ᠲᠦᠷᠦᠭ᠍ᠰᠡᠨ ᠨᠤᠳᠤᠭ


ᠨᠤᠳᠤᠭ ᠭᠡᠵᠤ ᠨᠢᠯᠪᠣᠰᠤ ᠯᠠ ᠪᠠᠢ᠌ᠵᠠᠢ
ᠳᠡᠮᠡᠦᠯᠡᠭᠡᠤᠨ ᠭᠦᠷᠭᠦ ᠳᠤᠬᠤᠢ ᠡᠷ᠎ᠡ ᠵᠢᠨ
ᠬᠤᠷᠢᠭᠯᠠᠭᠠᠤᠨ ᠳᠠᠰᠤᠰᠢ ᠦᠭᠡᠶ
ᠬᠠᠢ᠌ᠷ᠎ᠠ ᠵᠢᠨ ᠨᠢᠯᠪᠣᠰᠤ ᠪᠠᠢ᠌ᠵᠠᠢ ᠃
ᠨᠤᠳᠤᠭ ᠭᠡᠵᠤ ᠵᠤᠭᠤᠭ ᠯᠠ ᠪᠠᠢ᠌ᠵᠠᠢ
ᠨᠢᠯᠬ᠎ᠠ ᠵᠢᠨ ᠨᠠᠢ᠌ᠵᠠ ᠵᠢᠨ ᠰᠢᠪᠰᠢᠷᠭ᠎ᠠ ᠢᠳᠡᠳᠡᠭ᠌
ᠨᠠᠷᠭᠢᠭᠠᠤᠨ ᠳᠠᠭᠤᠰᠤᠰᠢ ᠦᠭᠡᠶ
ᠨᠠᠰᠤᠨ ᠳᠤᠷᠠᠤᠠᠬᠠᠯ ᠪᠠᠢ᠌ᠵᠠᠢ
ᠨᠤᠳᠤᠭ ᠭᠡᠵᠤ ᠵᠢᠷᠤᠭ ᠯᠠ ᠪᠠᠢ᠌ᠵᠠᠢ
ᠠᠯᠳᠠᠨ ᠬᠠᠳᠠ ᠨᠤᠭᠤᠭᠠᠨ ᠠᠭᠤᠷ ᠵᠢᠡᠷ
ᠠᠷᠢᠭᠤᠨ ᠪᠠᠶ᠎ᠠ ᠪᠠᠨ ᠴᠢᠮᠡᠭ᠍ᠰᠡᠨ
ᠬᠤᠷᠸ᠎ᠠ ᠥᠵᠠᠮᠵᠢ ᠪᠠᠢ᠌ᠵᠠᠢ
ᠨᠤᠳᠤᠭ ᠭᠡᠵᠤ ᠰᠤᠶ‍ᠤᠯ ᠯᠠ ᠪᠠᠢ᠌ᠵᠠᠢ
ᠠᠮᠢᠳᠤᠷᠠᠯ  ᠦᠨ ᠠᠶ‍ᠠᠨ  ᠤ ᠣᠩᠭ᠋ᠤᠨ ᠣᠶ‍ᠠᠩᠭ᠋ᠠᠨ  ᠳᠤ
ᠠᠢ᠌ᠵᠢᠮ ᠭᠦᠭ᠌ ᠪᠢᠴᠢᠭᠯᠡᠭ᠍ᠰᠡᠨ
ᠰᠤᠳᠤᠨ ᠣᠶ‍ᠤᠨ  ᠤ ᠥᠯᠦᠭᠡᠢ ᠯᠠ ᠪᠠᠢ᠌ᠵᠠᠢ
ᠨᠤᠳᠤᠭ ᠭᠡᠵᠤ ᠰᠢᠯᠦᠭ᠌ ᠯᠠ ᠪᠠᠢ᠌ᠵᠠᠢ
ᠮᠤᠩᠭ᠋ᠤᠯ ᠭᠦᠤ ᠵᠢᠨ ᠳᠤᠯᠳᠤᠳᠤ ᠵᠢᠷᠦᠭᠡᠨ ᠡᠴᠡ
ᠣᠠᠳᠤᠷᠠᠭᠠᠤᠨ ᠰᠢᠷᠭᠢᠰᠢ ᠦᠭᠡᠶ
ᠴᠢᠩ ᠵᠤᠷᠢᠭ  ᠦᠨ ᠬᠠᠯᠢᠶ‍ᠠᠨ ᠪᠠᠢ᠌ᠵᠠᠢ2006 ᠣᠨ  ᠤ 6 ᠰᠠᠷ᠎ᠠ  ᠳᠤ

ᠵᠤᠬᠢᠶᠠᠭᠴᠢ᠄ ᠠᠮᠤᠷᠮᠦ᠋ᠷᠡᠨ
ᠬᠠᠷᠢᠶ᠎ᠠ᠄ ᠰᠢᠯᠦᠭ
ᠳᠠᠷᠤᠮ᠄ 3670
ᠴᠠᠭ᠄ 2006 ᠤᠨ ᠤ 07 ᠰᠠᠷ᠎ᠠ ᠶᠢᠨ 12