ᠨᠢᠭᠡ ᠦᠨᠳᠦᠰᠦᠲᠡᠨ ᠲᠠᠢ ᠢᠨᠠᠭᠯᠠᠬᠤᠶ᠎ᠠ

ᠪᠢ ᠥᠨᠡ᠊ᠨᠳᠡᠭᠡᠨ ᠣᠳᠤ ᠡᠨᠡ ᠭᠠᠷᠴᠠᠭ ᠶᠢᠡᠷ ᠪᠢᠴᠢᠶ᠎ᠠ ᠭᠡᠵᠤ ᠰᠠᠨᠠᠭ᠎ᠠ ᠦᠭᠡᠶ ᠪᠠᠢ᠌ᠭᠰᠠᠨ᠃ ᠣᠴᠢᠷ ᠨᠢ ᠢᠩᠭᠢᠵᠤ ᠪᠢᠴᠢᠭᠦ ᠳᠤ ᠰᠠᠳᠤᠪ ᠶᠡᠭᠡᠳᠦᠭ᠍ᠰᠡᠨ ᠡᠴᠡ ᠪᠢ ᠰᠠᠢ᠌ᠬᠠᠨ ᠢᠯᠡᠳᠭᠡᠵᠤ ᠴᠢᠳᠠᠬᠤ ᠡᠰᠡᠭᠦ ᠪᠠᠨ ᠮᠡᠳᠡᠭᠦ ᠦᠭᠡᠶ᠃

ᠭᠡᠳᠤᠨ ᠭᠠᠷᠠᠭ ᠤᠨ ᠡᠮᠦᠨ᠎ᠡ ᠪᠢᠳᠠ ᠳᠠᠯ᠎ᠠ ᠨᠤᠳᠤᠭ ᠤᠨ ᠥᠵᠡᠰᠭᠦᠯᠡᠩ ᠭᠢᠭᠦ ᠴᠤᠭᠯᠠᠭᠠᠨ ᠪᠣᠯᠤᠭᠰᠠᠨ ᠶᠤᠮ᠃ ᠳᠠᠷᠠ ᠣᠳᠠᠭ᠎ᠠ 《ᠮᠤᠷᠢᠳᠤ ᠪᠠᠭᠠᠳᠤᠷ》 ①ᠨᠠᠮ᠎ᠠ ᠳᠤ : 《ᠣᠯᠠᠭᠠᠨ ᠥᠨᠡᠭᠡ》 ② ᠴᠢᠮ᠎ᠠ ᠶᠢ ᠨᠢᠭᠡ ᠦᠨᠳᠦᠰᠦᠳᠠᠨ ᠲᠡᠶ ᠢᠨᠠᠭᠯᠠᠵᠤ ᠪᠠᠢ᠌ᠨ᠎ᠠ ᠭᠡᠵᠤ ᠭᠡᠯᠡᠵᠤ ᠥᠭ᠍ᠪᠡ᠃ ᠪᠦᠭᠦᠳᠡᠭᠡᠷ ᠢᠨᠢᠶᠠᠯᠳᠤᠪᠠ᠃ ᠪᠢ ᠴᠤ ᠢᠨᠢᠶᠠᠪᠠ᠃ ᠪᠢ ᠣᠯᠠᠭᠠᠨ ᠥᠨᠡᠭᠡ ᠳᠤ ᠠᠷᠢᠭᠢ ᠪᠠᠷᠢᠵᠤ 《ᠨᠠᠮ᠎ᠠ ᠶᠢ ᠣᠢ᠌ᠯᠠᠭᠠᠳᠠᠭ ᠨᠢ ᠣᠯᠠᠭᠠᠨ ᠥᠨᠡᠭᠡ ᠪᠣᠯᠠᠢ》 ᠭᠡᠪᠡ᠃ ᠣᠯᠠᠭᠠᠨ ᠥᠨᠡᠭᠡ ᠮᠢᠨᠤ ᠳᠤᠳᠤᠭᠠᠳᠤ ᠰᠡᠳᠬᠢᠯᠭᠡ ᠶᠢ ᠣᠨᠤᠵᠤ ᠭᠡᠯᠡᠵᠡᠢ᠃ ᠭᠡᠳᠡᠯ᠎ᠡ ᠰᠤᠨᠤᠰᠤᠭᠰᠠᠨ ᠭᠦᠮᠦᠰ ᠲᠤ ᠪᠣᠷᠤᠭᠤ ᠣᠢ᠌ᠯᠠᠭᠠᠯᠳᠠ ᠥᠭ᠍ᠴᠤ ᠮᠠᠳᠠᠨ᠎ᠠ᠃ ᠳᠠᠷᠠ ᠦᠶᠡᠰ ᠮᠢᠨᠤ ᠵᠢᠷᠤᠭ ᠢ ᠶᠠᠭ ᠰᠦᠯᠵᠢᠶᠠᠨ ᠳᠤ ᠨᠡᠢ᠌ᠳᠡᠯᠡᠭᠡᠤᠨ ᠪᠠᠢ᠌ᠭᠰᠠᠨ ᠰᠠᠨ᠃ ᠢᠩᠭᠢᠭᠡᠤᠨ ᠪᠣᠳᠤᠪᠠᠯ ᠪᠢ ᠶᠠᠭ ᠪᠣᠢ ᠪᠦᠭᠦᠢ ᠮᠤᠩᠭ᠋ᠤᠯ ᠵᠠᠯᠠᠭᠤᠰ ᠲᠡᠶ ᠢᠨᠠᠭᠯᠠᠬᠤ ᠰᠠᠨᠠᠭᠠᠳᠠᠢ ᠰᠢᠭ᠃ ᠭᠡᠷᠪᠡ ᠢᠩᠭᠢᠵᠤ ᠣᠢ᠌ᠯᠠᠭᠠᠬᠤ ᠳᠤ ᠭᠦᠷᠪᠠᠯ ᠨᠠᠭᠠᠳᠤᠮ ᠨᠢ ᠨᠠᠮᠤᠰᠤ ᠪᠣᠯᠤᠨ᠎ᠠ᠃ ᠭᠡᠳᠡᠯ᠎ᠡ ᠪᠢ ᠥᠨᠡᠭᠡᠷ ᠨᠢᠭᠡ ᠦᠨᠳᠦᠰᠦᠳᠠᠨ ᠲᠡᠶ ᠢᠨᠠᠭᠯᠠᠵᠤ ᠪᠠᠢ᠌ᠭ᠎ᠠ ᠰᠢᠤ᠃ ᠡᠢ᠌ᠮᠤ ᠡᠴᠡ ᠪᠢ ᠡᠨᠡ ᠥᠭᠡ ᠶᠢ ᠳᠠᠭᠤ ᠦᠭᠡᠶ ᠮᠠᠳᠠᠷᠠᠯ᠎ᠠ᠃

ᠭᠢᠳᠠᠤᠨ ᠮᠤᠩᠭ᠋ᠤᠯ ᠦᠨᠳᠦᠰᠦᠳᠠᠨ ᠤ ᠬᠤᠭᠤᠷᠤᠠᠳᠤ ᠣᠯᠠᠨ ᠵᠣᠢ᠌ᠯ ᠤᠨ ᠬᠠᠷᠢᠴᠠᠭ᠎ᠠ ᠡᠭᠦᠰᠴᠤ ᠥᠩᠭᠡᠷᠡᠵᠡᠢ᠃ ᠳᠠᠢ᠌ᠰᠤᠩᠨᠠᠵᠤ᠂ ᠭᠢᠳᠤᠯᠴᠠᠵᠤ᠂ ᠳᠠᠢ᠌ᠯᠠᠨ ᠳᠠᠭᠠᠭᠤᠯᠵᠤ᠂ ᠨᠠᠢ᠌ᠷᠰᠠᠨ ᠬᠤᠯᠪᠣᠭᠠᠯᠠᠵᠤ ᠶᠠᠪᠣᠯ᠎ᠠ᠃ ᠭᠡᠳᠡᠯ᠎ᠡ ᠪᠢ ᠪᠣᠯᠤᠨ ᠮᠤᠩᠭ᠋ᠤᠯ ᠦᠨᠳᠦᠰᠦᠳᠠᠨ ᠤ ᠬᠤᠭᠤᠷᠤᠠᠳᠤᠭᠢ ᠬᠠᠷᠢᠴᠠᠭ᠎ᠠ ᠪᠣᠯ ᠳᠡᠭᠡᠷᠡᠭᠢ ᠠᠯᠢ ᠨᠢᠭᠡ ᠲᠦᠷᠦᠯ ᠤᠨ ᠬᠠᠷᠢᠴᠠᠭ᠎ᠠ ᠲᠡᠶ ᠠᠳᠠᠯᠢ ᠦᠭᠡᠶ᠃

ᠪᠢ ᠮᠤᠩᠭ᠋ᠤᠯ ᠦᠨᠳᠦᠰᠦᠳᠠᠨ ᠢ ᠪᠠᠬᠠᠷᠳᠠᠭ᠃ ᠡᠩᠭᠦᠷᠡᠢ ᠵᠢᠭᠠᠬᠠᠨ ᠨᠠᠰᠤᠨ ᠡᠴᠡ ᠡᠭᠢᠯᠡᠵᠤ᠂ ᠥᠷᠭᠡᠨ ᠠᠭᠤᠳᠠᠮ ᠨᠤᠳᠤᠭ ᠳᠠᠭᠢ ᠪᠠᠭᠠᠳᠤᠷᠯᠢᠭ ᠥᠯᠢᠭᠡᠷ ᠤᠳ ᠮᠢᠨᠤ ᠰᠠᠤᠠᠭᠢᠯ ᠢ ᠢᠳᠠᠳᠠᠢ ᠳᠤᠩᠰᠤᠯᠭᠠᠵᠤ ᠪᠠᠢ᠌ᠯ᠎ᠠ᠃ ᠪᠢ ᠮᠤᠩᠭ᠋ᠤᠯ ᠦᠨᠳᠦᠰᠦᠳᠠᠨ ᠲᠡᠶ ᠡᠭᠦᠰᠦᠭ᠍ᠰᠡᠨ ᠬᠠᠢ᠌ᠷ᠎ᠠ ᠰᠡᠳᠬᠢᠯᠭᠡ ᠪᠣᠯ ᠶᠠᠭ ᠢᠨᠠᠭᠯᠠᠵᠤ ᠪᠠᠢ᠌ᠭ᠎ᠠ ᠦᠶ᠎ᠡ ᠶᠢᠨ ᠳᠤᠭᠤᠵᠤ ᠪᠠᠬᠠᠷᠬᠠᠭᠰᠠᠨ ᠰᠡᠳᠬᠢᠯᠭᠡ ᠶᠤᠮ᠃ ᠭᠡᠳᠡᠯ᠎ᠡ ᠡᠢ᠌ᠮᠦᠷᠭᠦ ᠰᠡᠳᠬᠢᠯᠭᠡ ᠨᠢ ᠡᠮᠵᠡᠭ᠌ ᠮᠥᠷᠳᠡᠭᠡᠨ ᠮᠦᠴᠢᠳ ᠭᠡᠳᠡᠭ᠌ ᠢ ᠪᠢ ᠮᠠᠳᠠᠨ᠎ᠠ᠃

ᠮᠥᠩᠭᠡ ᠳᠡᠭ᠍ᠷᠢ ᠨᠠᠮ᠎ᠠ ᠳᠤ ᠭᠦᠷᠳᠡᠭᠡᠭ᠍ᠰᠡᠨ ᠢᠷᠦᠭᠡᠯ ᠮᠠᠭᠠᠤᠨ᠂ ᠪᠢ ᠨᠢᠭᠡ ᠮᠤᠩᠭ᠋ᠤᠯ ᠵᠠᠯᠠᠭᠤ ᠲᠡᠶ ᠣᠴᠠᠷᠠᠵᠤ ᠳᠠᠨᠢᠯᠴᠠᠪᠠ᠃ ᠡᠭᠢᠨ ᠳᠡᠭᠡᠨ ᠪᠢ ᠳᠡᠭᠦᠨ ᠢ ᠮᠤᠩᠭ᠋ᠤᠯ ᠭᠡᠵᠤ ᠮᠡᠳᠡᠭᠡ ᠦᠭᠡᠶ᠂ ᠳᠠᠷᠠ ᠣᠯᠠᠮᠵᠢᠯᠠᠯ ᠶᠠᠷᠢᠶᠠᠨ ᠳ᠋ᠠᠭᠢ ᠮᠤᠩᠭ᠋ᠤᠯ ᠭᠦᠮᠤᠨ ᠲᠡᠶ ᠠᠳᠠᠯᠢ ᠦᠭᠡᠶ᠃ ᠮᠠᠨᠤᠰ ᠤᠨ ᠬᠠᠢ᠌ᠷᠠᠯᠠᠯᠴᠠᠭᠰᠠᠨ ᠨᠢ ᠳᠠᠢ᠌ᠮᠤ ᠯᠠ ᠣᠬᠤᠷᠬᠠᠨ ᠮᠥᠷᠳᠡᠭᠡᠨ ᠳᠠᠢ᠌ᠮᠤ ᠪᠦᠳᠡᠭᠢ ᠡ᠃ ᠭᠡᠳᠡᠯ᠎ᠡ ᠵᠠᠢ᠌ᠯᠠᠵᠤ ᠲᠦᠯᠬᠢᠵᠤ ᠳᠠᠢ᠌ᠯᠤᠰᠢ ᠦᠭᠡᠶ ᠳᠠᠷᠠ ᠬᠠᠢ᠌ᠷ᠎ᠠ ᠵᠢᠷᠦᠭᠡ ᠰᠠᠤᠠᠭᠢᠯ ᠳᠤ ᠨᠠᠪᠳᠠᠷᠠᠵᠤ ᠪᠠᠢ᠌ᠯ᠎ᠠ᠃ ᠪᠢ ᠳᠡᠭᠦᠨ ᠤ ᠳᠦᠯᠦᠭᠡ 《ᠳᠤᠯᠤᠭᠠᠨ ᠵᠢᠯ ᠤᠨ ᠬᠠᠢ᠌ᠷ᠎ᠠ》 ③ᠭᠡᠳᠡᠭ᠌ ᠳᠠᠷᠠ ᠵᠤᠬᠢᠶᠠᠯ ᠢ ᠪᠢᠴᠢᠭ᠍ᠰᠡᠨ ᠶᠤᠮ᠃ ᠭᠡᠳᠡᠯ᠎ᠡ ᠪᠢ ᠰᠦᠯᠵᠢᠶᠠᠨ ᠡᠴᠡ ᠬᠠᠰᠤᠵᠤ ᠬᠠᠶᠠᠪᠠ᠃ ᠪᠢᠳᠠ ᠳᠤ ᠮᠠᠰᠢ ᠣᠯᠠᠨ ᠠᠰᠠᠭᠤᠳᠠᠯ ᠳᠤᠯᠭᠠᠷᠠᠪᠠ᠃ ᠮᠠᠨᠤᠰ ᠬᠠᠷᠢᠯᠴᠠᠨ ᠬᠠᠷᠠᠬᠤ ᠦᠶᠡᠰ ᠠᠯᠢᠪᠠ ᠶᠢ ᠳᠤᠳᠤᠷᠬᠠᠢ᠌ᠯᠠᠬᠤ ᠠᠷᠭ᠎ᠠ ᠪᠠᠢ᠌ᠭᠰᠠᠨ ᠦᠭᠡᠶ᠃ ᠪᠢᠳᠠ ᠪᠠᠶ᠎ᠠ ᠪᠠᠶ᠎ᠠ ᠳᠡᠭᠡᠨ ᠳᠠᠭᠠᠵᠤ ᠶᠡᠭᠡ ᠳᠠᠳᠠᠯᠳᠤᠵᠤ ᠠᠳᠠᠯ᠎ᠠ ᠬᠠᠷᠢᠯᠴᠠᠨ ᠶᠠᠷᠢᠯᠴᠠᠵᠤ ᠨᠠᠪᠳᠠᠷᠠᠯᠴᠠᠵᠤ ᠳᠡᠢ᠌ᠯᠭᠦ ᠦᠭᠡᠶ᠃ ᠳᠡᠭᠡᠭᠡᠤᠨ ᠳᠠᠷᠠ ᠦᠶᠡᠰ ᠮᠤᠩᠭ᠋ᠤᠯ ᠦᠨᠳᠦᠰᠦᠳᠠᠨ ᠭᠡᠳᠡᠭ᠌ ᠣᠬᠠᠭᠳᠠᠬᠤᠨ ᠨᠠᠮ᠎ᠠ ᠳᠤ ᠳᠠᠷᠠ ᠵᠠᠯᠠᠭᠤ ᠶᠢᠨ ᠳᠤᠰ ᠪᠠᠶ᠎ᠠ ᠡᠴᠡ ᠭᠦᠡᠳᠤ ᠴᠢᠬᠤᠯᠠ ᠭᠡᠵᠤ ᠪᠣᠳᠤᠭᠳᠠᠵᠤ ᠪᠠᠢ᠌ᠵᠠᠢ᠃ ᠪᠢ ᠳᠡᠭᠦᠨ ᠲᠡᠶ ᠰᠠᠢ᠌ᠳᠠᠵᠤ ᠶᠠᠪᠣᠵᠤ ᠭᠡᠷᠡᠭ᠌ ᠦᠭᠡᠶ ᠭᠡᠵᠤ ᠦᠨᠡᠨ ᠭᠤᠤᠯ ᠡᠴᠡ ᠪᠠᠨ ᠦᠪᠡᠷ ᠢ ᠪᠠᠨ ᠱᠠᠭᠠᠷᠳᠠᠵᠤ ᠪᠠᠢ᠌ᠵᠠᠢ᠃ ᠣᠴᠢᠷ ᠨᠢ ᠳᠠᠷᠠ ᠮᠠᠨᠢ ᠮᠤᠩᠭ᠋ᠤᠯ ᠭᠡᠦᠭᠡᠨ ᠲᠡᠶ ᠰᠠᠭᠤᠪᠠᠯ ᠳᠠᠭᠠᠷᠠᠨ᠎ᠠ᠂ ᠳᠡᠭᠦᠨ ᠤ ᠦᠪᠡᠷ ᠲᠡᠶ ᠨᠢ ᠠᠳᠠᠯᠢ ᠮᠤᠩᠭ᠋ᠤᠯ ᠭᠦᠮᠤᠨ ᠲᠡᠶ᠃ ᠮᠤᠩᠭ᠋ᠤᠯ ᠭᠦᠮᠤᠨ ᠳᠤ ᠭᠦᠮᠤᠨ ᠨᠢᠭᠡᠪᠦᠷᠢ ᠳᠠᠢ᠌ᠮᠤ ᠴᠢᠬᠤᠯᠠ᠂ ᠳᠠᠳᠠ ᠭᠢᠳᠠᠤᠠᠵᠢᠵᠤ ᠪᠣᠯᠬᠤ ᠦᠭᠡᠶ᠃ ᠳᠠᠷᠠ ᠦᠶᠡᠰ ᠪᠢ ᠪᠠᠰᠠ ᠮᠤᠩᠭ᠋ᠤᠯ ᠠᠮᠢᠳᠤᠷᠠᠯ ᠢ ᠭᠦᠯᠢᠶᠡᠨ ᠠᠪᠴᠤ ᠴᠢᠳᠠᠬᠤ ᠡᠰᠡᠭᠦ ᠪᠠᠨ ᠴᠤ ᠮᠡᠳᠡᠭᠦ ᠦᠭᠡᠶ ᠪᠠᠢ᠌ᠯ᠎ᠠ᠃ ᠢᠩᠭᠢᠵᠤ ᠭᠦᠴᠢᠷᠳᠡᠢ ᠵᠦᠷᠢᠴᠠᠯᠳᠠᠢ ᠥᠷᠭᠦᠯᠵᠢᠯᠡᠭ᠍ᠰᠡᠨ ᠬᠠᠢ᠌ᠷ᠎ᠠ ᠡᠴᠦᠰᠯᠡᠭᠦ ᠦᠶᠡᠰ ᠪᠢ ᠥᠨᠡᠭᠡᠷ ᠰᠠᠯᠵᠤ ᠳᠦᠪᠳᠡᠭᠦ ᠦᠭᠡᠶ ᠵᠤᠪᠠᠵᠤ᠂ ᠮᠢᠨᠤ ᠢᠯᠠᠷᠠᠯ ᠪᠦᠭᠦᠨ ᠡᠴᠡ ᠭᠡᠮ ᠶᠢᠡᠨ ᠠᠯᠳᠠᠵᠠᠢ᠃ ᠪᠢᠳᠠ ᠬᠠᠰᠢᠯᠠ ᠰᠠᠯᠤᠯ᠎ᠠ᠃ ᠢᠩᠭᠢᠭᠡᠤᠨ ᠪᠢ ᠮᠤᠩᠭ᠋ᠤᠯ ᠳᠤ ᠨᠢᠭᠡ ᠳᠤᠮᠤ ᠦᠷᠢ ᠳᠦᠯᠦᠭᠡᠰᠤ ᠳᠠᠳᠠᠪᠠ᠃ ᠨᠠᠮ᠎ᠠ ᠡᠴᠡ ᠪᠣᠯᠵᠤ ᠨᠢᠭᠡ ᠰᠢᠯᠢᠳᠡᠭ᠌ ᠮᠤᠩᠭ᠋ᠤᠯ ᠵᠠᠯᠠᠭᠤ ᠡᠭᠡ ᠨᠤᠳᠤᠭ ᠡᠴᠡ ᠪᠠᠨ ᠰᠠᠯᠪᠠ᠂ ᠳᠡᠭᠦᠨ ᠤ ᠦᠷ᠎ᠡ ᠠᠴᠢᠷ ᠨᠢ ᠭᠢᠳᠠᠤᠠᠴᠢᠯᠠᠬᠤ ᠠᠶᠤᠯ ᠳᠤ ᠳᠤᠯᠭᠠᠷᠠᠨ᠎ᠠ᠃ ᠪᠢ ᠴᠤ ᠳᠡᠭᠦᠨ ᠤ ᠬᠠᠢ᠌ᠷ᠎ᠠ ᠳᠤ ᠳᠠᠳᠠᠭᠠᠯᠠᠵᠤ ᠣᠰᠤᠯᠳᠠᠵᠤ ᠳᠡᠭᠦᠨ ᠤ ᠰᠠᠤᠠᠭᠢᠯ ᠢ ᠡᠮᠵᠡᠭᠯᠡᠭᠦᠯᠵᠡᠢ᠃

ᠳᠡᠭᠦᠨ ᠡᠴᠡ ᠰᠠᠯᠤᠭᠰᠠᠨ ᠤ ᠳᠠᠷᠠᠭ᠎ᠠ ᠪᠢ ᠮᠤᠩᠭ᠋ᠤᠯ ᠭᠦᠮᠦᠰ ᠲᠡᠶ ᠣᠯᠵᠤ ᠣᠢ᠌ᠷᠠᠤᠠᠬᠤ ᠲᠤᠬᠢᠶᠠᠯ ᠬᠤᠪᠣᠷ ᠪᠣᠯᠪᠠ᠃ ᠥᠨᠡ᠊ᠨᠳᠡᠭᠡᠨ ᠡᠨᠡ ᠨᠢ ᠨᠠᠮ᠎ᠠ ᠳᠤ ᠶᠠᠮᠠᠷ ᠴᠤ ᠶᠡᠭᠡ ᠣᠴᠢᠷ ᠪᠣᠯᠬᠤ ᠦᠭᠡᠶ ᠭᠡᠵᠤ ᠪᠣᠳᠤᠵᠤ ᠪᠠᠢ᠌ᠯ᠎ᠠ᠃ ᠣᠴᠢᠷ ᠨᠢ ᠪᠢ ᠮᠤᠩᠭ᠋ᠤᠯ ᠭᠦᠮᠤᠨ ᠪᠢᠰᠢ ᠶᠤᠮ ᠴᠢᠨᠢ᠃ ᠡᠳᠦᠷ ᠪᠦᠷᠢ ᠡᠩ ᠤᠨ ᠶᠠᠩᠵᠤ ᠪᠠᠷ ᠶᠢᠡᠨ ᠠᠮᠢᠳᠤᠷᠠᠵᠤ᠂ ᠡᠷᠭᠡᠯᠡᠵᠤ ᠳᠤᠨᠢᠷᠬᠠᠨ ᠶᠠᠷᠢᠵᠤ᠂ ᠰᠠᠤᠠᠭᠢᠯ ᠡᠴᠡ ᠭᠠᠵᠢᠭᠰᠠᠨ ᠭᠡᠯᠡᠯᠴᠡᠭᠡᠷ ᠭᠢᠵᠤ᠂ ᠵᠠᠯᠠᠭᠤ ᠭᠦᠦᠴᠦᠦᠯ ᠤᠨ ᠪᠠᠯᠡᠭ᠌ ᠰᠠᠯᠳᠠ ᠶᠢ ᠭᠦᠯᠢᠶᠡᠨ ᠠᠪᠴᠤ᠂ ᠡᠵᠢ ᠶᠢᠨ ᠶᠢᠡᠨ ᠳᠤᠭᠢᠷᠠᠭᠤᠯᠤᠭᠰᠠᠨ ᠵᠠᠯᠠᠭᠤᠴᠤᠳ ᠲᠡᠶ ᠠᠭᠤᠯᠵᠠᠵᠤ᠂ ᠶᠠᠭᠤ ᠴᠤ ᠳᠤᠳᠠᠵᠤ ᠪᠠᠢ᠌ᠭ᠎ᠠ ᠦᠭᠡᠶ ᠰᠢᠭ᠌ ᠰᠠᠨᠠᠭᠳᠠᠵᠤ ᠪᠠᠢ᠌ᠯ᠎ᠠ᠃ ᠭᠡᠳᠡᠯ᠎ᠡ ᠠᠭᠠᠵᠢᠮ ᠳᠠᠭᠠᠨ ᠮᠢᠨᠤ ᠠᠮᠢ ᠨᠠᠰᠤᠨ ᠳᠤ ᠶᠠᠭᠤ ᠨᠢᠭᠡ ᠳᠤᠳᠠᠭᠳᠠᠵᠤ᠂ ᠳᠠᠷᠠ ᠬᠤᠭᠤᠰᠤᠷᠠᠯ ᠪᠠ ᠣᠢ᠌ᠤᠠᠬᠠᠷ ᠢ ᠨᠥᠭᠦᠭᠦ ᠶᠢᠨ ᠠᠷᠭ᠎ᠠ ᠦᠭᠡᠶ ᠪᠣᠯᠤᠭᠰᠠᠨ ᠢ ᠮᠠᠳᠠᠷᠠᠵᠤ ᠡᠭᠢᠯᠡᠯ᠎ᠡ᠃ ᠨᠢᠭᠡ ᠵᠠᠯᠠᠭᠤ ᠡᠴᠡ ᠪᠣᠯᠤᠭᠰᠠᠨ ᠪᠢᠰᠢ᠂ ᠬᠠᠷᠢᠨ ᠨᠢᠭᠡ ᠵᠣᠢ᠌ᠯ ᠤᠨ ᠠᠮᠢᠳᠤᠷᠠᠯ ᠤᠨ ᠳᠦᠯᠦᠭᠡ᠂ ᠨᠢᠭᠡ ᠵᠣᠢ᠌ᠯ ᠠᠭᠤᠷ ᠠᠮᠢᠰᠬᠤᠯ ᠤᠨ ᠣᠷᠴᠢᠨ ᠳᠤᠭᠤᠷᠢᠨ ᠤ ᠳᠦᠯᠦᠭᠡ ᠪᠢ ᠭᠡᠯᠡᠵᠤ ᠭᠠᠷᠭᠠᠵᠤ ᠶᠠᠳᠠᠬᠤ ᠦᠨᠦᠴᠢᠷᠠᠯ ᠳᠤ ᠣᠷᠤᠪᠠ᠃ ᠮᠤᠩᠭ᠋ᠤᠯ ᠪᠣᠯ ᠮᠢᠨᠤ ᠠᠮᠢ ᠨᠠᠰᠤᠨ ᠤ ᠨᠢᠭᠡ ᠭᠡᠰᠡᠭ᠌ ᠭᠡᠳᠡᠭ᠌ ᠢ ᠡᠭᠢᠯᠡᠵᠤ ᠮᠠᠳᠠᠷᠠᠪᠠ᠃ ᠳᠠᠷᠠ ᠦᠶ᠎ᠡ ᠡᠴᠡ ᠡᠭᠢᠯᠡᠵᠤ 《ᠭᠦᠭᠡ ᠮᠤᠩᠭ᠋ᠤᠯ ᠨᠤᠳᠤᠭ》 ᠭᠡᠳᠡᠭ᠌ ᠳᠠᠭᠤᠤ ᠳᠤ ᠰᠤᠭᠳᠤᠭᠤᠷᠠᠯ᠎ᠠ: ᠨᠠᠮ᠎ᠠ ᠳᠤ ᠠᠵᠠ ᠵᠠᠪᠰᠢᠶᠠᠨ ᠣᠯᠭᠤᠵᠤ ᠠᠮᠢᠳᠤᠷᠠᠭᠤᠯᠬᠤ ᠨᠢ ᠭᠦᠭᠡ ᠮᠤᠩᠭ᠋ᠤᠯ ᠨᠤᠳᠤᠭ ᠯᠠ ᠪᠠᠢ᠌ᠬᠤ ᠶᠤᠰᠤᠳᠠᠢ᠂ ᠪᠢ ᠦᠪᠡᠷ ᠤᠨ ᠭᠡᠷ ᠣᠷᠤᠨ ᠶᠢᠡᠨ ᠡᠷᠢᠵᠤ ᠣᠯᠬᠤ ᠭᠡᠷᠡᠭ᠍ᠳᠡᠢ᠃

ᠪᠢ ᠣᠴᠠᠷᠠᠭᠰᠠᠨ ᠪᠣᠢ ᠪᠦᠭᠦᠢ ᠮᠤᠩᠭ᠋ᠤᠯ ᠭᠦᠮᠤᠨ ᠢ ᠠᠵᠢᠭᠯᠠᠵᠤ᠂ ᠮᠢᠨᠤ ᠣᠴᠢᠵᠤ ᠳᠡᠢ᠌ᠯᠭᠦ ᠪᠣᠢ ᠪᠦᠭᠦᠢ ᠮᠤᠩᠭ᠋ᠤᠯ ᠭᠠᠵᠠᠷ ᠲᠠᠭᠠᠨ ᠣᠴᠢᠵᠤ ᠳᠤᠭᠤᠷᠢᠬᠤ᠂ ᠪᠣᠯᠤᠮᠵᠢ ᠯᠠ ᠪᠠᠢ᠌ᠪᠠᠯ ᠮᠤᠩᠭ᠋ᠤᠯ ᠭᠦᠮᠤᠨ ᠪᠦᠭᠦᠨ ᠳᠤ ᠮᠢᠨᠤ ᠨᠥᠭᠦᠷᠰᠡᠭ᠌ ᠰᠡᠳᠬᠢᠯᠭᠡ ᠪᠠᠨ ᠢᠯᠡᠳᠭᠡᠵᠤ ᠪᠠᠢ᠌ᠯ᠎ᠠ᠃ ᠭᠡᠳᠡᠯ᠎ᠡ ᠥᠩᠭᠡᠪᠴᠢ ᠭᠦᠭᠡᠭᠡᠴᠡᠯᠳᠦᠯ ᠪᠠ ᠳᠦᠭᠦᠮ ᠳᠦᠳᠠ ᠨᠥᠭᠦᠷᠯᠡᠯ ᠵᠢᠴᠢ ᠠᠭᠤᠰᠤᠯ ᠨᠢ ᠪᠢ ᠳᠠᠳᠠᠨ ᠳᠤ ᠬᠠᠷᠢᠶᠠᠯᠠᠭᠳᠠᠬᠤ ᠦᠭᠡᠶ ᠭᠡᠳᠡᠭ᠌ ᠢ ᠶᠠᠷᠢᠨ᠎ᠠ᠃ ᠣᠳᠠᠯ ᠦᠭᠡᠶ ᠪᠢ ᠭᠠᠳᠠᠭᠤᠷᠴᠢᠯᠠᠭᠳᠠᠯ᠎ᠠ᠃ ᠦᠨᠡᠨ ᠢ ᠭᠡᠯᠡᠪᠡᠯ ᠳᠠᠷᠠ ᠦᠶᠡᠰ ᠤᠨ ᠭᠠᠳᠠᠭᠤᠷᠴᠢᠯᠠᠭᠰᠠᠨ ᠨᠢ ᠣᠳᠤ ᠶᠢᠨ 《ᠨᠤᠳᠤᠭ》 ④ᠰᠦᠯᠵᠢᠶᠠᠨ ᠳᠤ ᠭᠠᠳᠠᠭᠤᠷᠴᠢᠯᠠᠭᠰᠠᠨ ᠡᠴᠡ ᠪᠦᠷ ᠰᠢᠷᠦᠭᠦᠨ ᠪᠠᠢ᠌ᠭᠰᠠᠨ᠃ ᠳᠠᠳᠠ ᠮᠦᠨ ᠯᠠ ᠨᠥᠭᠦᠷᠰᠡᠭ᠌ ᠶᠢᠡᠷ ᠨᠠᠮ᠎ᠠ ᠶᠢ ᠬᠠᠷᠠᠵᠤ ᠡᠶᠡᠯᠳᠡᠭ᠌ ᠶᠢᠡᠷ ᠢᠨᠢᠶᠡᠮᠰᠦᠭᠯᠡᠵᠤ ᠪᠠᠢ᠌ᠭᠰᠠᠨ ᠴᠤ ᠨᠠᠮ᠎ᠠ ᠲᠡᠶ ᠦᠨᠡᠨ ᠭᠤᠤᠯ ᠡᠴᠡ ᠪᠠᠨ ᠶᠠᠷᠢᠯᠴᠠᠳᠠᠭ ᠦᠭᠡᠶ᠂ ᠮᠢᠨᠤ ᠠᠰᠠᠭᠤᠯᠳᠠ ᠳᠤ ᠬᠠᠷᠢᠭᠤᠯᠳᠠᠭ ᠴᠤ ᠦᠭᠡᠶ᠃ ᠪᠢ ᠵᠤᠪᠠᠵᠤ ᠰᠢᠨᠠᠯᠵᠤ ᠪᠠᠢ᠌ᠯ᠎ᠠ᠃ ᠳᠤᠷᠠᠯᠠᠯ ᠡᠴᠡ ᠪᠣᠯᠤᠭᠰᠠᠨ ᠵᠤᠪᠠᠯᠠᠩ ᠨᠢ ᠣᠳᠤ ᠰᠠ‍‌ᠶᠢ ᠰᠢᠷᠦᠭᠦᠰᠴᠤ ᠢᠷᠠᠯ᠎ᠠ᠃ ᠳᠠᠷᠠ ᠦᠶᠡᠰ ᠪᠢ ᠳᠠᠯ᠎ᠠ ᠨᠤᠳᠤᠭ ᠲᠤ ᠣᠴᠢᠭᠰᠠᠨ ᠳᠡᠮᠳᠡᠭᠯᠡᠯ ᠳᠡᠭᠡᠨ ᠳᠤᠤᠷᠠᠭᠢ ᠥᠭᠡᠰ ᠢ ᠪᠢᠴᠢᠯ᠎ᠠ : 《ᠪᠢ ᠡᠨᠡ ᠨᠤᠳᠤᠭ ᠲᠤ ᠳᠠᠳᠠᠭᠳᠠᠵᠤ ᠪᠠᠢ᠌ᠯ᠎ᠠ᠂ ᠭᠡᠳᠡᠯ᠎ᠡ ᠡᠨᠡ ᠨᠤᠳᠤᠭ ᠨᠠᠮ᠎ᠠ ᠶᠢ ᠭᠡᠷᠡᠭ᠍ᠰᠡᠭᠦ ᠦᠭᠡᠶ》᠃ ᠪᠣᠯᠵᠤᠭ᠎ᠠ ᠲᠡᠶ ᠭᠡᠮᠡᠷ᠂ ᠰᠢᠳᠢᠳᠤ ᠭᠦᠷᠦᠭᠡᠰᠤ ᠶᠢᠨ ᠦᠬᠢᠨ ᠯᠢᠤ ᠪᠠ ᠭᠡᠳᠡᠭ᠌ ᠳᠠᠷᠠ ᠧᠩᠭᠢ ᠭᠦᠮᠤᠨ ᠳᠡᠭᠦᠨ ᠤ ᠪᠢᠴᠢᠯᠭᠡ ᠶᠢᠨ ᠵᠣᠢ᠌ᠯ ᠳᠡᠭᠡᠨ ᠶᠠᠭ ᠠᠳᠠᠯᠢᠬᠠᠨ ᠥᠭᠡ ᠶᠢ ᠪᠢᠴᠢᠭ᠍ᠰᠡᠨ ᠰᠠᠨ᠃ ᠵᠠ᠂ ᠢᠩᠭᠢᠭᠡᠤᠨ ᠡᠨᠡ ᠥᠭᠡᠨ ᠤ ᠳᠤᠰᠬᠠᠢ ᠡᠷᠭᠡ ᠪᠠᠨ ᠪᠢ ᠠᠯᠳᠠᠯ᠎ᠠ᠃ ᠭᠡᠳᠡᠯ᠎ᠡ ᠨᠠᠮ᠎ᠠ ᠲᠡᠶ ᠠᠳᠠᠯᠢᠬᠠᠨ ᠰᠡᠳᠭᠢᠭ᠍ᠳᠡᠯ ᠲᠡᠶ ᠳᠤ ᠣᠯᠠᠭᠤᠷᠬᠠᠯ᠎ᠠ᠃

ᠳᠡᠭᠡᠷ᠎ᠡ ᠣᠳᠠᠭᠠᠨ ᠤ ᠢᠨᠠᠭᠯᠠᠯ ᠤᠨ ᠳᠤᠬᠠᠢ ᠪᠢ ᠢᠯᠠᠭᠳᠠᠯ ᠶᠢᠡᠨ ᠮᠠᠳᠠᠷᠠᠯ᠎ᠠ᠃ ᠣᠭ ᠨᠢ ᠪᠢ ᠶᠡᠭᠡ ᠰᠤᠬᠤᠷ ᠪᠠᠯᠠᠢ ᠵᠤᠷᠢᠮᠠᠭ ᠪᠠᠢ᠌ᠵᠤ᠂ ᠳᠠᠷᠠ ᠨᠠᠮ᠎ᠠ ᠶᠢ ᠬᠠᠢ᠌ᠷᠠᠯᠠᠳᠠᠭ᠂ ᠭᠡᠳᠡᠯ᠎ᠡ ᠡᠯ᠎ᠡ ᠵᠣᠢ᠌ᠯ ᠤᠨ ᠰᠢᠯᠳᠠᠭᠠᠨ ᠡᠴᠡ ᠪᠣᠯᠵᠤ ᠭᠡᠷ ᠪᠦᠯᠢ ᠪᠣᠯᠵᠤ ᠴᠢᠳᠠᠭ᠎ᠠ ᠦᠭᠡᠶ ᠭᠡᠵᠤ ᠪᠣᠳᠤᠵᠤ ᠪᠠᠢ᠌ᠯ᠎ᠠ᠃ ᠣᠳᠤ ᠪᠣᠯ ᠳᠠᠷᠠ ᠨᠠᠮ᠎ᠠ ᠶᠢ ᠭᠦᠯᠢᠶᠡᠵᠤ ᠠᠪᠣᠭ᠎ᠠ ᠦᠭᠡᠶ ᠭᠡᠳᠡᠭ᠌ ᠢ ᠮᠠᠳᠠᠵᠠᠢ᠃ ᠳᠠᠷᠠ ᠡᠭᠢᠨ ᠤ ᠦᠶ᠎ᠡ ᠳᠡᠭᠡᠨ ᠨᠠᠮ᠎ᠠ ᠳᠤ ᠰᠠᠤᠠᠭᠢᠯ ᠳᠠᠳᠠᠭᠳᠠᠵᠤ ᠪᠠᠢ᠌ᠭᠰᠠᠨ ᠮᠠᠭᠠᠤᠨ᠂ ᠭᠡᠳᠡᠯ᠎ᠡ ᠡᠴᠦᠰ ᠲᠡᠭᠡᠨ ᠬᠠᠰᠢᠯᠠ ᠨᠠᠮ᠎ᠠ ᠶᠢ ᠬᠠᠶᠠᠪᠠ᠃ ᠡᠨᠡ ᠪᠣᠯ ᠪᠣᠯᠭᠤᠭᠠᠵᠤ ᠳᠤᠩᠭ᠋ᠠᠭᠰᠠᠨ ᠤ ᠰᠢ᠌ᠤᠠᠪᠣᠷᠢ ᠰᠠᠨ᠃

ᠮᠤᠩᠭ᠋ᠤᠯᠴᠤᠳ ᠤᠨ ᠰᠠᠤᠠᠭᠢᠯ ᠳᠤ ᠭᠦᠷᠭᠦ ᠪᠠᠨ ᠮᠤᠩᠭ᠋ᠤᠯ ᠭᠦᠮᠦᠰ ᠲᠡᠶ ᠨᠥᠭᠦᠷᠯᠡᠯ ᠶᠢᠡᠨ ᠪᠠᠳᠤᠯᠠᠬᠤ ᠶᠠᠪᠣᠴᠠ ᠳᠤ ᠨᠢᠭᠡ ᠳᠤᠮᠤ ᠳᠡᠭ᠍ᠳᠡᠷ ᠪᠠᠢ᠌ᠬᠤ ᠶᠢ ᠪᠢ ᠰᠠᠷᠠᠵᠤ ᠮᠠᠳᠠᠯ᠎ᠠ᠃ ᠳᠠᠷᠠ ᠳᠡᠭ᠍ᠳᠡᠷ ᠤᠨ ᠦᠨᠳᠦᠷ ᠲᠤ ᠭᠢᠷᠢ ᠪᠠᠷᠤᠭ ᠤᠨ ᠭᠦᠮᠤᠨ ᠭᠠᠷᠴᠤ ᠴᠢᠳᠠᠬᠤ ᠦᠭᠡᠶ᠃ ᠳᠠᠷᠠ ᠨᠢ ᠮᠢᠨᠤ ᠳᠤᠷᠠᠯᠠᠯ ᠤᠨ ᠢᠯᠠᠭᠳᠠᠭᠰᠠᠨ ᠤ ᠵᠢᠩᠭᠢᠨᠢ ᠰᠢᠯᠳᠠᠭᠠᠨ ᠮᠦᠨ᠃

ᠪᠢ 《ᠨᠤᠳᠤᠭ》 ᠲᠤ ᠢᠷᠡᠭᠦ ᠦᠶᠡᠰ ᠨᠢᠭᠡ᠊ᠨᠳᠡ ᠮᠠᠰᠢ ᠣᠯᠠᠨ ᠣᠴᠢᠷ ᠢ ᠣᠢ᠌ᠯᠠᠭᠠᠳᠠᠭ ᠪᠣᠯᠵᠠᠢ᠃ ᠡᠷᠳᠡ ᠳᠡᠭᠡᠷ᠎ᠡ ᠦᠶ᠎ᠡ ᠡᠴᠡ ᠣᠢ᠌ᠷ᠎ᠠ ᠵᠠᠭᠤᠷ᠎ᠠ ᠭᠦᠷᠳᠡᠯᠡᠭᠢ ᠮᠠᠰᠢ ᠣᠯᠠᠨ ᠣᠴᠢᠷ ᠢ ᠮᠠᠳᠠᠵᠠᠢ᠃ ᠴᠢᠩᠭᠢᠰ ᠬᠠᠭᠠᠨ ᠳᠤ ᠨᠢᠭᠡ ᠭᠦᠩᠵᠤ ᠬᠠᠳᠤᠨ ᠪᠠᠢ᠌ᠭᠰᠠᠨ ᠭᠡᠨ᠎ᠡ᠃ ᠴᠢᠩᠭᠢᠰ ᠬᠠᠭᠠᠨ ᠠᠩᠬ᠎ᠠ ᠳᠡᠭᠦᠨ ᠢ ᠪᠠᠭᠤᠯᠭᠠᠵᠤ ᠠᠪᠬᠤ ᠦᠶᠡᠰ ᠮᠤᠩᠭ᠋ᠤᠯᠴᠤᠳ ᠶᠡᠭᠡ ᠪᠠᠶᠠᠷᠯᠠᠵᠤ ᠪᠠᠢ᠌ᠭᠰᠠᠨ ᠭᠡᠨ᠎ᠡ᠃ ᠭᠡᠳᠡᠯ᠎ᠡ ᠬᠤᠵᠢᠮ ᠨᠢ ᠳᠠᠷᠠ ᠬᠠᠳᠤᠨ ᠤ ᠳᠠᠯ᠎ᠠ ᠨᠤᠳᠤᠭ ᠳᠠᠭᠢ ᠠᠮᠢᠳᠤᠷᠠᠯ ᠨᠢ ᠳᠠᠢ᠌ᠮᠤ ᠰᠠᠨᠠᠭᠠᠨ ᠳᠤ ᠭᠦᠷᠦᠭᠡ ᠦᠭᠡᠶ ᠭᠡᠨ᠎ᠡ᠃ ᠨᠢᠳᠤᠨᠤᠨ ᠤ ᠳᠠᠭᠤᠴᠢᠳ ᠤᠨ ᠣᠷᠤᠯᠳᠤᠭᠠᠨ ᠳᠤ ᠦᠪᠣᠷ ᠮᠤᠩᠭ᠋ᠤᠯ ᠤᠨ ᠳᠸᠯᠸᠢᠰ ᠬᠤᠷᠢᠶ᠎ᠠ ᠡᠴᠡ ᠰᠤᠩᠭ᠋ᠤᠵᠤ ᠳᠡᠪᠰᠢᠭᠦᠯᠦᠭ᠍ᠰᠡᠨ ᠨᠢᠭᠡ ᠭᠢᠳᠠᠤᠨ ᠳᠠᠭᠤᠴᠢᠨ ᠤ ᠳᠠᠭᠤᠯᠠᠭᠰᠠᠨ 《ᠵᠤᠤ ᠵᠢᠶᠦ᠋ᠨ ᠪᠣᠭᠤᠮᠳᠠ ᠡᠴᠡ ᠭᠠᠷᠤᠭᠰᠠᠨ》 ᠭᠡᠳᠡᠭ᠌ ᠳᠠᠭᠤᠤ᠃ ᠭᠢᠨᠠᠭᠴᠢ ᠰᠠᠨ ᠪᠣᠤ ᠵᠤᠪᠭᠢ ᠳᠤ ᠪᠠᠨ ᠡᠷᠭᠦᠭ᠍ᠰᠡᠨ ᠦᠭᠡᠶ᠃ ᠥᠩᠭᠡᠷᠡᠭ᠍ᠰᠡᠨ ᠳᠤ ᠪᠣᠯᠤᠭᠰᠠᠨ ᠪᠣᠯ ᠪᠢ ᠰᠠᠨ ᠪᠣᠤ ᠦᠪᠡᠷ ᠶᠢᠡᠨ ᠴᠤ 《ᠪᠦᠯᠭᠦᠮᠳᠡᠯᠳᠤ ᠦᠨᠳᠤᠰᠳᠠᠨ》 ᠪᠢᠰᠢᠤ︖ ᠰᠤᠨᠢᠷᠬᠠᠬᠤ ᠪᠠᠢ᠌ᠭᠰᠠᠨ᠃ ᠣᠳᠤ ᠪᠣᠯ ᠳᠡᠭᠦᠨ ᠤ ᠣᠢ᠌ᠰᠢᠶᠠᠮᠵᠢ ᠦᠭᠡᠶ ᠣᠪᠣᠷ ᠢ ᠣᠢ᠌ᠯᠠᠭᠠᠬᠤ ᠪᠣᠯᠤᠭᠰᠠᠨ᠃ alanta ⑤ ᠨᠢᠭᠡ ᠣᠳᠠᠭ᠎ᠠ ᠪᠢᠴᠢᠭᠡᠰᠤ ᠪᠢᠴᠢᠵᠤ ᠶᠠᠷᠢᠭᠰᠠᠨ ᠨᠢ᠄ 《ᠮᠢᠨᠤ ᠰᠢᠭ᠌ ᠭᠢᠳᠠᠤᠨ ᠭᠦᠮᠤᠨ ᠤ ᠴᠤᠭᠯᠠᠷᠠᠯ ᠳᠤᠮᠳᠠ ᠥᠰᠦᠭ᠍ᠰᠡᠨ ᠮᠤᠩᠭ᠋ᠤᠯ ᠭᠦᠮᠤᠨ ᠳᠠᠨ ᠤ ᠭᠢᠳᠠᠤᠨ ᠭᠦᠮᠤᠨ ᠨᠠᠮ᠎ᠠ ᠶᠢ ᠶᠠᠭᠠᠭᠢᠵᠤ ᠥᠵᠡᠳᠡᠭ᠌ ᠢ ᠮᠠᠳᠠᠨ᠎ᠠ》 ᠭᠡᠰᠡᠨ ᠳᠤ 《ᠡᠷ᠎ᠡ ᠮᠤᠤᠷ》 ᠪᠢᠰᠢᠷᠡᠭᠦ ᠦᠭᠡᠶ᠂ ᠪᠠᠰᠠ ᠨᠠᠮ᠎ᠠ ᠲᠡᠶ ᠭᠡᠷᠡᠭᠦᠯ ᠭᠢᠭ᠍ᠰᠡᠨ ᠰᠠᠨ᠃ ᠭᠡᠪᠠᠴᠤ ᠪᠢ ᠪᠣᠯ alanta ᠶᠢᠨ ᠥᠭᠡ ᠶᠢ ᠢᠳᠡᠭᠡᠨ᠎ᠡ᠃ ᠣᠴᠢᠷ ᠢ ᠨᠢ ᠪᠢ ᠪᠠᠰᠠ ᠮᠠᠳᠠᠨ᠎ᠠ᠃

ᠪᠢ ᠦᠪᠡᠷ ᠶᠢᠡᠨ ᠪᠣᠯ ᠰᠤᠶᠤᠯ ᠳᠤ ᠣᠷᠮ᠎ᠠ ᠭᠦᠷᠳᠡᠭ᠌᠃ ᠮᠠᠰᠢ ᠣᠯᠠᠨ ᠴᠥᠭᠡᠨ ᠳᠤᠭᠠᠳᠤ ᠦᠨᠳᠦᠰᠦᠳᠠᠨ ᠲᠡᠶ ᠨᠠᠢ᠌ᠵᠠᠯᠠᠵᠤ ᠶᠠᠪᠣᠯ᠎ᠠ᠃ ᠮᠤᠩᠭ᠋ᠤᠯ ᠳᠤ ᠬᠠᠠᠳᠤᠬᠤ ᠮᠢᠨᠤ ᠣᠪᠣᠷ ᠠᠳᠠᠯᠢ ᠦᠭᠡᠶ᠃ ᠪᠢ ᠮᠤᠩᠭ᠋ᠤᠯ ᠭᠦᠮᠦᠰ ᠲᠡᠶ ᠨᠠᠢ᠌ᠵᠠᠯᠠᠵᠤ ᠨᠠᠢ᠌ᠷᠰᠠᠭ ᠵᠤᠭᠢᠴᠠᠩᠭ᠋ᠤᠢ ᠪᠠᠷ ᠣᠷᠤᠰᠢᠬᠤ ᠯᠠ ᠠᠰᠠᠭᠤᠳᠠᠯ ᠪᠢᠰᠢ᠂ ᠬᠠᠷᠢᠨ ᠪᠢ ᠮᠤᠩᠭ᠋ᠤᠯ ᠰᠤᠶᠤᠯ ᠳᠤ ᠬᠠᠢ᠌ᠷᠠᠳᠠᠢ᠂ ᠪᠢ ᠦᠪᠡᠷ ᠢ ᠪᠠᠨ ᠮᠤᠩᠭ᠋ᠤᠯ ᠰᠤᠶᠤᠯ ᠳᠤ ᠭᠦᠯᠢᠶᠡᠨ ᠠᠪᠣᠭᠤᠯᠬᠤ ᠭᠦᠰᠡᠯ ᠲᠡᠶ᠃ ᠨᠢᠭᠡ ᠭᠦᠮᠤᠨ ᠨᠢᠭᠡ ᠭᠦᠮᠤᠨ ᠶᠢᠡᠨ ᠬᠠᠢ᠌ᠷᠠᠯᠠᠪᠠᠯ᠂ ᠳᠡᠭᠦᠨ ᠢ ᠣᠢ᠌ᠯᠠᠭᠠᠬᠤ ᠭᠡᠵᠤ ᠴᠢᠷᠮᠠᠢ᠌ᠨ᠎ᠠ᠂ ᠳᠡᠭᠦᠨ ᠤ ᠵᠤᠪᠠᠭᠤᠷᠢ ᠵᠥᠳᠡᠭᠦᠷᠢ ᠪᠠ ᠪᠠᠶᠠᠷ ᠭᠦᠷ ᠢ ᠴᠤ ᠭᠦᠯᠢᠶᠡᠨ ᠠᠪᠴᠤ᠂ ᠳᠡᠭᠦᠨ ᠤ ᠵᠤᠭᠰᠤᠯᠳᠠ ᠡᠴᠡ ᠠᠰᠠᠭᠤᠳᠠᠯ ᠢ ᠰᠠᠤᠠᠭᠢᠨ᠂ ᠳᠡᠭᠦᠨ ᠤ ᠠᠮᠵᠢᠯᠳᠠ ᠪᠦᠳᠦᠭᠡᠯ ᠳᠤ ᠭᠦᠭ᠍ᠰᠡᠨ᠂ ᠳᠡᠭᠦᠨ ᠤ ᠢᠷᠠᠭᠤ ᠠᠯᠳᠠᠷ ᠤᠨ ᠳᠦᠯᠦᠭᠡ ᠣᠮᠤᠭᠰᠢᠨ᠎ᠠ᠃ ᠮᠦᠨ ᠪᠠᠰᠠ ᠳᠡᠭᠦᠨ ᠤ ᠡᠮᠵᠡᠭᠯᠡᠯ ᠰᠢᠷᠬᠠᠯᠠᠯ ᠢ ᠪᠦᠭᠡᠴᠡᠢ᠌ᠯᠡᠵᠤ᠂ ᠪᠠᠭᠤᠷᠠᠢ ᠳᠠᠳᠠᠭᠤ ᠵᠣᠢ᠌ᠯ ᠢ ᠨᠢ ᠪᠠᠭᠳᠠᠭᠠᠨ ᠶᠠᠪᠣᠬᠤ ᠭᠡᠷᠡᠭ᠍ᠳᠡᠢ᠃ ᠭᠡᠷᠪᠡ ᠨᠢᠭᠡ ᠭᠦᠮᠤᠨ ᠤ ᠬᠠᠢ᠌ᠷ᠎ᠠ ᠶᠢ ᠣᠯᠵᠤ ᠭᠦᠷᠳᠡᠭᠦ ᠦᠶ᠎ᠡ ᠳᠤ ᠳᠡᠭᠦᠨ ᠳᠤ ᠣᠢ᠌ᠯᠠᠭᠠᠭᠳᠠᠵᠤ᠂ ᠢᠳᠡᠭᠡᠭ᠍ᠳᠡᠵᠤ᠂ ᠴᠢᠨᠠᠭᠰᠢᠯᠠᠨ ᠳᠡᠭᠦᠨ ᠤ ᠪᠦᠭᠡᠴᠡᠢ᠌ᠯᠡᠯ ᠢ ᠣᠯᠵᠤ᠂ ᠡᠴᠦᠰ ᠲᠡᠭᠡᠨ ᠳᠡᠭᠦᠨ ᠤ ᠠᠮᠢᠳᠤᠷᠠᠯ ᠤᠨ ᠨᠢᠭᠡ ᠭᠡᠰᠡᠭ᠌ ᠪᠣᠯᠤᠨ᠎ᠠ᠃ ᠪᠢ ᠡᠢ᠌ᠮᠤ ᠭᠡᠯᠪᠠᠷᠢ ᠪᠠᠷ ᠮᠤᠩᠭ᠋ᠤᠯ ᠦᠨᠳᠦᠰᠦᠳᠠᠨ ᠳᠤ ᠬᠠᠠᠳᠤᠵᠤ ᠪᠠᠢ᠌ᠨ᠎ᠠ᠃ ᠡᠢ᠌ᠮᠤ ᠡᠴᠡ ᠪᠢ ᠦᠪᠡᠷ ᠢ ᠪᠠᠨ ᠨᠢᠭᠡ ᠦᠨᠳᠦᠰᠦᠳᠠᠨ ᠲᠡᠶ ᠢᠨᠠᠭᠯᠠᠵᠤ ᠪᠠᠢ᠌ᠨ᠎ᠠ ᠭᠡᠵᠤ ᠭᠡᠯᠡᠵᠤ ᠪᠠᠢ᠌ᠨ᠎ᠠ᠃ ᠮᠢᠨᠤ ᠦᠪᠡᠷ ᠢ ᠪᠠᠨ ᠢᠨᠠᠭᠯᠠᠵᠤ ᠪᠠᠢ᠌ᠨ᠎ᠠ ᠭᠡᠵᠤ ᠪᠠᠢ᠌ᠭ᠎ᠠ ᠨᠢ᠂ ᠮᠤᠩᠭ᠋ᠤᠯᠴᠤᠳ ᠨᠠᠮ᠎ᠠ ᠶᠢ ᠭᠦᠯᠢᠶᠡᠨ ᠠᠪᠣᠭ᠎ᠠ ᠦᠭᠡᠶ ᠪᠠᠢ᠌ᠭᠰᠠᠭᠠᠷ᠂ ᠡᠨᠡ ᠶᠠᠪᠣᠴᠠ ᠨᠢ ᠮᠠᠰᠢ ᠣᠷᠳᠤ ᠣᠳᠠᠭᠠᠨ ᠪᠠᠢ᠌ᠵᠤ ᠮᠠᠳᠠᠨ᠎ᠠ᠂ ᠦᠷᠦᠯᠳᠠ ᠮᠥᠷᠭᠦᠯᠳᠦᠭᠡᠨ ᠭᠠᠷᠴᠤ ᠴᠤ ᠮᠠᠳᠠᠨ᠎ᠠ᠂ ᠪᠠᠰᠠ ᠡᠭᠦᠨ ᠤ ᠪᠠᠨ ᠳᠦᠯᠦᠭᠡ ᠪᠢ ᠮᠠᠰᠢ ᠵᠤᠪᠠᠵᠤ ᠮᠠᠳᠠᠨ᠎ᠠ᠂ ᠴᠢᠨᠠᠭᠰᠢᠯᠠᠨ ᠰᠢᠷᠬᠠᠭᠯᠠᠵᠤ ᠴᠤ ᠮᠠᠳᠠᠨ᠎ᠠ᠃ ᠳᠡᠭᠡᠭᠡᠤᠨ ᠢᠷᠡᠭᠡᠳᠦᠢ ᠳᠤ ᠶᠠᠮᠠᠷ ᠪᠣᠯᠬᠤ ᠶᠢ ᠴᠤ ᠮᠡᠳᠡᠭᠦ ᠦᠭᠡᠶ᠃ ᠵᠤᠪᠠᠭᠰᠠᠨ ᠦᠭᠡᠶ ᠢᠨᠠᠭ ᠬᠠᠢ᠌ᠷ᠎ᠠ ᠨᠢ ᠵᠢᠩᠭᠢᠨᠢ ᠳᠤᠷᠠᠯᠠᠯ ᠪᠢᠰᠢ᠂ ᠭᠡᠳᠡᠯ᠎ᠡ ᠪᠢ ᠬᠠᠢ᠌ᠷᠠᠯᠠᠨ᠎ᠠ᠂ ᠡᠨᠡ ᠨᠢ ᠬᠤᠪᠢᠷᠠᠰᠢ ᠦᠭᠡᠶ ᠶᠤᠮ᠃ ᠳᠡᠭᠡᠭᠡᠤᠨ ᠬᠠᠢ᠌ᠷᠠᠯᠠᠴᠢᠬᠠᠭᠰᠠᠨ ᠬᠤᠪᠢ ᠳᠤ ᠪᠢᠳᠠ ᠪᠣᠯ 《ᠦᠶ᠎ᠡ ᠶᠢᠨ ᠦᠶ᠎ᠡ ᠶᠢᠨ ᠨᠠᠢ᠌ᠵᠠ》 ᠶᠤᠮ ᠦᠦ 《ᠦᠶ᠎ᠡ ᠶᠢᠨ ᠦᠶ᠎ᠡ ᠶᠢᠨ ᠦᠰᠳᠠᠨ》 ᠶᠤᠮ ᠦᠦ ᠭᠡᠳᠡᠭ᠌ ᠢ ᠬᠠᠮᠢᠶᠠᠷᠬᠤ ᠦᠭᠡᠶ ᠡ᠃ ᠪᠢ ᠮᠤᠩᠭ᠋ᠤᠯ ᠢ ᠥᠭᠡᠷᠡᠴᠢᠯᠡᠭᠦ ᠦᠭᠡᠶ᠂ ᠪᠢ ᠦᠪᠡᠷ ᠢ ᠪᠠᠨ ᠴᠤ ᠬᠠᠳᠠᠭᠠᠯᠠᠨ ᠬᠤᠴᠤᠷᠭᠠᠨ᠎ᠠ᠂ ᠪᠢ ᠭᠡᠵᠢᠶ᠎ᠡ ᠴᠤ ᠪᠠᠶ᠎ᠠ ᠪᠠᠨ ᠳᠠᠭᠠᠭᠠᠵᠤ ᠦᠪᠡᠷ ᠶᠢᠡᠨ ᠦᠪᠡᠷ ᠤᠨ ᠭᠢ ᠪᠠᠢ᠌ᠬᠤ ᠶᠤᠰᠤᠳᠠᠢ᠃

ᠬᠠᠢ᠌ᠷ᠎ᠠ ᠶᠢᠨ ᠭᠡᠯᠪᠠᠷᠢ ᠪᠠᠷ ᠨᠢᠭᠡ ᠦᠨᠳᠦᠰᠦᠳᠠᠨ ᠲᠡᠶ ᠣᠢ᠌ᠷᠠᠳᠤᠨ᠎ᠠ᠃ ᠡᠨᠡ ᠪᠣᠯ ᠮᠢᠨᠤ ᠦᠪ ᠦᠨᠡᠨ ᠰᠠᠤᠠᠭᠢᠯ ᠤᠨ ᠦᠴᠢᠯ ᠪᠠᠢ᠌ᠭ᠎ᠠ᠃ ᠬᠠᠢ᠌ᠷ᠎ᠠ ᠭᠡᠭ᠍ᠴᠢ ᠠᠭᠤᠵᠢᠮ ᠪᠠᠭᠳᠠᠭᠠᠮᠵᠢᠳᠠᠢ᠂ ᠭᠦᠨ ᠭᠦᠡᠵᠡᠭᠡᠢ᠂ ᠪᠠᠳᠤ ᠪᠠᠭᠢ ᠶᠤᠮ᠃ ᠳᠠᠷᠠ ᠪᠣᠯ ᠬᠠᠯᠠᠭᠤᠷᠠᠯ ᠪᠢᠰᠢ᠂ ᠬᠠᠯᠠᠭᠤᠷᠠᠯ ᠨᠢ ᠵᠥᠪᠭᠡᠨ ᠳᠦᠭᠡᠷᠢᠭ᠍ᠳᠡᠯ ᠪᠣᠯᠤᠨ᠎ᠠ᠃

ᠳᠠ ᠳᠡᠭᠡᠭᠡᠤᠨ ᠡᠴᠦᠰ ᠲᠡᠭᠡᠨ ᠮᠤᠩᠭ᠋ᠤᠯ ᠭᠦᠮᠤᠨ ᠳᠤ ᠮᠤᠷᠳᠠᠬᠤ ᠶᠤᠮ ᠦᠦ ᠭᠡᠪᠠᠯ ᠪᠢ ᠳᠠᠢ᠌ᠮᠤ ᠪᠠᠢ᠌ᠵᠤ ᠪᠣᠯᠤᠨ᠎ᠠ᠂ ᠪᠢᠰᠢ ᠪᠠᠢ᠌ᠵᠤ ᠴᠤ ᠪᠣᠯᠤᠨ᠎ᠠ᠂ ᠬᠠᠷᠢᠨ ᠬᠤᠪᠢ ᠵᠠᠶᠠᠭ᠎ᠠ ᠶᠢᠨ ᠳᠤᠭᠢᠷᠠᠭᠤᠯᠤᠯᠳᠠ ᠯᠠ ᠮᠠᠳᠠᠨ᠎ᠠ ᠭᠡᠵᠤ ᠬᠠᠷᠢᠭᠤᠯᠤᠨ᠎ᠠ᠃ ᠪᠢ ᠬᠤᠪᠢᠨ ᠳᠠᠭᠠᠨ ᠪᠣᠯ᠂ ᠨᠢᠭᠡ ᠮᠤᠩᠭ᠋ᠤᠯ ᠵᠠᠯᠠᠭᠤ ᠲᠡᠶ ᠰᠠᠭᠤᠪᠠᠯ ᠮᠠᠰᠢ ᠣᠯᠠᠨ ᠶᠠᠷᠰᠢᠭ ᠳᠦᠪᠠᠭ᠌ ᠡᠴᠡ ᠵᠠᠢ᠌ᠯᠠᠰᠭᠢᠵᠤ ᠴᠢᠳᠠᠨ᠎ᠠ᠂ ᠣᠴᠢᠷ ᠨᠢ ᠳᠠᠷᠠ ᠭᠦᠮᠤᠨ ᠮᠢᠨᠤ ᠡᠢ᠌ᠮᠤ ᠪᠣᠳᠤᠯ ᠪᠠ ᠮᠢᠨᠤ ᠠᠮᠢ ᠨᠠᠰᠤ ᠲᠡᠶ ᠠᠳᠠᠯᠢ ᠴᠢᠬᠤᠯᠠ ᠬᠠᠢ᠌ᠷ᠎ᠠ ᠶᠢ ᠣᠢ᠌ᠯᠠᠭᠠᠵᠤ ᠳᠠᠢ᠌ᠯᠤᠨ᠎ᠠ᠃ ᠭᠡᠳᠡᠯ᠎ᠡ ᠭᠢᠳᠠᠤᠨ ᠵᠠᠯᠠᠭᠤ ᠲᠡᠶ ᠰᠠᠭᠤᠪᠠᠯ ᠶᠡᠭᠡᠩᠭᠢ ᠨᠢ ᠨᠠᠮ᠎ᠠ ᠶᠢ ᠰᠤᠯᠢᠶᠠᠷᠠᠴᠢᠬᠠᠯ᠎ᠠ ᠭᠡᠵᠤ ᠪᠣᠳᠤᠨ᠎ᠠ᠂ ᠡᠰᠡᠪᠠᠯ ᠳᠡᠭᠦᠨ ᠤ ᠭᠦᠶ‍ᠦᠭᠡᠨ ᠥᠴᠦᠭᠡᠨ ᠳᠠᠨᠢᠯᠳᠠ ᠪᠠᠷ ᠶᠢᠡᠨ ᠮᠢᠨᠤ ᠦᠵᠡᠯ ᠪᠣᠳᠤᠯ ᠢ ᠳᠤᠷᠰᠢᠵᠤ ᠨᠠᠮ᠎ᠠ ᠳᠤ ᠶᠠᠷᠰᠢᠭ ᠳᠦᠪᠠᠭ᠌ ᠣᠴᠠᠷᠠᠭᠤᠯᠤᠨ᠎ᠠ᠃ ᠶᠠᠭᠤ ᠴᠤ ᠭᠡᠰᠡᠨ ᠳᠠᠷᠠ ᠨᠢ ᠥᠭᠡᠷ᠎ᠡ ᠨᠢᠭᠡ ᠶᠠᠪᠣᠳᠠᠯ ᠪᠣᠯᠤᠨ᠎ᠠ᠃

ᠵᠠ᠂ ᠶᠠᠭᠠᠭᠢᠬᠤᠪ᠂ ᠪᠢ ᠴᠤ ᠪᠣᠰᠤᠳ ᠲᠤ ᠥᠭᠡᠨ ᠤ ᠪᠠᠷᠢᠭᠤᠯ ᠪᠣᠯᠬᠤ ᠨᠢ ᠡ᠃ ᠳᠠᠨ ᠤ ᠳᠤᠳᠤᠷ᠎ᠠ ᠨᠠᠮ᠎ᠠ ᠶᠢ ᠣᠢ᠌ᠯᠠᠭᠠᠬᠤ ᠭᠦᠮᠤᠨ ᠪᠠᠢ᠌ᠨ᠎ᠠ ᠭᠡᠵᠤ ᠪᠢ ᠢᠳᠡᠭᠡᠨ᠎ᠡ᠃ ᠣᠢ᠌ᠯᠠᠭᠠᠵᠤ ᠶᠠᠳᠠᠬᠤ ᠨᠢ ᠴᠤ ᠵᠠᠪᠠᠯ ᠣᠢ᠌ᠯᠠᠭᠠᠬᠤ ᠠᠯᠪᠠ ᠲᠡᠶ ᠴᠤ ᠪᠢᠰᠢ᠃ ᠨᠠᠮ᠎ᠠ ᠶᠢ ᠳᠠᠭᠠᠷᠢᠶ᠎ᠠ ᠭᠡᠭᠦ ᠭᠦᠮᠦᠰ ᠪᠠᠢ᠌ᠪᠠᠯ ᠮᠢᠨᠤ ᠰᠠᠨᠠᠭ᠎ᠠ ᠶᠢ ᠣᠭᠳᠤᠴᠢᠵᠤ ᠳᠠᠰᠤᠯᠬᠤ ᠦᠭᠡᠶ ᠪᠠᠢ᠌ᠬᠤ ᠶᠢ ᠭᠦᠰᠡᠶ᠎ᠡ᠃

ᠵᠡᠭᠦᠯᠳᠡ ᠄

①②⑤ ᠨᠢ ᠪᠦᠷ 《ᠨᠤᠳᠤᠭ》 ᠰᠦᠯᠵᠢᠶᠠᠨ ᠳ᠋ᠠᠭᠢ ᠨᠠᠢ᠌ᠵᠠ ᠶᠢᠨ ᠨᠠᠷ᠎ᠠ

④ 《ᠨᠤᠳᠤᠭ》 ᠰᠦᠯᠵᠢᠶ᠎ᠠ ᠪᠣᠯ 2002 ᠣᠨ ᠡᠴᠡ 2004 ᠣᠨ ᠤ ᠬᠠᠪᠣᠷ ᠪᠣᠯᠳᠠᠯ᠎ᠠ ᠣᠯᠠᠨ ᠮᠤᠩᠭ᠋ᠤᠯᠴᠤᠳ ᠣᠷᠤᠵᠤ ᠶᠠᠷᠢᠯᠴᠠᠭ᠎ᠠ ᠭᠢᠵᠤ ᠪᠠᠢ᠌ᠭᠰᠠᠨ ᠭᠢᠳᠠᠤᠨ ᠶᠢᠡᠷ ᠡᠷᠭᠢᠯᠡᠵᠤ ᠠᠭᠰᠠᠨ ᠰᠦᠯᠵᠢᠶ᠎ᠠ᠃

ᠵᠤᠬᠢᠶᠠᠭᠴᠢ ᠶᠢᠨ ᠬᠠᠶ‍ᠢᠭ ᠄ ᠪᠠᠭᠡᠵᠢᠩ ᠤᠨ ᠴᠤᠤ ᠶᠠᠩ ᠳᠤᠭᠤᠷᠢᠭ ᠤᠨ ᠲᠦᠩ ᠾᠤᠢ᠌ ᠬᠤᠷᠢᠶᠠᠯᠠᠯ ᠤᠨ ᠾᠤᠢ᠌ ᠱᠸᠩ ᠶᠤᠸᠠᠨ 8 # 1_603

(ᠬᠠᠭᠤᠴᠢᠨᠬᠦᠤ ᠮᠤᠩᠭ᠋ᠤᠯᠴᠢᠯᠠᠪᠠ)


ᠵᠤᠬᠢᠶᠠᠭᠴᠢ᠄ ᠱᠤ ᠨᠢ
ᠢᠷᠡᠯᠲᠡ᠄ ᠬᠠᠭᠤᠴᠢᠨᠬᠦᠦ ᠬᠠᠩᠭᠠᠪᠠ
ᠳᠠᠷᠤᠮ᠄ 2062
ᠴᠠᠭ᠄ 2009 ᠤᠨ ᠤ 06 ᠰᠠᠷ᠎ᠠ ᠶᠢᠨ 01
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ
ᠲᠤᠰ ᠵᠤᠬᠢᠶᠠᠯ ᠢ ᠪᠦᠷᠭᠡ ᠳᠡᠭᠡᠨ ᠬᠠᠳᠠᠭᠠᠯᠠᠬᠤ
ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃

ᠪᠠᠢ᠌ᠷᠢ᠄ ᠮᠤᠩᠭ᠋ᠤᠯ ᠬᠡᠪ ᠨᠠᠢ᠌ᠷᠠᠭᠤᠯᠤᠯ - ᠨᠢᠭᠡ ᠦᠨᠳᠦᠰᠦᠲᠡᠨ ᠲᠠᠢ ᠢᠨᠠᠭᠯᠠᠬᠤᠶ᠎ᠠ