ᠡᠵᠢ ᠶᠢᠨ ᠮᠢᠨᠢ ᠨᠢᠳᠤ

ᠡᠵᠢ ᠶᠢᠨ ᠮᠢᠨᠢ ᠨᠢᠳᠤ ᠪᠣᠯ

ᠣᠷᠢᠳᠠ ᠲᠦᠷᠦ ᠶᠢᠨ ᠰᠢᠷᠦᠭᠦᠨ ᠣᠷᠤᠰᠬᠠᠯ ᠳᠤ

ᠣᠬᠠᠭᠠᠨ ᠣᠷᠤᠭ᠎ᠠ ᠦᠭᠡᠶ ᠦᠨᠦᠴᠢᠷᠠᠨ ᠨᠢᠯᠪᠣᠰᠤᠷᠠᠵᠤ

ᠠᠢ᠌ᠯ ᠤᠨ ᠡᠭᠦᠳᠡ ᠶᠢ ᠳᠠᠮᠵᠢᠵᠤ ᠶᠠᠪᠣᠭᠰᠠᠨ

ᠪᠦᠱᠦᠷᠭᠡᠭ᠌ ᠬᠠᠷᠠᠴᠠ ᠲᠡᠶ ᠭᠦᠭᠡᠷᠦᠭᠦᠨ ᠳᠦᠷᠯᠡᠭᠡᠷ ᠨᠢᠳᠤ ᠪᠠᠢ᠌ᠵᠠᠢ᠃

ᠠᠰᠬᠠᠨ ᠵᠠᠯᠠᠭᠤ ᠶᠢᠨ ᠦᠶ᠎ᠡ ᠳᠡᠭᠡᠨ ᠪᠣᠯ

ᠠᠢ᠌ᠯ ᠤᠨ ᠭᠦᠦᠴᠦᠦᠯ ᠤᠨ ᠬᠠᠷᠠᠭ᠎ᠠ ᠰᠤᠭᠤᠯᠵᠤ ᠪᠠᠢ᠌ᠭᠰᠠᠨ

ᠳᠠᠪᠬᠤᠷ ᠬᠤᠰᠢ ᠲᠡᠶ ᠠᠯᠠᠭ ᠴᠤᠬᠤᠷ ᠨᠢᠳᠤ ᠪᠠᠢ᠌ᠵᠠᠢ᠃

ᠦᠨᠦᠳᠤᠷ ᠤᠨ ᠨᠠᠷᠠᠨ ᠤ ᠳᠤᠤᠷ᠎ᠠ ᠪᠣᠯ

ᠡᠵᠢ ᠶᠢᠨ ᠮᠢᠨᠢ ᠨᠢᠳᠤ

ᠡᠨᠡᠭᠡᠨ ᠬᠤᠷᠸ᠎ᠠ ᠶᠢᠨ ᠡᠷᠢᠶᠡᠨ ᠪᠠᠷᠠᠭᠠᠨ ᠢ

ᠡᠯᠳᠡᠯ᠎ᠡ ᠥᠵᠡᠭ᠍ᠰᠡᠨ

ᠢᠮᠠᠬᠤ ᠵᠤᠵᠠᠭᠠᠨ ᠰᠢᠯ ᠶᠢᠡᠷ ᠬᠠᠷᠠᠭ᠎ᠠ ᠳᠤᠳᠤᠷᠠᠭᠤᠯᠳᠠᠭ

ᠡᠨᠡᠷᠢᠩᠭᠦᠢ ᠬᠠᠷᠠᠴᠠ ᠲᠡᠶ ᠡᠷᠢᠶᠡᠨ ᠬᠤᠶᠠᠷ ᠨᠢᠳᠤ ᠪᠠᠢ᠌ᠨ᠎ᠠ᠃

ᠡᠵᠢ ᠶᠢᠨ ᠮᠢᠨᠢ ᠨᠢᠳᠤ ᠪᠣᠯ

ᠨᠡᠯᠦᠭᠡᠷ ᠶᠡᠭᠡ ᠭᠦᠳᠡᠭᠡ ᠳᠡᠭᠡᠨ ᠰᠥᠷᠦᠭ᠌ ᠶᠢᠡᠨ ᠬᠠᠷᠠᠵᠤ

ᠨᠠᠷᠠ ᠨᠢ ᠨᠢᠭᠤᠬᠤ ᠪᠠᠷ᠂   ᠯᠠ ᠶᠢᠨ ᠭᠡᠷᠡᠯ ᠳᠤᠤᠷ᠎ᠠ

ᠵᠡᠭᠦᠤ ᠪᠠᠨ ᠰᠦᠪᠡᠯᠠᠵᠤ ᠶᠠᠪᠣᠭᠰᠠᠨ

ᠭᠡᠷᠡᠯᠳᠤ ᠬᠤᠶᠠᠷ ᠨᠢᠳᠤ ᠶᠤᠮ᠃

ᠨᠢ᠋ᠮᠠᠨ ᠦᠷ᠎ᠡ ᠶᠢᠨ ᠶᠢᠡᠨ ᠰᠠᠢ᠌ᠬᠠᠨ ᠤ ᠳᠦᠯᠦᠭᠡ

ᠨᠠᠰᠤᠨ ᠳᠤᠷᠰᠢᠳᠠ ᠴᠢᠷᠮᠠᠯᠠᠨ ᠭᠦᠳᠡᠯᠦᠭᠰᠡᠨ

ᠣᠬᠠᠭᠠᠠᠳᠤ ᠳᠤᠩᠭ᠋ᠠᠯᠠᠭ ᠴᠡᠴᠡᠭᠡᠢ ᠶᠤᠮ᠃

ᠣᠳᠤ ᠪᠣᠯ ᠡᠵᠢ ᠶᠢᠨ ᠮᠢᠨᠢ ᠨᠢᠳᠤ

ᠠᠴᠢ ᠵᠢᠭᠡ ᠨᠡᠷ ᠶᠢᠡᠨ ᠡᠷᠭᠦᠵᠤ ᠰᠤᠷᠭᠠᠬᠤ

ᠠᠵᠢᠯ ᠤᠨ ᠶᠡᠭᠡ ᠳᠤ ᠡᠷᠭᠢᠯᠳᠦᠵᠤ ᠶᠠᠪᠣᠭ᠎ᠠ

ᠣᠰᠬᠠᠯ ᠵᠥᠭᠡᠯᠡᠨ ᠨᠢᠳᠤ ᠪᠠᠢ᠌ᠨ᠎ᠠ᠃

ᠣᠷᠭᠤᠬᠤ ᠨᠠᠷᠠᠨ ᠤ ᠳᠤᠯᠠᠭᠠᠬᠠᠨ ᠰᠠᠴᠤᠷᠠᠭ ᠪᠣᠶᠤ

ᠣᠶᠠᠩᠭ᠋ᠠᠳᠤ ᠣᠷᠳᠤ ᠶᠢᠨ ᠳᠠᠭᠤᠨ ᠤ ᠪᠠᠨ ᠨᠠᠭᠢᠯᠭᠠᠨ ᠠᠶᠠᠰ ᠲᠤ

ᠠᠷᠭ᠎ᠠ ᠦᠭᠡᠶ ᠣᠶᠠᠷᠠᠨ ᠴᠢᠭᠢᠭ᠍ᠳᠡᠳᠡᠭ᠌

ᠡᠭᠡᠯ ᠠᠷᠠᠤᠨ ᠤᠨ ᠴᠡᠯᠮᠡᠭ᠌ ᠪᠣᠷᠤ ᠨᠢᠳᠤ ᠪᠠᠢ᠌ᠨ᠎ᠠ᠃

ᠡᠵᠢ ᠶᠢᠨ ᠮᠢᠨᠢ ᠨᠢᠳᠤ ᠨᠠᠳᠠ ᠳᠠᠭᠠᠨ ᠪᠣᠯ

ᠡᠭᠡᠳᠡᠷᠭᠡᠨ ᠲᠡᠶ ᠡᠨᠡ ᠨᠡᠢ᠌ᠭᠡᠮ ᠤᠨ

ᠡᠪᠭᠡᠭᠡᠰᠤ ᠲᠡᠶ ᠣᠨᠢᠰᠤᠭ᠎ᠠ ᠶᠢ ᠳᠠᠢ᠌ᠯᠵᠤ ᠦᠭ‍ᠳᠡᠭ᠌

ᠠᠮᠢᠳᠤᠷᠠᠬᠤᠢ ᠶᠢᠨ ᠣᠬᠠᠭᠠᠨ ᠤ

ᠦᠨᠡᠨ ᠮᠦᠨ ᠢ ᠢᠯᠭᠠᠵᠤ ᠦᠭ‍ᠳᠡᠭ᠌

ᠮᠦᠰᠢᠶᠠᠳᠤ ᠢᠪᠢᠯᠭᠡᠭ᠍ᠰᠡᠨ ᠮᠠᠯᠮᠠᠢ ᠪᠠᠢ᠌ᠨ᠎ᠠ᠃


(《ᠭᠤᠷᠪᠠᠳᠤᠭᠠᠷ ᠳᠦᠢᠯ》 ᠰᠡᠳᠭᠦᠯ ᠳᠤ ᠨᠡᠢ᠌ᠳᠡᠯᠡᠭ᠍ᠳᠡᠪᠡ)

ᠵᠤᠬᠢᠶᠠᠭᠴᠢ᠄ ᠨᠡᠷᠡᠡᠴᠡᠴᠡᠭ᠌
ᠢᠷᠡᠯᠲᠡ᠄ ᠨᠡᠷᠡᠡᠴᠡᠴᠡᠭ᠌
ᠬᠠᠷᠢᠶ᠎ᠠ᠄ ᠰᠢᠯᠦᠭ
ᠳᠠᠷᠤᠮ᠄ 2668
ᠴᠠᠭ᠄ 2006 ᠤᠨ ᠤ 07 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁