᠨ ᠬᠠᠪᠣᠷ ᠤᠨ ᠣᠷᠢᠨ ᠬᠤᠨᠤᠭ ᠶᠢᠡᠷ ᠡᠯᠢᠭᠡᠨ ᠬᠠᠳᠠᠨ ᠤ ᠡᠩᠭᠡᠷ ᠴᠤᠭ ᠳᠠᠭᠠᠷᠠᠭᠰᠠᠨ ᠬᠤᠨᠢᠴᠢᠨ ᠭᠡᠦᠭᠡᠨ ᠴᠠᠭᠢᠯᠳᠠᠭ ᠤᠨ ᠬᠤᠩᠬᠤᠨ ᠳᠤ ᠥᠵᠦᠭᠦᠷ ᠦᠭᠡᠶ ᠳᠠᠳᠠᠭᠳᠠᠨ᠂ ᠬᠠᠳᠬᠤᠭᠤᠷ ᠢ ᠨᠢ ᠠᠪᠴᠤ ᠰᠢᠯᠤᠭᠤᠬᠠᠨ ᠣᠷᠳᠤ ᠭᠡᠵᠢᠭᠡᠨ ᠳᠤ ᠪᠠᠨ ᠵᠡᠭᠦᠴᠢᠭᠡᠭᠡᠳ ᠬᠠᠨᠤᠮᠵᠢᠳᠠᠢ ᠮᠦᠰᠢᠶᠠᠨ᠎ᠡ᠂ ᠠᠢ᠌ᠯ ᠤᠨ ᠪᠠᠷᠢ ᠪᠣᠯᠬᠤ ᠨᠢ ᠡ ᠭᠡᠭᠦ ᠳᠤ ᠯᠠ ᠣᠴᠠᠭᠠᠷᠯᠠᠵᠤ ᠭᠠᠷᠤᠭᠠᠤᠨ ᠳᠠᠮᠠᠢ ᠣᠳᠠᠬᠤ ᠦᠭᠡᠶ ᠪᠦᠭᠡᠮ ᠴᠡᠴᠡᠭ᠌ ᠵᠤᠯᠭᠠᠭᠠᠵᠤ ᠢᠷᠡᠭᠡᠳ ᠳᠠᠳᠠᠭᠤᠷ ᠭᠢᠯᠭᠡᠭᠦ ᠭᠡᠨ᠎ᠡ᠁ ᠠᠢ᠂ ᠭᠡᠨᠡᠨ ᠬᠤᠩᠭ᠋ᠤᠷ ᠨᠠᠰᠤᠨ ᠤ ᠣᠶᠠᠬᠠᠨ ᠴᠡᠩᠭᠡᠷ ᠪᠣᠳᠤᠯ ᠶᠢᠡᠷ ᠨᠤᠳᠤᠭ ᠤᠨ ᠰᠠᠢ᠌ᠬᠠᠨ ᠭᠡᠦᠭᠡᠨ ᠲᠡᠶ ᠥᠶᠡᠷᠭᠡᠭ᠍ᠰᠡᠨ ᠣᠨ ᠤᠳ ᠲᠤ ᠮᠥᠭᠦᠰᠢ ᠦᠭᠡᠶ ᠰᠡᠷᠡᠢ᠌ᠳᠡᠭ᠌ ᠴᠠᠭᠢᠯᠳᠠᠭ ᠯᠠ ᠨᠠᠪᠴᠢ ᠴᠡᠴᠡᠭ᠌ ᠶᠢᠡᠷ ᠶᠢᠡᠨ ᠲᠦᠮᠡᠨ ᠪᠣᠳᠠᠰ ᠢ ᠢᠪᠠᠭᠡᠵᠤ ᠳ᠋ᠠ᠁ ᠣᠨᠠᠭᠠᠨ ᠪᠠᠭ᠎ᠠ ᠶᠢᠨ ᠳᠤᠷᠭᠠᠨ ᠳᠤᠷᠠᠰᠤᠮᠵᠢ ᠡᠪᠭᠡᠷᠡᠯᠳᠤᠨ ᠣᠷᠴᠢᠯᠳᠤᠭᠰᠠᠭᠠᠷ ᠶ‍ᠢᠷᠳᠢᠠᠴᠤ ᠶᠢᠨ ᠭᠦᠨ᠎ᠡ ᠠᠶᠠᠷᠯᠠᠨ ᠣᠳᠤᠨ᠎ᠠ᠁

ᠭᠦᠰᠡᠵᠤ ᠮᠦᠷᠦᠭᠡᠳᠦᠭ᠍ᠰᠡᠨ ᠰᠡᠳᠭᠢᠯ ᠮᠢᠨᠢ ᠬᠠᠩᠬᠤ ᠰᠢᠭ ᠪᠣᠯᠬᠤ ᠶᠢᠨ ᠦᠶ᠎ᠡ ᠪᠠᠷ ᠡᠭᠡ ᠨᠤᠳᠤᠭ ᠤᠨ ᠮᠢᠨᠢ ᠳᠡᠷᠡᠭᠦ ᠰᠦᠷᠯᠡᠭᠦᠨ ᠪᠣᠰᠤᠭ᠎ᠠ ᠡᠯᠢᠭᠡᠨ ᠬᠠᠳᠠ ᠬᠠᠷᠠᠴᠠᠨ ᠳᠤ ᠳᠤᠳᠤᠷᠠᠵᠤ ᠰᠤᠨᠤᠷ ᠲᠤ ᠦᠷᠳᠤᠮᠠᠷ᠁ ᠠᠢ᠂ ᠭᠦᠭᠡᠷᠦᠭᠦᠢ᠂ ᠨᠤᠳᠤᠭ ᠤᠨ ᠮᠢᠨᠢ ᠡᠯᠢᠭᠡᠨ ᠬᠠᠳᠠ ᠡᠯᠢᠭᠡ ᠪᠠᠷ ᠶᠢᠡᠨ ᠨᠠᠯᠠᠨ ᠭᠡᠪᠳᠡᠨ᠎ᠡ᠂ ᠵᠢᠷᠦᠭᠡᠨ ᠡᠴᠡ ᠳᠤᠰᠤᠯᠠᠭᠰᠠᠨ ᠭᠠᠰᠢᠭᠤᠨ ᠨᠢᠯᠪᠣᠰᠤ ᠰᠡᠳᠭᠢᠯ ᠤᠨ ᠴᠡᠭᠡᠯ ᠵᠥᠭ᠌ ᠭᠦᠷᠭᠢᠷᠡᠨ ᠣᠷᠤᠰᠤᠨ᠎ᠠ᠁ ᠶᠠᠭᠠᠭᠢᠬᠤ ᠳᠤ ᠪᠠᠨ ᠢᠩᠭᠢᠳᠡᠭ᠌ ᠶᠤᠮ ⁈ ᠬᠠᠳᠠ ᠮᠢᠨᠢ ᠭᠦᠭᠡᠷᠦᠭᠦᠢ᠂ ᠣᠤᠯ ᠤᠨ ᠬᠠᠩᠬᠠᠭᠠᠷ ᠦᠷᠭᠡᠨ᠂ ᠡᠨᠡᠷᠢᠩᠭᠦᠢ ᠵᠥᠭᠡᠯᠡᠨ ᠭᠡᠪ ᠶᠢᠡᠷ᠂ ᠮᠦᠨ ᠶᠠᠷᠤ ᠪᠣᠰᠤ ᠶᠢᠨ ᠴᠤᠭ ᠵᠠᠯᠢ᠂ ᠰᠥᠰᠦᠭ᠌ ᠪᠢᠰᠢᠷᠠᠯ ᠲᠡᠶ ᠬᠠᠷᠠᠭᠳᠠᠨ᠎ᠠ᠃ ᠭᠦᠭᠡᠷᠡᠵᠤ ᠴᠡᠯᠡᠢ᠌ᠭ᠍ᠰᠡᠨ ᠴᠠᠭᠢᠯᠳᠠᠭ ᠮᠠᠨᠢ ᠦᠨᠳᠦᠰᠦ ᠪᠠᠷ ᠶᠢᠡᠨ ᠣᠷᠪᠠᠭᠤᠯᠤᠭᠳᠠᠨ ᠳᠡᠭᠦᠨ ᠢ ᠣᠷᠤᠯᠠᠭᠰᠠᠨ ᠰᠢᠰᠢ ᠶᠢᠨ ᠳᠠᠷᠢᠶ᠎ᠠ ᠬᠠᠳᠠᠨ ᠤ ᠡᠩᠭᠡᠷ ᠰᠢᠳᠠᠭᠳᠠᠨ ᠬᠠᠷᠠᠯᠠᠭᠠᠤᠨ ᠢᠷᠰᠠᠢ᠌ᠳᠠᠯ᠎ᠠ ᠪᠠᠷᠣᠢ᠌ᠯᠴᠠᠨ ᠬᠤᠷᠤᠰᠤᠯ ᠳᠡᠭ᠍ᠳᠡᠭᠡᠮ᠎ᠡ ᠳᠦᠷᠢᠯᠠᠨ᠎ᠡ᠃ ᠬᠠᠶᠠ ᠵᠠᠪᠰᠠᠷ ᠲᠤ ᠨᠢ ᠭᠡᠳᠤᠨ ᠰᠠᠭᠤᠷᠢ ᠴᠠᠭᠢᠯᠳᠠᠭ ᠮᠥᠩᠭᠡ ᠳᠡᠭ᠍ᠷᠢ ᠵᠥᠭ᠌ ᠰᠠᠷᠠᠢ᠌ᠨ᠂ ᠣᠤᠯ ᠤᠨ ᠴᠠᠴᠠᠨ ᠣᠬᠠᠭᠠᠨ᠂ ᠡᠷᠴᠢ ᠰᠢᠠᠳᠠᠰᠤ᠂ ᠣᠮᠤᠭᠯᠠᠩ ᠲᠦᠯᠭᠡᠨ ᠶᠢᠡᠨ ᠭᠢᠯᠪᠠᠭᠤᠯᠬᠤ ᠰᠢᠭ ᠬᠠᠷᠠᠭᠠᠨ ᠳᠤ ᠠᠶᠠᠳᠠᠢ᠌ᠬᠠᠨ ᠦᠷᠳᠤᠨ᠎ᠡ᠂ ᠣᠩᠭ᠋ᠤᠨ ᠪᠠᠢ᠌ᠭᠠᠯᠢ ᠶᠢᠨ ᠠᠪᠣᠷᠭᠤ ᠭᠦᠴᠤᠨ ᠳᠤ ᠠᠭᠤᠰᠤᠨ ᠢᠳᠡᠭᠡᠰᠢᠵᠤ᠂ ᠭᠢᠯᠢᠩ ᠤᠨ ᠣᠨᠢᠶᠠᠷ ᠲᠤ ᠪᠦᠷᠭᠦᠭ᠍ᠳᠡᠭ᠍ᠰᠡᠨ ᠦᠯᠦ ᠮᠡᠳᠡᠭ᠌ ᠣᠶᠠᠨ ᠲᠦᠯᠭᠡᠨ ᠬᠠᠷᠠᠴᠠ ᠪᠠᠷ ᠭᠦᠭᠡ ᠳᠡᠭ᠍ᠷᠢ ᠪᠠᠨ ᠰᠥᠵᠢᠭᠯᠡᠩᠭᠡᠨ ᠰᠢᠷᠳᠠᠨ᠎ᠡ᠁

ᠣᠪᠣᠭᠠᠨ ᠤ ᠳᠤᠬᠠᠢ ᠪᠣᠳᠤᠯ ᠳᠤ ᠰᠤᠴᠢᠨ ᠰᠠᠷᠢᠪᠠ᠂ ᠭᠤᠨᠢᠭ ᠤᠨ ᠭᠠᠰᠢᠭᠤᠨ ᠣᠨᠢᠶᠠᠷ ᠲᠤ ᠪᠦᠷᠭᠦᠭ᠍ᠳᠡᠭ᠍ᠰᠡᠨ ᠬᠤᠯᠠ ᠶᠢᠨ ᠳᠠᠷᠠ ᠦᠨᠦᠴᠢᠨ ᠴᠠᠭᠠᠨ ᠣᠪᠣᠭᠠᠨ ᠳᠤ ᠬᠠᠳᠠᠭ ᠳᠠᠯᠪᠢᠵᠤ ᠰᠠᠷᠵᠢᠮ ᠡᠷᠭᠦᠭᠦ ᠪᠠᠷ ᠵᠢᠷᠦᠭᠡᠨ ᠳᠤ ᠡᠯᠭᠦᠭᠡᠰᠦᠳᠡᠢ ᠳᠤᠮᠤ ᠴᠢᠯᠠᠭᠤ ᠪᠠᠨ ᠳᠡᠭᠦᠵᠢᠯᠡᠭ᠍ᠰᠡᠭᠡᠷ ᠳᠡᠭᠡᠭ᠍ᠰᠢ ᠮᠠᠴᠤᠯ᠎ᠠ᠃ ᠠᠢ᠂ ᠭᠦᠭᠡᠷᠦᠭᠦᠢ᠂ ᠡᠭᠡ ᠨᠤᠳᠤᠭ ᠤᠨ ᠶᠢᠡᠨ ᠨᠠᠪᠳᠠᠭ ᠰᠠᠪᠳᠠᠭ ᠢ ᠳᠡᠭᠡᠵᠢᠯᠡᠨ ᠳᠠᠭᠢᠵᠤ ᠰᠠᠭᠤᠭ᠎ᠠ ᠡᠨᠡ ᠨᠤᠳᠤᠭ ᠤᠨ ᠡᠴᠦᠰ ᠤᠨ ᠨᠢᠭᠡᠨ ᠪᠦᠰᠡᠭᠦᠢ᠂ ᠡᠯᠢᠭᠡᠨ ᠬᠠᠳᠠ ᠪᠠᠨ ᠴᠦᠮᠦᠯᠠᠨ ᠰᠢᠩᠭᠡᠭᠦ ᠦᠨᠢᠳᠠ ᠶᠢᠨ ᠳᠠᠪᠢᠯᠠᠩ ᠲᠡᠶ ᠵᠤᠷᠢᠭ ᠰᠦᠰᠦᠳᠠᠨ᠂ ᠨᠤᠳᠤᠭ ᠤᠨ ᠶᠢᠡᠨ ᠬᠣᠢ᠌ᠮᠤᠷ ᠢ ᠭᠠᠭᠴᠠᠭᠠᠷ ᠰᠠᠭᠢᠭ᠎ᠠ ᠡᠨᠡ ᠠᠭᠤᠤ ᠭᠦᠮᠤᠨ ᠲᠡᠶ ᠨᠠᠰᠤᠨ ᠥᠡᠳᠦᠷᠯᠡᠭᠦ ᠡᠴᠡ ᠡᠴᠦᠰ ᠤᠨ ᠨᠢᠭᠡ ᠵᠤᠯᠭᠠᠯᠳᠠ ᠭᠢᠵᠤ ᠪᠠᠢ᠌ᠬ᠎ᠠ᠂ ᠶᠠᠭᠠᠭᠢᠬᠤ ᠶᠢᠨ ᠠᠷᠭ᠎ᠠ ᠦᠭᠡᠶ ᠣᠨᠠᠭᠠᠨ ᠨᠠᠰᠤᠨ ᠤ ᠮᠢᠨᠢ ᠥᠶᠡᠷᠭᠡᠵᠤ ᠳᠤᠷᠠᠯᠠᠭᠰᠠᠨ ᠬᠠᠨᠢ ᠪᠠᠢ᠌ᠵᠤ ᠰᠢᠤ᠁

ᠡᠭᠡ ᠨᠤᠳᠤᠭ ᠤᠨ ᠮᠢᠨᠢ ᠨᠤᠶᠠᠨ ᠰᠠᠯᠭᠢ ᠬᠠᠴᠠᠷ ᠢ ᠢᠯᠪᠢᠨ ᠵᠢᠷᠦᠭᠡᠨ ᠳᠤ ᠳᠤᠨᠤᠷᠠᠭᠰᠠᠨ ᠭᠠᠰᠢᠭᠤᠨ ᠪᠣᠳᠤᠯ ᠢ ᠳᠠᠢ᠌ᠯᠬᠤ ᠮᠠᠳᠤ ᠦᠶ᠎ᠡ ᠦᠶ᠎ᠡ ᠰᠡᠳᠭᠢᠯ ᠤᠨ ᠬᠤᠷ᠎ᠠ ᠪᠠᠨ ᠢᠯᠡᠭᠡᠨ᠎ᠡ᠂ ᠨᠤᠳᠤᠭ ᠤᠨ ᠳᠤᠬᠠᠢ ᠪᠣᠳᠤᠯ ᠮᠥᠩᠭᠡ ᠳᠡᠭ᠍ᠷᠢ ᠶᠢᠨ ᠰᠥᠵᠢᠭ᠌ ᠪᠢᠰᠢᠷᠠᠯ ᠶᠢᠡᠷ ᠪᠠᠭᠢᠵᠢᠨ ᠣᠨ ᠣᠨ ᠳᠠᠢ᠌ᠰᠢ ᠱᠤᠤᠭᠢᠨ ᠣᠷᠤᠰᠤᠨ᠎ᠠ᠁



ᠵᠤᠬᠢᠶᠠᠭᠴᠢ ᠶᠢᠨ ᠬᠠ‍‌ᠶᠢᠭ ᠄ ᠣᠯᠠᠭᠠᠠᠬᠠᠳᠠ ᠶᠢᠨ ᠪᠠᠷᠠᠭᠤᠨ ᠪᠠᠭᠠᠷᠢᠨ

ᠵᠤᠬᠢᠶᠠᠭᠴᠢ᠄ ᠳᠠᠭᠤᠷᠢᠰᠤᠯ
ᠬᠠᠷᠢᠶ᠎ᠠ᠄ ᠨᠠᠢᠷᠠᠭᠤᠯᠤᠯ
ᠳᠠᠷᠤᠮ᠄ 3823
ᠴᠠᠭ᠄ 2012 ᠤᠨ ᠤ 04 ᠰᠠᠷ᠎ᠠ ᠶᠢᠨ 30