ᠮᠤᠩᠭ᠋ᠤᠯ ᠮᠤᠷᠢ

ᠮᠤᠷᠢ ᠪᠣᠯ

ᠳᠦᠷᠤ ᠪᠠᠨ ᠪᠣᠰᠠᠠᠠᠠᠠᠰᠠᠨ ᠳᠡᠦᠬᠡ

ᠰᠤᠳᠤᠯᠤᠭᠠᠤᠨ ᠪᠠᠷᠠᠰᠢ ᠥᠭ᠍ᠡᠢ ᠦᠪ

ᠮᠥᠩᠬᠡ ᠣᠷᠤᠰᠢᠬᠤ ᠰᠠᠳᠤᠪ

ᠠᠭᠤᠳᠠᠯᠠᠭᠠᠤᠨ ᠪᠠᠷᠠᠰᠢ ᠥᠭ᠍ᠡᠢ ᠨᠢᠭᠤᠴᠠ

ᠣᠩᠰᠢᠭᠠᠤᠨ ᠪᠠᠷᠠᠰᠢ ᠥᠭ᠍ᠡᠢ ᠡᠵᠡᠨ ᠰᠠᠩ

ᠳᠡᠭ᠍ᠷᠢ ᠨᠤᠷᠠᠭᠠᠵᠤ ᠳᠠᠯᠠᠢ ᠶᠡᠭᠦᠯᠡᠭᠦ ᠰᠦᠷ

ᠭᠦᠭᠡ ᠮᠤᠩᠭ᠋ᠤᠯ ᠤᠨ ᠳᠤᠭ

ᠭᠦᠷᠭᠦ ᠮᠠᠷᠭᠠᠰᠢ ᠶᠢᠨ ᠰᠢᠯᠦᠭ᠌

ᠮᠤᠷᠢ ᠪᠣᠯ

ᠮᠤᠩᠭ᠋ᠤᠯ ᠳᠡᠦᠭᠡ ᠶᠢᠨ ᠭᠡᠷᠡᠴᠢ

ᠭᠦᠰᠡᠯ ᠤᠨ ᠵᠢᠭᠦᠷ ᠲᠡᠶ ᠰᠤᠷ

ᠮᠤᠩᠭ᠋ᠤᠯ ᠭᠦᠮᠤᠨ ᠤ ᠭᠡᠢ᠌ᠮᠦᠷᠢ

ᠮᠠᠠᠳᠤᠵᠤ ᠭᠠᠷᠬᠤ ᠦᠷ

ᠮᠤᠷᠢ ᠪᠣᠯ

ᠮᠤᠩᠭ᠋ᠤᠯ ᠭᠦᠮᠤᠨ ᠤ ᠵᠤᠷᠢᠭ

ᠮᠥᠩᠭᠦᠨ ᠳᠠᠯ ᠲᠡᠶ ᠰᠤᠮᠤ

ᠮᠤᠯᠤᠷ ᠡᠷᠳᠡᠨᠢ ᠶᠢᠨ ᠰᠠᠯᠭᠢ


ᠮᠤᠷᠢ ᠳᠤ ᠪᠠᠨ ᠪᠢ ᠬᠠᠢ᠌ᠷᠠᠳᠠᠢ

ᠮᠤᠷᠢᠳ ᠮᠢᠨᠢ ᠦᠰᠴᠦ ᠥᠶᠡᠷᠯᠡᠭᠦ ᠶᠤᠮ

ᠮᠤᠩᠭ᠋ᠤᠯ᠂ ᠮᠤᠷᠢ ᠬᠤᠶᠠᠷ ᠪᠣᠯ

ᠡᠨᠡᠷᠢᠯ ᠬᠤᠯᠪᠣᠭ᠎ᠠ ᠲᠡᠶ ᠨᠠᠢ᠌ᠵᠠ

ᠮᠤᠷᠢ ᠪᠣᠯ

ᠳᠠᠢ᠌ᠨ ᠤ ᠳᠦᠰᠢᠭ᠍ᠳᠤ ᠬᠠᠨᠢ

ᠳᠡᠯᠡᠭᠡᠢ ᠳᠤ ᠳᠡᠯᠡᠷᠡᠭᠦ ᠨᠤᠮᠤ

ᠳᠠᠯ ᠳᠤ ᠪᠠᠨ ᠳᠠᠷᠨᠢ ᠲᠡᠶ ᠰᠦᠯᠳᠡ

ᠳᠦᠷᠤ ᠶᠢ ᠪᠠᠳᠤᠤᠠᠬᠠᠬᠤ ᠰᠢᠳᠢ

ᠳᠤᠭᠤᠷᠠᠢ ᠬᠤᠷᠴᠠ ᠵᠢᠳᠠ

ᠴᠢᠭᠢ ᠰᠤᠨᠤᠷ

ᠮᠤᠷᠢ ᠪᠣᠯ

ᠴᠠᠭ ᠤᠨ ᠭᠠᠵᠠᠷ ᠢ ᠳᠤᠪᠴᠢᠯᠠᠬᠤ

ᠴᠢᠳᠠᠯ ᠳᠤᠷᠪᠢᠯᠢᠭ ᠰᠢᠠᠳᠠᠰᠤ

ᠴᠠᠭᠢᠯᠭᠠᠨ ᠭᠦᠴᠤᠨ ᠲᠡᠶ ᠰᠤᠯᠢᠷ

ᠭᠡᠭᠡᠷ᠎ᠡ ᠶᠢᠨ ᠵᠡᠷᠭᠡᠯᠭᠡᠨ ᠲᠡᠶ ᠵᠢᠷᠤᠭ᠎ᠠ

ᠭᠦᠶ‍ᠦᠳᠡᠯ ᠬᠤᠷᠳᠤᠨ ᠭᠦᠯᠦᠭ᠌

ᠢᠳᠡᠭᠡᠯᠳᠤ ᠬᠤᠪᠢᠯᠭᠠᠨ ᠵᠢᠭᠦᠷ᠂

ᠮᠤᠷᠢ ᠪᠣᠯ

ᠮᠤᠩᠭ᠋ᠤᠯ ᠣᠷᠭᠤᠭ᠎ᠠ ᠨᠤᠲ᠋

ᠮᠤᠷᠢᠨ ᠨᠢᠷᠤᠭᠤᠨ ᠳᠡᠭᠡᠷ᠎ᠡ ᠳᠡᠯᠭᠡᠷᠡᠭᠦ

ᠮᠠᠠᠳᠤᠭ᠎ᠠ ᠭᠦᠭ᠍ᠵᠢᠭᠡᠭᠦ ᠰᠤᠶᠤᠯ

ᠬᠠᠶᠠᠭᠠᠨ ᠡᠴᠡ ᠵᠠᠢ᠌ᠳᠠᠵᠤ ᠪᠣᠯᠬᠤ ᠦᠭᠡᠶ

ᠬᠠᠷᠠᠭᠠᠨ ᠡᠴᠡ ᠬᠤᠯᠠᠳᠠᠬᠤ ᠶᠤᠰᠤ ᠥᠭᠡᠢ

ᠮᠤᠩᠭ᠋ᠤᠯ ᠨᠤᠳᠤᠭ ᠲᠤ ᠡᠰᠨᠢᠭᠦ

ᠮᠥᠩᠭᠡᠳᠡ ᠭᠢᠯᠠᠷᠠᠬᠤ ᠰᠤᠶᠤᠯ ᠁


ᠵᠤᠬᠢᠶᠠᠭᠴᠢ ᠶᠢᠨ ᠬᠠᠶ‍ᠢᠭ᠄ ᠣᠷᠳᠤᠰ ᠬᠤᠳᠠ ᠶᠢᠨ ᠡᠮᠦᠨᠡᠳᠤ ᠣᠳᠤᠭ

ᠵᠤᠬᠢᠶᠠᠭᠴᠢ᠄ ᠭᠧ᠊·ᠮᠥᠩᠭᠡ
ᠬᠠᠷᠢᠶ᠎ᠠ᠄ ᠰᠢᠯᠦᠭ
ᠳᠠᠷᠤᠮ᠄ 2358
ᠴᠠᠭ᠄ 2010 ᠤᠨ ᠤ 07 ᠰᠠᠷ᠎ᠠ ᠶᠢᠨ 31