ᠭᠠᠠᠵᠤᠭ᠎ᠠ ᠳᠤᠰᠤᠳᠠᠬᠤ ᠪᠣᠷᠤᠭᠠᠨ
᠊᠊᠊᠊᠊᠊᠊᠊᠊᠊᠊᠊᠊᠊᠊ ᠵᠡᠭᠦᠡᠰᠢ ᠠᠶᠠᠯᠠᠭᠰᠠᠨ ᠳᠠᠳᠠᠯᠭ᠎ᠠ

2013 ᠣᠨ ᠤ 6 ᠰᠠᠷ᠎ᠠ ᠶᠢᠨ 16 ᠊ᠤ ᠦᠷᠯᠦᠭᠡ ᠪᠢ ᠨᠢ᠋ᠮᠠᠨ ᠮᠤᠵᠢ ᠣᠷᠤᠨ ᠤ ᠶᠡᠭᠡ ᠰᠤᠷᠭᠠᠭᠤᠯᠢ᠂ ᠳᠤᠮᠳᠠᠳᠤ ᠵᠡᠷᠭᠡ ᠶᠢᠨ ᠳᠤᠰᠬᠠᠢ ᠮᠡᠷᠭᠡᠵᠢᠯ ᠤᠨ ᠰᠤᠷᠭᠠᠭᠤᠯᠢ᠂ ᠳᠤᠮᠳᠠᠳᠤ ᠰᠤᠷᠭᠠᠭᠤᠯᠢ ᠶᠢᠨ ᠰᠤᠷᠤᠭᠴᠢᠳ ᠤᠨ ᠮᠤᠩᠭ᠋ᠤᠯ ᠣᠷᠠᠨ ᠵᠤᠬᠢᠶᠠᠯ ᠤᠨ ᠳᠦᠷᠪᠠᠳᠦᠭᠡᠷ ᠣᠳᠠᠭᠠᠨ ᠤ 《ᠨᠢ᠋ᠮᠠᠨ ᠰᠢᠷᠭ᠎ᠠ》 ᠶᠡᠭᠡ ᠣᠷᠤᠯᠳᠤᠭᠠᠨ ᠤ ᠱᠠᠩᠨᠠᠯ ᠣᠯᠭᠤᠬᠤ ᠶᠤᠰᠤᠯᠠᠯ ᠳᠤ ᠣᠷᠤᠯᠴᠠᠬᠤ ᠪᠠᠷ ᠦᠪᠣᠷ ᠮᠤᠩᠭ᠋ᠤᠯ ᠵᠥᠭ᠌ ᠮᠤᠷᠳᠠᠯ᠎ᠠ᠃ ᠵᠠᠮ ᠤᠨ ᠬᠤᠯᠠ ᠶᠢ ᠨᠤᠭᠤᠯᠠᠬᠤ ᠠᠶᠠᠨ ᠤ ᠳᠦᠷᠦᠭᠡ ᠶᠢ ᠮᠢᠨᠢ ᠮᠢᠯᠢᠶᠠᠬᠤ ᠭᠡᠰᠡᠨ ᠶᠤᠮ ᠰᠢᠭ ᠨᠠᠷᠠ ᠨᠢ ᠢᠨᠢᠶᠡᠴᠢᠭᠡᠭ᠍ᠰᠡᠨ᠂ ᠡᠭᠦᠯᠡ ᠨᠢ ᠭᠦᠯᠦᠷᠡᠴᠢᠭᠡᠭ᠍ᠰᠡᠨ᠂ ᠰᠠᠯᠭᠢ ᠨᠢ ᠢᠰᠭᠡᠷᠴᠢᠭᠡᠭ᠍ᠰᠡᠨ ᠰᠠᠢ᠌ᠬᠠᠨ ᠡᠳᠦᠷ ᠪᠠᠢ᠌ᠯ᠎ᠠ᠃ ᠭᠢᠴᠢᠶᠠᠯ ᠶᠢᠡᠨ ᠭᠡᠯᠡᠵᠤ᠂ ᠰᠤᠷᠤᠭᠴᠢᠳ ᠲᠡᠶ ᠪᠠᠨ ᠭᠡᠷᠡᠯᠳᠦᠭᠦ ᠶᠢ ᠭᠠᠷᠭᠠᠪᠠᠯ ᠪᠠᠷᠤᠭ ᠲᠡᠶ ᠳᠤ ᠭᠡᠷ ᠤᠨ ᠮᠤᠬᠤᠷ ᠡᠴᠡ ᠰᠠᠯᠳᠠᠭ ᠦᠭᠡᠶ ᠭᠦᠮᠤᠨ ᠳᠤ ᠭᠠᠳᠠᠭᠰᠢ ᠭᠠᠷᠴᠤ ᠨᠢᠳᠤ ᠨᠡᠭᠡᠭᠡᠭᠦ ᠰᠠᠢ᠌ᠬᠠᠨ ᠰᠢᠯᠳᠠᠭ ᠣᠯᠳᠠᠭᠰᠠᠨ ᠨᠢ ᠥᠨᠡᠭᠡᠷ ᠳᠡᠭ᠍ᠷᠢ ᠶᠢᠨ ᠰᠠᠨᠠᠭ᠎ᠠ᠂ ᠮᠤᠩᠭ᠋ᠤᠯ ᠰᠤᠶᠤᠯ ᠤᠨ ᠮᠢᠨᠢ ᠪᠣᠶᠠᠨ ᠠᠵᠢ ︕

ᠵᠠᠮ ᠵᠠᠭᠤᠷ᠎ᠠ ᠪᠠᠨ ᠦᠳᠡᠯᠠᠵᠤ ᠠᠮᠠᠷᠠᠯ ᠦᠭᠡᠶ ᠳᠡᠷᠭᠡ ᠰᠤᠯᠢᠨ ᠠᠶᠠᠯᠠᠵᠤ᠂ ᠨᠢᠭᠤᠬᠤ ᠨᠠᠷᠠ ᠲᠡᠶ ᠣᠷᠤᠯᠳᠤᠨ ᠪᠠᠢ᠌ᠵᠤ ᠯᠠᠠᠵᠸᠤ ᠳᠤ ᠭᠦᠷᠦᠯ᠎ᠡ᠃ ᠭᠡᠦᠭᠡᠨ ᠮᠢᠨᠢ ᠭᠡᠳᠥᠢᠨᠡᠢ ᠬᠤᠨᠤᠬᠤ ᠪᠠᠭᠤᠳᠠᠯ ᠠᠪᠴᠢᠬᠠᠭᠰᠠᠨ᠂ ᠮᠠᠷᠭᠠᠰᠢ ᠨᠢ ᠬᠦᠬᠡᠬᠤᠲᠠ ᠣᠷᠤᠬᠤ ᠳᠡᠷᠭᠡᠨ ᠪᠢᠯᠸᠲ᠋ ᠡᠨᠡ ᠳᠠᠷᠠ ᠶᠢ ᠪᠡᠯᠡᠳᠭᠡᠴᠢᠭ᠍ᠰᠡᠨ ᠨᠠᠮ᠎ᠠ ᠶᠢ ᠭᠦᠯᠢᠶᠡᠵᠤ ᠪᠠᠢ᠌ᠵᠠᠢ᠃ ᠭᠡᠦᠭᠡᠨ ᠮᠢᠨᠢ ᠪᠠᠷᠠᠭᠤᠨ ᠬᠣᠢ᠌ᠳᠤ ᠶᠢᠨ ᠦᠨᠳᠦᠰᠦᠳᠠᠨ ᠤ ᠶᠡᠭᠡ ᠰᠤᠷᠭᠠᠭᠤᠯᠢ ᠶᠢᠨ ᠮᠤᠩᠭ᠋ᠤᠯ ᠭᠡᠯᠡ ᠰᠤᠶᠤᠯ ᠤᠨ ᠳᠡᠭᠡᠳᠤ ᠰᠤᠷᠭᠠᠭᠤᠯᠢ ᠳᠤ ᠳᠦᠷᠪᠠᠨ ᠵᠢᠯ ᠰᠤᠷᠤᠯᠴᠠᠭᠰᠠᠨ ᠶᠤᠮ᠃ ᠦᠨᠦ ᠶᠠᠭ ᠳᠡᠭᠦᠰᠭᠦ ᠪᠣᠯᠴᠢᠬᠠᠭᠰᠠᠨ ᠨᠤᠳᠤᠭ ᠵᠥᠭ᠌ ᠶᠢᠡᠨ ᠨᠢᠰᠭᠦ ᠭᠡᠳ ᠭᠦᠭᠡᠷᠦᠵᠤ ᠪᠠᠢ᠌ᠪᠠ᠃ ᠭᠡᠯᠡ ᠪᠠᠨ ᠭᠤᠯᠤᠵᠤ᠂ ᠰᠤᠶᠤᠯ ᠶᠢᠡᠨ ᠭᠠᠳᠠᠭᠤᠷᠴᠢᠯᠠᠬᠤ ᠪᠣᠯᠤᠭᠰᠠᠨ ᠦᠨᠦᠳᠤᠷ᠂ ᠪᠢ ᠭᠠᠭᠴᠠ ᠭᠡᠦᠭᠡᠨ ᠶᠢᠡᠨ ᠮᠤᠩᠭ᠋ᠤᠯ ᠶᠢᠡᠷ ᠰᠤᠷᠭᠠᠴᠢᠬᠠᠭᠠᠤᠨ ᠶᠠᠷᠤ ᠬᠠᠷᠠᠮᠰᠠᠵᠤ ᠦᠵᠡᠭᠡ ᠦᠭᠡᠶ᠃ ᠭᠦᠮᠤᠨ ᠤ ᠬᠡᠦᠬᠡᠳ ᠪᠣᠯᠤᠭᠰᠠᠨ ᠭᠠᠵᠠᠷ ᠮᠢᠨᠤ ᠭᠡᠦᠭᠡᠨ ᠴᠤ ᠪᠣᠯᠤᠨ᠎ᠠ ᠭᠡᠵᠤ ᠪᠠᠶ᠎ᠠ ᠳᠡᠭᠡᠨ ᠢᠳᠡᠭᠡᠨ ᠣᠷᠮᠠᠰᠢᠵᠤ᠂ ᠭᠡᠯᠡ ᠰᠤᠶᠤᠯ ᠶᠢᠡᠨ ᠵᠠᠯᠭᠠᠮᠵᠢᠯᠠᠭᠤᠯᠵᠤ ᠴᠢᠳᠠᠭᠰᠠᠨ ᠳᠤ ᠪᠠᠨ ᠰᠡᠳᠭᠢᠯ ᠴᠠᠳᠬᠤᠯᠠᠩ ᠶᠠᠪᠣᠳᠠᠭ ᠪᠢᠯᠠ᠃ ᠮᠢᠨᠤ ᠰᠤᠷᠤᠭᠴᠢ ᠶᠢᠨ ᠶᠢᠡᠨ ᠱᠠᠩᠨᠠᠯ ᠢ ᠳᠤᠰᠬᠤ ᠪᠠᠷ ᠦᠪᠣᠷ ᠮᠤᠩᠭ᠋ᠤᠯ ᠤᠨ ᠰᠢᠯᠢ ᠶᠢᠨ ᠭᠤᠤᠯ ᠭᠦᠷᠳᠡᠯ᠎ᠡ ᠶᠠᠪᠣᠨ᠎ᠠ ᠭᠡᠰᠡᠨ ᠢ ᠰᠤᠨᠤᠰᠤᠭᠠᠤᠨ ᠭᠡᠦᠭᠡᠨ ᠮᠢᠨᠢ ᠦᠪᠡᠷ ᠶᠢᠡᠨ ᠡᠨᠡ ᠣᠳᠠᠭᠠᠨ ᠤ ᠣᠷᠤᠯᠳᠤᠭᠠᠨ ᠳᠤ ᠳᠡᠷᠢᠭᠦᠯᠡᠭ᠍ᠰᠡᠨ ᠶᠤᠮ ᠰᠢᠭ ᠠᠪᠣ ᠶᠢᠨ ᠶᠢᠡᠨ ᠰᠤᠷᠤᠭᠴᠢᠳ ᠤᠨ ᠡᠮᠤᠨ᠎ᠡ ᠡᠴᠡ ᠪᠠᠶᠠᠰᠤᠨ ᠳᠤᠭᠳᠤᠯᠵᠤ ᠪᠠᠢ᠌ᠯ᠎ᠠ᠃

ᠮᠠᠷᠭᠠᠰᠢ ᠨᠢ ᠰᠦᠪᠧᠢ ᠶᠢᠨ ᠮᠤᠩᠭ᠋ᠤᠯ ᠳᠤᠮᠳᠠᠳᠤ ᠰᠤᠷᠭᠠᠭᠤᠯᠢ ᠶᠢᠨ ᠪᠠᠶᠠᠰᠬᠤᠯᠠᠩ ᠪᠠᠭᠰᠢ ᠲᠡᠶ ᠪᠣᠯᠵᠤᠭ᠎ᠠ ᠶᠤᠰᠤᠭᠠᠷ ᠭᠠᠯᠳᠤ ᠦᠷᠳᠡᠭᠡᠨ ᠳᠤ ᠵᠤᠯᠭᠠᠵᠤ᠂ ᠬᠤᠶᠠᠷ ᠡᠪᠦᠭᠡᠨ ᠭᠠᠠᠵᠤᠭ᠎ᠠ ᠨᠡᠢ᠌ᠯᠡᠭᠦᠯᠤᠨ ᠬᠦᠬᠡᠬᠤᠲᠠ ᠣᠷᠤᠬᠤ ᠭᠠᠯᠳᠤ ᠳᠡᠷᠭᠡᠨ ᠳᠤ ᠭᠠᠷᠴᠠᠢ᠃ ᠳᠡᠷᠭᠡᠨ ᠳᠤ ᠭᠠᠷᠬᠤ ᠲᠡᠶ ᠵᠡᠷᠭᠡ ᠨᠢᠭᠡ ᠵᠠᠭᠤᠷ᠎ᠠ ᠶᠢᠨ ᠰᠢᠷᠦᠭᠦᠨ ᠪᠣᠷᠤᠭᠠᠨ ᠪᠦᠭᠦᠢᠯᠡ ᠬᠤᠳᠠ ᠶᠢ ᠠᠷᠢᠭᠤᠳᠬᠠᠨ ᠣᠭᠢᠶᠠᠵᠤ᠂ ᠠᠯᠤᠰ ᠢ ᠵᠤᠷᠢᠭᠰᠠᠨ ᠪᠠᠶᠠᠷᠳᠤ ᠰᠡᠳᠬᠢᠯᠭᠡ ᠶᠢ ᠳᠡᠭ᠍ᠷᠢ ᠭᠦᠷᠳᠡᠯ᠎ᠡ ᠣᠢ᠌ᠯᠠᠭᠠᠨ ᠳᠠᠭᠠᠰᠢᠶᠠᠵᠤ᠂ ᠪᠣᠷᠤᠭ᠎ᠠ ᠪᠠᠨ ᠬᠠᠢ᠌ᠷᠠᠯᠠᠨ ᠠᠶᠠᠨ ᠤ ᠭᠠᠠᠵᠤᠭ᠎ᠠ ᠶᠢ ᠳᠤᠰᠤᠯᠠᠭ᠎ᠠ ᠪᠢᠯᠠ ᠦᠦ ᠭᠡᠮᠡᠨ ᠣᠯᠵᠠᠷᠬᠠᠨ ᠪᠠᠯᠭᠡᠰᠢᠶᠡᠯ᠎ᠡ᠃ ᠳᠤᠷᠠᠯᠠᠭᠰᠠᠨ ᠶᠠᠭᠤᠮᠠᠨ ᠳᠤ ᠪᠠᠨ ᠰᠢᠨᠤᠵᠤ᠂ ᠳᠤᠷᠠᠳᠠᠢ ᠵᠥᠭ᠌ ᠶᠢᠡᠨ ᠠᠶᠠᠯᠠᠬᠤ ᠭᠡᠭ᠍ᠴᠢ ᠰᠠᠢ᠌ᠬᠠᠨ ᠡ ︕ ᠭᠡᠳᠥᠢᠪᠠᠷ ᠬᠦᠬᠡᠬᠤᠲᠠ ᠳᠤ ᠠᠩᠬ᠎ᠠ ᠣᠴᠢᠭ᠎ᠠ ᠪᠣᠯᠪᠠᠴᠤ ᠡᠮᠤᠨ᠎ᠡ ᠨᠢ ᠪᠣᠭᠤᠳᠤ ᠭᠦᠷᠳᠡᠯ᠎ᠡ ᠶᠠᠪᠣᠵᠤ ᠪᠠᠢ᠌ᠭᠰᠠᠨ ᠪᠣᠯᠬᠤ ᠪᠠᠷ ᠵᠠᠬ᠎ᠠ ᠶᠢᠨ ᠨᠤᠳᠤᠭ᠂ ᠵᠠᠮ ᠤᠨ ᠦᠵᠠᠮᠵᠢ ᠮᠢᠨᠤ ᠬᠠᠷᠠᠭ᠎ᠠ ᠰᠡᠳᠭᠢᠯ ᠢ ᠪᠣᠯᠢᠶᠠᠵᠤ ᠴᠢᠳᠠᠭ᠎ᠠ ᠦᠭᠡᠶ᠂ ᠬᠠᠷᠢᠨ ᠭᠦᠰᠡᠭᠡᠳ ᠣᠳᠠᠭᠰᠠᠨ ᠣᠤᠭᠠᠯ ᠮᠤᠩᠭ᠋ᠤᠯ ᠨᠤᠳᠤᠭ ᠊᠊᠊᠊᠊᠊᠊᠊᠊᠊᠊᠊᠊᠊᠊ ᠰᠢᠯᠢ ᠶᠢᠨ ᠭᠤᠤᠯ ᠤᠨ ᠳᠤᠰᠤᠨ ᠨᠤᠭᠤᠭᠠᠨ ᠭᠦᠳᠡᠭᠡ ᠮᠢᠨᠤ ᠵᠢᠷᠦᠭᠡᠨ ᠡᠴᠡ ᠣᠭᠵᠤᠷᠠᠭᠠᠤᠨ ᠪᠠᠢ᠌ᠬᠤ ᠰᠢᠭ ᠰᠠᠨᠠᠭᠳᠠᠯ᠎ᠠ᠃ ᠶᠠᠰᠤᠨ ᠳᠤ ᠭᠦᠷᠳᠡᠯ᠎ᠡ ᠰᠡᠢ᠌ᠯᠦᠭ᠍ᠳᠡᠵᠤ᠂ ᠴᠢᠰᠤᠨ ᠳᠤ ᠣᠷᠤᠳᠠᠯ᠎ᠠ ᠰᠢᠩᠭᠡᠭ᠍ᠰᠡᠨ ᠣᠳᠤᠮ ᠤᠨ ᠠᠷᠢᠭᠤᠨ ᠬᠤᠯᠪᠣᠭ᠎ᠠ ᠭᠡᠭ᠍ᠴᠢ ᠡᠨᠡ ᠪᠢᠯᠠ ᠦᠦ ⁈

ᠯᠠᠠᠵᠸᠤ ᠊᠊᠊᠊᠊᠊᠊᠊᠊᠊᠊᠊᠊᠊᠊ ᠬᠦᠬᠡᠬᠤᠲᠠ ᠭᠦᠷᠭᠦ ᠣᠠᠴᠠ ᠬᠤᠷᠳᠤᠨ ᠭᠠᠯᠳᠤ ᠳᠡᠷᠭᠡ ᠪᠦᠳᠤᠨ 19 ᠴᠠᠭ ᠱᠤᠤᠭᠢᠳᠠᠯ᠎ᠠ ᠳᠤᠪᠳᠤᠯᠵᠤ ᠪᠠᠢ᠌ᠭᠠᠤᠨ ᠬᠦᠬᠡᠬᠤᠲᠠ ᠶᠢᠨ ᠪᠠᠷ᠎ᠠ ᠠᠪᠣᠪᠠ᠃ ᠦᠪᠣᠷ ᠮᠤᠩᠭ᠋ᠤᠯᠴᠤᠳ ᠤᠨ ᠣᠯᠤᠰ ᠳᠦᠷᠤ᠂ ᠠᠵᠤ ᠠᠬᠤᠢ᠂ ᠰᠢᠡᠵᠢᠯᠡᠭᠦ ᠣᠬᠠᠭᠠᠨ ᠳᠸᠭ᠍ᠨᠢᠭ᠌ ᠮᠡᠷᠭᠡᠵᠢᠯ᠂ ᠰᠤᠶᠤᠯ ᠰᠤᠷᠭᠠᠨ ᠭᠦᠮᠦᠵᠢᠯ ᠤᠨ ᠲᠥᠪ ᠪᠣᠯᠤᠭᠰᠠᠨ ᠬᠦᠬᠡᠬᠤᠲᠠ ᠦᠷ᠎ᠡ ᠪᠠᠨ ᠭᠦᠯᠢᠶᠡᠭᠡᠳ ᠣᠳᠠᠭᠰᠠᠨ ᠡᠵᠢ ᠶᠢᠨ ᠡᠨᠡᠷᠢᠩᠭᠦᠢ ᠳᠦᠷᠢ ᠪᠠᠷ ᠳᠤᠰᠤᠨ ᠣᠭᠳᠤᠯ᠎ᠠ᠃ ᠳᠠᠯᠠᠨ ᠬᠠᠷ᠎ᠠ ᠠᠭᠤᠯᠠ ᠪᠠᠨ ᠲᠦᠰᠢᠨ᠂ ᠦᠷᠭᠡᠨ ᠳᠠᠯ᠎ᠠ ᠪᠠᠨ ᠳᠠᠪᠢᠰᠤᠨ ᠪᠠᠢ᠌ᠷᠢᠯᠠᠭᠰᠠᠨ ᠬᠦᠬᠡᠬᠤᠲᠠ ᠶᠠᠭᠠᠭᠢᠬᠤ ᠶᠢᠨ ᠠᠷᠭ᠎ᠠ ᠦᠭᠡᠶ ᠮᠤᠩᠭ᠋ᠤᠯ ᠨᠤᠳᠤᠭ ᠤᠨ ᠠᠭᠤᠳᠠᠮ ᠢ ᠭᠠᠢ᠌ᠬᠠᠭᠤᠯᠤᠨ᠎ᠠ᠃ ᠡ᠊ᠨᠳᠡ ᠪᠠᠭᠳᠠᠵᠤ ᠡᠰᠡ ᠪᠣᠯᠬᠤ ᠳᠤ ᠪᠠᠨ ᠪᠠᠢ᠌ᠭᠠᠯᠢ ᠳᠡᠯᠡᠭᠡᠢ ᠪᠠᠨ ᠡᠪᠳᠡᠨ ᠰᠥᠢᠳᠭᠡᠵᠤ᠂ ᠠᠭᠤᠯᠠ ᠬᠠᠳᠠ ᠪᠠᠨ ᠨᠤᠷᠠᠭᠠᠨ ᠨᠥᠭᠡᠯᠡᠭ᠍ᠰᠡᠨ ᠪᠠᠢ᠌ᠳᠠᠯ ᠬᠠᠷᠠᠭᠳᠠᠭ᠎ᠠ ᠦᠭᠡᠶ᠃ ᠠᠰᠠᠷ ᠪᠠᠷᠢᠯᠭ᠎ᠠ ᠪᠠᠨ ᠳᠡᠭᠡᠷ᠎ᠡ ᠳᠡᠭᠡᠷ᠎ᠡ ᠡᠴᠡ ᠨᠢ ᠰᠢᠪᠠᠯᠳᠠᠭᠤᠯᠤᠨ ᠣᠪᠣᠭᠠᠯᠠᠵᠤ᠂ ᠬᠤᠭ ᠨᠤᠪᠰᠢ ᠪᠠᠨ ᠵᠠᠮ ᠤᠨ ᠬᠠᠵᠠᠭᠤ᠂ ᠵᠠᠬ᠎ᠠ ᠶᠢᠨ ᠴᠢᠯᠦᠭᠡ ᠣᠷᠤᠭᠤ ᠪᠠᠨ ᠠᠰᠬᠠᠨ ᠰᠠᠴᠤᠭᠰᠠᠨ ᠪᠠᠢ᠌ᠳᠠᠯ ᠢᠯᠡᠷᠡᠭᠡ ᠦᠭᠡᠶ᠃ ᠬᠠᠷᠢᠨ ᠰᠡᠷᠢᠭᠦᠨ ᠵᠥᠭᠡᠯᠡᠨ ᠵᠢᠪᠠᠷ ᠳᠤᠷ᠎ᠠ ᠪᠠᠷ ᠶᠢᠡᠨ ᠳᠤᠭᠯᠠᠨ ᠦᠯᠢᠶᠠᠵᠤ᠂ ᠳᠤᠷᠭᠠᠨ ᠴᠠᠭᠠᠨ ᠡᠭᠦᠯᠡᠰ ᠳᠤᠯᠤᠭᠠᠢ ᠳᠡᠭᠡᠭᠦᠷ ᠨᠡᠭᠦᠳᠡᠯᠯᠡᠭᠡᠳ ᠰᠡᠳᠭᠢᠯ ᠳᠤ ᠨᠢᠭᠡ ᠯᠠ ᠳᠠᠭᠠᠯᠠᠮᠵᠢᠳᠠᠢ᠃ ᠭᠠᠭᠴᠠ ᠬᠠᠷᠠᠮᠰᠠᠯᠳᠠᠢ ᠨᠢ ᠳᠡᠷᠭᠡ ᠮᠠᠰᠢᠨ ᠭᠡᠳᠤ ᠠᠷᠪᠢᠳᠠᠭᠠᠤᠨ ᠵᠠᠮ ᠵᠡᠭᠡᠯᠢ ᠬᠠᠭᠠᠭᠳᠠᠨ ᠳᠦᠭ᠍ᠵᠢᠷᠡᠵᠤ᠂ ᠴᠠᠭ ᠪᠠᠷᠠᠬᠤ ᠨᠢ ᠭᠡᠴᠡᠭᠦᠤ᠃ ᠡᠨᠡ ᠴᠤ ᠶᠠᠭᠠᠭᠢᠬᠤ ᠪᠣᠢ᠂ ᠨᠡᠢ᠌ᠭᠡᠮ ᠤᠨ ᠭᠦᠭ᠍ᠵᠢᠯᠳᠡ ᠶᠢ ᠳᠠᠭᠠᠯᠳᠤᠨ ᠭᠦᠮᠤᠨ ᠪᠣᠯᠭᠠᠨ ᠳᠡᠷᠭᠡ ᠵᠠᠢ᠌ᠳᠠᠯᠠᠭᠠᠤᠨ ᠰᠤᠷᠳᠤᠭᠤᠯᠠᠳᠠᠭ ᠪᠣᠯᠤᠭᠰᠠᠨ ᠦᠨᠦᠳᠤᠷ ᠠᠷᠭ᠎ᠠ ᠦᠭᠡᠶ ᠳ᠋ᠠ᠃ ᠭᠡᠳᠡᠯ᠎ᠡ ᠦᠨᠦᠳᠤᠷ ᠤᠨ ᠵᠢᠷᠭᠠᠯ ᠶᠢᠡᠷ ᠶᠢᠡᠨ ᠢᠷᠡᠭᠡᠳᠦᠢ ᠶᠢᠨ ᠵᠤᠪᠠᠯᠠᠩ ᠶᠢᠡᠨ ᠥᠡᠳᠡᠢ᠌ᠯᠭᠡᠵᠤ ᠰᠠᠭᠤᠭ᠎ᠠ ᠪᠠᠨ ᠪᠣᠳᠤᠬᠤ ᠰᠦᠪᠡ ᠭᠡᠨ ᠳᠤ ᠨᠢ ᠴᠤ ᠪᠠᠢ᠌ᠭ᠎ᠠ ᠦᠭᠡᠶ ᠳᠤ ᠵᠤᠪᠠᠮᠠᠷ ᠡ ︕

ᠪᠠᠶᠠᠰᠬᠤᠯᠠᠩ ᠪᠠᠭᠰᠢ ᠪᠢᠳᠠ ᠬᠤᠶᠠᠷ ᠭᠠᠯᠳᠤ ᠳᠡᠷᠭᠡᠨ ᠡᠴᠡ ᠪᠠᠭᠤᠭᠠᠤᠨ ᠰᠢᠭᠤᠳ ᠪᠣᠯᠵᠤᠭᠰᠠᠨ ᠭᠠᠵᠠᠷ ᠲᠤ ᠨᠢ ᠣᠴᠢᠯ᠎ᠠ᠃ 《ᠦᠨᠢᠷ ᠴᠡᠴᠡᠭ᠌》 ᠰᠡᠳᠭᠦᠯ ᠤᠨ ᠬᠤᠷᠢᠶᠠᠨ ᠡᠴᠡ ᠳᠤᠰᠬᠠᠢ ᠭᠦᠮᠤᠨ ᠭᠠᠷᠭᠠᠨ ᠪᠠᠭᠤᠳᠠᠯ ᠳᠤ ᠮᠠᠨᠤᠰ ᠢ ᠳᠤᠰᠤᠭᠤᠯᠵᠤ ᠪᠠᠢ᠌ᠪᠠ᠃ ᠰᠢᠠᠵᠢᠶᠠᠩ ᠤᠨ ᠲᠦᠯᠦᠭᠡᠯᠡᠭ᠍ᠴᠢ ᠭᠦᠡᠬᠤᠸᠡᠷ ᠪᠠᠭᠰᠢ ᠡᠮᠦᠨ᠎ᠡ ᠣᠷᠤᠢ ᠨᠢ ᠰᠢᠭᠤᠳ ᠨᠢᠰᠭᠡᠯ ᠶᠢᠡᠷ ᠢᠷᠡᠭᠡᠳ ᠪᠠᠢ᠌ᠵᠠᠢ᠃ 《ᠦᠨᠢᠷ ᠴᠡᠴᠡᠭ᠌》 ᠰᠡᠳᠭᠦᠯ ᠤᠨ ᠭᠢᠨ ᠭᠦᠮᠤᠨ ᠴᠥᠭᠡᠨ᠂ ᠠᠵᠢᠯ ᠠᠷᠪᠢᠨ ᠳᠡᠭᠡᠷ᠎ᠡ ᠪᠠᠨ ᠴᠠᠭ ᠪᠠᠴᠢᠮ ᠪᠣᠯᠤᠭᠰᠠᠨ ᠳᠤᠯᠠ ᠭᠦᠯ ᠳᠤᠯᠤᠭᠠᠢ ᠦᠭᠡᠶ ᠶᠠᠭᠠᠷᠠᠵᠤ ᠪᠠᠢ᠌ᠬᠤ ᠨᠢ ᠢᠯᠡᠭᠡᠨ᠃ ᠭᠡᠳᠦᠢ ᠡᠢ᠌ᠮᠤ ᠪᠠᠢ᠌ᠭᠰᠠᠨ ᠴᠤ ᠬᠤᠯᠠ ᠡᠴᠡ ᠢᠷᠠᠯ᠎ᠠ ᠭᠡᠳ ᠪᠠᠷᠠᠭᠤᠨ ᠭᠤᠷᠪᠠᠨ ᠮᠤᠵᠢ ᠡᠴᠡ ᠭᠦᠷᠦᠭ᠍ᠰᠡᠨ ᠪᠢᠳᠠ ᠭᠤᠷᠪᠠ ᠶᠢ ᠰᠠᠢ᠌ᠬᠠᠨ ᠬᠠᠷᠠᠭᠠᠯᠵᠠᠵᠤ᠂ ᠭᠦᠡᠳᠦᠯᠡᠨ ᠳᠠᠢ᠌ᠯᠠᠯ᠎ᠠ᠃ 《ᠨᠢ᠋ᠮᠠᠨ ᠰᠢᠷᠭ᠎ᠠ》 ᠰᠤᠷᠤᠭᠴᠢᠳ ᠤᠨ ᠣᠷᠠᠨ ᠵᠤᠬᠢᠶᠠᠯ ᠤᠨ ᠣᠷᠤᠯᠳᠤᠭᠠᠨ ᠵᠥᠭᠡᠷ ᠯᠠ ᠨᠢᠭᠡ ᠣᠷᠠᠨ ᠵᠤᠬᠢᠶᠠᠯ ᠤᠨ ᠣᠷᠤᠯᠳᠤᠭᠠᠨ ᠯᠠᠪ ᠪᠢᠰᠢ ︕ ᠬᠠᠷᠢᠨ ᠭᠡᠯᠡ ᠰᠤᠶᠤᠯ ᠶᠢᠡᠨ ᠣᠯᠠᠮᠵᠢᠯᠠᠨ ᠳᠡᠯᠭᠡᠷᠡᠭᠦᠯᠭᠦ᠂ ᠰᠤᠶᠤᠯ ᠤᠨ ᠵᠤᠷᠢᠭ ᠰᠠᠨᠠᠭ᠎ᠠ᠂ ᠣᠬᠠᠮᠰᠠᠷ ᠢ ᠳᠠᠢ᠌ᠴᠢᠯᠠᠨ ᠰᠡᠷᠭᠦᠭᠡᠭᠦ᠂ ᠦᠷ᠎ᠡ ᠬᠣᠢ᠌ᠴᠢᠰ ᠤᠨ ᠣᠷ᠎ᠠ ᠠᠪᠢᠶᠠᠰ ᠢ ᠰᠤᠷᠢᠬᠤ᠂ ᠳᠤᠷ᠎ᠠ ᠰᠤᠨᠢᠷᠬᠠᠯ ᠢ ᠭᠦᠭ᠍ᠵᠢᠭᠡᠭᠦ᠂ ᠡᠭᠡ ᠭᠡᠯᠡᠨ ᠤ ᠭᠠᠢ᠌ᠬᠠᠮᠰᠢᠭ ᠶᠢᠡᠨ ᠨᠠᠩ ᠣᠯᠠᠨ ᠭᠦᠮᠦᠰ ᠲᠤ ᠳᠠᠨᠢᠭᠤᠯᠬᠤ᠂ ᠮᠡᠳᠡᠷᠡᠭᠦᠯᠭᠦ᠂ ᠣᠷᠢᠶᠠᠯᠠᠬᠤ᠂ ᠣᠬᠠᠭᠤᠯᠬᠤ ᠵᠡᠷᠭᠡ ᠠᠭᠤᠯᠭ᠎ᠠ ᠶᠢ ᠬᠠᠮᠤᠷᠠᠭᠰᠠᠨ ᠰᠤᠶᠤᠯ ᠤᠨ ᠠᠵᠢᠯᠯᠠᠭ᠎ᠠ ᠪᠣᠯᠬᠤ ᠶᠤᠮ᠃ ᠰᠤᠶᠤᠯ ᠳᠤ ᠪᠠᠨ ᠬᠠᠢ᠌ᠷᠠᠳᠠᠢ ᠨᠢᠭᠡ ᠪᠦᠯᠦᠭ᠌ ᠭᠦᠮᠦᠰ ᠭᠢᠭᠡᠳ ᠰᠤᠶᠤᠯ ᠶᠢᠡᠷ ᠶᠢᠡᠨ ᠳᠤᠭ ᠪᠣᠰᠬᠠᠨ ᠠᠵᠢᠯᠯᠠᠭ᠎ᠠ 《ᠦᠨᠢᠷ ᠴᠡᠴᠡᠭ᠌》 ᠰᠡᠳᠭᠦᠯ ᠤᠨ ᠭᠢᠨ ᠪᠠᠢ᠌ᠭᠰᠠᠨ ᠡᠴᠡ 《ᠨᠢ᠋ᠮᠠᠨ ᠰᠢᠷᠭ᠎ᠠ》 ᠰᠤᠷᠤᠭᠴᠢᠳ ᠤᠨ ᠣᠷᠠᠨ ᠵᠤᠬᠢᠶᠠᠯ ᠤᠨ ᠣᠷᠤᠯᠳᠤᠭᠠᠨ ᠮᠡᠡᠳᠦᠯᠡᠭ᠍ᠰᠡᠨ ᠴᠠᠭ ᠡᠴᠡ ᠪᠠᠨ ᠦᠨᠦᠳᠤᠷ ᠲᠤ ᠭᠦᠷᠳᠡᠯ᠎ᠡ ᠳᠦᠷᠪᠠᠳᠠᠭᠢ ᠣᠳᠠᠭ᠎ᠠ ᠪᠠᠨ ᠠᠮᠵᠢᠯᠳᠠ ᠲᠡᠶ ᠶᠠᠪᠣᠭᠳᠠᠵᠤ ᠴᠢᠳᠠᠯ᠎ᠠ ᠭᠡᠮᠡᠨ ᠣᠢ᠌ᠯᠠᠭᠠᠵᠤ ᠪᠠᠢ᠌ᠨ᠎ᠠ᠃ ᠬᠣᠢ᠌ᠰᠢᠳᠠ ᠨᠠᠩ ᠦᠷᠨᠢᠨ ᠭᠦᠭ᠍ᠵᠢᠵᠤ᠂ ᠪᠦᠭᠦᠢᠯᠡ ᠮᠤᠩᠭ᠋ᠤᠯᠴᠤᠳ ᠤᠨ ᠰᠡᠳᠭᠢᠯ ᠤᠨ ᠭᠠᠯ᠂ ᠵᠢᠷᠦᠭᠡᠨ ᠳᠠᠮᠢᠷ ᠢ ᠰᠢᠯᠭᠠᠭᠰᠠᠨ ᠰᠤᠶᠤᠯ ᠤᠨ ᠨᠠᠷᠠᠳᠤ ᠳᠡᠮᠳᠡᠭ᠌ ᠪᠣᠯᠤᠨ᠎ᠠ ᠭᠡᠳᠡᠭ᠌ ᠲᠤ ᠢᠳᠡᠭᠡᠵᠤ ᠪᠠᠢ᠌ᠨ᠎ᠠ᠃ ᠳᠦᠷᠪᠠᠳᠦᠭᠡᠷ ᠣᠳᠠᠭᠠᠨ ᠤ 《ᠨᠢ᠋ᠮᠠᠨ ᠰᠢᠷᠭ᠎ᠠ》 ᠰᠤᠷᠤᠭᠴᠢᠳ ᠤᠨ ᠣᠷᠠᠨ ᠵᠤᠬᠢᠶᠠᠯ ᠤᠨ ᠣᠷᠤᠯᠳᠤᠭᠠᠨ ᠳᠤ ᠨᠢ᠋ᠮᠠᠨ ᠮᠤᠵᠢ ᠣᠷᠤᠨ ᠤ 23 ᠶᠡᠭᠡ ᠰᠤᠷᠭᠠᠭᠤᠯᠢ᠂ 672 ᠳᠡᠭᠡᠳᠤ ᠵᠡᠷᠭᠡ ᠶᠢᠨ ᠳᠤᠮᠳᠠᠳᠤ ᠰᠤᠷᠭᠠᠭᠤᠯᠢ᠂ 163 ᠠᠩᠬ᠎ᠠ ᠵᠡᠷᠭᠡ ᠶᠢᠨ ᠳᠤᠮᠳᠠᠳᠤ ᠰᠤᠷᠭᠠᠭᠤᠯᠢ ᠡᠴᠡ ᠪᠦᠭᠦ 5 ᠲᠦᠮᠡᠨ ᠰᠤᠷᠤᠭᠴᠢ ᠣᠷᠤᠯᠴᠠᠵᠠᠢ᠃ ᠡᠭᠦᠨ ᠡᠴᠡ ᠪᠢᠳᠠ ᠮᠤᠩᠭ᠋ᠤᠯ ᠰᠤᠶᠤᠯ ᠤᠨ ᠭᠦᠭ᠍ᠵᠢᠯᠳᠡ ᠶᠢᠨ ᠠᠯᠤᠰ ᠢᠷᠡᠭᠡᠳᠦᠢ ᠶᠢ ᠣᠯᠵᠤ ᠬᠠᠷᠠᠵᠤ ᠪᠣᠯᠤᠨ᠎ᠠ᠃ ᠡᠢ᠌ᠮᠦᠷᠭᠦᠤ ᠨᠦᠰᠠᠷ ᠳᠤᠮᠤ ᠰᠤᠶᠤᠯ ᠤᠨ ᠠᠵᠢᠯᠯᠠᠭ᠎ᠠ ᠳᠤ ᠭᠦᠴᠤ ᠭᠦᠯᠦᠰᠤ᠂ ᠣᠶᠤᠨ ᠣᠬᠠᠭᠠᠨ᠂ ᠪᠢᠯᠢᠭ᠌ ᠤᠨ ᠳᠡᠩᠭᠡᠭᠡ ᠪᠠᠨ ᠰᠢᠪᠬᠠᠭ᠎ᠠ ᠰᠤᠶᠤᠯ ᠳᠤ ᠪᠠᠨ ᠬᠠᠢ᠌ᠷᠠᠳᠠᠢ ᠭᠦᠮᠦᠰ ᠢ ᠣᠯᠵᠤ ᠬᠠᠷᠠᠵᠤ ᠪᠣᠯᠤᠨ᠎ᠠ᠃ ᠰᠡᠳᠭᠢᠯ ᠨᠢᠭᠡᠳᠤᠨ ᠴᠢᠷᠮᠠᠢ᠌ᠪᠠᠯ ᠮᠤᠩᠭ᠋ᠤᠯ ᠭᠡᠯᠡ ᠰᠤᠶᠤᠯ ᠶᠢᠡᠨ ᠮᠥᠭᠦᠯ ᠣᠷᠤᠭᠤ ᠨᠢ ᠪᠢᠰᠢ ᠮᠠᠠᠳᠤᠯ ᠥᠭᠡᠳᠡ ᠨᠢ ᠵᠠᠯᠠᠵᠤ ᠪᠣᠯᠤᠨ᠎ᠠ ᠭᠡᠳᠡᠭ᠌ ᠢ ᠴᠤ ᠣᠢ᠌ᠯᠠᠭᠠᠵᠤ᠂ ᠮᠠᠳᠠᠷᠠᠵᠤ᠂ ᠣᠬᠠᠭᠠᠷᠠᠵᠤ ᠪᠣᠯᠤᠨ᠎ᠠ᠃

ᠬᠦᠬᠡᠬᠤᠲᠠ ᠶᠢᠨ ᠨᠤᠮ ᠤᠨ ᠳᠡᠯᠭᠡᠭᠦᠷ ᠤᠳ ᠶᠢᠡᠷ ᠣᠷᠤᠯ᠎ᠠ᠃ ᠬᠤᠳᠠᠯᠳᠤᠵᠤ ᠪᠠᠢ᠌ᠭ᠎ᠠ ᠮᠤᠩᠭ᠋ᠤᠯ ᠨᠤᠮ ᠠᠷᠪᠢᠨ ᠪᠦᠭᠡᠳ ᠳᠦᠷᠤᠯ ᠪᠦᠷᠢ ᠶᠢᠨ ᠨᠤᠮ ᠪᠦᠷ ᠪᠠᠢ᠌ᠨ᠎ᠠ᠃ ᠬᠠᠷᠠᠮᠰᠠᠯᠳᠠᠢ ᠨᠢ ᠮᠤᠩᠭ᠋ᠤᠯ ᠨᠤᠮ ᠤᠨ ᠳᠡᠯᠭᠡᠭᠦᠷ ᠶᠢᠡᠷ ᠢᠷᠠᠵᠤ ᠪᠠᠢ᠌ᠭ᠎ᠠ ᠭᠦᠮᠦᠰ ᠳᠤᠩ ᠴᠥᠭᠡᠨ ᠬᠠᠷᠠᠭᠳᠠᠯ᠎ᠠ᠃ ᠳᠡᠯᠭᠡᠭᠦᠷ ᠤᠨ ᠡᠵᠡᠨ ᠤ ᠭᠡᠯᠡᠭᠦ ᠪᠠᠷ ᠮᠤᠩᠭ᠋ᠤᠯ ᠨᠤᠮ ᠠᠪᠳᠠᠭ ᠭᠦᠮᠤᠨ ᠵᠢᠯ ᠡᠴᠡ ᠵᠢᠯ ᠬᠤᠪᠣᠷᠳᠠᠵᠤ ᠪᠠᠢ᠌ᠨ᠎ᠠ ᠭᠡᠨ᠎ᠡ᠃ ᠮᠠᠨᠠᠢ᠌ᠭᠢᠰ ᠰᠢᠨ᠎ᠡ ᠬᠤᠪᠴᠠᠰᠤ᠂ ᠭᠤᠶᠤ ᠮᠠᠰᠢᠨ᠂ ᠰᠢᠪᠠᠷ ᠠᠰᠠᠷ ᠲᠤ ᠮᠥᠩᠭᠦ ᠪᠠᠨ ᠬᠠᠢ᠌ᠷᠠᠯᠠᠬᠤ ᠦᠭᠡᠶ ᠪᠠᠢ᠌ᠭᠠᠤᠨ ᠨᠢᠭᠡ ᠯᠤᠩᠬᠤ ᠰᠠᠢ᠌ᠨ ᠠᠷᠢᠭᠢ ᠶᠢᠨ ᠦᠨ᠎ᠡ ᠠᠷᠠᠢ ᠭᠦᠷᠭᠦ ᠦᠭᠡᠶ ᠪᠠᠢ᠌ᠭ᠎ᠠ ᠮᠤᠩᠭ᠋ᠤᠯ ᠨᠤᠮ ᠰᠡᠳᠭᠦᠯ ᠠᠪᠴᠤ ᠵᠠᠭᠢᠶᠠᠯᠠᠬᠤ ᠳᠤ ᠶᠠᠭᠤᠨ ᠳᠤ ᠮᠥᠩᠭᠦ ᠪᠠᠨ ᠨᠠᠷᠢᠯᠠᠭᠠᠤᠨ ᠪᠠᠢ᠌ᠳᠠᠭ ᠢ ᠣᠢ᠌ᠯᠠᠭᠠᠵᠤ ᠶᠠᠳᠠᠨ ᠭᠠᠢ᠌ᠬᠠᠯ᠎ᠠ ︕ ᠡᠭᠦᠨ ᠤ ᠭᠤᠤᠯ ᠰᠢᠯᠳᠠᠭᠠᠨ ᠨᠢ ᠦᠨᠦᠳᠤᠷ ᠤᠨ ᠮᠤᠩᠭ᠋ᠤᠯᠴᠤᠳ ᠪᠣᠳᠠᠰ ᠤᠨ ᠰᠤᠶᠤᠯ ᠢ ᠭᠡᠳᠤ ᠴᠢᠬᠤᠯᠠ ᠪᠠᠢ᠌ᠷᠢᠨ ᠳᠤ ᠳᠠᠯᠪᠢᠭᠠᠤᠨ ᠣᠶᠤᠨ ᠤ ᠰᠤᠶᠤᠯ ᠢ ᠭᠡᠳᠤ ᠭᠦᠩᠭᠡᠪᠴᠢᠯᠡᠭ᠍ᠰᠡᠨ ᠳᠤ ᠪᠠᠢ᠌ᠨ᠎ᠠ᠃ ᠮᠤᠩᠭ᠋ᠤᠯ ᠤᠨ ᠥᠭᠡᠨ ᠳᠤ 《ᠡᠷᠳᠡᠮ ᠤᠨ ᠪᠠᠶᠠᠨ ᠳᠦᠷᠦᠭᠦᠤ ᠪᠠᠶᠠᠨ᠂ ᠡᠳ᠋ ᠤᠨ ᠪᠠᠶᠠᠨ ᠠᠳᠠᠭ ᠪᠠᠶᠠᠨ》 ᠭᠡᠳᠡᠭ᠌ ᠪᠠᠢ᠌ᠭᠰᠠᠨ᠃ ᠭᠡᠳᠡᠯ᠎ᠡ ᠣᠳᠤ ᠡᠨᠡ ᠥᠭᠡ ᠶᠢ ᠡᠷᠭᠢᠭᠦᠯᠦᠭᠡᠳ ᠭᠡᠯᠡᠭᠦ ᠭᠡᠮᠵᠢᠶᠡᠨ ᠳᠤ ᠭᠦᠷᠴᠤ ᠳ᠋ᠠ ︕ ᠨᠤᠮ ᠤᠨ ᠳᠡᠯᠭᠡᠭᠦᠷ ᠲᠤ ᠰᠠᠨᠠᠭᠠᠨ ᠳᠤ ᠦᠭᠡᠶ ᠣᠷᠠᠨ ᠵᠤᠬᠢᠶᠠᠯ ᠤᠨ ᠠᠠᠳᠠ ᠳᠠᠭᠤᠳᠠᠭᠠᠴᠢ·ᠡᠩᠭᠡᠬᠠᠳᠡ ᠲᠡᠶ ᠪᠠᠨ ᠵᠤᠯᠭᠠᠴᠢᠬᠠᠯ᠎ᠠ᠃ ᠨᠤᠮ ᠤᠨ ᠳᠠᠩᠭ᠋ᠠᠷᠢᠭ ᠨᠢᠭᠡᠳᠡᠨ ᠨᠤᠮ ᠤᠨ ᠳᠡᠯᠭᠡᠭᠦᠷ ᠲᠤ ᠯᠠ ᠢᠩᠭᠢᠵᠤ ᠪᠣᠯᠵᠤᠭᠰᠠᠨ ᠦᠭᠡᠶ ᠪᠠᠷ ᠳᠠᠭᠠᠷᠠᠴᠢᠬᠠᠳᠠᠭ ᠪᠠᠢ᠌ᠵᠠᠢ᠃ ᠪᠢᠰᠢ ᠪᠣᠯ ᠣᠷᠢᠳᠤ ᠨᠢ ᠬᠠᠷᠢᠯᠴᠠᠭᠰᠠᠨ ᠦᠭᠡᠶ᠂ ᠪᠠᠢ᠌ᠳᠠᠯ ᠣᠴᠢᠷ ᠶᠢᠡᠨ ᠮᠡᠳᠡᠯᠴᠡᠭ᠍ᠰᠡᠨ ᠦᠭᠡᠶ ᠪᠠᠢ᠌ᠭᠠᠤᠨ ᠳᠤᠮᠤ ᠬᠤᠳᠠ ᠶᠢᠨ ᠨᠢᠭᠡ ᠥᠡᠴᠦᠭ᠌ ᠲᠤ ᠵᠥᠩᠳᠡᠭᠡᠨ ᠬᠠᠷᠭᠤᠴᠢᠬᠠᠨ᠎ᠠ ᠭᠡᠳᠡᠭ᠌ ᠥᠨᠡᠭᠡᠷ ᠵᠡᠭᠦᠳᠤᠨ ᠳᠤ ᠦᠭᠡᠶ ᠭᠡᠷᠡᠭ᠌ ᠳ᠋ᠠ᠃ ᠨᠠᠢ᠌ᠵᠠ ᠪᠠᠨ ᠳᠠᠭᠠᠭᠠᠤᠨ ᠬᠦᠬᠡᠬᠤᠲᠠ ᠶᠢᠨ ᠮᠦᠽᠧᠢ ᠪᠠᠷ ᠳᠤᠭᠤᠷᠢᠯ᠎ᠠ᠃ ᠨᠠᠢ᠌ᠵᠠ ᠮᠠᠨᠢ᠂ ᠭᠡᠷ ᠲᠤ ᠨᠢ ᠭᠦᠷᠦᠭ᠍ᠰᠡᠨ ᠡᠴᠡ ᠢᠯᠡᠭᠦᠤ ᠪᠠᠶᠠᠷᠯᠠᠨ ᠳᠤᠭᠳᠤᠯᠵᠤ᠂ ᠬᠤᠶᠠᠭᠤᠯᠠ ᠪᠠᠨ ᠬᠠᠨᠤᠳᠠᠯ᠎ᠠ ᠨᠠᠷᠭᠢᠪᠠ᠃ ᠰᠠᠯᠤᠭᠠᠤᠨ ᠣᠳᠠᠭᠰᠠᠨ ᠨᠤᠮ ᠤᠨ ᠰᠠᠳᠤᠨ ᠲᠡᠶ ᠪᠠᠨ ᠠᠭᠢᠨ ᠠᠭᠤᠯᠵᠠᠬᠤ ᠭᠡᠭ᠍ᠴᠢ ᠰᠠᠢ᠌ᠬᠠᠨ ᠶᠤᠮ ᠡ᠃

6 ᠰᠠᠷ᠎ᠠ ᠶᠢᠨ 20 ᠊ᠤ ᠦᠷᠯᠦᠭᠡ ᠶᠢᠨ 5 ᠴᠠᠭ ᠬᠠᠭᠠᠰ ᠲᠤ ᠪᠢᠳᠠ ᠭᠤᠷᠪᠠ 《ᠦᠨᠢᠷ ᠴᠡᠴᠡᠭ᠌》 ᠰᠡᠳᠭᠦᠯ ᠤᠨ ᠬᠤᠷᠢᠶᠠᠨ ᠤ ᠭᠡᠰᠡᠭ᠌ ᠨᠥᠭᠦᠤᠨ ᠲᠡᠶ ᠬᠠᠮᠳᠤ ᠰᠢᠯᠢ ᠶᠢᠨ ᠭᠤᠤᠯ ᠤᠨ ᠪᠠᠷᠠᠭᠤᠨ ᠦᠵᠤᠮᠤᠴᠢᠨ ᠬᠤᠰᠢᠭᠤ ᠣᠷᠤᠭᠤ ᠵᠢᠯᠤᠭᠤ ᠵᠠᠯᠠᠪᠠ᠃ 《ᠦᠨᠢᠷ ᠴᠡᠴᠡᠭ᠌》 ᠰᠡᠳᠭᠦᠯ ᠤᠨ ᠠᠬᠠᠮᠠᠤᠨ ᠭᠡᠳᠤᠨ ᠨᠠᠢ᠌ᠷᠠᠭᠤᠯᠤᠭᠴᠢ ᠶᠢ ᠭᠠᠷᠭᠠᠪᠠᠯ ᠣᠯᠠᠩᠭᠢ ᠨᠢ ᠪᠦᠷ 《ᠪᠠᠷᠰ ᠪᠠᠷᠢᠵᠤ ᠣᠨᠤᠮᠠᠷ᠂ ᠱᠠᠷ ᠱᠦᠯᠦᠵᠤ ᠢᠳᠠᠮᠠᠷ》 ᠭᠠᠯ ᠵᠠᠯᠠᠭᠤ ᠣᠯᠤᠰ ᠤᠳ ᠪᠠᠢ᠌ᠯ᠎ᠠ᠃ ᠮᠦᠨ ᠭᠡᠯᠡᠪᠠᠯ ᠮᠤᠩᠭ᠋ᠤᠯ ᠰᠤᠶᠤᠯ ᠤᠨ ᠠᠯᠳᠠᠨ ᠳᠤᠯᠭᠠᠨ ᠳᠤ ᠪᠢᠯᠢᠭ᠌ ᠤᠨ ᠭᠡᠳᠡ ᠴᠠᠭᠢᠵᠤ᠂ ᠭᠠᠯ ᠨᠤᠴᠤᠭᠠᠬᠤ ᠰᠤᠶᠤᠯ ᠤᠨ ᠣᠳᠤᠳ ᠮᠤᠩᠳᠠᠬᠤ ᠦᠭᠡᠶ ᠭᠡᠳᠡᠭ᠌ ᠢ ᠬᠠᠷᠠᠭᠤᠯᠵᠤ ᠪᠠᠢ᠌ᠨ᠎ᠠ᠃ ᠰᠤᠶᠤᠯ ᠤᠨ ᠭᠠᠯ ᠶᠢᠡᠨ ᠮᠥᠭᠦᠭᠡᠭᠦ ᠦᠭᠡᠶ ᠮᠥᠩᠭᠡ ᠠᠪᠴᠤ ᠶᠠᠪᠣᠶ᠎ᠠ ᠭᠡᠪᠠᠯ ᠳᠤᠯᠭ᠎ᠠ ᠶᠢᠨ ᠴᠢᠯᠠᠭᠤ ᠶᠢ ᠨᠢ ᠣᠨᠠᠭᠠᠯ ᠦᠭᠡᠶ ᠲᠦᠰᠢᠵᠤ ᠶᠠᠪᠣᠬᠤ ᠵᠠᠯᠭᠠᠮᠵᠢ ᠬᠣᠢ᠌ᠴᠢᠰ ᠪᠠᠢ᠌ᠬᠤ ᠶᠤᠰᠤᠳᠠᠢ᠃ ᠴᠠᠭ ᠨᠡᠢ᠌ᠭᠡᠮ ᠤᠨ ᠭᠦᠭ᠍ᠵᠢᠯᠳᠡ᠂ ᠰᠤᠶᠤᠯ ᠤᠨ ᠳᠦᠷᠢᠯᠳᠠ ᠡᠴᠡ ᠪᠣᠯᠤᠭᠠᠤᠨ ᠮᠤᠩᠭ᠋ᠤᠯᠴᠤᠳ ᠤᠨ ᠠᠵᠤ ᠳᠦᠷᠤᠨ ᠠᠮᠢᠳᠤᠷᠠᠵᠤ ᠪᠠᠢ᠌ᠭ᠎ᠠ ᠠᠯᠢ ᠴᠤ ᠨᠢᠭᠡᠨ ᠭᠠᠵᠠᠷ᠂ ᠪᠠᠢ᠌ᠭᠤᠯᠤᠯᠭ᠎ᠠ ᠨᠢᠭᠡᠴᠡ᠂ ᠰᠤᠷᠭᠠᠭᠤᠯᠢ ᠭᠡᠰᠡᠨ ᠦᠭᠡᠶ ᠦᠨᠳᠦᠰᠦᠳᠠᠨ ᠤ ᠭᠡᠯᠡ ᠪᠠᠷ ᠶᠠᠷᠢᠳᠠᠭ᠂ ᠦᠰᠦᠭ᠌ ᠪᠢᠴᠢᠭ᠌ ᠶᠢᠡᠨ ᠭᠡᠷᠡᠭᠯᠡᠳᠡᠭ᠌ ᠵᠠᠯᠭᠠᠮᠵᠢ ᠦᠶ᠎ᠡ ᠶᠢᠨ ᠭᠢᠨ ᠯᠠ ᠶᠠᠪᠣᠬᠤ ᠳᠤᠳᠤᠮ ᠴᠥᠭᠡᠷᠡᠵᠤ ᠪᠣᠢ᠃ ᠡᠨᠡ ᠯᠠ ᠳᠤᠩ ᠠᠶᠤᠮᠰᠢᠭᠳᠠᠢ ᠶᠠᠪᠣᠳᠠᠯ ᠡ ︕ ᠠᠯᠢ ᠴᠤ ᠦᠨᠳᠦᠰᠦᠳᠠᠨ ᠳᠤ ᠰᠤᠶᠤᠯ ᠶᠢᠡᠨ ᠵᠠᠯᠭᠠᠮᠵᠢᠯᠠᠬᠤ᠂ ᠣᠯᠠᠮᠵᠢᠯᠠᠬᠤ᠂ ᠭᠦᠭ᠍ᠵᠢᠭᠦᠯᠭᠦ ᠵᠠᠯᠠᠭᠤ ᠨᠢᠭᠡ ᠦᠶ᠎ᠡ ᠶᠢᠨ ᠭᠢᠨ ᠳᠠᠰᠤᠷᠠᠬᠤ ᠳᠤ ᠭᠦᠷᠪᠠᠯ ᠰᠤᠶᠤᠯ ᠨᠢ ᠢᠷᠤᠭᠠᠷ ᠡᠴᠡ ᠪᠠᠨ ᠢᠳᠡᠭ᠍ᠳᠡᠨ ᠡᠭᠢᠯᠡᠭᠦ ᠨᠢ ᠡᠨᠡᠭᠡᠨ ᠳᠤ ᠪᠣᠢ᠃

ᠬᠦᠬᠡᠬᠤᠲᠠ ᠡᠴᠡ ᠭᠠᠷᠬᠤ ᠳᠤ ᠪᠣᠷᠬᠠᠨ ᠳᠡᠭ᠍ᠷᠢ ᠪᠠᠰᠠ ᠯᠠ ᠵᠥᠭᠡᠯᠡᠨ ᠪᠣᠷᠤᠭ᠎ᠠ ᠪᠠᠨ ᠬᠠᠢ᠌ᠷᠠᠯᠠᠵᠤ᠂ ᠠᠶᠠᠨ ᠤ ᠭᠠᠠᠵᠤᠭ᠎ᠠ ᠶᠢ ᠮᠢᠯᠢᠶᠠᠯ᠎ᠠ᠃ ᠶᠠᠷᠤᠨᠢ ᠪᠢ ᠶᠠᠮᠠᠷ ᠨᠢᠭᠡᠨ ᠰᠤᠶᠤᠯ ᠤᠨ ᠠᠵᠢᠯᠯᠠᠭ᠎ᠠ ᠳᠤ ᠣᠷᠤᠯᠴᠠᠬᠤ ᠪᠦᠷᠢ ᠪᠣᠷᠤᠭ᠎ᠠ ᠪᠣᠯᠬᠤ ᠦᠭᠡᠶ ᠭᠡᠳ ᠪᠠᠷᠤᠭ ᠪᠠᠢ᠌ᠳᠠᠭ ᠦᠭᠡᠶ᠃ ᠰᠤᠶᠤᠯ ᠶᠢᠡᠨ ᠳᠡᠭᠡᠳᠦᠯᠡᠭ᠍ᠰᠡᠨ ᠭᠦᠮᠦᠰ ᠤᠨ ᠴᠤᠭᠯᠠᠭᠠᠨ ᠪᠣᠯᠬᠤ ᠳᠤ ᠮᠥᠩᠭᠡ ᠳᠡᠭ᠍ᠷᠢ ᠮᠠᠨᠢ ᠭᠤᠤᠯ ᠡᠴᠡ ᠪᠠᠨ ᠳᠤᠭᠳᠤᠯᠤᠨ ᠣᠶᠠᠷᠠᠵᠤ᠂ ᠪᠣᠷᠤᠭ᠎ᠠ ᠪᠠᠨ ᠬᠠᠢ᠌ᠷᠠᠯᠠᠨ ᠪᠠᠶᠠᠰᠳᠠᠭ ᠴᠤ ᠪᠢᠯᠠ ᠦᠦ ᠭᠡᠮᠡᠨ ᠪᠢ ᠦᠷᠭᠦᠯᠵᠢ ᠪᠣᠳᠤᠳᠠᠭ ᠡ᠃ ᠵᠠᠮ ᠳᠤ ᠭᠠᠷᠤᠭᠰᠠᠨ ᠵᠠᠯᠠᠭᠤᠴᠤᠳ ᠬᠤᠭᠤᠷᠤᠠᠳᠤ ᠪᠠᠨ ᠨᠢᠭᠡ ᠨᠢᠭᠡ ᠪᠠᠨ ᠨᠠᠭᠠᠳᠤᠨ ᠭᠤᠤᠴᠢᠯᠠᠵᠤ ᠪᠠᠶᠠᠷ ᠭᠦᠷ᠂ ᠳᠠᠭᠤᠤ ᠢᠨᠢᠶᠠᠳᠤ ᠪᠠᠷ ᠳᠡᠷᠭᠡ ᠳᠦᠭᠦᠷᠭᠡᠨ ᠶᠠᠪᠣᠨ᠎ᠠ᠃ ᠭᠠᠳᠠᠨ᠎ᠠ ᠰᠠᠯᠭᠢᠨ ᠳᠤ ᠭᠠᠷᠴᠤ᠂ ᠨᠢᠳᠤ ᠨᠡᠭᠡᠭᠡᠭᠦ ᠪᠠᠷ ᠰᠠᠨᠠᠭ᠎ᠠ ᠰᠡᠳᠭᠢᠯ ᠨᠢ ᠳᠤᠤᠷ᠎ᠠ ᠪᠠᠨ ᠰᠡᠷᠭᠦᠨ ᠭᠦᠭᠡᠷᠤᠨ ᠭᠦᠭ᠍ᠰᠡᠵᠤ᠂ ᠶᠠᠭᠤ ᠪᠦᠭᠦᠨ ᠶᠢᠡᠨ ᠮᠠᠷᠳᠠᠴᠢᠬᠠᠳᠠᠭ ᠨᠢ ᠨᠡᠭᠦᠳᠡᠯᠴᠢᠨ ᠤ ᠬᠣᠢ᠌ᠴᠢᠰ ᠤᠨ ᠴᠢᠰᠤᠨ ᠳᠤ ᠰᠢᠩᠭᠡᠭ᠍ᠰᠡᠨ ᠭᠧᠨ ᠭᠡᠯᠳᠡᠢ᠃ ᠡᠨᠡ ᠴᠤ ᠠᠷᠭ᠎ᠠ ᠦᠭᠡᠶ ᠡ᠂ ᠪᠠᠢ᠌ᠭᠠᠯᠢ ᠪᠠᠨ ᠦᠵᠡᠭᠡᠳ ᠪᠠᠶᠠᠰᠴᠤ᠂ ᠪᠠᠰᠠ ᠣᠶᠠᠷᠠᠨ ᠳᠤᠭᠳᠤᠯᠵᠤ ᠴᠢᠳᠠᠳᠠᠭ ᠨᠢ ᠮᠤᠩᠭ᠋ᠤᠯ ᠭᠦᠮᠤᠨ ᠤ ᠳᠦᠷᠤᠯᠭᠢ ᠶᠢᠨ ᠵᠠᠩ ᠪᠢᠯᠠ᠃ ᠬᠤᠳᠠ ᠶᠢᠨ ᠵᠠᠬ᠎ᠠ ᠡᠴᠡ ᠭᠠᠷᠬᠤ ᠲᠡᠶ ᠵᠡᠷᠭᠡ ᠭᠦᠳᠡᠭᠡ ᠶᠢᠨ ᠠᠭᠠᠷ᠂ ᠪᠠᠢ᠌ᠭᠠᠯᠢ ᠶᠢᠨ ᠰᠠᠢ᠌ᠬᠠᠨ ᠳᠤ ᠳᠠᠯᠪᠢᠭᠠᠤᠨ ᠣᠷᠤᠴᠢᠬᠠᠨ᠎ᠠ᠃ ᠡ᠊ᠨᠳᠡᠭᠢ ᠶᠢᠨ ᠮᠠᠯᠴᠢᠳ ᠴᠤ ᠨᠤᠳᠤᠭ ᠣᠷᠤᠨ ᠤ ᠪᠠᠨ ᠡᠨᠡᠭᠦ ᠳᠠᠪᠠᠭᠤᠯᠢᠭ ᠳᠠᠯ᠎ᠠ ᠪᠠᠨ ᠪᠦᠷᠢᠨ ᠠᠰᠢᠭᠯᠠᠵᠤ᠂ ᠵᠤᠭᠠᠴᠠᠯ ᠤᠨ ᠴᠡᠭ᠌ ᠭᠠᠷᠭᠠᠨ ᠣᠷᠤᠯᠭ᠎ᠠ ᠪᠠᠨ ᠨᠡᠮᠡᠭ᠍ᠳᠡᠭᠦᠯᠵᠤ ᠪᠠᠢ᠌ᠬᠤ ᠨᠢ ᠢᠯᠡᠭᠡᠨ ᠪᠠᠢ᠌ᠨ᠎ᠠ᠃ ᠳᠤᠷᠭᠠᠨ ᠨᠤᠭᠤᠭᠠᠨ ᠳᠠᠯ᠎ᠠ ᠳᠡᠭᠡᠷ᠎ᠡ ᠬᠨ ᠶᠠ ᠦᠭᠡᠶ ᠮᠤᠩᠭ᠋ᠤᠯ ᠭᠡᠷ ᠤᠳ ᠴᠠᠢ᠌ᠯᠵᠠᠭᠠᠤᠨ ᠦᠪᠡᠷ ᠤᠨ ᠡᠷᠭᠡ ᠦᠭᠡᠶ ᠣᠮᠤᠷᠬᠠᠬᠤ ᠪᠠᠬᠠᠳᠤᠬᠤ ᠰᠡᠳᠬᠢᠯᠭᠡ ᠳᠦᠷᠦᠭ᠍ᠳᠡᠭᠦᠯᠦᠨ᠎ᠡ᠃ ᠬᠠᠷᠠᠮᠰᠠᠯᠳᠠᠢ ᠨᠢ ᠮᠤᠩᠭ᠋ᠤᠯ ᠭᠡᠷ ᠨᠢ ᠪᠦᠷ ᠳᠤᠰᠬᠠᠢ ᠵᠤᠭᠠᠴᠠᠭᠰᠠᠤᠨ ᠲᠤ ᠵᠤᠷᠢᠭᠤᠯᠤᠭᠰᠠᠨ ᠰᠢᠪᠠᠷ ᠳᠤᠭᠤᠰᠬᠠᠨ ᠭᠡᠷ ᠤᠳ ᠪᠠᠢ᠌ᠯ᠎ᠠ᠃ ᠡᠢ᠌ᠮᠤ ᠭᠡᠷ ᠢ ᠭᠠᠳᠠᠨ᠎ᠠ ᠡᠴᠡ ᠨᠢ ᠬᠠᠷᠠᠬᠤ ᠳᠤ ᠭᠠᠩᠭ᠋ᠠᠩ ᠭᠡᠭᠡᠡᠴᠢᠷ ᠰᠠᠨᠠᠭᠳᠠᠪᠠᠴᠤ ᠪᠠᠢ᠌ᠭᠠᠯᠢ ᠣᠷᠴᠢᠨ ᠶᠢᠡᠨ ᠪᠦᠳᠤᠨ ᠶᠠᠩᠵᠤ ᠪᠠᠷ ᠨᠢ ᠬᠠᠮᠠᠭᠠᠯᠠᠬᠤ᠂ ᠠᠭᠠᠷ ᠠᠮᠢᠰᠬᠤᠯ ᠶᠢᠡᠨ ᠵᠤᠭᠢᠴᠠᠭᠤᠯᠬᠤ᠂ ᠰᠤᠶᠤᠯ ᠤᠨ ᠦᠨ᠎ᠡ ᠦᠷᠳᠡᠭ᠌ ᠶᠢᠡᠨ ᠳᠠᠨᠢᠭᠤᠯᠬᠤ ᠳᠠᠯ᠎ᠠ ᠪᠠᠷ ᠶᠠᠭᠠᠭᠢᠯ᠎ᠠ ᠭᠡᠳ ᠣᠯᠠᠮᠵᠢᠯᠠᠯᠳᠤ ᠮᠤᠩᠭ᠋ᠤᠯ ᠭᠡᠷ ᠢ ᠭᠦᠷᠭᠦ ᠪᠢᠯᠠ᠃

ᠪᠢᠳᠠᠨ ᠤ ᠰᠠᠭᠤᠭᠰᠠᠨ ᠮᠠᠰᠢᠨ ᠶᠠᠭ ᠯᠠ ᠠᠮᠠᠭᠠᠢ ᠵᠢᠯᠤᠭᠤ ᠦᠭᠡᠶ ᠮᠤᠷᠢᠨ ᠰᠢᠭ ᠳᠦᠷᠪᠠᠤᠨ ᠬᠤᠰᠢᠭᠤ᠂ ᠰᠦᠨᠢᠳ ᠪᠠᠷᠠᠭᠤᠨ ᠬᠤᠰᠢᠭᠤ ᠪᠠᠷ ᠳᠤᠭᠤᠷᠢᠨ ᠰᠤᠨᠤᠳᠠᠯ᠎ᠠ ᠳᠠᠪᠭᠢᠨ᠎ᠠ᠃ ᠵᠠᠬ᠎ᠠ ᠨᠢ ᠬᠠᠷᠠᠭᠳᠠᠬᠤ ᠦᠭᠡᠶ ᠭᠦᠳᠡᠭᠡ᠂ ᠥᠡᠳᠦᠷᠭᠡᠭ᠌ ᠥᠭᠡᠭᠦᠨ ᠰᠢᠯᠢ᠂ ᠡᠯᠡᠰᠦᠷᠭᠡᠭ᠌ ᠴᠠᠢ᠌ᠳᠠᠮ ᠪᠠᠯᠴᠢᠭᠡᠷ ᠬᠠᠷᠠᠭᠠᠨ ᠳᠤ ᠰᠤᠯᠢᠭᠳᠠᠨ ᠥᠩᠭᠡᠷᠡᠨ᠎ᠡ᠃ ᠮᠤᠩᠭ᠋ᠤᠯ ᠨᠤᠳᠤᠭ ᠤᠨ ᠠᠭᠤᠳᠠᠮ ᠢ ᠢᠩᠭᠢᠵᠤ ᠬᠠᠷᠠᠭ᠎ᠠ ᠰᠠᠷᠠᠯ᠂ ᠵᠢᠷᠦᠭᠡ ᠰᠡᠳᠭᠢᠯ᠂ ᠪᠠᠶ᠎ᠠ ᠴᠤᠭᠴᠠᠰ ᠶᠢᠡᠷ ᠶᠢᠡᠨ ᠵᠡᠷᠭᠡ ᠮᠠᠳᠠᠷᠠᠵᠤ ᠶᠠᠪᠣᠬᠤ ᠭᠡᠭ᠍ᠴᠢ ᠳᠠᠭᠠᠳᠠᠢ ᠪᠠᠢ᠌ᠨ᠎ᠠ᠃ ᠦᠳᠡ ᠥᠩᠭᠡᠷᠡᠭᠦ ᠦᠶᠡᠰ ᠶᠢᠡᠷ ᠪᠢᠳᠠ ᠰᠦᠨᠢᠳ ᠵᠡᠭᠦᠨ ᠬᠤᠰᠢᠭᠤᠨ ᠤ ᠲᠥᠪ ᠮᠠᠠᠳᠠᠯᠳᠤ ᠪᠠᠯᠠᠭᠠᠰᠤᠨ ᠳᠤ ᠢᠷᠠᠵᠤ ᠳᠦᠷᠦᠭᠡ ᠭᠦᠷᠦᠭᠡᠨ ᠦᠳᠡᠯᠠᠪᠠ᠃ ᠵᠤᠭᠠᠴᠠᠯ ᠤᠨ ᠭᠠᠵᠠᠷ ᠤᠨ ᠭᠠᠳᠠᠨ᠎ᠠ ᠳᠤᠳᠤᠨ᠎ᠠ ᠪᠠᠨ ᠵᠠᠰᠠᠵᠤ ᠴᠢᠮᠡᠭ᠍ᠰᠡᠨ ᠨᠢ ᠪᠦᠷ ᠴᠤᠯᠤ ᠦᠨᠳᠦᠰᠦᠲᠡᠨ ᠤ ᠣᠠᠴᠠᠯᠢᠭ ᠲᠡᠶ ᠪᠠᠢ᠌ᠨ᠎ᠠ᠃ ᠦᠪᠡᠷ ᠤᠨ ᠰᠤᠶᠤᠯ ᠶᠢᠡᠨ ᠥᠭᠡᠷ᠎ᠡ ᠪᠣᠰᠤᠳ ᠲᠤ ᠭᠠᠢ᠌ᠬᠠᠭᠤᠯᠬᠤ᠂ ᠣᠬᠠᠭᠤᠯᠬᠤ᠂ ᠳᠠᠨᠢᠭᠤᠯᠬᠤ ᠪᠠ ᠨᠠᠩ ᠣᠯᠠᠨ ᠵᠤᠴᠠᠭᠠᠭᠰᠠᠤᠨ ᠢ ᠪᠠᠶ᠎ᠠ ᠣᠷᠤᠭᠤ ᠪᠠᠨ ᠳᠠᠳᠠᠵᠤ᠂ ᠳᠠᠳᠠᠨ ᠤ ᠬᠠᠷᠠᠭ᠎ᠠ ᠰᠡᠳᠭᠢᠯ ᠢ ᠪᠠᠶᠠᠰᠬᠠᠨ ᠭᠤᠸ᠎ᠠ ᠰᠠᠢ᠌ᠬᠠᠨ ᠤ ᠭᠦᠷᠳᠡᠭᠡᠯ ᠣᠯᠭᠤᠬᠤ ᠵᠤᠷᠢᠯᠭ᠎ᠠ ᠡᠴᠡ ᠢᠩᠭᠢᠵᠤ ᠭᠢᠭ᠍ᠰᠡᠨ ᠨᠢ ᠣᠢ᠌ᠯᠠᠭᠠᠮᠵᠢᠳᠠᠢ᠃ ᠦᠨᠳᠦᠰᠦᠳᠠᠨ ᠤ ᠥᠪᠠᠷᠳᠡᠭᠡᠨ ᠵᠠᠰᠠᠬᠤ ᠣᠷᠤᠨ ᠭᠡᠵᠤ ᠪᠠᠢ᠌ᠭᠠᠤᠨ ᠨᠠᠭᠠᠳᠤ ᠵᠠᠬ᠎ᠠ ᠨᠢ ᠡᠳᠥᠢᠭᠡᠨ ᠶᠠᠭᠤᠮᠠᠨ ᠳᠤ ᠪᠠᠨ ᠡᠵᠡᠨ ᠮᠠᠳᠠᠨ ᠳᠤᠯᠤᠭᠠᠢ ᠳᠠᠭᠠᠭᠠᠵᠤ ᠴᠢᠳᠠᠬᠤ ᠦᠭᠡᠶ ᠪᠣᠯ ᠳᠡᠦᠭᠡ ᠰᠤᠶᠤᠯ᠂ ᠦᠷ᠎ᠡ ᠬᠣᠢ᠌ᠴᠢᠰ ᠲᠤ ᠪᠠᠨ ᠣᠰᠤᠯᠳᠠᠨ ᠴᠠᠯᠭᠠᠢ᠌ᠳᠠᠵᠤ ᠪᠠᠢ᠌ᠭ᠎ᠠ ᠶᠠᠪᠣᠳᠠᠯ ᠪᠣᠯᠤᠨ᠎ᠠ᠃ ᠦᠨᠦᠳᠤᠷ ᠣᠷᠤᠨ ᠨᠤᠳᠤᠭ ᠶᠢᠡᠨ ᠭᠦᠭ᠍ᠵᠢᠭᠦᠯᠭᠦ ᠳᠤ ᠣᠷᠤᠨ ᠨᠤᠳᠤᠭ ᠤᠨ ᠳᠠᠪᠠᠭᠤᠯᠢᠭ ᠶᠢᠡᠨ ᠠᠰᠢᠭᠯᠠᠨ᠎ᠠ ᠭᠡᠮᠡᠨ ᠠᠮᠠ ᠲᠡᠶ ᠳᠤᠭᠠᠳᠠᠨ ᠬᠠᠰᠭᠢᠷᠴᠤ ᠪᠣᠢ᠃ ᠳᠡᠭᠡᠪᠠᠯ ᠣᠷᠤᠨ ᠨᠤᠳᠤᠭ ᠤᠨ ᠳᠠᠪᠠᠭᠤᠯᠢᠭ ᠭᠡᠭ᠍ᠴᠢ ᠶᠠᠭᠤ ᠪᠣᠢ ︖ ᠥᠭᠡᠷ᠎ᠡ ᠪᠣᠰᠤᠳ ᠡᠴᠡ ᠢᠯᠭᠠᠷᠠᠬᠤ ᠦᠨᠳᠦᠰᠦᠳᠠᠨ ᠤ ᠦᠪᠡᠷᠮᠢᠴᠠ ᠰᠤᠶᠤᠯ ᠪᠣᠯ ᠳᠠᠷᠤᠢ ᠣᠷᠤᠨ ᠨᠤᠳᠤᠭ ᠤᠨ ᠳᠠᠪᠠᠭᠤᠯᠢᠭ ᠮᠦᠨ ᠵᠠᠩᠭᠢᠯᠠᠭ᠎ᠠ ᠨᠢ ᠡᠭᠦᠨ ᠶᠢᠡᠨ ᠶᠠᠭᠠᠭᠢᠵᠤ ᠨᠡᠭᠡᠭᠡᠨ ᠠᠰᠢᠭᠯᠠᠬᠤ ᠳᠤ ᠪᠠᠢ᠌ᠨ᠎ᠠ᠃ ᠮᠦᠨ ᠭᠡᠯᠡᠪᠠᠯ ᠦᠪᠡᠷ ᠤᠨ ᠰᠤᠶᠤᠯ ᠤᠨ ᠳᠠᠪᠠᠭᠤᠯᠢᠭ ᠶᠢᠡᠨ ᠠᠵᠤ ᠠᠬᠤᠢ ᠶᠢᠨ ᠳᠠᠪᠠᠭᠤᠯᠢᠭ ᠪᠣᠯᠭᠠᠨ ᠠᠰᠢᠭᠯᠠᠵᠤ ᠴᠢᠳᠠᠨ᠎ᠠ ᠦᠦ ᠦᠭᠡᠶ ᠦᠦ ᠭᠡᠰᠡᠨ ᠳᠤ ᠪᠠᠢ᠌ᠨ᠎ᠠ᠃

ᠵᠤᠭᠠᠴᠠᠯ ᠤᠨ ᠭᠠᠵᠠᠷ ᠤᠨ ᠰᠦ᠋ ᠲᠡᠶ ᠴᠠᠢ᠂ ᠮᠢᠬ᠎ᠠ ᠲᠡᠶ ᠪᠠᠩᠰᠢ᠂ ᠭᠦᠮᠡᠯᠢ ᠲᠡᠶ ᠪᠣᠤᠵᠠ᠂ ᠮᠢᠬᠠᠨ ᠱᠦᠯᠦ ᠪᠠᠷ ᠦᠯ ᠶᠢᠡᠨ ᠳᠠᠷᠤᠴᠢᠬᠠᠭᠠᠤᠨ ᠪᠢᠳᠠ ᠦᠷᠭᠦᠯᠵᠢᠯᠡᠨ ᠠᠶᠠᠨ ᠶᠢᠡᠨ ᠭᠦᠭᠡᠭᠡᠯ᠎ᠡ᠃ ᠰᠦᠨᠢᠳ ᠵᠡᠭᠦᠨ ᠬᠤᠰᠢᠭᠤ᠂ ᠠᠪᠠᠭ᠎ᠠ ᠬᠤᠰᠢᠭᠤᠨ ᠤ ᠳᠤᠰᠤᠨ ᠨᠤᠭᠤᠭᠠᠨ ᠭᠦᠳᠡᠭᠡ ᠪᠠᠷ ᠬᠠᠷᠠᠭ᠎ᠠ ᠪᠠᠨ ᠪᠠᠯᠴᠢᠭᠡᠨ ᠳᠤᠷᠭᠠᠨ ᠴᠠᠭᠠᠨ ᠰᠠᠯᠭᠢ ᠪᠠᠷ ᠨᠢ ᠥᠨᠦᠰᠦᠭᠦᠯᠵᠤ ᠴᠤᠬᠤᠮ ᠴᠤ ᠵᠢᠷᠭᠠᠯ ᠤᠨ ᠳᠡᠭᠡᠳᠤ ᠶᠢ ᠡᠳ᠋ᠯᠡᠵᠤ ᠶᠠᠪᠣᠭᠰᠠᠨ ᠡ᠃ ᠡ᠊ᠨᠳᠡᠭᠢ ᠶᠢᠨ ᠮᠠᠯᠴᠢᠳ ᠤᠨ ᠪᠠᠯᠴᠢᠭᠡᠷ ᠨᠢ ᠬᠤᠰᠢᠭᠤᠨ ᠲᠥᠪ ᠲᠡᠶ ᠪᠠᠨ ᠪᠠᠷᠤᠭ ᠵᠠᠯᠭᠠᠭ᠎ᠠ ᠲᠡᠶ᠃ ᠳᠡᠭᠡᠭᠡᠳ ᠬᠤᠰᠢᠭᠤᠨ ᠲᠥᠪ ᠤᠨ ᠬᠠᠵᠠᠭᠤ ᠬᠠᠪᠢ ᠪᠠᠷ ᠳᠠᠷᠢᠶᠠᠯᠠᠩ ᠳᠠᠮᠠᠢ ᠦᠵᠡᠭ᠍ᠳᠡᠭᠦ ᠦᠭᠡᠶ ᠪᠣᠶᠤ ᠳᠤᠩ ᠪᠠᠭ᠎ᠠ ᠪᠠᠢ᠌ᠨ᠎ᠠ᠃ ᠶᠠᠩᠵᠤ ᠶᠢᠨ ᠬᠤᠭ ᠨᠤᠪᠰᠢ ᠡ᠊ᠨᠳᠡ ᠳᠠᠠᠳᠠ ᠪᠣᠳᠠᠷᠠᠬᠤ ᠦᠭᠡᠶ ᠴᠠᠪᠠᠷ ᠴᠡᠮᠴᠢᠭᠡᠷ᠃ ᠬᠤᠳᠠ ᠪᠠᠯᠭᠠᠤᠨ ᠤᠨ ᠵᠠᠬ᠎ᠠ ᠪᠠᠷ ᠥᠩᠭᠡᠷᠡᠭᠦ ᠳᠤ ᠳᠤᠯᠭ᠎ᠠ ᠭᠡᠯᠪᠠᠷᠢ ᠲᠡᠶ ᠠᠰᠠᠷ᠂ ᠭᠡᠷ ᠤᠨ ᠶᠠᠩᠵᠤ ᠲᠡᠶ ᠪᠠᠷᠢᠯᠭ᠎ᠠ᠂ ᠭᠡᠢ᠌ᠮᠦᠷᠢ ᠰᠦᠯᠳᠡ ᠶᠢᠨ ᠳᠤᠭ ᠨᠢ ᠪᠠᠭᠤᠭᠠᠤᠨ ᠥᠡᠵᠢᠭᠡᠳ ᠶᠠᠪᠣ ᠭᠡᠭᠦ ᠰᠢᠭ᠌ ᠰᠡᠳᠭᠢᠯ ᠳᠤ ᠳᠠᠯᠠᠯᠤᠨ ᠬᠤᠴᠤᠷᠤᠨ᠎ᠠ᠃ ᠢᠯᠠᠩᠭ᠋ᠤᠶ᠎ᠠ ᠠᠭᠤᠯᠠ ᠶᠢᠨ ᠨᠢᠭᠤᠷ᠂ ᠰᠢᠯᠢ ᠶᠢᠨ ᠣᠷᠤᠢ ᠳᠡᠭᠡᠷ᠎ᠡ ᠪᠣᠰᠤᠭ᠎ᠠ ᠮᠤᠩᠭ᠋ᠤᠯ ᠦᠰᠦᠭ᠌ ᠶᠢᠡᠨ ᠳᠠᠳᠠᠯᠠᠨ ᠰᠡᠢ᠌ᠯᠦᠭ᠍ᠰᠡᠨ ᠨᠢ ᠪᠠᠬᠠᠷᠬᠠᠭᠤᠰᠢᠳᠠᠢ ᠪᠦᠭᠡᠳ ᠣᠠᠴᠠᠯᠢᠭ ᠲᠡᠶ᠃ ᠨᠤᠳᠤᠭ ᠤᠨ ᠠᠮᠢᠳᠤ ᠳᠠᠮᠠᠭ᠎ᠠ ᠭᠡᠵᠤ ᠯᠠ ᠡᠭᠦᠨ ᠢ ᠭᠡᠯᠡᠭᠦ ᠪᠠᠢ᠌ᠬ᠎ᠠ᠃ ᠳᠡᠷᠭᠡᠨ ᠳᠡᠭᠡᠷ᠎ᠡ 《ᠴᠢᠩᠭᠢᠰ ᠬᠠᠭᠠᠨ》 ᠊ᠤ ᠦᠷᠭᠦᠯᠵᠢᠯᠡᠭ᠍ᠰᠡᠨ ᠳᠸᠯᠸᠢᠰ ᠵᠥᠴᠦᠭᠡ ᠶᠢ ᠳᠠᠯᠪᠢᠨ ᠶᠠᠪᠣᠨ᠎ᠠ᠃ ᠬᠠᠷᠠᠭ᠎ᠠ ᠰᠠᠨᠠᠭ᠎ᠠ ᠮᠢᠨᠢ ᠬᠤᠶᠠᠷ ᠳᠠᠰᠢ ᠬᠤᠪᠢᠶᠠᠭᠳᠠᠨ ᠵᠠᠪ ᠦᠭᠡᠶ ᠶᠠᠭᠠᠷᠠᠪᠠᠴᠤ ᠰᠡᠳᠭᠢᠯ ᠨᠢᠭᠡ ᠯᠠ ᠳᠦᠭᠦᠷᠡᠩ ︕ ᠮᠤᠩᠭ᠋ᠤᠯ ᠶᠢᠡᠷ ᠶᠢᠡᠨ ᠨᠠᠷᠭᠢᠨ ᠮᠤᠩᠭ᠋ᠤᠯ ᠶᠢᠡᠷ ᠶᠢᠡᠨ ᠰᠠᠳᠭᠢᠵᠤ᠂ ᠮᠤᠩᠭ᠋ᠤᠯ ᠶᠢᠡᠷ ᠶᠢᠡᠨ ᠰᠤᠭᠳᠤᠨ ᠮᠤᠩᠭ᠋ᠤᠯ ᠶᠢᠡᠷ ᠶᠢᠡᠨ ᠪᠠᠶᠠᠰᠴᠤ᠂ ᠮᠤᠩᠭ᠋ᠤᠯ ᠶᠢᠡᠷ ᠶᠢᠡᠨ ᠢᠰᠭᠢᠷᠤᠨ ᠶᠠᠪᠣᠭᠰᠠᠨ ᠠᠯᠳᠠᠨ ᠬᠤᠷᠤᠮᠬᠠᠨ ᠶᠠᠭᠤᠳᠠᠢ ᠠᠵᠠᠳᠠᠢ᠃

ᠰᠢᠯᠢ ᠶᠢᠨ ᠨᠤᠭᠤᠭᠠᠨ ᠭᠦᠳᠡᠭᠡ ᠪᠠᠷ ᠨᠢ ᠰᠤᠨᠤᠳᠠᠯ᠎ᠠ ᠳᠠᠪᠭᠢᠵᠤ ᠪᠠᠢ᠌ᠭᠠᠤᠨ ᠣᠷᠤᠢ ᠶᠢᠨ 6 ᠴᠠᠭ ᠥᠩᠭᠡᠷᠡᠭᠦ ᠳᠤ ᠪᠠᠷᠠᠭᠤᠨ ᠦᠵᠤᠮᠤᠴᠢᠨ ᠬᠤᠰᠢᠭᠤᠨ ᠤ ᠲᠥᠪ ᠊᠊᠊᠊᠊᠊᠊᠊᠊᠊᠊᠊᠊᠊᠊ ᠪᠠᠯᠭᠠᠷᠭᠤᠤᠯ ᠪᠠᠯᠭᠠᠰᠤᠨ ᠳᠤ ᠢᠷᠠᠵᠤ ᠳᠦᠷᠦᠭᠡ ᠮᠦᠯᠲᠤᠯᠠᠯ᠎ᠠ᠃ ᠵᠠᠮ ᠬᠤᠯᠠ ᠴᠤ ᠨᠤᠳᠤᠭ ᠤᠨ ᠰᠠᠢ᠌ᠬᠠᠨ ᠳᠤ ᠰᠡᠳᠭᠢᠯ ᠰᠠᠭᠠᠳᠠᠨ ᠶᠠᠪᠣᠭᠰᠠᠭᠠᠷ ᠵᠢᠭᠠᠬᠠᠨ ᠴᠤ ᠶᠠᠳᠠᠷᠠᠭᠰᠠᠨ ᠦᠭᠡᠶ᠃ ᠪᠠᠯᠭᠠᠷᠭᠤᠤᠯ ᠪᠠᠯᠭᠠᠰᠤ ᠶᠢᠨ ᠳᠡᠭ᠍ᠷᠢ ᠨᠢ ᠴᠡᠯᠮᠡᠭ᠌᠂ ᠠᠭᠠᠷ ᠠᠮᠢᠰᠬᠤᠯ ᠨᠢ ᠴᠠᠪᠠᠷ᠂ ᠵᠠᠮ ᠵᠡᠭᠡᠯᠢ ᠨᠢ ᠦᠷᠭᠡᠨ᠂ ᠣᠢ ᠮᠤᠳᠤ ᠪᠠᠷ ᠡᠯᠪᠠᠭ᠌ ᠵᠤᠵᠠᠭᠠᠨ ᠰᠠᠢ᠌ᠬᠠᠨ ᠨᠤᠳᠤᠭ ᠪᠠᠢ᠌ᠨ᠎ᠠ᠃ ᠪᠦᠭᠦ ᠳᠤᠯᠤᠭᠠᠨ ᠲᠦᠮᠡ ᠭᠠᠷᠤᠢ ᠭᠦᠮᠤᠨ ᠠᠮᠠ ᠲᠡᠶ ᠪᠦᠭᠡᠳ ᠮᠤᠩᠭ᠋ᠤᠯ ᠭᠦᠮᠤᠨ ᠶᠡᠭᠡ ᠬᠠᠭᠠᠰ ᠢ ᠨᠢ ᠡᠵᠡᠯᠡᠵᠤ ᠪᠣᠢ ᠭᠡᠨ᠎ᠡ᠃ ᠬᠤᠰᠢᠭᠤ ᠵᠤᠴᠢᠳ ᠤᠨ ᠪᠠᠭᠤᠳᠠᠯ ᠨᠢ ᠴᠠᠪᠠᠷ ᠴᠡᠮᠴᠢᠭᠡᠷ ᠮᠦᠷᠳᠡᠭᠡᠨ ᠴᠤᠯᠤ ᠦᠨᠳᠦᠰᠦᠳᠠᠨ ᠤ ᠣᠠᠴᠠᠯᠢᠭ ᠲᠡᠶ ᠪᠠᠢ᠌ᠨ᠎ᠠ᠃ ᠠᠰᠠᠷ ᠤᠨ ᠡᠭᠦᠳᠡ ᠪᠠᠷ ᠣᠷᠤᠬᠤ ᠲᠡᠶ ᠵᠡᠷᠭᠡ ᠭᠢᠮᠠᠯ ᠮᠤᠷᠢᠨ ᠡᠮᠡᠭᠡᠯ᠂ ᠪᠦᠳᠦᠭᠦᠨ ᠮᠤᠷᠢᠨ ᠬᠤᠭᠤᠷ ᠬᠠᠷᠠᠭᠠᠨ ᠳᠤ ᠳᠤᠳᠤᠷᠠᠭᠠᠤᠨ ᠰᠡᠳᠭᠢᠯ ᠳᠤ ᠠᠷᠭ᠎ᠠ ᠦᠭᠡᠶ ᠬᠠᠯᠠᠭᠤᠬᠠᠨ᠃ ᠵᠠᠬ᠎ᠠ ᠵᠡᠭᠡᠯᠢ᠂ ᠴᠡᠴᠡᠷᠯᠢᠭ᠌ ᠤᠨ ᠬᠠᠵᠠᠭᠤ ᠪᠠᠷ ᠮᠤᠳᠤᠨ ᠬᠠᠰᠠᠭ ᠳᠡᠷᠭᠡ ᠶᠢᠨ ᠭᠡᠯᠪᠠᠷᠢ ᠲᠡᠶ ᠰᠠᠠᠳᠠᠯᠢ᠂ ᠮᠤᠩᠭ᠋ᠤᠯ ᠪᠦᠭᠡ ᠶᠢᠨ ᠰᠠᠢ᠌ᠯᠤᠮᠠᠯ᠂ ᠠᠭᠳᠠ ᠭᠦᠯᠦᠭ᠌ ᠤᠨ ᠣᠷᠠᠯᠠᠯ᠂ ᠮᠤᠩᠭ᠋ᠤᠯ ᠭᠡ ᠣᠭᠠᠯᠵᠠ ᠶᠢ ᠪᠠᠢ᠌ᠷᠢ ᠪᠠᠢ᠌ᠷᠢᠨ ᠳᠤ ᠨᠢ ᠳᠤᠭᠢᠷᠠᠭᠤᠯᠤᠨ ᠳᠠᠯᠪᠢᠵᠠᠢ᠃ ᠡᠭᠦᠨ ᠡᠴᠡ ᠪᠢᠳᠠ ᠡᠨᠡ ᠨᠤᠳᠤᠭ ᠤᠨ ᠮᠤᠩᠭ᠋ᠤᠯᠴᠤᠳ ᠦᠨᠳᠦᠰᠦᠳᠠᠨ ᠤ ᠪᠠᠨ ᠰᠤᠶᠤᠯ ᠢ ᠭᠢᠷᠢ ᠵᠡᠷᠭᠡ ᠳᠡᠭᠡᠳᠦᠯᠡᠨ ᠰᠢᠳᠤᠵᠤ᠂ ᠬᠠᠢ᠌ᠷᠠᠯᠠᠨ ᠬᠠᠮᠠᠭᠠᠯᠠᠵᠤ᠂ ᠣᠬᠠᠭᠤᠯᠤᠨ ᠰᠤᠷᠳᠠᠯᠴᠢᠯᠠᠵᠤ ᠶᠠᠪᠣᠭ᠎ᠠ ᠶᠢ ᠣᠢ᠌ᠯᠠᠭᠠᠵᠤ ᠪᠣᠯᠤᠨ᠎ᠠ᠃

6 ᠰᠠᠷ᠎ᠠ ᠶᠢᠨ 21 ᠊ᠤ ᠡᠳᠦᠷ ᠤᠨ ᠦᠳᠡ ᠶᠢᠨ ᠡᠮᠤᠨ᠎ᠡ ᠮᠤᠩᠭ᠋ᠤᠯ ᠦᠨᠳᠦᠰᠦᠳᠠᠨ ᠤ ᠠᠯᠳᠠᠷᠳᠤ ᠰᠢᠯᠦᠭ᠍ᠴᠢ᠂ ᠨᠠᠷᠠᠳᠤ ᠣᠷᠴᠢᠭᠤᠯᠤᠭᠴᠢ᠂ ᠭᠠᠪᠢᠶᠠᠳᠤ ᠨᠠᠢ᠌ᠷᠠᠭᠤᠯᠤᠭᠴᠢ ᠪ᠊·ᠣᠰᠤᠷ ᠤᠨ ᠳᠠᠪᠤᠨ ᠪᠣᠳᠢ ᠨᠤᠮ ᠊᠊᠊᠊᠊᠊᠊᠊᠊᠊᠊᠊᠊᠊᠊ 《ᠪ᠊·ᠣᠰᠤᠷ ᠤᠨ ᠵᠤᠬᠢᠶᠠᠯ ᠤᠨ ᠴᠢᠭᠤᠯᠭᠠᠨ》 ᠊ᠢ ᠠᠩᠬ᠎ᠠ ᠳᠠᠷᠬᠠᠭᠠᠬᠤ ᠶᠤᠰᠤᠯᠠᠯ ᠳᠡᠭᠦᠨ ᠤ ᠳᠦᠷᠦᠭ᠍ᠰᠡᠨ ᠨᠤᠳᠤᠭ ᠪᠠᠷᠠᠭᠤᠨ ᠦᠵᠤᠮᠤᠴᠢᠨ ᠬᠤᠰᠢᠭᠤᠨ ᠤ ᠪᠠᠯᠭᠠᠷᠭᠤᠤᠯ ᠪᠠᠯᠭᠠᠰᠤᠨ ᠤ ᠬᠤᠰᠢᠭᠤ ᠵᠤᠴᠢᠳ ᠤᠨ ᠪᠠᠭᠤᠳᠠᠯ ᠤᠨ ᠬᠤᠷᠠᠯ ᠤᠨ ᠳᠠᠩᠭᠢᠮ ᠳᠤ ᠶᠠᠪᠣᠭᠳᠠᠪᠠ᠃ ᠠᠯᠤᠰ ᠬᠤᠯᠠ ᠶᠢᠨ ᠨᠤᠳᠤᠭ ᠬᠦᠬᠡ‍ᠨᠠᠭᠤᠷ ᠤᠨ ᠥᠡᠳᠦᠷᠯᠢᠭ᠌ ᠡᠴᠡ ᠰᠢᠯᠢ ᠶᠢᠨ ᠭᠤᠤᠯ ᠤᠨ ᠳᠠᠯ᠎ᠠ ᠨᠤᠳᠤᠭ ᠲᠤ ᠢᠷᠠᠵᠤ ᠡᠢ᠌ᠮᠦᠷᠭᠦᠤ ᠰᠤᠶᠤᠯ ᠤᠨ ᠠᠵᠢᠯᠯᠠᠭ᠎ᠠ ᠳᠤ ᠣᠷᠤᠯᠴᠠᠭᠰᠠᠨ ᠨᠢ ᠳᠤᠩ ᠤᠳᠬ᠎ᠠ ᠠᠭᠤᠯᠭ᠎ᠠ ᠲᠡᠶ ᠣᠴᠢᠷ᠃ ᠶᠤᠰᠤᠯᠠᠯ ᠳᠤ ᠡᠷᠳᠡᠮᠳᠡᠨ ᠰᠡᠭᠡᠭᠡᠳᠡᠨ᠂ ᠳᠠᠷᠤᠭ᠎ᠠ ᠣᠳᠤᠷᠢᠳᠤᠯᠭ᠎ᠠ᠂ ᠪ᠊·ᠣᠰᠤᠷ ᠪᠠᠭᠰᠢ ᠶᠢᠨ ᠳᠦᠷᠤᠯ ᠰᠠᠳᠤᠨ᠂ ᠨᠤᠳᠤᠭ ᠤᠨ ᠭᠦᠮᠦᠰ ᠵᠢᠴᠢ ᠬᠤᠯᠠ ᠶᠢᠨ ᠵᠤᠴᠢᠨ 300 ᠭᠠᠷᠤᠢ ᠭᠦᠮᠤᠨ ᠣᠷᠤᠯᠴᠠᠵᠤ ᠮᠤᠩᠭ᠋ᠤᠯ ᠶᠢᠡᠷ ᠶᠢᠡᠨ ᠭᠤᠶᠤᠯᠠᠵᠤ᠂ ᠮᠤᠩᠭ᠋ᠤᠯ ᠭᠡᠯᠡ ᠪᠠᠷ ᠶᠠᠪᠣᠭᠳᠠᠭᠰᠠᠨ ᠰᠠᠢ᠌ᠬᠠᠨ ᠴᠤᠭᠯᠠᠭᠠᠨ ᠪᠣᠯᠤᠯ᠎ᠠ᠃ ᠴᠤᠭᠯᠠᠭᠠᠨ ᠳᠡᠭᠡᠷ᠎ᠡ ᠨᠤᠮ ᠮᠢᠯᠢᠶᠠᠬᠤ ᠢᠷᠦᠭᠡᠯ ᠢᠷᠦᠭᠡᠨ ᠴᠠᠭᠠᠨ ᠢᠳᠡᠭᠡ ᠠᠮᠰᠠᠭᠤᠯᠵᠤ᠂ 《ᠦᠨᠢᠷ ᠴᠡᠴᠡᠭ᠌》 ᠰᠡᠳᠭᠦᠯ ᠤᠨ ᠬᠤᠷᠢᠶᠠᠨ ᠤ ᠶᠡᠷᠦᠩᠭᠡᠢ ᠨᠠᠢ᠌ᠷᠠᠭᠤᠯᠤᠭᠴᠢ ᠨ·ᠦᠯᠵᠠᠢ᠌ᠪᠠᠳᠤ ᠪᠠᠭᠰᠢ ᠡᠴᠡ ᠪ᠊·ᠣᠰᠤᠷ ᠤᠨ ᠠᠮᠢᠳᠤᠷᠠᠯ᠂ ᠵᠤᠬᠢᠶᠠᠯ ᠪᠦᠳᠦᠭᠡᠯ ᠤᠨ ᠳᠤᠬᠠᠢ ᠨᠠᠷᠢᠨ ᠳᠠᠨᠢᠯᠴᠠᠭᠤᠯᠤᠨ ᠪ᠊·ᠣᠰᠤᠷ ᠤᠨ ᠵᠤᠬᠢᠶᠠᠭᠰᠠᠨ ᠳᠠᠭᠤᠤ ᠶᠢ ᠪᠦᠭᠦᠳᠡᠭᠡᠷ ᠶᠢᠡᠨ ᠪᠣᠰᠴᠤ ᠵᠤᠭᠰᠤᠭᠠᠤᠨ ᠬᠤᠭᠤᠯᠠᠢ ᠨᠡᠢ᠌ᠯᠡᠭᠦᠯᠤᠨ ᠳᠠᠭᠤᠯᠠᠭᠰᠠᠨ ᠠᠯᠳᠠᠨ ᠬᠤᠷᠤᠮ ᠰᠡᠳᠭᠢᠯ ᠳᠤ ᠬᠠᠳᠠᠭᠠᠯᠠᠭᠳᠠᠨ ᠬᠤᠴᠤᠷᠤᠯ᠎ᠠ᠃ ᠵᠠᠯᠠᠭᠤ ᠨᠠᠰᠤ᠂ ᠣᠶᠤᠨ ᠣᠬᠠᠭᠠᠨ᠂ ᠠᠪᠢᠶᠠᠰ ᠪᠢᠯᠢᠭ᠌ ᠳᠠᠷᠠ ᠪᠦᠭᠦᠨ ᠶᠢᠡᠨ ᠦᠨᠳᠦᠰᠦᠳᠠᠨ ᠤ ᠰᠤᠶᠤᠯ ᠤᠨ ᠣᠢ᠌ᠯᠠᠰ ᠲᠤ ᠵᠤᠷᠢᠭᠤᠯᠤᠭᠰᠠᠨ ᠠᠬᠠᠮᠠᠤᠨ ᠪᠣᠭᠤᠷᠤᠯ ᠤᠨ ᠠᠯᠳᠠᠷ ᠭᠠᠪᠢᠶ᠎ᠠ ᠶᠢ ᠳᠡᠦᠭᠡ ᠶᠢᠨ ᠬᠠᠭᠤᠳᠠᠰᠤᠨ ᠳᠤ ᠮᠥᠩᠭᠡ ᠳᠡᠮᠳᠡᠭᠯᠡᠵᠤ᠂ ᠭᠢᠵᠤ ᠪᠦᠳᠦᠭᠡᠭ᠍ᠰᠡᠨ ᠭᠦᠳᠡᠯᠮᠦᠷᠢ ᠵᠢᠳᠭᠦᠯ ᠶᠢᠡᠷ ᠶᠢᠡᠨ ᠭᠦᠰᠢᠶ᠎ᠡ ᠳᠤᠷᠠᠰᠬᠠᠯ ᠪᠣᠰᠬᠠᠵᠤ ᠦᠭ‍ᠭᠦᠭ᠍ᠰᠡᠨ ᠡᠨᠡᠭᠦ ᠠᠷᠢᠭᠤᠨ ᠣᠢ᠌ᠯᠠ ᠨᠢ ᠣᠯᠠᠨ ᠤ ᠰᠡᠳᠭᠢᠯ ᠳᠤ ᠭᠦᠷᠦᠨ᠎ᠡ ᠭᠡᠳᠡᠭ᠌ ᠲᠤ ᠢᠳᠡᠭᠡᠵᠤ ᠪᠠᠢ᠌ᠨ᠎ᠠ᠃

6 ᠰᠠᠷ᠎ᠠ ᠶᠢᠨ 21 ᠊ᠤ ᠡᠳᠦᠷ ᠤᠨ ᠦᠳᠡ ᠶᠢᠨ ᠬᠣᠢ᠌ᠨ᠎ᠠ᠂ ᠰᠢᠯᠢ ᠶᠢᠨ ᠭᠤᠤᠯ ᠤᠨ ᠪᠠᠷᠠᠭᠤᠨ ᠦᠵᠤᠮᠤᠴᠢᠨ ᠬᠤᠰᠢᠭᠤᠨ ᠤ ᠳᠤᠰᠤᠨ ᠨᠤᠭᠤᠭᠠᠨ ᠭᠦᠳᠡᠭᠡ ᠳᠡᠭᠡᠷ᠎ᠡ ᠨᠢ᠋ᠮᠠᠨ ᠮᠤᠵᠢ ᠣᠷᠤᠨ ᠤ ᠶᠡᠭᠡ ᠰᠤᠷᠭᠠᠭᠤᠯᠢ᠂ ᠳᠤᠮᠳᠠᠳᠤ ᠵᠡᠷᠭᠡ ᠶᠢᠨ ᠳᠤᠰᠬᠠᠢ ᠮᠡᠷᠭᠡᠵᠢᠯ ᠤᠨ ᠰᠤᠷᠭᠠᠭᠤᠯᠢ᠂ ᠳᠤᠮᠳᠠᠳᠤ ᠰᠤᠷᠭᠠᠭᠤᠯᠢ ᠶᠢᠨ ᠰᠤᠷᠤᠭᠴᠢᠳ ᠤᠨ ᠮᠤᠩᠭ᠋ᠤᠯ ᠣᠷᠠᠨ ᠵᠤᠬᠢᠶᠠᠯ ᠤᠨ ᠳᠦᠷᠪᠠᠳᠦᠭᠡᠷ ᠣᠳᠠᠭᠠᠨ ᠤ 《ᠨᠢ᠋ᠮᠠᠨ ᠰᠢᠷᠭ᠎ᠠ》 ᠶᠡᠭᠡ ᠣᠷᠤᠯᠳᠤᠭᠠᠨ ᠤ ᠱᠠᠩᠨᠠᠯ ᠣᠯᠭᠤᠬᠤ ᠶᠤᠰᠤᠯᠠᠯ ᠢ ᠭᠢᠪᠠ᠃ ᠨᠠᠭᠤᠷ ᠤᠨ ᠣᠰᠤ ᠰᠢᠭ ᠳᠡᠭ᠍ᠰᠢᠭᠡᠨ ᠳᠤᠰᠤᠨ ᠨᠤᠭᠤᠭᠠᠨ ᠭᠦᠳᠡᠭᠡ ᠳᠡᠭᠡᠷ᠎ᠡ ᠵᠠᠳᠠᠭᠠᠢ ᠦᠷᠭᠡᠨ ᠳᠠᠢ᠌ᠰᠠ ᠵᠠᠰᠠᠭᠠᠤᠨ ᠬᠤᠶᠠᠷ ᠳᠠᠯ᠎ᠠ ᠳᠤ ᠨᠢ ᠵᠢᠵᠢᠭ᠌ ᠮᠤᠩᠭ᠋ᠤᠯ ᠭᠡᠷ ᠪᠠᠷᠢᠵᠤ᠂ ᠠᠷᠤ ᠳᠠᠯ᠎ᠠ ᠳᠤ ᠨᠢ ᠰᠢᠷᠭ᠎ᠠ ᠵᠢᠰᠤᠮ ᠤᠨ ᠮᠤᠷᠢᠳ ᠶᠢᠡᠷ ᠭᠤᠤᠯᠳᠠᠭᠰᠠᠨ ᠠᠳᠤᠭᠤ ᠬᠠᠰᠢᠨ ᠪᠠᠯᠴᠢᠭᠡᠭ᠍ᠰᠡᠨ ᠨᠢ ᠴᠤᠬᠤᠮ ᠴᠤ ᠰᠠᠨᠠᠭᠠᠨ ᠳᠤ ᠳᠠᠭᠠᠷᠠᠨ ᠰᠡᠳᠭᠢᠯ ᠳᠤ ᠳᠠᠭᠠᠯᠠᠭᠳᠠᠯ᠎ᠠ᠃ ᠵᠢᠭᠠᠬᠠᠨ ᠬᠠᠷᠠᠮᠰᠠᠯᠳᠠᠢ ᠨᠢ ᠦᠵᠡᠭ᠍ᠴᠢᠳ ᠳᠡᠩᠳᠡᠭᠦᠤ ᠴᠥᠭᠡᠭᠡᠨ ᠡ᠂ ᠪᠦᠭᠦ ᠣᠯᠤᠰ ᠤᠨ ᠭᠡᠪᠴᠢᠶᠡᠨ ᠤ ᠡᠢ᠌ᠮᠤ ᠳᠤᠮᠤ ᠰᠤᠶᠤᠯ ᠤᠨ ᠠᠵᠢᠯᠯᠠᠭ᠎ᠠ ᠦᠷᠨᠢᠭᠦᠯᠵᠤ ᠪᠠᠢ᠌ᠬᠤ ᠳᠤ ᠣᠯᠠᠨ ᠦᠵᠡᠭ᠍ᠴᠢᠳ ᠲᠡᠶ ᠪᠠᠢ᠌ᠪᠠᠯ ᠨᠠᠩ ᠣᠤᠬ᠎ᠠ ᠠᠭᠤᠯᠭ᠎ᠠ ᠲᠡᠶ᠂ ᠣᠷᠢᠶᠠᠯᠠᠬᠤ ᠭᠦᠴᠤ ᠲᠡᠶ ᠪᠣᠯᠬᠤ ᠪᠢᠰᠢᠤ᠃ ᠭᠡᠪᠠᠴᠤ ᠦᠵᠡᠭ᠍ᠴᠢᠳ ᠴᠥᠭᠡᠭᠡᠨ ᠴᠤ ᠡᠯ᠎ᠡ ᠭᠠᠵᠠᠷ ᠡᠴᠡ ᠮᠤᠷᠢᠯᠠᠵᠤ ᠢᠷᠡᠭ᠍ᠰᠡᠨ ᠨᠢ᠋ᠮᠠᠨ ᠮᠤᠵᠢ ᠣᠷᠤᠨ ᠤ ᠲᠦᠯᠦᠭᠡᠯᠡᠭ᠍ᠴᠢᠳ ᠪᠦᠭᠦᠳᠡ ᠪᠠᠢ᠌ᠭ᠎ᠠ ᠳᠤ ᠪᠠᠰᠠ ᠣᠷᠮᠠᠰᠢᠮᠠᠷ᠃ ᠱᠠᠩᠨᠠᠯ ᠣᠯᠭᠤᠬᠤ ᠶᠤᠰᠤᠯᠠᠯ ᠤᠨ ᠬᠠᠵᠠᠭᠤ ᠪᠠᠷ ᠮᠤᠩᠭ᠋ᠤᠯ ᠬᠤᠪᠴᠠᠰᠤᠨ ᠦᠵᠡᠭᠦᠯᠦᠯᠭᠡ᠂ ᠳᠠᠭᠤᠤ ᠪᠦᠵᠢᠭ᠌᠂ ᠭᠦᠭᠡᠮᠡᠢ᠂ ᠮᠤᠷᠢᠨ ᠬᠤᠭᠤᠷ ᠤᠨ ᠳᠤᠭᠯᠠᠯᠳᠠ ᠭᠠᠷᠭᠠᠵᠤ᠂ ᠦᠵᠡᠭ᠍ᠴᠢᠳ ᠶᠢᠡᠨ ᠪᠠᠶᠠᠷᠯᠠᠭᠤᠯᠤᠨ ᠳᠡᠭ᠍ᠷᠢ ᠭᠠᠵᠠᠷ ᠶᠢᠡᠨ ᠪᠠᠶᠠᠰᠬᠠᠨ ᠮᠢᠯᠢᠶᠠᠪᠠ᠃ ᠨᠠᠩ ᠴᠤ ᠠᠬᠤᠢ ᠳᠠᠯᠠᠪᠠᠢ ᠳᠡᠭᠡᠷ᠎ᠡ ᠣᠷᠤᠯᠳᠤᠭᠠᠨ ᠳᠤ ᠰᠢᠯᠭᠠᠷᠠᠭᠰᠠᠨ ᠨᠠᠢ᠌ᠷᠠᠭᠤᠯᠤᠯ ᠶᠢᠡᠨ ᠣᠶᠠᠩᠭ᠋ᠠᠯᠠᠬᠤ᠂ ᠣᠷᠠᠯᠢᠭ ᠦᠰᠦᠭ᠌ ᠳᠠᠳᠠᠯᠠᠬᠤ᠂ ᠵᠢᠷᠤᠭ ᠵᠢᠷᠤᠬᠤ ᠰᠢᠭᠤᠳ ᠦᠵᠡᠭᠦᠯᠦᠯᠭᠡ ᠭᠢᠭ᠍ᠰᠡᠨ ᠨᠢ ᠰᠤᠶᠤᠯ ᠶᠢᠡᠨ ᠣᠬᠠᠭᠤᠯᠬᠤ᠂ ᠰᠤᠷᠤᠭᠴᠢᠳ ᠶᠢᠡᠨ ᠣᠷᠮᠠᠰᠢᠭᠤᠯᠬᠤ᠂ ᠣᠷ᠎ᠠ ᠠᠪᠢᠶᠠᠰ ᠶᠢᠡᠨ ᠭᠠᠢ᠌ᠬᠠᠭᠤᠯᠬᠤ ᠰᠠᠢ᠌ᠬᠠᠨ ᠠᠭᠤᠯᠭ᠎ᠠ ᠪᠣᠯᠤᠭᠰᠠᠨ ᠪᠠᠢ᠌ᠨ᠎ᠠ᠃ ᠱᠠᠩᠨᠠᠯ ᠣᠯᠭᠤᠬᠤ ᠶᠤᠰᠤᠯᠠᠯ ᠥᠡᠳᠦᠷᠯᠡᠭᠦ ᠳᠤ ᠪᠢ ᠪᠠᠷᠠᠭᠤᠨ ᠦᠵᠤᠮᠤᠴᠢᠨ ᠬᠤᠰᠢᠭᠤᠨ ᠤ ᠳᠸᠯᠸᠢᠰ ᠬᠤᠷᠢᠶᠠᠨ ᠤ ᠳᠦᠭᠦᠮ ᠰᠤᠷᠪᠣᠯᠵᠢᠯᠠᠭ᠎ᠠ ᠶᠢ ᠭᠦᠯᠢᠶᠡᠯ᠎ᠡ᠃ ᠰᠤᠷᠪᠣᠯᠵᠢᠯᠠᠭᠴᠢ ᠡᠴᠡ ᠨᠠᠮ᠎ᠠ ᠶᠢ ᠡᠨᠡ ᠣᠳᠠᠭᠠᠨ ᠤ ᠱᠠᠩᠨᠠᠯ ᠣᠯᠭᠤᠬᠤ ᠶᠤᠰᠤᠯᠠᠯ ᠳᠤ ᠣᠷᠤᠯᠴᠠᠭᠰᠠᠨ ᠳᠦᠷᠦᠭ᠍ᠳᠡᠯ ᠶᠢᠡᠨ ᠶᠠᠷᠢᠭᠠᠤᠨ ᠦᠭ‍ᠭᠦᠨ᠎ᠡ ᠦᠦ ᠭᠡᠭᠦᠯᠡᠷ ᠪᠢ ᠰᠢᠭᠤᠳ᠄ 《ᠮᠤᠩᠭ᠋ᠤᠯ ᠰᠤᠶᠤᠯ ᠮᠢᠨᠢ ᠨᠠᠮ᠎ᠠ ᠶᠢ ᠭᠦᠳᠦᠯᠵᠤ ᠬᠦᠬᠡ‍ᠨᠠᠭᠤᠷ ᠤᠨ ᠥᠡᠳᠦᠷᠯᠢᠭ᠌ ᠡᠴᠡ ᠬᠦᠬᠡᠬᠤᠲᠠ ᠳᠤ ᠢᠷᠡᠭᠦᠯᠦᠯ᠎ᠡ᠂ ᠬᠦᠬᠡᠬᠤᠲᠠ ᠡᠴᠡ ᠭᠦᠳᠦᠯᠤᠨ ᠰᠢᠯᠢ ᠶᠢᠨ ᠭᠤᠤᠯ ᠤᠨ ᠪᠠᠷᠠᠭᠤᠨ ᠦᠵᠤᠮᠤᠴᠢᠨ ᠬᠤᠰᠢᠭᠤᠨ ᠤ ᠳᠤᠰᠤᠨ ᠨᠤᠭᠤᠭᠠᠨ ᠭᠦᠳᠡᠭᠡ ᠳᠡᠭᠡᠷ᠎ᠡ ᠢᠷᠡᠭᠦᠯᠪᠡ᠃ ᠡ᠊ᠨᠳᠡ ᠢᠷᠡᠭᠡᠳ ᠪᠢ ᠣᠯᠠᠨ ᠠᠷᠪᠢᠨ ᠮᠤᠩᠭ᠋ᠤᠯ ᠰᠤᠶᠤᠯ ᠤᠨ ᠵᠢᠳᠭᠦᠯᠳᠡᠨ᠂ ᠡᠷᠳᠡᠮᠳᠡᠨ ᠪᠠᠭᠰᠢ ᠨᠡᠷ᠂ ᠨᠠᠢ᠌ᠷᠠᠭᠤᠯᠤᠭᠴᠢ ᠰᠡᠳᠭᠦᠯᠴᠢᠳ᠂ ᠳᠠᠷᠤᠭ᠎ᠠ ᠣᠳᠤᠷᠢᠳᠤᠯᠭ᠎ᠠ ᠨᠡᠷ ᠵᠢᠴᠢ ᠣᠷᠠᠨ ᠵᠤᠬᠢᠶᠠᠯ ᠤᠨ ᠠᠠᠳᠠ ᠨᠡᠷ ᠭᠢᠭᠡᠳ ᠰᠤᠶᠤᠯ ᠳᠤ ᠪᠠᠨ ᠬᠠᠢ᠌ᠷᠠᠳᠠᠢ ᠭᠦᠮᠦᠰ ᠲᠡᠶ ᠵᠤᠯᠭᠠᠨ ᠳᠠᠨᠢᠯᠴᠠᠯ᠎ᠠ᠂ ᠮᠠᠰᠢ ᠳᠤᠭᠳᠤᠯᠵᠤ ᠪᠠᠢ᠌ᠭ᠎ᠠ᠃ ᠮᠤᠩᠭ᠋ᠤᠯ ᠣᠷᠠᠨ ᠵᠤᠬᠢᠶᠠᠯ ᠤᠨ ᠳᠦᠷᠪᠠᠳᠦᠭᠡᠷ ᠣᠳᠠᠭᠠᠨ ᠤ 〈ᠨᠢ᠋ᠮᠠᠨ ᠰᠢᠷᠭ᠎ᠠ〉 ᠶᠡᠭᠡ ᠣᠷᠤᠯᠳᠤᠭᠠᠨ ᠤ ᠱᠠᠩᠨᠠᠯ ᠣᠯᠭᠤᠬᠤ ᠶᠤᠰᠤᠯᠠᠯ ᠳᠤᠩ ᠠᠮᠵᠢᠯᠳᠠ ᠲᠡᠶ ᠶᠠᠪᠣᠭᠳᠠᠪᠠ᠃ ᠡᠭᠦᠨ ᠶᠢᠡᠷ ᠳᠠᠮᠵᠢᠨ ᠪᠢᠳᠠ ᠰᠤᠶᠤᠯ ᠶᠢᠡᠨ ᠨᠠᠩ ᠦᠷᠭᠡᠨ ᠭᠡᠪᠴᠢᠶᠡᠨ ᠳᠤ᠂ ᠨᠠᠩ ᠣᠯᠠᠨ ᠭᠦᠮᠦᠰ ᠲᠤ ᠣᠢ᠌ᠯᠠᠭᠠᠭᠤᠯᠵᠤ᠂ ᠳᠠᠨᠢᠭᠤᠯᠵᠤ᠂ ᠰᠤᠷᠳᠠᠯᠴᠢᠯᠠᠵᠤ ᠴᠢᠳᠠᠬᠤ ᠨᠢ ᠯᠠᠪᠳᠠᠢ᠃ ᠬᠠᠮᠢᠭ᠎ᠠ ᠨᠢ ᠣᠴᠢᠭᠰᠠᠨ ᠴᠤ ᠦᠪᠣᠷ ᠮᠤᠩᠭ᠋ᠤᠯ ᠣᠷᠤᠨ ᠤ ᠰᠤᠶᠤᠯ ᠤᠨ ᠠᠭᠤᠷ ᠠᠮᠢᠰᠬᠤᠯ ᠳᠤᠩ ᠦᠳᠭᠡᠨ ᠪᠠᠢ᠌ᠨ᠎ᠠ᠃ ᠨᠠᠷᠠᠨ ᠳᠤ ᠤᠢ᠌ᠷᠠᠬᠠᠨ ᠨᠤᠳᠤᠭ ᠊᠊᠊᠊᠊᠊᠊᠊᠊᠊᠊᠊᠊᠊᠊ ᠬᠦᠬᠡ‍ᠨᠠᠭᠤᠷ ᠤᠨ ᠥᠡᠳᠦᠷᠯᠢᠭ᠌ ᠳᠡᠭᠡᠷ᠎ᠡ ᠮᠤᠩᠭ᠋ᠤᠯ ᠭᠡᠯᠡ ᠰᠤᠶᠤᠯ ᠳᠤ ᠪᠠᠨ ᠶᠠᠰᠤᠨ ᠡᠴᠡ ᠪᠠᠨ ᠬᠠᠢ᠌ᠷᠠᠳᠠᠢ ᠴᠥᠭᠡᠨ ᠭᠡᠳᠦᠭᠡᠨ ᠮᠤᠩᠭ᠋ᠤᠯᠴᠤᠳ ᠠᠵᠤ ᠳᠦᠷᠤᠨ ᠠᠮᠢᠳᠤᠷᠠᠵᠤ ᠪᠠᠢ᠌ᠳᠠᠭ᠃ ᠪᠢ ᠪᠣᠴᠠᠵᠤ ᠬᠠᠷᠢᠭᠠᠤᠨ ᠡᠨᠡ ᠣᠳᠠᠭᠠᠨ ᠤ ᠰᠤᠶᠤᠯ ᠤᠨ ᠠᠵᠢᠯᠯᠠᠭᠠᠨ ᠤ ᠵᠤᠷᠢᠭ ᠰᠠᠨᠠᠭ᠎ᠠ ᠶᠢ ᠳᠠᠳᠠᠨ ᠳᠤ ᠰᠠᠢ᠌ᠬᠠᠨ ᠣᠬᠠᠭᠤᠯᠤᠶ᠎ᠠ ᠭᠡᠮᠡᠨ ᠪᠣᠳᠤᠵᠤ ᠪᠣᠢ》 ᠭᠡᠴᠢᠭᠡᠯ᠎ᠡ᠃ ᠨᠢ᠋ᠮᠠᠨ ᠵᠥᠭ᠌ ᠤᠨ ᠮᠤᠩᠭ᠋ᠤᠯᠴᠤᠳ ᠳᠤᠰᠤᠨ ᠨᠤᠭᠤᠭᠠᠨ ᠭᠦᠳᠡᠭᠡ ᠳᠡᠭᠡᠷ᠎ᠡ ᠪᠠᠨ ᠴᠤᠭᠯᠠᠷᠠᠨ ᠰᠤᠶᠤᠯ ᠶᠢᠡᠷ ᠶᠢᠡᠨ ᠪᠣᠷᠤᠭᠠᠯᠠᠭᠠᠤᠨ ᠥᠩᠭᠡᠷᠡᠭᠦ ᠳᠤ ᠳᠡᠭ᠍ᠷᠢ ᠭᠦᠷᠳᠡᠯ᠎ᠡ ᠣᠶᠠᠷᠠᠨ ᠳᠤᠭᠳᠤᠯᠵᠤ ᠨᠢᠯᠪᠣᠰᠤ ᠣᠨᠠᠭᠠᠮᠠᠷ ᠪᠣᠯᠵᠤ ᠪᠠᠢ᠌ᠪᠠ᠃

6 ᠰᠠᠷ᠎ᠠ ᠶᠢᠨ 22 ᠊ᠤᠨ ᠦᠷᠯᠦᠭᠡ ᠪᠢᠳᠠ ᠭᠤᠷᠪᠠ ᠪᠠᠷᠠᠭᠤᠨ ᠦᠵᠤᠮᠤᠴᠢᠨ ᠬᠤᠰᠢᠭᠤᠨ ᠤ ᠮᠤᠩᠭ᠋ᠤᠯ ᠳᠤᠮᠳᠠᠳᠤ ᠰᠤᠷᠭᠠᠭᠤᠯᠢ ᠳᠤ ᠪᠠᠭᠰᠢᠯᠠᠵᠤ ᠪᠠᠢ᠌ᠭ᠎ᠠ ᠪᠠᠶᠠᠰᠬᠤᠯᠠᠩ ᠪᠠᠭᠰᠢ ᠶᠢᠨ ᠬᠠᠮᠳᠤ ᠰᠤᠷᠤᠯᠭᠠᠳᠠᠨ ᠡᠩᠭᠡ ᠪᠠᠭᠰᠢ ᠶᠢᠨ ᠳᠠᠭᠠᠭᠤᠯᠭ᠎ᠠ ᠪᠠᠷ ᠳᠠᠳᠠᠨ ᠤ ᠰᠤᠷᠭᠠᠭᠤᠯᠢ ᠪᠠᠷ ᠡᠷᠭᠢᠨ ᠳᠤᠭᠤᠷᠢᠯ᠎ᠠ᠃ ᠳᠤᠰ ᠰᠤᠷᠭᠠᠭᠤᠯᠢ 1000 ᠢᠯᠡᠭᠦᠤ ᠰᠤᠷᠤᠭᠴᠢ᠂ 120 ᠪᠠᠭᠰᠢ᠂ 30 ᠵᠢᠭᠠᠬᠤ ᠠᠩᠭᠢ ᠲᠡᠶ᠃ ᠰᠤᠷᠭᠠᠭᠤᠯᠢ ᠶᠢᠨ ᠣᠷᠴᠢᠨ ᠳᠤᠭᠤᠷᠢᠨ ᠴᠠᠪᠠᠷ ᠴᠡᠮᠴᠢᠭᠡᠷ᠂ ᠠᠭᠤᠳᠠᠮ ᠰᠠᠷᠠᠭᠤᠯ᠂ ᠦᠨᠳᠦᠰᠦᠳᠠᠨ ᠤ ᠣᠠᠴᠠᠯᠢᠭ ᠶᠢᠡᠨ ᠭᠡᠪ ᠶᠢᠡᠷ ᠨᠢ ᠬᠠᠳᠠᠭᠠᠯᠠᠭᠰᠠᠨ ᠭᠦᠭ᠍ᠵᠢᠯ ᠤᠨ ᠢᠷᠡᠭᠡᠳᠦᠢ ᠲᠡᠶ ᠰᠤᠷᠭᠠᠭᠤᠯᠢ ᠪᠠᠢ᠌ᠨ᠎ᠠ᠃ ᠢᠯᠠᠩᠭ᠋ᠤᠶ᠎ᠠ ᠮᠤᠩᠭ᠋ᠤᠯ ᠭᠡᠯᠡᠨ ᠤ ᠳᠠᠰᠤᠭ ᠨᠢ ᠳᠠᠰᠬᠠᠯ ᠭᠢᠯᠭᠡᠭᠦ ᠡᠴᠡ ᠡᠭᠢᠯᠡᠨ ᠰᠤᠷᠤᠭᠴᠢᠳ ᠤᠨ ᠪᠦᠭᠦ ᠳᠠᠯ᠎ᠠ ᠶᠢᠨ ᠪᠣᠯᠪᠠᠰᠤᠷᠠᠯ ᠢ ᠴᠢᠩᠭ᠋᠎ᠠ ᠠᠳᠬᠤᠵᠤ᠂ ᠰᠤᠷᠭᠠᠭᠤᠯᠢ ᠳᠤ ᠪᠠᠨ ᠳᠤᠭᠳᠠᠭᠰᠠᠨ ᠬᠤᠭᠤᠴᠠᠭ᠎ᠠ ᠲᠡᠶ ᠮᠤᠩᠭ᠋ᠤᠯ ᠭᠡᠯᠡᠨ ᠤ ᠰᠤᠨᠢᠨ ᠰᠡᠳᠭᠦᠯ ᠡᠷᠭᠢᠯᠡᠵᠤ ᠪᠠᠢ᠌ᠭ᠎ᠠ ᠨᠢ ᠮᠠᠰᠢ ᠠᠯᠤᠰ ᠤᠨ ᠪᠣᠳᠤᠯᠭ᠎ᠠ ᠲᠡᠶ ᠠᠵᠢᠯ ᠪᠠᠢ᠌ᠭ᠎ᠠ᠃ ᠪᠢᠳᠠ ᠭᠢᠷᠢ ᠳᠡᠩᠴᠡᠭ᠍ᠰᠡᠨ ᠦᠨᠳᠦᠰᠦᠳᠠᠨ ᠤ ᠪᠠᠨ ᠵᠠᠯᠭᠠᠮᠵᠢ ᠬᠣᠢ᠌ᠴᠢᠰ ᠢ ᠭᠦᠮᠦᠵᠢᠭᠦᠯᠭᠦ ᠳᠤ ᠰᠠᠭᠤᠷᠢ ᠰᠤᠷᠭᠠᠨ ᠭᠦᠮᠦᠵᠢᠯ ᠡᠴᠡ ᠡᠭᠢᠯᠡᠨ ᠴᠢᠩᠭ᠋᠎ᠠ ᠠᠳᠬᠤᠬᠤ ᠨᠢ ᠳᠠᠭᠠᠷᠠᠨ᠎ᠠ᠃ ᠪᠠᠭᠰᠢ ᠪᠦᠭᠦᠨ ᠦᠪᠡᠷ ᠤᠨ ᠪᠠᠶ᠎ᠠ ᠳᠤ ᠪᠠᠨ ᠨᠠᠷᠢᠨ ᠱᠠᠭᠠᠷᠳᠠᠯᠭ᠎ᠠ ᠳᠠᠯᠪᠢᠵᠤ᠂ ᠦᠨᠳᠦᠰᠦᠳᠠᠨ ᠤ ᠪᠠᠨ ᠠᠯᠤᠰ ᠢᠷᠡᠭᠡᠳᠦᠢ ᠳᠤ ᠬᠠᠷᠢᠭᠤᠴᠠᠬᠤ ᠭᠡᠷᠡᠭ᠍ᠳᠡᠢ᠃ ᠬᠠᠷᠢᠨ ᠡᠭᠡ ᠭᠡᠯᠡᠨ ᠤ ᠪᠠᠨ ᠠᠴᠢ ᠪᠠᠷ ᠦᠪᠡᠷ ᠶᠢᠡᠨ ᠠᠪᠳᠠᠭ ᠶᠢᠡᠨ ᠠᠪᠴᠢᠬᠠᠭᠠᠤᠨ ᠣᠳᠤ ᠪᠣᠯᠤᠯ᠎ᠠ ᠭᠡᠳ ᠬᠣᠢ᠌ᠰᠢ ᠰᠠᠭᠤᠬᠤ ᠳᠤ ᠭᠦᠷᠪᠠᠯ ᠡᠳ᠋ᠯᠡᠭ᠍ᠰᠡᠨ ᠪᠣᠶᠠᠨ ᠳᠤ ᠪᠠᠨ ᠬᠠᠬᠠᠵᠤ ᠮᠠᠳᠠᠨ᠎ᠠ ᠰᠢᠤ ︕

ᠦᠳᠡ ᠶᠢᠨ ᠡᠮᠦᠨ᠎ᠡ ᠶᠢᠨ 11 ᠴᠠᠭ ᠭᠠᠷᠤᠢ ᠳᠤ 《ᠦᠨᠢᠷ ᠴᠡᠴᠡᠭ᠌》 ᠰᠡᠳᠭᠦᠯ ᠤᠨ ᠭᠢᠨ ᠲᠡᠶ ᠬᠠᠮᠳᠤ ᠪᠠᠷᠠᠭᠤᠨ ᠦᠵᠤᠮᠤᠴᠢᠨ ᠬᠤᠰᠢᠭᠤᠨ ᠤ ᠨᠤᠳᠤᠭ ᠲᠤ ᠪᠠᠢ᠌ᠭ᠎ᠠ ᠵᠤᠭᠠᠴᠠᠯ ᠤᠨ ᠭᠠᠵᠠᠷ ᠊᠊᠊᠊᠊᠊᠊᠊᠊᠊᠊᠊᠊᠊᠊ ᠶᠤᠯᠤ ᠬᠠᠢ᠌ᠷᠬᠠᠨ ᠵᠥᠭ᠌ ᠮᠤᠷᠳᠠᠯ᠎ᠠ᠃ ᠵᠠᠮ ᠳᠤ ᠬᠠᠢ᠌ᠯᠠᠰᠤ ᠲᠡᠶ ᠰᠢᠯᠢ᠂ ᠬᠤᠰᠤ ᠮᠤᠳᠤ ᠲᠡᠶ ᠭᠦᠡᠳᠡᠢ᠂ ᠳᠤᠷᠭᠠᠨ ᠪᠠᠯᠴᠢᠭᠡᠷ᠂ ᠳᠤᠩᠭ᠋ᠠᠯᠠᠭ ᠭᠤᠤᠯ᠂ ᠴᠡᠴᠡᠭ᠌ ᠢᠳᠡᠭ᠍ᠰᠡᠨ ᠬᠤᠨᠢᠳ᠂ ᠴᠡᠮᠴᠢᠭᠡᠷ ᠴᠠᠭᠠᠨ ᠭᠡᠷ ᠤᠳ ᠬᠠᠷᠠᠭᠠᠨ ᠳᠤ ᠳᠤᠳᠤᠷᠠᠨ ᠰᠡᠳᠭᠢᠯ ᠳᠤ ᠪᠠᠭᠤᠭᠠᠤᠨ ᠨᠢᠭᠡ ᠯᠠ ᠠᠶᠠᠳᠠᠢ᠃ ᠴᠠᠭ ᠭᠠᠷᠤᠢ ᠳᠠᠪᠭᠢᠭᠠᠤᠨ ᠶᠤᠯᠤ ᠬᠠᠢ᠌ᠷᠬᠠᠨ ᠤ ᠬᠤᠷᠮᠤᠢ ᠳᠤ ᠪᠠᠭᠤᠪᠠ᠃ ᠦᠨᠳᠦᠷ ᠬᠠᠳᠠᠨ ᠳᠡᠭᠡᠷ᠎ᠡ ᠪᠠᠢ᠌ᠭ᠎ᠠ ᠶᠤᠯᠤ ᠶᠢᠨ ᠳᠦᠷᠰᠤ ᠲᠡᠶ ᠳᠤᠮᠤ ᠴᠢᠯᠠᠭᠤ ᠶᠠᠭ ᠨᠤᠳᠤᠭ ᠶᠢᠡᠨ ᠴᠠᠭᠳᠠᠭ᠎ᠠ ᠪᠣᠭᠤᠷᠤᠯ ᠡᠪᠦᠭᠡᠨ ᠰᠢᠭ᠌ ᠰᠦᠷᠳᠠᠢ ᠬᠠᠷᠠᠭᠳᠠᠵᠤ ᠦᠪᠡᠷ ᠤᠨ ᠡᠷᠭᠡ ᠦᠭᠡᠶ ᠰᠥᠰᠦᠭ᠌ ᠪᠢᠰᠢᠷᠠᠯ ᠳᠦᠷᠦᠭᠦᠯᠤᠨ᠎ᠡ᠃ ᠦᠵᠡᠭᠦ ᠳᠤ ᠭᠡᠳᠥᠢᠪᠠᠷ ᠡᠩ ᠤᠨ ᠨᠠᠮᠬᠠᠨ ᠬᠠᠢ᠌ᠷᠬᠠᠨ ᠪᠣᠯᠪᠠᠴᠤ ᠳᠡᠭᠡᠷ᠎ᠡ ᠨᠢ ᠭᠠᠷᠴᠢᠬᠠᠪᠠᠯ ᠪᠦᠭᠦᠢᠯᠡ ᠨᠤᠳᠤᠭ ᠤᠨ ᠦᠵᠠᠮᠵᠢ ᠠᠯᠠᠭᠠᠨ ᠤ ᠵᠢᠷᠤᠭᠠᠰᠤ ᠰᠢᠭ ᠨᠢᠳᠤᠨ ᠳᠤ ᠪᠠᠭᠤᠨ᠎ᠠ᠃ ᠳᠡᠭᠡᠭᠡᠳ ᠬᠤᠯᠠ ᠡᠴᠡ ᠪᠠᠷᠠᠯᠠᠬᠤ ᠳᠤ ᠶᠤᠯᠤ ᠰᠢᠪᠠᠭᠤᠨ ᠳᠤ ᠶᠡᠭᠡ ᠲᠦᠰᠳᠠᠢ ᠬᠠᠷᠠᠭᠳᠠᠳᠠᠭ ᠨᠢ ᠪᠠᠰᠠ ᠵᠢᠭ᠍ᠳᠡᠢ᠃ ᠶᠤᠯᠤ ᠬᠠᠢ᠌ᠷᠬᠠᠨ ᠤ ᠵᠡᠭᠦᠨ ᠳᠠᠯ᠎ᠠ ᠨᠢ ᠨᠠᠢ᠌ᠳᠠᠮ ᠳᠤ ᠪᠠᠨ ᠵᠥᠯᠭᠡᠷᠭᠡᠭ᠌ ᠨᠠᠯᠠᠤ ᠭᠠᠵᠠᠷ ᠪᠠᠢ᠌ᠬᠤ ᠳᠤ ᠪᠠᠷᠠᠭᠤᠨ ᠳᠠᠯ᠎ᠠ ᠨᠢ ᠬᠠᠷᠢᠨ ᠰᠥᠭᠡ ᠪᠠᠷ ᠴᠠᠪᠴᠢᠭᠰᠠᠨ ᠰᠢᠭ ᠡᠭ᠍ᠴᠡ ᠠᠰᠬ᠎ᠠ ᠪᠠᠢ᠌ᠨ᠎ᠠ᠃ ᠰᠤᠨᠤᠰᠬᠤᠯᠠᠷ ᠶᠤᠯᠤ ᠬᠠᠢ᠌ᠷᠬᠠᠨ ᠤ ᠬᠠᠭᠠᠰ ᠨᠢ ᠣᠩᠨᠢᠭᠤᠳ ᠬᠤᠰᠢᠭᠤᠨ ᠳᠤ ᠪᠠᠢ᠌ᠳᠠᠭ ᠭᠡᠨ᠎ᠡ᠃ ᠡ᠊ᠨᠳᠡ ᠳᠤᠰᠬᠠᠢ ᠵᠤᠭᠠᠴᠠᠭᠰᠠᠤᠨ ᠲᠤ ᠵᠤᠷᠢᠭᠤᠯᠤᠭᠰᠠᠨ ᠶᠠᠰᠠᠮᠠᠯ (ᠵᠠᠰᠠᠮᠠᠯ) ᠭᠢᠮᠠᠯ ᠵᠣᠢ᠌ᠯ ᠨᠢᠭᠡ ᠴᠤ ᠦᠭᠡᠶ᠂ ᠪᠦᠭᠦᠢᠯᠡ ᠶᠠᠭᠤᠮ᠎ᠠ ᠣᠩᠭ᠋ᠤᠨ ᠪᠠᠢ᠌ᠭᠠᠯᠢᠯᠢᠭ ᠣᠤᠭᠠᠯ ᠳᠦᠷᠭᠦ ᠪᠠᠷ ᠶᠢᠡᠨ ᠪᠠᠢ᠌ᠭ᠎ᠠ ᠨᠢ ᠮᠢᠨᠤ ᠰᠡᠳᠭᠢᠯ ᠢ ᠪᠠᠶᠠᠰᠬᠠᠯ᠎ᠠ᠃ ᠶᠠᠷᠤᠨᠢ ᠮᠤᠩᠭ᠋ᠤᠯ ᠨᠤᠳᠤᠭ ᠮᠢᠨᠢ ᠡᠪᠳᠡᠭ᠍ᠳᠡᠭᠡ ᠦᠭᠡᠶ ᠡᠷᠡᠭᠦᠯ ᠪᠦᠳᠤᠨ ᠶᠢᠡᠷ ᠶᠢᠡᠨ ᠪᠠᠢ᠌ᠭᠰᠠᠨ ᠴᠠᠭ ᠲᠤ ᠳᠠᠷᠠ ᠶᠠᠩᠵᠤ ᠪᠠᠷ ᠶᠢᠡᠨ ᠪᠦᠷ ᠪᠠᠢ᠌ᠭᠠᠯᠢ ᠡᠭᠡ ᠡᠴᠡ ᠬᠠᠢ᠌ᠷᠠᠯᠠᠭᠰᠠᠨ ᠪᠠᠢ᠌ᠭᠠᠯᠢᠯᠢᠭ ᠵᠤᠭᠠᠴᠠᠯ ᠤᠨ ᠭᠠᠵᠠᠷ᠂ ᠳ᠋ᠸᠪᠠᠵᠠᠨ ᠤ ᠣᠷᠤᠨ ᠭᠡᠵᠤ ᠮᠠᠳᠠ ᠡ ︕

ᠪᠣᠴᠠᠬᠤ ᠵᠠᠮ ᠳᠤ ᠪᠠᠨ ᠪᠦᠭᠦᠳᠡᠭᠡᠷ ᠶᠢᠡᠨ ᠳᠤᠰᠤᠨ ᠨᠤᠭᠤᠭᠠᠨ ᠭᠦᠳᠡᠭᠡ ᠳᠡᠭᠡᠷ᠎ᠡ ᠵᠡᠷᠭᠡᠴᠡᠭᠦᠯᠤᠨ ᠪᠠᠷᠢᠭᠰᠠᠨ ᠵᠤᠭᠠᠴᠠᠯ ᠤᠨ ᠮᠤᠩᠭ᠋ᠤᠯ ᠭᠡᠷ ᠲᠤ ᠰᠠᠭᠠᠳᠠᠵᠤ᠂ ᠪᠢᠳᠠᠨ ᠳᠤ ᠵᠠᠮᠴᠢᠯᠠᠭ᠎ᠠ ᠨᠤᠳᠤᠭ ᠤᠨ ᠭᠦᠮᠦᠰ ᠤᠨ ᠭᠦᠡᠳᠦᠳᠤ ᠳᠠᠢ᠌ᠯᠠᠯᠭ᠎ᠠ ᠶᠢ ᠭᠦᠯᠢᠶᠡᠪᠡ᠃ ᠬᠠᠶᠠᠭᠠᠪᠴᠢ ᠪᠠᠨ ᠰᠢᠭᠤᠭᠰᠠᠨ ᠮᠤᠳᠤᠨ ᠮᠤᠩᠭ᠋ᠤᠯ ᠭᠡᠷ ᠲᠤ᠂ ᠭᠠᠵᠠᠷ ᠨᠠᠭᠠᠯᠳᠤᠭᠰᠠᠨ ᠳᠦᠷᠪᠠᠯᠵᠢᠨ ᠣᠷᠳᠤ ᠰᠢᠷᠡᠭᠡ ᠶᠢ ᠳᠤᠭᠤᠷᠢᠨ ᠰᠠᠭᠤᠭᠠᠤᠨ ᠨᠠᠢ᠌ᠷᠯᠠᠵᠤ ᠡᠭᠢᠯᠡᠭᠦ ᠳᠤ ᠠᠷᠢᠭᠢᠨ ᠳᠤ ᠪᠢᠰᠢ ᠠᠶ᠎ᠠ ᠳᠠᠭᠤᠤ᠂ ᠵᠤᠴᠢᠠᠰᠠᠭ ᠵᠠᠩ᠂ ᠰᠡᠳᠭᠢᠯ ᠤᠨ ᠥᠭᠡᠨ ᠳᠤ ᠨᠢ ᠪᠠᠶᠠᠰᠤᠨ ᠰᠤᠭᠳᠤᠯ᠎ᠠ᠃ 《ᠦᠨᠢᠷ ᠴᠡᠴᠡᠭ᠌》 ᠰᠡᠳᠭᠦᠯ ᠤᠨ ᠶᠡᠷᠦᠩᠭᠡᠢ ᠨᠠᠢ᠌ᠷᠠᠭᠤᠯᠤᠭᠴᠢ ᠨ·ᠦᠯᠵᠠᠢ᠌ᠪᠠᠳᠤ ᠪᠠᠭᠰᠢ ᠴᠢᠷᠠᠢ ᠳᠡᠭᠡᠷ᠎ᠡ ᠪᠠᠨ ᠪᠠᠶᠠᠷ ᠤᠨ ᠮᠦᠰᠢᠶᠠᠳᠤ ᠳᠤᠭᠯᠠᠭᠤᠯᠤᠨ ᠄ 《ᠠᠯᠤᠰ ᠡᠴᠡ ᠢᠷᠡᠭ᠍ᠰᠡᠨ ᠭᠤᠷᠪᠠᠨ ᠪᠠᠭᠰᠢ ᠪᠠᠨ ᠰᠠᠢ᠌ᠬᠠᠨ ᠬᠠᠷᠠᠭᠠᠯᠵᠠᠵᠤ᠂ ᠭᠦᠡᠳᠦᠯᠡᠨ ᠭᠦᠯᠢᠶᠡᠵᠤ ᠴᠢᠳᠠᠭᠰᠠᠨ ᠥᠭᠡᠢ》 ᠭᠡᠳ ᠬᠤᠠᠳᠠᠭ᠎ᠠ ᠪᠠᠨ ᠡᠷᠭᠦᠭᠦ ᠳᠤ ᠪᠢ ᠭᠡᠴᠡᠭᠦᠤ ᠡᠪ ᠥᠭᠡᠢ᠌ᠳᠡᠪᠡ᠃ ᠦᠪᠡᠷ ᠤᠨ ᠪᠠᠶᠡᠯᠡᠭᠦᠯᠭᠦ ᠶᠤᠰᠤᠳᠠᠢ ᠡᠭᠦᠷᠭᠡ ᠬᠠᠷᠢᠭᠤᠴᠠᠯᠭ᠎ᠠ ᠪᠠᠨ ᠪᠠᠶᠡᠯᠡᠭᠦᠯᠵᠤ ᠶᠠᠪᠣᠭ᠎ᠠ ᠯᠠ ᠳᠠᠳᠤᠢ ᠪᠢᠵᠠ᠂ ᠬᠠᠷᠢᠨ ᠰᠤᠶᠤᠯ ᠶᠢᠡᠷ ᠶᠢᠡᠨ ᠪᠠᠮᠪᠠᠢ ᠪᠣᠯᠭᠠᠨ ᠭᠦᠡᠳᠦᠳᠭᠡᠯ ᠬᠠᠷᠠᠭᠠᠯᠵᠠᠯ ᠢ ᠭᠦᠯᠢᠶᠡᠭᠦ ᠡᠷᠭᠡ ᠨᠠᠳᠠ ᠪᠠᠢ᠌ᠬᠤ ᠦᠭᠡᠶ᠃ ᠨ·ᠦᠯᠵᠠᠢ᠌ᠪᠠᠳᠤ ᠪᠠᠭᠰᠢ ᠡᠨᠡ ᠣᠳᠠᠭᠠᠨ ᠤ ᠱᠠᠩᠨᠠᠯ ᠣᠯᠭᠤᠬᠤ ᠶᠤᠰᠤᠯᠠᠯ ᠶᠢᠡᠨ ᠠᠮᠵᠢᠯᠳᠠ ᠲᠡᠶ ᠶᠠᠪᠣᠭᠳᠠᠭᠤᠯᠬᠤ ᠭᠡᠵᠤ ᠳᠤᠩ ᠶᠠᠭᠠᠷᠠᠭᠰᠠᠨ ᠢ ᠮᠠᠳᠠᠨ᠎ᠡ᠃ ᠬᠠᠮᠢᠭ᠎ᠠ ᠨᠢ ᠶᠤᠰᠤᠯᠠᠯ ᠳᠤ ᠣᠷᠤᠯᠴᠠᠭᠰᠠᠨ ᠳᠠᠷᠠ ᠪᠦᠭᠦᠨ ᠢ ᠬᠠᠷᠠᠭᠠᠯᠵᠠᠬᠤ ᠵᠠᠪ ᠪᠠᠢ᠌ᠬᠤ ᠪᠢᠯᠠ᠃ ᠦᠨᠦᠳᠤᠷ ᠮᠠᠨᠠᠢ᠌ᠭᠢᠰ ᠳᠤᠳᠤᠷ᠎ᠠ ᠰᠤᠶᠤᠯ ᠶᠢᠡᠨ ᠡᠮᠦᠨ᠎ᠡ ᠪᠠᠨ ᠪᠠᠷᠢᠨ ᠨᠢᠭᠡ ᠶᠠᠭᠤᠮ᠎ᠠ ᠭᠢᠴᠢᠭᠡᠭᠡᠳ ᠬᠤᠭᠤᠰᠤᠨ ᠣᠩᠭᠢᠷᠠᠬᠤ ᠳᠤᠷᠠᠳᠠᠢ ᠭᠦᠮᠤᠨ ᠠᠷᠪᠢᠨ ᠪᠣᠢ᠃ ᠡᠳᠡᠭᠡᠷ ᠭᠦᠮᠦᠰ ᠦᠨᠡᠨ ᠰᠠᠨᠠᠭᠠᠨ ᠡᠴᠡ ᠪᠠᠨ ᠰᠤᠶᠤᠯ ᠳᠤ ᠪᠠᠨ ᠠᠰᠢᠭᠳᠠᠢ ᠠᠵᠢᠯ ᠭᠢᠵᠤ ᠪᠠᠢ᠌ᠬᠤ ᠪᠢᠰᠢ ᠬᠠᠷᠢᠨ ᠠᠰᠢᠭ ᠨᠠᠷ᠎ᠠ ᠶᠢᠨ ᠬᠣᠢ᠌ᠨ᠎ᠡ ᠡᠴᠡ ᠨᠢᠳᠤ ᠨᠢ ᠣᠯᠠᠢ᠌ᠬᠤ ᠳᠤ ᠪᠠᠨ ᠬᠠᠭᠤᠷᠮᠠᠭ ᠭᠡᠢ᠌ᠷᠭᠡᠵᠤ ᠪᠠᠢ᠌ᠭ᠎ᠠ ᠨᠢ ᠳᠠᠷᠠ ︕ ᠳᠠᠢ᠌ᠯᠠᠯᠭ᠎ᠠ ᠳᠡᠭᠡᠷ᠎ᠡ ᠦᠪᠣᠷ ᠮᠤᠩᠭ᠋ᠤᠯ ᠤᠨ ᠳᠸᠯᠸᠢᠰ ᠬᠤᠷᠢᠶᠠᠨ ᠤ ᠳᠠᠳ᠋ ᠬᠤᠷᠢᠶᠠᠨ ᠳᠠᠷᠤᠭ᠎ᠠ ᠡᠩᠭᠡᠪᠠᠶᠡᠷ ᠠᠬ᠎ᠠ ᠲᠡᠶ ᠳᠠᠨᠢᠯᠴᠠᠯ᠎ᠠ᠃ ᠳᠠᠷᠤᠭ᠎ᠠ ᠭᠦᠮᠤᠨ ᠤ ᠶᠠᠩᠪᠠ ᠯᠠᠷᠵᠠ ᠭᠡᠵᠤ ᠵᠢᠭᠠᠬᠠᠨ ᠴᠤ ᠦᠭᠡᠶ ᠪᠦᠭᠡᠳ ᠭᠦᠮᠤᠨ ᠪᠣᠯᠭᠠᠨ ᠲᠡᠶ ᠡᠷᠡᠭᠡ ᠬᠤᠷᠢᠭ᠎ᠠ ᠦᠭᠡᠶ ᠵᠠᠩ ᠶᠢᠡᠷ ᠨᠠᠭᠠᠳᠤᠨ ᠨᠠᠷᠭᠢᠵᠤ᠂ ᠳᠤᠭᠳᠤᠯᠬᠤ ᠳᠤ ᠪᠠᠨ 《ᠰᠠᠷᠠ ᠲᠡᠶ ᠰᠦᠨᠢ》 ᠪᠠᠨ ᠰᠠᠢ᠌ᠬᠠᠨ ᠬᠤᠭᠤᠯᠠᠢ ᠪᠠᠷ ᠬᠠᠩᠭᠢᠨᠠᠳᠠᠯ᠎ᠠ ᠠᠪᠴᠢᠬᠠᠨ᠎ᠠ᠃ ᠦᠪᠣᠷ ᠮᠤᠩᠭ᠋ᠤᠯ ᠳᠤ ᠡᠳᠡᠨᠡᠷ ᠰᠢᠭ᠌ ᠰᠤᠶᠤᠯ ᠶᠢᠡᠨ ᠬᠠᠢ᠌ᠷᠠᠯᠠᠳᠠᠭ᠂ ᠬᠠᠯᠠᠮᠵᠢᠯᠠᠳᠠᠭ᠂ ᠳᠡᠭᠡᠳᠦᠯᠡᠳᠡᠭ᠌ ᠡᠷᠳᠡᠮᠳᠡᠨ ᠰᠡᠭᠡᠭᠡᠳᠡᠨ᠂ ᠳᠠᠷᠤᠭ᠎ᠠ ᠣᠳᠤᠷᠢᠳᠤᠯᠭ᠎ᠠ᠂ ᠺᠠᠳ᠋ᠷ ᠠᠵᠢᠯᠳᠠᠨ᠂ ᠮᠠᠯᠴᠢᠨ ᠳᠠᠷᠢᠶᠠᠴᠢᠨ᠂ ᠰᠤᠶᠤᠯ ᠤᠨ ᠵᠢᠳᠭᠦᠯᠳᠡᠳ ᠪᠠᠢ᠌ᠭᠰᠠᠨ ᠡᠴᠡ ᠰᠤᠶᠤᠯ ᠤᠨ ᠪᠣᠷᠤᠭ᠎ᠠ ᠪᠠᠷ ᠨᠤᠳᠤᠭ ᠨᠢ ᠭᠠᠩᠳᠠᠬᠤ ᠦᠭᠡᠶ ᠶᠠᠪᠣᠭ᠎ᠠ ᠪᠠᠢ᠌ᠬ᠎ᠠ ᠡ ︕

ᠣᠷᠤᠢ ᠨᠢ ᠦᠵᠤᠮᠤᠴᠢᠨ ᠪᠠᠷᠠᠭᠤᠨ ᠬᠤᠰᠢᠭᠤᠨ ᠤ ᠮᠤᠩᠭ᠋ᠤᠯ ᠳᠤᠮᠳᠠᠳᠤ ᠰᠤᠷᠭᠠᠭᠤᠯᠢ ᠶᠢᠨ ᠭᠡᠳᠤᠨ ᠪᠠᠭᠰᠢ ᠲᠡᠶ ᠰᠠᠢ᠌ᠨ ᠨᠢᠭᠡ ᠳᠤᠭᠯᠠᠭᠠᠤᠨ ᠠᠪᠣᠪᠠ᠃ ᠬᠠᠮᠳᠤ ᠰᠤᠷᠤᠯᠭᠠᠳᠠᠨ᠂ ᠣᠢ᠌ᠯᠠᠰ ᠨᠢᠭᠡᠳᠡᠨ᠂ ᠰᠤᠶᠤᠯ ᠤᠨ ᠭᠦᠮᠦᠰ ᠬᠠᠮᠳᠤᠷᠠᠭᠠᠤᠨ ᠨᠠᠷᠭᠢᠬᠤ ᠭᠡᠭ᠍ᠴᠢ ᠰᠠᠢ᠌ᠬᠠᠨ ᠪᠠᠢ᠌ᠨ᠎ᠠ᠃ ᠭᠡᠳᠥᠢᠪᠠᠷ ᠠᠩᠬ᠎ᠠ ᠣᠴᠠᠷᠠᠭ᠎ᠠ ᠪᠣᠯᠪᠠᠴᠤ ᠠᠯᠢ ᠭᠡᠵᠢᠶᠡᠨᠡᠢ ᠶᠢᠨ ᠳᠠᠨᠢᠯ ᠶᠤᠮ ᠰᠢᠭ ᠬᠤᠭᠤᠷᠤᠠᠳᠤ ᠪᠠᠨ ᠡᠷᠡᠭᠡ ᠵᠢᠷᠤᠭ᠎ᠠ ᠦᠭᠡᠶ ᠨᠢᠭᠡ ᠨᠢᠭᠡ ᠪᠠᠨ ᠨᠠᠭᠠᠳᠤᠨ ᠭᠤᠤᠴᠢᠯᠠᠵᠤ ᠢᠨᠢᠶᠠᠯᠳᠤᠨ ᠭᠦᠭᠡᠷᠦᠯᠳᠦᠵᠡᠭᠡᠨ᠎ᠡ᠃ ᠣᠳᠤᠮ ᠣᠭᠰᠠᠭ᠎ᠠ᠂ ᠰᠤᠶᠤᠯ ᠤᠨ ᠡᠰ ᠭᠡᠳᠡᠭ᠌ ᠶᠠᠭᠤᠮ᠎ᠠ ᠯᠠ ᠪᠢᠳᠠ ᠪᠦᠭᠦᠨ ᠤ ᠰᠡᠳᠭᠢᠯ ᠡᠴᠡ ᠣᠭᠤᠰᠤᠷᠯᠠᠵᠤ᠂ ᠵᠢᠷᠦᠭᠡ ᠵᠢᠷᠦᠭᠡ ᠪᠠᠷ ᠨᠢ ᠬᠤᠯᠪᠤᠨ ᠢᠵᠢᠯᠢᠰᠢᠭᠦᠯᠳᠡᠭ᠌ ᠪᠠᠢ᠌ᠵᠤ ᠳ᠋ᠠ᠃ ᠬᠠᠷᠠᠮᠰᠠᠯᠳᠠᠢ ᠨᠢ ᠬᠠᠮᠳᠤᠷᠠᠭᠠᠤᠨ ᠳᠤᠭᠯᠠᠭᠰᠠᠨ ᠴᠠᠭ ᠳᠠᠩᠴᠤ ᠣᠬᠤᠷᠬᠠᠨ ᠡ᠂ ᠪᠣᠯᠳᠠᠭ ᠶᠤᠮ ᠪᠣᠯ ᠳᠠᠷᠠ ᠣᠷᠤᠢ ᠴᠠᠭ ᠢ ᠪᠠᠷᠢᠭᠠᠤᠨ ᠣᠶᠠᠴᠢᠬᠠᠮᠠᠷ ᠰᠠᠨᠠᠭᠳᠠᠭᠰᠠᠨ᠃ ᠭᠡᠳᠡᠯ᠎ᠡ ᠪᠣᠯᠳᠠᠭ ᠦᠭᠡᠶ ᠬᠣᠢ᠌ᠨ᠎ᠠ ᠶᠠᠭᠠᠭᠢᠬᠤ ᠪᠢᠯᠠ ︖ ᠵᠥᠪᠭᠡᠨ ᠠᠭᠤᠯᠵᠠᠨ ᠳᠠᠨᠢᠯᠴᠠᠭᠰᠠᠨ ᠠᠯᠳᠠᠨ ᠮᠦᠴᠡ ᠪᠠᠨ ᠰᠡᠳᠭᠢᠯ ᠳᠤ ᠪᠠᠨ ᠠᠷᠬᠠᠯᠠᠴᠢᠬᠠᠭᠠᠤᠨ ᠪᠠᠭᠤᠳᠠᠯ ᠳᠤ ᠪᠠᠨ ᠪᠣᠴᠠᠯ᠎ᠠ᠃ ᠠᠮᠢᠳᠤᠷᠠᠯ ᠳᠤ ᠵᠠᠷᠢᠮ ᠭᠦᠮᠤᠨ ᠲᠡᠶ ᠭᠡᠳᠦᠢ ᠴᠤ ᠣᠴᠠᠷᠠᠴᠢᠬᠠᠭᠠᠤᠨ ᠮᠠᠷᠳᠠᠴᠢᠬᠠᠬᠤ ᠣᠴᠢᠷ ᠣᠯᠠᠨ ᠪᠠᠢ᠌ᠬᠤ ᠳᠤ ᠬᠠᠷᠢᠨ ᠵᠠᠷᠢᠮ ᠭᠦᠮᠤᠨ ᠲᠡᠶ ᠭᠠᠭᠴᠠ ᠯᠠ ᠠᠭᠤᠯᠵᠠᠭᠠᠤᠨ ᠡᠭᠦᠷᠢᠳᠡ ᠳᠤᠷᠠᠰᠳᠠᠭ ᠨᠢ ᠰᠤᠨᠢᠨ ᠶᠤᠮ ᠪᠢᠯᠠ᠃

ᠰᠢᠯᠢ ᠶᠢᠨ ᠭᠤᠤᠯ ᠳᠤ ᠭᠦᠷᠦᠭᠡᠳ ᠪᠢ ᠳᠠᠯᠠ ᠭᠠᠳᠤᠯᠴᠢᠬᠠᠭᠠᠤᠨ ᠨᠤᠮ ᠭᠡᠪᠯᠡᠭᠦᠯᠤᠨ ᠳᠠᠷᠬᠠᠭᠠᠵᠤ ᠶᠠᠪᠣᠭ᠎ᠠ ᠠᠵᠢᠯ ᠡᠴᠡ ᠪᠠᠨ ᠠᠮᠠᠷᠠᠭᠰᠠᠨ ᠺᠠᠳ᠋ᠷ ᠵᠢ᠊·ᠳᠤᠷᠵᠢ ᠭᠤᠸᠠᠢ ᠪᠣᠯᠤᠨ 《ᠨᠢ᠋ᠮᠠᠨ ᠰᠢᠷᠭ᠎ᠠ》 ᠰᠤᠷᠤᠭᠴᠢᠳ ᠤᠨ ᠣᠷᠠᠨ ᠵᠤᠬᠢᠶᠠᠯ ᠤᠨ ᠣᠷᠤᠯᠳᠤᠭᠠᠨ ᠤ ᠱᠠᠩᠨᠠᠯ ᠭᠦᠷᠳᠡᠴᠢᠭᠡᠭᠡᠳ ᠣᠯᠵᠠ ᠣᠮᠤᠭ ᠲᠡᠶ ᠦᠰᠤᠷᠴᠤ ᠶᠠᠪᠣᠭ᠎ᠠ ᠰᠤᠶᠤᠯ ᠳᠤ ᠪᠠᠨ ᠬᠠᠢ᠌ᠷᠠᠳᠠᠢ ᠣᠬᠠᠭᠠᠯᠢᠭ ᠭᠡᠦᠭᠡᠨ ᠢᠷᠭᠤᠢ ᠲᠡᠶ ᠳᠠᠨᠢᠯᠴᠠᠯ᠎ᠠ᠃ ᠵᠢ᠊·ᠳᠤᠷᠵᠢ ᠭᠤᠸᠠᠢ 《ᠮᠢᠨᠤ ᠭᠦᠭᠡ ᠳᠡᠭ᠍ᠷᠢ》 ᠭᠡᠮᠡᠭᠦ ᠰᠢᠯᠦᠭ᠌ ᠤᠨ ᠨᠤᠮ ᠶᠢᠡᠨ ᠳᠡᠪᠠᠷᠢᠴᠢᠭᠡᠭᠡᠳ ᠬᠤᠯᠠ ᠶᠢᠨ ᠵᠤᠴᠢᠳ ᠲᠤ ᠪᠠᠯᠡᠭᠯᠡᠨ ᠳᠤᠷᠠᠰᠬᠠᠵᠤ ᠶᠠᠪᠣᠨ᠎ᠠ᠃ ᠶᠠᠮᠠᠷ ᠭᠢᠳᠠᠯ ᠠᠯᠳᠠᠬᠤ ᠳᠤ ᠪᠠᠨ ᠭᠡᠢ᠌ᠷᠭᠡᠵᠤ ᠶᠠᠪᠣᠭ᠎ᠠ ᠴᠤ ᠪᠢᠰᠢ ᠡ᠂ ᠬᠠᠷᠢᠨ ᠭᠡᠯᠡ ᠰᠤᠶᠤᠯ ᠶᠢᠡᠨ ᠭᠡᠰᠡᠨ ᠬᠠᠷᠢᠭᠤᠴᠠᠯᠭᠠᠳᠤ ᠰᠡᠳᠭᠢᠯ ᠨᠢ ᠳᠠᠷᠠ ᠭᠤᠸᠠᠢ ᠶᠢ ᠨᠠᠮ ᠪᠠᠢ᠌ᠯᠭᠠᠭᠰᠠᠨ ᠦᠭᠡᠶ ᠨᠢ ᠢᠯᠠ ᠪᠠᠢ᠌ᠨ᠎ᠠ᠃ ᠨᠤᠳᠤᠭ ᠤᠨ ᠠᠮᠢᠳᠤ ᠭᠦᠭᠡ ᠠᠭᠤᠯᠠᠰ ᠪᠣᠯᠤᠭᠰᠠᠨ ᠵᠢ᠊·ᠳᠤᠷᠵᠢ ᠭᠤᠸᠠᠢ ᠰᠢᠭ ᠰᠤᠶᠤᠯ ᠳᠤ ᠪᠠᠨ ᠬᠠᠢ᠌ᠷᠠᠳᠠᠢ ᠪᠣᠭᠤᠷᠤᠯ ᠤᠳ ᠮᠢᠨᠢ ᠪᠦᠭᠦᠳᠡ ᠶᠠᠪᠣᠭᠠᠤᠨ ᠪᠠᠷᠠᠭᠳᠠᠴᠢᠬᠠᠪᠠᠯ ᠬᠣᠢ᠌ᠴᠢᠰ ᠡᠴᠡ ᠨᠢ ᠡᠢ᠌ᠮᠤ ᠭᠦᠮᠦᠰ ᠭᠠᠷᠴᠤ ᠴᠢᠳᠠᠨ᠎ᠠ ᠦᠦ ᠦᠭᠡᠶ ᠦᠦ ᠭᠡᠳᠡᠭ᠌ ᠢ ᠪᠣᠳᠤᠬᠤ ᠳᠤ ᠬᠤᠭᠤᠯᠠᠢ ᠵᠥᠩᠳᠡᠭᠡᠨ ᠵᠠᠩᠭᠢᠷᠠᠭᠠᠤᠨ ᠢᠷᠡᠳᠡᠭ᠌ ᠨᠢ ᠭᠡᠴᠡᠭᠦᠤ ᠡ ︕ ᠭᠡᠪᠠᠴᠤ ᠰᠤᠶᠤᠯ ᠤᠨ ᠨᠠᠯᠭᠠᠷ ᠭᠦᠷᠦᠰᠤᠨ ᠡᠴᠡ ᠬᠠᠪᠣᠷ ᠤᠨ ᠢᠷᠭᠤᠢ ᠰᠢᠭ ᠨᠢᠳᠦᠯᠡᠭᠡ ᠣᠬᠠᠭᠠᠯᠢᠭ ᠭᠡᠦᠭᠡᠨ ᠢᠷᠭᠤᠢ ᠶᠢ ᠦᠵᠡᠭᠡᠳ ᠰᠡᠳᠭᠢᠯ ᠪᠠᠭ᠎ᠠ ᠠᠭᠤᠵᠢᠷᠠᠯ᠎ᠠ᠃ ᠳᠠᠷᠠ ᠮᠢᠨᠤ ᠨᠤᠮ ᠤᠨ ᠨᠠᠢ᠌ᠵᠠ ᠳᠤ ᠪᠠᠨ ᠨᠤᠮ ᠳᠤᠷᠠᠰᠬᠠᠵᠤ ᠰᠠᠭᠤᠭ᠎ᠠ ᠶᠢ ᠦᠵᠡᠭᠡᠳ ᠡᠷᠭᠡ ᠢᠰᠢᠭᠡᠨ ᠰᠢᠭ᠌ ᠬᠠᠵᠠᠭᠤ ᠳᠤ ᠦᠰᠤᠷᠤᠨ ᠢᠷᠡᠭᠡᠳ ᠄ 《ᠪᠠᠭᠰᠢ ᠡ᠂ ᠨᠤᠮ ᠡᠴᠡ ᠪᠠᠨ ᠨᠠᠳᠠ ᠨᠢᠭᠡ ᠪᠠᠯᠡᠭᠯᠡᠨ᠎ᠡ ᠦᠦ ︖》 ᠭᠡᠳ ᠭᠦᠭᠡᠷᠦᠭᠦᠨ ᠵᠤᠤᠮᠠᠯᠵᠠᠬᠤ ᠶᠤᠮ ᠪᠢᠯᠠ᠃ ᠨᠤᠮ ᠬᠤᠳᠠᠯᠳᠤᠭᠠᠤᠨ ᠠᠪᠬᠤ ᠶᠠᠭᠠᠮ (ᠭᠡᠷᠡᠭ᠌ ᠦᠭᠡᠶ) ᠡᠮᠦᠨ᠎ᠡ ᠨᠢ ᠭᠦᠷᠭᠡᠭᠡᠳ ᠳᠠᠯᠪᠢᠬᠤ ᠳᠤ ᠣᠷᠤᠨ ᠳᠤ ᠨᠢ ᠣᠷᠭᠢᠴᠢᠬᠠᠭᠠᠤᠨ ᠭᠠᠷᠳᠠᠭ ᠪᠣᠯᠤᠭᠰᠠᠨ ᠦᠨᠦᠳᠤᠷ ᠭᠦᠮᠤᠨ ᠡᠴᠡ ᠨᠤᠮ ᠰᠤᠷᠠᠭᠠᠤᠨ ᠵᠤᠭᠰᠤᠵᠤ ᠪᠠᠢ᠌ᠭ᠎ᠠ ᠡᠨᠡ ᠭᠦᠭᠡᠷᠦᠭᠦᠨ ᠭᠡᠦᠭᠡᠨ ᠢ ᠬᠠᠷᠠᠭᠠᠤᠨ ᠳᠤᠭᠳᠤᠯᠤᠭᠰᠠᠨ ᠶᠢᠡᠨ ᠡ᠊ᠨᠳᠡ ᠨᠢᠭᠤᠬᠤ ᠦᠭᠡᠶ᠃

6 ᠰᠠᠷ᠎ᠠ ᠶᠢᠨ 23 ᠊ᠤ ᠦᠷᠯᠦᠭᠡ ᠣᠶᠤᠨ ᠤ ᠴᠠᠩᠭ᠋ᠠᠭ᠎ᠠ ᠳᠠᠢ᠌ᠯᠤᠨ ᠰᠡᠳᠭᠢᠯ ᠤᠨ ᠴᠢᠯᠡᠭᠡ ᠭᠠᠷᠭᠠᠵᠤ᠂ ᠣᠯᠠᠨ ᠰᠠᠢ᠌ᠬᠠᠨ ᠳᠤᠷᠠᠳᠬᠠᠯ ᠮᠦᠷᠦᠭᠡᠳᠦᠯ ᠤᠨ ᠨᠤᠭᠤᠭᠠᠨ ᠪᠣᠳᠤᠭ ᠠᠰᠬᠠᠨ ᠬᠤᠴᠤᠷᠤᠭᠠᠭᠰᠠᠨ ᠪᠠᠷᠠᠭᠤᠨ ᠦᠵᠤᠮᠤᠴᠢᠨ ᠬᠤᠰᠢᠭᠤᠨ ᠡᠴᠡ ᠭᠠᠠᠵᠤᠭ᠎ᠠ ᠳᠤᠰᠤ ᠲᠡᠶ ᠠᠶᠠᠷᠯᠠᠯ᠎ᠠ᠃ ᠰᠤᠨᠤᠷ ᠰᠡᠳᠭᠢᠯ ᠬᠤᠶᠠᠷ ᠲᠤ 《ᠦᠵᠤᠮᠤᠴᠢᠨ ᠨᠤᠳᠤᠭ》 ᠭᠡᠰᠡᠨ ᠰᠠᠢ᠌ᠬᠠᠨ ᠳᠠᠭᠤᠤ ᠣᠳᠠᠳᠠᠯ᠎ᠠ ᠬᠠᠩᠭᠢᠨᠠᠨ ᠪᠠᠢ᠌ᠭᠰᠠᠨ ᠡ᠂ ᠡᠨᠡ ᠳᠠᠭᠤᠤ ᠶᠢ ᠨᠤᠳᠤᠭ ᠲᠤ ᠨᠢ ᠢᠷᠡᠭᠡᠳ ᠰᠤᠨᠤᠰᠬᠤ ᠳᠤ ᠴᠢᠰᠤ ᠪᠠᠷ ᠳᠠᠮᠵᠢᠨ ᠵᠢᠷᠦᠭᠡᠨ ᠳᠤ ᠭᠦᠷᠳᠡᠯ᠎ᠡ ᠳᠠᠭᠤᠷᠢᠰᠴᠤ ᠪᠠᠢ᠌ᠨ᠎ᠠ᠃ ᠪᠣᠴᠠᠬᠤ ᠳᠤ ᠪᠠᠨ ᠪᠢᠳᠠ ᠭᠤᠷᠪᠠ ᠰᠢᠯᠢᠩᠬᠤᠳᠠ ᠪᠠᠷ ᠳᠠᠭᠠᠷᠢᠨ ᠰᠢᠭᠤᠳ ᠬᠦᠬᠡᠬᠤᠲᠠ ᠣᠷᠤᠬᠤ ᠪᠠᠷᠠᠭᠤᠨ ᠵᠠᠮ ᠢ ᠰᠤᠩᠭ᠋ᠤᠪᠠ᠃ ᠰᠠᠨᠠᠮᠰᠠᠷ ᠦᠭᠡᠶ ᠰᠢᠯᠢᠩᠬᠤᠳᠠ ᠶᠢᠨ ᠳᠡᠷᠭᠡᠨ ᠦᠷᠳᠡᠭᠡᠨ ᠤ ᠬᠤᠭᠤᠯᠠᠨ ᠭᠡᠷ ᠲᠤ ᠠᠷᠢᠭᠢᠳᠠᠵᠤ ᠰᠠᠭᠤᠭ᠎ᠠ ᠭᠤᠷᠪᠠᠨ ᠮᠤᠩᠭ᠋ᠤᠯ ᠡᠪᠦᠭᠡᠨ ᠲᠡᠶ ᠳᠠᠭᠠᠷᠠᠯ᠎ᠠ᠃ ᠮᠤᠩᠭ᠋ᠤᠯ ᠶᠢᠡᠷ ᠶᠢᠡᠨ ᠭᠡᠷᠡᠯᠳᠦᠵᠤ᠂ ᠮᠤᠩᠭ᠋ᠤᠯ ᠶᠢᠡᠷ ᠶᠢᠡᠨ ᠳᠠᠭᠤᠯᠠᠵᠠᠭᠠᠨ᠂ ᠮᠤᠩᠭ᠋ᠤᠯ ᠶᠢᠡᠷ ᠶᠢᠡᠨ ᠠᠭᠰᠤᠮᠨᠠᠨ ᠪᠠᠢ᠌ᠭ᠎ᠠ ᠡᠳᠡ ᠭᠤᠷᠪᠠᠨ ᠡᠨᠡ ᠨᠤᠳᠤᠭ ᠤᠨ ᠵᠢᠩᠭᠢᠨᠢ ᠡᠵᠡᠨ ᠭᠡᠳᠡᠭ᠌ ᠶᠢᠡᠨ ᠭᠦᠮᠦᠰ ᠲᠤ ᠪᠠᠷᠳᠠᠮ ᠭᠡᠯᠡᠵᠤ ᠪᠠᠢ᠌ᠨ᠎ᠠ᠃ ᠵᠦᠪ ᠳ᠋ᠠ᠂ ᠭᠦᠮᠤᠨ ᠤ ᠴᠢᠷᠠᠢ ᠬᠠᠷᠠᠨ ᠪᠦᠭᠦᠢᠵᠤ ᠠᠮᠢᠳᠤᠷᠠᠭᠰᠠᠨ ᠡᠴᠡ ᠦᠪᠡᠷ ᠤᠨ ᠬᠤᠭᠤᠯᠠᠢ ᠪᠠᠷ ᠶᠢᠡᠨ ᠳᠠᠭᠤᠯᠠᠵᠤ ᠪᠠᠢ᠌ᠭᠠᠤᠨ ᠭᠡᠳᠡᠢ᠌ᠵᠤ ᠥᠭᠦᠭ᠍ᠰᠡᠨ ᠨᠢ ᠳᠡᠭᠡᠷ᠎ᠡ ᠡ᠃ ᠦᠨᠦᠳᠤᠷ ᠮᠠᠨᠠᠢ᠌ᠭᠢᠰ ᠲᠤ ᠬᠤᠯᠢᠮᠠᠭ ᠭᠡᠯᠡ ᠪᠠᠷ ᠱᠤᠤᠭᠢᠭᠤᠯᠳᠠᠭ ᠰᠤᠶᠤᠯ ᠤᠨ ᠪᠠᠷᠳᠠᠭᠴᠢᠳ ᠣᠯᠠᠰᠢᠷᠠᠵᠤ ᠪᠣᠢ᠃ ᠡᠢ᠌ᠮᠦᠷᠭᠦᠤ ᠰᠤᠶᠤᠯ ᠤᠨ ᠣᠬᠠᠮᠰᠠᠷ ᠦᠭᠡᠶ ᠰᠤᠶᠤᠯ ᠤᠨ ᠪᠠᠷᠳᠠᠭᠴᠢᠳ ᠣᠯᠠᠰᠢᠷᠠᠭᠰᠠᠨ ᠡᠴᠡ ᠮᠠᠨ ᠤ ᠭᠡᠯᠡ ᠰᠤᠶᠤᠯ ᠤᠨ ᠪᠣᠭᠢᠷᠳᠤᠯ ᠶᠠᠪᠣᠬᠤ ᠳᠤᠳᠤᠮ ᠭᠡᠴᠡᠭᠦᠳᠡᠵᠤ᠂ ᠨᠢᠳᠤᠨ ᠳᠤ ᠦᠯᠤ ᠦᠵᠡᠭ᠍ᠳᠡᠭᠦ ᠠᠶᠤᠯ ᠤᠨ ᠬᠠᠷ᠎ᠠ ᠮᠠᠨᠠᠨ ᠪᠢᠳᠠᠨ ᠢ ᠪᠦᠷᠭᠦᠨ ᠢᠷᠠᠵᠤ ᠪᠠᠢ᠌ᠭ᠎ᠠ᠃ ᠡᠨᠡᠭᠦ ᠠᠶᠤᠯ ᠡᠴᠡ ᠵᠠᠢ᠌ᠯᠠᠬᠤ ᠶᠢᠨ ᠲᠦᠯᠦᠭᠡ᠂ ᠦᠷ᠎ᠡ ᠬᠣᠢ᠌ᠴᠢᠰ ᠲᠤ ᠪᠠᠨ ᠴᠠᠪᠠᠷ ᠰᠠᠢ᠌ᠬᠠᠨ ᠡᠭᠡ ᠭᠡᠯᠡᠨ ᠤ ᠣᠷᠴᠢᠨ ᠪᠣᠢ ᠪᠣᠯᠭᠠᠬᠤ ᠡᠭᠦᠳᠡᠨ ᠡᠴᠡ ᠮᠤᠩᠭ᠋ᠤᠯ ᠭᠦᠮᠤᠨ ᠪᠦᠭᠦᠨ ᠭᠡᠯᠡ ᠪᠠᠨ ᠠᠷᠢᠭᠤᠳᠬᠠᠬᠤ ᠭᠡᠷᠡᠭ᠍ᠳᠡᠢ ᠪᠣᠯᠵᠠᠢ᠃ ᠪᠠᠷᠠᠭᠤᠨ ᠵᠠᠮ ᠨᠢ ᠵᠡᠭᠦᠨ ᠵᠠᠮ ᠶᠢᠡᠨ ᠪᠣᠳᠤᠪᠠᠯ ᠮᠤᠳᠤᠯᠢᠭ ᠣᠷᠭᠤᠮᠠᠯ ᠠᠷᠪᠢᠨ ᠪᠦᠭᠡᠳ ᠡᠯᠡᠰᠦᠷᠭᠡᠭ᠌ ᠪᠠᠯᠴᠢᠭᠡᠷ ᠶᠡᠭᠡ ᠪᠠᠢ᠌ᠨ᠎ᠠ᠃ ᠰᠠᠭᠤᠭᠰᠠᠨ ᠳᠡᠷᠭᠡ ᠬᠠᠭᠠᠰ ᠡᠳᠦᠷ ᠵᠢᠷᠢᠯᠵᠠᠳᠠᠯ᠎ᠠ ᠳᠠᠪᠭᠢᠭᠠᠤᠨ ᠬᠦᠬᠡᠬᠤᠲᠠ ᠤᠢ᠌ᠷᠠᠳᠴᠤ ᠶᠠᠪᠣᠳᠠᠯ᠎ᠠ ᠰᠠᠭᠤᠯᠠᠭ᠎ᠠ ᠰᠠᠪᠠ ᠪᠠᠷ ᠴᠢᠳᠬᠤᠵᠤ ᠪᠠᠢ᠌ᠭ᠎ᠠ ᠮᠠᠳᠤ ᠪᠠᠰᠠ ᠨᠢᠭᠡ ᠣᠳᠠᠭᠠᠨ ᠤ ᠰᠢᠷᠦᠭᠦᠨ ᠪᠣᠷᠤᠭᠠᠨ ᠳᠠᠭᠤ ᠱᠤᠤ ᠲᠡᠶ ᠱᠠᠭᠢᠭᠠᠤᠨ ᠥᠩᠭᠡᠷᠡᠯ᠎ᠡ᠃ ᠭᠠᠷᠬᠤ ᠳᠤ ᠪᠣᠷᠤᠭ᠎ᠠ ᠪᠠᠷ ᠶᠢᠡᠨ ᠥᠳᠡᠭᠡᠳ ᠢᠷᠡᠭᠦ ᠳᠤ ᠴᠤ ᠪᠣᠷᠤᠭ᠎ᠠ ᠪᠠᠷ ᠶᠢᠡᠨ ᠣᠭᠳᠤᠭᠠᠤᠨ ᠠᠪᠳᠠᠭ ᠶᠠᠭᠠᠭᠢᠭᠰᠠᠨ ᠥᠭ᠍‍ᠭᠢᠶᠡᠮᠦᠷ ᠬᠤᠳᠠ ᠪᠣᠢ ᠭᠡᠵᠤ ᠵᠢᠷᠦᠭᠡᠨ ᠳᠤ ᠪᠠᠨ ᠰᠥᠰᠦᠭᠯᠡᠨ ᠵᠠᠯᠪᠠᠷᠢᠪᠠ᠃ ᠡᠨᠡ ᠯᠠᠪ ᠰᠤᠶᠤᠯ ᠤᠨ ᠭᠠᠩ ᠳᠠᠢ᠌ᠯᠤᠭᠳᠠᠬᠤ ᠪᠣᠷᠤᠭᠠᠨ ᠪᠠᠢ᠌ᠬ᠎ᠠ ᠳ᠋ᠠ᠃ ᠮᠤᠩᠭ᠋ᠤᠯ ᠭᠦᠮᠤᠨ ᠳᠤ ᠨᠤᠳᠤᠭ ᠪᠣᠯᠤᠨ ᠰᠤᠶᠤᠯ ᠬᠤᠶᠠᠷ ᠨᠢ ᠠᠮᠢᠨ ᠬᠤᠯᠪᠣᠭ᠎ᠠ ᠲᠡᠶ ᠪᠠᠢ᠌ᠳᠠᠭ ᠣᠴᠢᠷᠳᠠᠢ᠃ ᠰᠤᠶᠤᠯ ᠨᠢ ᠭᠠᠩᠳᠠᠬᠤ ᠦᠭᠡᠶ ᠪᠠᠢ᠌ᠭᠰᠠᠨ ᠴᠠᠭ ᠲᠤ ᠨᠤᠳᠤᠭ ᠨᠢ ᠴᠤ ᠭᠠᠩᠳᠠᠬᠤ ᠦᠭᠡᠶ ᠭᠡᠳᠡᠭ᠌ ᠢ ᠢᠳᠡᠭᠡᠵᠤ ᠶᠠᠪᠣᠭᠠᠷᠠᠢ ︕

6 ᠰᠠᠷ᠎ᠠ ᠶᠢᠨ 24 ᠊ᠤ ᠡᠳᠦᠷ᠂ ᠨᠢᠭᠡ ᠡᠳᠦᠷ ᠬᠦᠬᠡᠬᠤᠲᠠ ᠳᠡᠭᠡᠷ᠎ᠡ ᠦᠨᠵᠢᠨ ᠬᠤᠳᠠᠯᠳᠤᠭ᠎ᠠ ᠵᠡᠭᠡᠯᠢ ᠪᠠᠷ ᠨᠢ ᠡᠷᠭᠢᠪᠡ᠃ ᠦᠪᠣᠷ ᠮᠤᠩᠭ᠋ᠤᠯ ᠤᠨ ᠥᠪᠠᠷᠳᠡᠭᠡᠨ ᠵᠠᠰᠠᠬᠤ ᠣᠷᠤᠨ ᠤ ᠲᠥᠪ ᠪᠣᠯᠤᠭᠰᠠᠨ ᠬᠦᠬᠡᠬᠤᠲᠠ ᠳᠤᠮᠤ ᠪᠦᠭᠡᠳ ᠭᠦᠭ᠍ᠵᠢᠭ᠍ᠰᠡᠨ ᠨᠢ ᠰᠠᠢ᠌ᠬᠠᠨ ᠪᠠᠢ᠌ᠨ᠎ᠠ᠃ ᠠᠷᠠᠯᠵᠢᠶ᠎ᠠ ᠬᠤᠳᠠᠯᠳᠤᠭ᠎ᠠ ᠵᠢᠴᠢ ᠡᠯᠳᠡᠪ ᠤᠨ ᠥᠢᠯᠡᠴᠢᠯᠡᠭᠡ ᠴᠤ ᠪᠦᠷᠢᠨ ᠪᠠᠢ᠌ᠨ᠎ᠠ᠃ ᠪᠢ ᠭᠡᠷᠡᠭ᠌ ᠪᠣᠯᠵᠤ ᠭᠠᠯᠳᠤ ᠳᠡᠷᠭᠡᠨ ᠤ ᠦᠷᠳᠡᠭᠡᠨ ᠡᠴᠡ ᠤᠢ᠌ᠷᠠᠬᠠᠨ ᠪᠠᠢ᠌ᠭ᠎ᠠ 《ᠦᠨᠳᠦᠰᠦᠳᠠᠨ ᠤ ᠬᠤᠳᠠᠯᠳᠤᠭᠠᠨ ᠤ ᠳᠠᠯᠠᠪᠣᠷ》 ᠲᠤ ᠭᠦᠷᠪᠡ᠃ ᠭᠡᠳᠡᠯ᠎ᠡ ᠦᠨᠳᠦᠰᠦᠳᠠᠨ ᠤ ᠭᠡᠷᠡᠭ᠍ᠰᠡᠯ ᠭᠡᠵᠤ ᠪᠠᠷᠤᠭ ᠦᠭᠡᠶ ᠪᠦᠭᠡᠳ ᠮᠤᠩᠭ᠋ᠤᠯ ᠭᠦᠮᠤᠨ ᠨᠢᠭᠡ ᠴᠤ ᠬᠠᠷᠭᠤᠭᠰᠠᠨ ᠦᠭᠡᠶ ᠳᠤ ᠣᠷᠮ᠎ᠠ ᠬᠤᠭᠤᠷᠠᠨ ᠭᠡᠳᠡᠷᠭᠦ ᠪᠣᠴᠠᠯ᠎ᠠ᠃ ᠬᠦᠬᠡᠬᠤᠲᠠ ᠨᠠᠷ᠎ᠠ ᠳᠡᠭᠡᠷ᠎ᠡ ᠪᠠᠨ ᠦᠪᠣᠷ ᠮᠤᠩᠭ᠋ᠤᠯ ᠤᠨ ᠥᠪᠠᠷᠳᠡᠭᠡᠨ ᠵᠠᠰᠠᠬᠤ ᠣᠷᠤᠨ ᠤ ᠲᠥᠪ ᠭᠡᠵᠤ ᠪᠠᠢ᠌ᠪᠠᠴᠤ ᠭᠦᠮᠤᠨ ᠠᠮᠠ ᠨᠢ ᠠᠬ᠎ᠠ ᠦᠨᠳᠦᠰᠦᠳᠠᠨ ᠢ ᠬᠤᠯᠠ ᠭᠦᠷᠭᠦ ᠦᠭᠡᠶ ᠪᠣᠯᠵᠠᠢ᠃ ᠳᠡᠭᠡᠭᠡᠳ ᠬᠤᠳᠠ ᠶᠢᠨ ᠲᠥᠪ᠂ ᠭᠠᠯᠳᠤ ᠲ᠋ᠡᠷᠭᠡ ᠶᠢᠨ ᠦᠷᠳᠡᠭᠡ ᠬᠠᠮᠢᠭ᠎ᠠ ᠨᠢ ᠴᠤ ᠭᠡᠰᠡᠨ ᠦᠨᠳᠦᠰᠦᠳᠠᠨ ᠤ ᠶᠠᠭᠤᠮ᠎ᠠ ᠶᠢ ᠬᠤᠳᠠᠯᠳᠤᠵᠤ ᠪᠠᠢ᠌ᠭ᠎ᠠ ᠶᠢᠨ ᠣᠯᠠᠩᠭᠢ ᠨᠢ ᠠᠬ᠎ᠠ ᠦᠨᠳᠦᠰᠦᠳᠠᠨ ᠪᠠᠢ᠌ᠭ᠎ᠠ᠃ ᠡᠭᠦᠨ ᠡᠴᠡ ᠦᠵᠡᠭᠦ ᠳᠤ ᠮᠤᠩᠭ᠋ᠤᠯᠴᠤᠳ ᠬᠤᠳᠠᠯᠳᠤᠭ᠎ᠠ ᠠᠷᠠᠯᠵᠢᠶ᠎ᠠ ᠭᠢᠵᠤ ᠨᠢᠭᠡ ᠮᠡᠳᠡᠭᠦ ᠦᠭᠡᠶ᠂ ᠬᠤᠶᠠᠷ ᠬᠡᠦᠬᠡᠳ ᠠᠪᠴᠤ ᠪᠠᠰᠠ ᠮᠡᠳᠡᠭᠦ ᠦᠭᠡᠶ ᠪᠠᠷ ᠶᠢᠡᠨ ᠭᠦᠮᠤᠨ ᠡᠴᠡ ᠬᠤᠴᠤᠷᠴᠤ ᠪᠠᠢ᠌ᠭ᠎ᠠ ᠨᠢ ᠢᠯᠡᠭᠡᠨ ︕

6 ᠰᠠᠷ᠎ᠠ ᠶᠢᠨ 25 ᠊ᠤ ᠡᠳᠦᠷ ᠤᠨ ᠦᠳᠡ ᠳᠤ ᠨᠤᠳᠤᠭ ᠵᠥᠭ᠌ ᠶᠢᠡᠨ ᠠᠮᠠᠭᠠᠢ ᠰᠤᠯᠠᠯᠠᠯ᠎ᠠ᠃ ᠠᠵᠠ ᠳᠠᠭᠠᠷᠠᠵᠤ ᠵᠠᠶᠠᠭ᠎ᠠ ᠭᠦᠶᠤᠨ ᠳᠦᠷᠪᠠᠳᠦᠭᠡᠷ ᠣᠳᠠᠭᠠᠨ ᠤ 《ᠨᠢ᠋ᠮᠠᠨ ᠰᠢᠷᠭ᠎ᠠ》 ᠰᠤᠷᠤᠭᠴᠢᠳ ᠤᠨ ᠵᠤᠬᠢᠶᠠᠯ ᠤᠨ ᠣᠷᠤᠯᠳᠤᠭᠠᠨ ᠤ ᠱᠠᠩᠨᠠᠯ ᠣᠯᠭᠤᠬᠤ ᠶᠤᠰᠤᠯᠠᠯ ᠳᠤ ᠰᠠᠭᠠᠳᠠᠭᠠᠤᠨ ᠰᠤᠶᠤᠯ ᠤᠨ ᠪᠣᠷᠤᠭᠠᠨ ᠳᠤ ᠨᠢ ᠬᠠᠨᠤᠳᠠᠯ᠎ᠠ ᠳᠠᠪᠳᠤᠵᠤ᠂ ᠣᠶᠤᠨ ᠶᠢᠡᠨ ᠣᠮᠳᠠᠯᠠᠨ ᠰᠡᠳᠭᠢᠯ ᠣᠩᠭ᠋ᠣᠢ᠌ᠪᠠ᠃ ᠮᠤᠩᠭ᠋ᠤᠯ ᠭᠡᠯᠡ ᠰᠤᠶᠤᠯ ᠮᠢᠨᠢ ᠭᠡᠳᠥᠢᠪᠠᠷ ᠴᠠᠭ ᠨᠡᠢ᠌ᠭᠡᠮ ᠤᠨ ᠦᠷᠢᠰᠦᠯᠳᠦᠭᠡᠨ ᠳᠤ ᠳᠠᠭᠠᠷᠢᠭᠳᠠᠨ ᠰᠤᠶᠤᠯ ᠤᠨ ᠳᠦᠷᠢᠯᠳᠠ ᠳᠤ ᠣᠴᠠᠷᠠᠭ᠎ᠠ ᠪᠣᠯᠪᠠᠴᠤ ᠰᠤᠶᠤᠯ ᠤᠨ ᠭᠠᠩ ᠳᠠᠢ᠌ᠯᠬᠤ ᠪᠣᠷᠤᠭᠠᠨ ᠵᠢᠯ ᠵᠢᠯ ᠡᠴᠡ ᠶᠡᠭᠡᠰᠤᠨ ᠰᠢᠷᠦᠭᠦᠰᠭᠦ ᠶᠢᠨ ᠰᠤᠪᠢᠩ ᠢᠳᠡᠭᠡᠯ ᠳᠤ ᠴᠠᠭᠢᠯᠤᠨ ᠪᠠᠢ᠌ᠭᠰᠠᠨ ᠡ ︕


ᠵᠤᠬᠢᠶᠠᠭᠴᠢ ᠶᠢᠨ ᠬᠠ‍‌ᠶᠢᠭ ᠄ ᠬᠦᠬᠡ‍ᠨᠠᠭᠤᠷ ᠮᠤᠵᠢ ᠶᠢᠨ ᠣᠯᠠᠭᠠᠨ ᠰᠢᠶᠠᠨ ᠤ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠯ·ᠣᠳᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢ᠌ᠷᠠᠭᠤᠯᠤᠯ
ᠳᠠᠷᠤᠮ᠄ 2103
ᠴᠠᠭ᠄ 2014 ᠤᠨ ᠤ 02 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁