ᠣᠨᠢᠰᠤᠭ᠎ᠠ

ᠬᠠᠷ᠎ᠠ ᠮᠤᠷᠢ ᠨᠢ ᠬᠠᠳᠠᠷᠢᠭ᠎ᠠ ᠲᠡᠶ

ᠬᠠᠷᠢᠶᠠᠴᠠᠢ ᠰᠢᠪᠠᠭᠤ ᠨᠢ ᠣᠭᠢᠯᠠᠩᠬᠠᠢ

ᠥᠯᠦᠭᠡᠢ ᠲᠡᠶ ᠬᠡᠦᠬᠡᠳ

ᠪᠣᠷᠬᠠᠨ ᠤ ᠭᠡᠷ ᠲᠤ ᠣᠷᠤᠵᠤ ᠪᠣᠯᠬᠤ ᠦᠭᠡᠶ

ᠪᠣᠭᠤᠳᠠᠢ ᠶᠢᠨ ᠭᠤᠯᠢᠷ ᠢ ᠢᠳᠠᠵᠤ ᠪᠣᠯᠬᠤ ᠦᠭᠡᠶ

ᠭᠠᠯ᠂ ᠦᠨᠡᠰᠤ

ᠮᠤᠳᠤᠨ ᠳᠤᠭᠤᠭ᠎ᠠ

ᠮᠢᠬᠠᠨ ᠳᠤᠯᠭ᠎ᠠ

ᠠᠶᠠᠭ᠎ᠠ᠂ ᠬᠤᠷᠤᠭᠤ

ᠭᠦᠮᠤᠨ ᠰᠢᠭ᠌ ᠮᠢᠬ᠎ᠠ ᠢᠳᠡᠭᠡᠳ

ᠭᠦᠷᠡᠨ᠎ᠡ ᠰᠢᠭ᠌ ᠨᠥᠭᠡᠨ ᠳᠤ ᠣᠷᠤᠨ᠎ᠠ

ᠭᠢᠳᠤᠭ᠎ᠠ

ᠶᠠᠳᠠᠭᠰᠠᠨ ᠢᠮᠠᠭ᠎ᠠ

ᠬᠠᠳᠠᠭᠰᠠᠨ ᠴᠢᠳᠤᠷ ᠲᠡᠶ

ᠠᠷᠤᠭ

ᠭᠦᠡᠳᠡᠢ ᠮᠤᠳᠤᠨ ᠳᠤ

ᠭᠦᠭᠡ ᠴᠢᠨ᠋ᠸ᠎ᠠ

ᠬᠤᠢ ᠲᠡᠶ ᠭᠢᠳᠤᠭ᠎ᠠ

ᠴᠢᠩᠨᠠᠭᠴᠢ ᠶᠢᠨ ᠭᠠᠳᠠᠭ᠎ᠠ

ᠴᠠᠭᠠᠨ ᠳᠠᠭ᠎ᠠ ᠣᠶᠠᠭᠠᠳᠠᠢ

ᠡᠭᠡᠮᠦᠭ᠌

ᠥᠯᠭᠡᠨ ᠰᠠᠯᠭᠠᠨ ᠪᠠᠶ᠎ᠠ ᠲᠡᠶ

ᠥᠨᠡᠭᠡᠨ ᠰᠡᠭᠦᠯ ᠤᠨ ᠮᠠᠯᠠᠭᠠᠢ ᠲᠡᠶ

ᠳᠠᠷᠠᠰᠤ

ᠲᠠᠭᠠᠨ ᠴᠠᠭᠠᠨ ᠮᠤᠷᠢ

ᠳᠠᠯᠠᠨ ᠳᠠᠪᠬᠤᠷ ᠳᠤᠬᠤᠮ ᠲᠡᠶ

ᠬᠤᠰᠤ ᠮᠤᠳᠤ

ᠶᠠᠳᠠᠮᠠᠭ ᠡᠪᠦᠭᠡᠨ

ᠴᠢᠳᠠᠮᠠᠭ ᠰᠢᠪᠦᠭᠡ ᠲᠡᠶ

ᠰᠢᠮᠠᠭᠤᠯ

ᠮᠠᠩᠬᠠᠨ ᠳᠡᠭᠡᠷ᠎ᠡ ᠮᠠᠭ ᠮᠠᠭ

ᠮᠠᠷᠭᠠᠰᠢ ᠦᠷᠯᠦᠭᠡ ᠳ᠋ᠡᠭ᠌ ᠳ᠋ᠡᠭ᠌

ᠠᠯᠠᠭᠳᠠᠭ᠎ᠠ

ᠡᠪᠠᠰᠤ ᠦᠭᠡᠶ ᠳᠤᠭᠤᠷᠢᠮ ᠣᠷᠤᠭᠤ

ᠡᠭᠦᠯᠡ ᠦᠭᠡᠶ ᠪᠣᠷᠤᠭ᠎ᠠ ᠣᠷᠤᠨ᠎ᠠ

ᠳᠤᠭᠤᠭᠠᠨ ᠳᠤ ᠣᠰᠤ ᠭᠢᠭᠦ

ᠠᠪᠣ ᠶᠢᠨ ᠳᠠᠮᠤᠭᠰᠠᠨ ᠳᠡᠭᠡᠰᠤ ᠶᠢ

ᠠᠯᠳᠠᠯᠠᠭᠠᠤᠨ ᠠᠯᠳᠠᠯᠠᠭᠠᠤᠨ ᠪᠠᠷᠠᠬᠤ ᠦᠭᠡᠶ

ᠡᠵᠢ ᠶᠢᠨ ᠣᠶᠤᠭᠰᠠᠨ ᠭᠦᠡᠵᠢᠯᠡ ᠶᠢ

ᠡᠪᠭᠡᠭᠡᠳ ᠡᠪᠭᠡᠭᠡᠳ ᠳᠠᠭᠤᠰᠬᠤ ᠦᠭᠡᠶ

ᠵᠠᠮ᠂ ᠣᠭᠳᠠᠷᠭᠤᠢ

ᠳᠠᠷᠠ ᠳᠠᠠᠳᠠ ᠳᠡᠮᠡᠭᠡ ᠰᠢᠭ᠌

ᠳᠡᠭ᠍ᠷᠢ ᠶᠢᠨ ᠨᠠᠭᠠᠳᠠᠢ ᠢᠮᠠᠭ᠎ᠠ ᠰᠢᠭ

ᠨᠠᠷᠠᠨ ᠳᠠᠯ᠎ᠠ ᠳᠤ ᠨᠠᠭᠠᠳᠤᠮ ᠰᠢᠭ

ᠨᠠᠴᠢᠨ ᠱᠤᠩᠬᠤᠷ ᠰᠢᠪᠠᠭᠤ ᠰᠢᠭ

ᠵᠡᠷᠭᠡᠯᠭᠡᠨ

ᠣᠷᠭᠤᠬᠤ ᠨᠢ ᠨᠠᠷᠠᠨ ᠳᠤ

ᠣᠨᠠᠬᠤ ᠨᠢ ᠰᠠᠯᠭᠢᠨ ᠳᠤ

ᠥᠳᠡᠰᠢᠯᠡᠭᠦ ᠨᠢ ᠡᠷᠭᠢ ᠳᠤ

ᠥᠭᠦᠭᠦ ᠨᠢ ᠭᠤᠤ ᠳᠤ

ᠬᠠᠮᠬᠤᠤᠯ

ᠳᠤᠰᠤ ᠦᠭᠡᠶ ᠪᠠᠢ᠌ᠭᠠᠤᠨ ᠨᠤᠴᠤᠨ᠎ᠠ

ᠭᠠᠯ ᠦᠭᠡᠶ ᠪᠠᠢ᠌ᠭᠠᠤᠨ ᠭᠡᠷᠡᠯᠳᠦᠨ᠎ᠡ

ᠲᠦᠯᠭᠢᠪᠠᠯ ᠢᠷᠠᠵᠤ

ᠳᠠᠳᠠᠪᠠᠯ ᠶᠠᠪᠣᠴᠢᠬᠠᠨ᠎ᠠ

ᠴᠠᠭᠢᠯᠭᠠᠨ ᠳ᠋ᠸᠩ

ᠳᠠᠯ᠎ᠠ ᠳᠡᠭᠡᠷᠡᠭᠢ

ᠳᠠᠪᠤᠨ ᠥᠩᠭᠡ ᠶᠢᠨ ᠳᠤᠷᠭ᠎ᠠ ᠶᠢ

ᠴᠢ ᠴᠤ ᠠᠪᠴᠤ ᠳᠡᠢ᠌ᠯᠭᠦ ᠦᠭᠡᠶ

ᠪᠢ ᠴᠤ ᠠᠪᠴᠤ ᠴᠢᠳᠠᠬᠤ ᠦᠭᠡᠶ

ᠰᠤᠯᠤᠩᠭ᠋᠎ᠠ

ᠭᠦᠶᠤᠨ ᠭᠦᠶᠤᠨ ᠰᠢᠷᠠᠭᠴᠢᠨ

ᠭᠦᠢᠴᠡᠭ᠍ᠳᠡᠭᠦ ᠦᠭᠡᠶ ᠰᠢᠷᠠᠭᠴᠢᠨ

ᠪᠠᠷ᠎ᠠ ᠶᠡᠭᠡᠳᠡᠢ ᠰᠢᠷᠠᠭᠴᠢᠨ

ᠪᠠᠷᠢᠭᠳᠠᠬᠤ ᠦᠭᠡᠶ ᠰᠢᠷᠠᠭᠴᠢᠨ

ᠵᠡᠷᠭᠡᠯᠭᠡᠨ

ᠪᠠᠷᠭᠡᠳᠤ ᠶᠢᠨ ᠭᠤᠷᠪᠠᠨ ᠳᠠᠪᠠᠭ᠎ᠠ

ᠨᠠᠪᠴᠢᠨ ᠭᠤᠷᠪᠠᠨ ᠴᠡᠴᠡᠭ᠌

ᠪᠠᠶᠠᠨ ᠭᠤᠷᠪᠠᠨ ᠬᠠᠩᠭ᠋ᠠᠢ

ᠭᠦᠢᠳᠡᠨ ᠭᠤᠷᠪᠠᠨ ᠭᠦᠡᠳᠡᠢ

ᠬᠠᠪᠣᠷ᠂ ᠵᠤᠨ᠂ ᠨᠠᠮᠤᠷ᠂ ᠡᠪᠦᠯ

ᠬᠡᠦᠬᠡᠳ ᠪᠠᠢ᠌ᠬᠤ ᠡᠴᠡ ᠵᠡᠭᠦᠭ᠍ᠰᠡᠨ ᠬᠤᠩᠬᠤ

ᠭᠦᠮᠤᠨ ᠪᠣᠯᠭᠠᠨ ᠳᠤ ᠮᠢᠨᠤ ᠰᠤᠷᠠᠭ ᠢ ᠭᠠᠷᠭᠠᠨ᠎ᠠ

ᠭᠦᠮᠤᠨ ᠤ ᠨᠠᠷ᠎ᠠ

ᠳᠤᠭᠤᠨᠤ ᠦᠭᠡᠶ ᠭᠡᠷ ᠲᠤ

ᠳᠤᠯᠤᠭᠠᠢ ᠦᠭᠡᠶ ᠬᠡᠦᠬᠡᠳ

ᠥᠡᠳᠡᠭᠡ

ᠣᠯᠠᠭᠠᠨ ᠥᠭᠡᠷ

ᠬᠠᠷ᠎ᠠ ᠥᠭᠡᠷ ᠶᠢᠡᠨ ᠳᠤᠯᠢᠶᠠᠨ᠎ᠠ

ᠭᠠᠯ᠂ ᠳᠤᠭᠤᠭ᠎ᠠ


《ᠮᠤᠩᠭ᠋ᠤᠯ ᠬᠡᠦᠬᠡᠳ ᠤᠨ ᠠᠮᠠᠨ ᠵᠤᠬᠢᠶᠠᠯ ᠤᠨ ᠴᠢᠭᠤᠯᠭᠠᠨ》 ᠡᠴᠡ ᠠᠪᠣᠪᠠ᠃

ᠵᠤᠬᠢᠶᠠᠭᠴᠢ᠄ ᠤᠶᠤᠨᠭᠡᠷᠡᠯ ᠡᠮᠭᠢᠦᠡᠭᠡᠪᠡ
ᠬᠠᠷᠢᠶ᠎ᠠ᠄ ᠰᠤᠶᠤᠯ ᠣᠷᠠᠯᠢᠭ
ᠳᠠᠷᠤᠮ᠄ 4415
ᠴᠠᠭ᠄ 2010 ᠤᠨ ᠤ 03 ᠰᠠᠷ᠎ᠠ ᠶᠢᠨ 26