ᠰᠠᠢ᠌ᠬᠠᠨ ᠨᠤᠲᠤᠭ ᠠᠷᠤ ᠬᠤᠷᠴᠢᠨ

ᠤᠷᠠᠯᠢᠭᠴᠢᠨ᠄ ᠭᠡᠭᠡᠨᠵᠤᠯᠠ

ᠦᠭᠡ᠄ ᠭᠡᠭᠡᠨᠵᠤᠯᠠ

ᠠᠶ᠎ᠠ᠄ ᠪᠠᠲᠤᠵᠢᠷᠭᠠᠯ

ᠴᠤᠮᠤᠭ ᠤᠨ ᠬᠠᠷᠢᠶ᠎ᠠ᠄ ᠵᠠᠶᠠᠭᠠᠨ ᠤ ᠬᠠᠢ᠌ᠷᠠᠲᠤ

ᠤᠷᠠᠯᠢᠭ ᠤᠨ ᠬᠤᠪᠢᠶᠠᠷᠢ᠄ ᠵᠤᠬᠢᠶᠠᠯ ᠤᠨ ᠳᠠᠭᠤᠤᠤᠶᠠᠩᠭ᠎ᠠ ᠶᠢᠨ ᠳᠠᠭᠤᠤ

ᠢᠷᠡᠯᠲᠡ᠄ ᠭᠡᠭᠡᠨᠵᠤᠯᠠ

ᠴᠠᠭ᠄ 2015 ᠤᠨ ᠤ 11 ᠰᠠᠷ᠎ᠠ ᠶᠢᠨ 14

ᠳᠠᠷᠤᠮ᠄ 17016

ᠠᠯᠲᠠᠨ ᠳᠡᠯᠡᠬᠡᠢ ᠳᠤ ᠠᠯᠳᠠᠷᠰᠢᠭᠰᠠᠨ ᠰᠦᠯᠳᠡ ᠲᠡᠭᠷᠢ ᠠᠭᠤᠯᠠ ᠲᠠᠢ

ᠠᠷᠢᠶᠠᠲᠠᠨ ᠭᠦᠷᠦᠭᠡᠰᠦ ᠨᠢ ᠵᠦᠷᠢᠯᠳᠦᠭᠰᠡᠨ ᠠᠪᠠᠭ᠎ᠠ ᠬᠠᠨ ᠠᠭᠤᠯᠠ ᠲᠠᠢ

ᠠᠳᠤᠭᠤ ᠮᠠᠯ ᠨᠢ ᠲᠠᠷᠬᠠᠨ ᠪᠡᠯᠴᠢᠭᠰᠡᠨ ᠨᠤᠮᠢᠨ ᠨᠤᠭᠤᠭᠠᠨ ᠲᠠᠯ᠎ᠠ ᠲᠠᠢ

ᠠᠰᠢᠲᠠ ᠶᠢᠨ ᠠᠷᠢᠭᠤᠨ ᠷᠠᠰᠢᠶᠠᠨ ᠬᠠᠬᠢᠷ ᠲᠡᠯᠤᠷ ᠤᠨ ᠭᠤᠤᠯ ᠲᠠᠢ

    ᠲᠠᠩᠴᠤ ᠰᠠᠢ᠌ᠬᠠᠨ ᠠᠷᠤ ᠬᠤᠷᠴᠢᠨ ᠨᠤᠲᠤᠭ ᠶᠢᠠᠨ

    ᠳᠠᠩᠳᠠ ᠪᠠᠨ ᠪᠢ ᠳᠠᠭᠤᠯᠠᠵᠤ ᠶᠠᠪᠤᠨ᠎ᠠ

    ᠳᠠᠬᠢᠭᠠᠳ ᠤᠯᠳᠠᠬᠤ ᠦᠭᠡᠢ ᠠᠷᠤ ᠬᠤᠷᠴᠢᠨ ᠨᠤᠲᠤᠭ ᠶᠢᠠᠨ ᠪᠢ

    ᠳᠠᠭᠤᠤ ᠪᠠᠷ ᠶᠢᠠᠨ ᠮᠢᠯᠢᠶᠠᠵᠤ ᠶᠠᠪᠤᠨ᠎ᠠ

ᠰᠠᠴᠤᠯᠢ ᠶᠢᠨ ᠮᠢᠨᠢ ᠰᠢᠳᠦᠭᠡᠨ ᠬᠠᠪᠤᠲᠤ ᠬᠠᠰᠠᠷ ᠤᠨ ᠤᠪᠤᠭ᠎ᠠ ᠲᠠᠢ

ᠰᠠᠨᠰᠠᠷ ᠲᠤ ᠰᠡᠬᠦᠢ᠌ᠨ ᠰᠦᠨᠳᠡᠷᠯᠡᠬᠦ ᠪᠠᠶᠠᠨ ᠬᠤᠰᠢᠭᠤ ᠤᠪᠤᠭ᠎ᠠ ᠲᠠᠢ

ᠰᠠᠷᠨᠠᠢ ᠴᠡᠴᠡᠭ ᠨᠢ ᠮᠢᠷᠠᠯᠵᠠᠨ ᠳᠡᠯᠭᠡᠷᠡᠭᠰᠡᠨ ᠠᠭᠤᠳᠠᠮ ᠳᠠᠩᠰᠤᠭ ᠪᠠᠢ᠌ᠭᠠᠯᠢ ᠲᠠᠢ

ᠰᠠᠮᠤᠷᠠᠬᠤ ᠰᠦ᠋ ᠰᠢᠭ᠌ ᠤᠷᠬᠢᠯᠤᠨ ᠴᠠᠯᠭᠢᠯᠠᠬᠤ ᠯᠤᠤᠰ ᠤᠨ ᠪᠤᠯᠠᠭ ᠲᠠᠢ

    ᠲᠠᠩᠴᠤ ᠰᠠᠢ᠌ᠬᠠᠨ ᠠᠷᠤ ᠬᠤᠷᠴᠢᠨ ᠨᠤᠲᠤᠭ ᠶᠢᠠᠨ

    ᠳᠠᠩᠳᠠ ᠪᠠᠨ ᠪᠢ ᠳᠠᠭᠤᠯᠠᠵᠤ ᠶᠠᠪᠤᠨ᠎ᠠ

    ᠳᠠᠬᠢᠭᠠᠳ ᠤᠯᠳᠠᠬᠤ ᠦᠭᠡᠢ ᠠᠷᠤ ᠬᠤᠷᠴᠢᠨ ᠨᠤᠲᠤᠭ ᠶᠢᠠᠨ ᠪᠢ

ᠳᠠᠭᠤᠤ ᠪᠠᠷ ᠶᠢᠠᠨ ᠮᠢᠯᠢᠶᠠᠵᠤ ᠶᠠᠪᠤᠨ᠎ᠠ