ᠬᠤᠤᠰ ᠤᠨ ᠬᠤᠷᠸ᠎ᠠ

ᠳᠠᠭᠤᠴᠢᠨ᠄ ᠪᠦᠬᠦ ᠤᠳᠤᠳ
ᠦᠭᠡ᠄ ᠶ·ᠪᠠᠳᠮᠠᠰᠦ᠋ᠷᠦᠩ
ᠠᠶ᠎ᠠ᠄ ᠨ·ᠪᠠᠰᠠᠩᠳᠤᠷᠵᠢ
ᠴᠤᠮᠤᠭ ᠤᠨ ᠬᠠᠷᠢᠶ᠎ᠠ᠄ ᠬᠤᠤᠰᠯᠠᠯ
ᠤᠷᠠᠯᠢᠭ ᠤᠨ ᠬᠤᠪᠢᠶᠠᠷᠢ᠄ ᠵᠤᠬᠢᠶᠠᠯ ᠤᠨ ᠳᠠᠭᠤᠤᠤᠶᠠᠩᠭ᠎ᠠ ᠶᠢᠨ ᠳᠠᠭᠤᠤ
ᠳᠠᠷᠤᠮ᠄ 22974
ᠴᠠᠭ᠄ 2007 ᠤᠨ ᠤ 11 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠠᠦ᠋ᠳᠢᠤ᠋ ᠪᠢᠴᠢᠯᠭᠡ ᠲᠠᠢ (ᠡ᠊ᠨᠳᠡ ᠡᠴᠡ ᠬᠤᠯᠪᠤᠭᠳᠠᠭᠠᠷᠠᠢ)

(ᠲᠦᠮᠡᠨᠵᠢᠷᠭᠠᠯ᠂ ᠪᠠᠰᠠᠩᠳᠤᠷᠵᠢ ᠳᠠᠭᠤᠯᠠᠪᠠ)

 

ᠳᠦᠷᠦᠭᠡᠨ ᠤ ᠴᠢᠮᠡᠭᠡᠨ ᠳᠤ ᠬᠠᠮᠳᠤᠳᠠ ᠠᠯᠬᠤᠨ

ᠭᠦᠷᠴᠤ ᠣᠴᠠᠷᠠᠭ᠎ᠠ ᠦᠭᠡᠶ ᠬᠠᠢ᠌ᠷ᠎ᠠ ᠶᠢᠨ ᠣᠶᠠᠩᠭ᠋᠎ᠠ ᠲᠡᠶ

ᠵᠦᠩ ᠶᠢᠡᠷ ᠶᠢᠡᠨ ᠨᠡᠢ᠌ᠯᠡᠭ᠍ᠰᠡᠨ ᠬᠤᠤᠰ ᠤᠨ ᠬᠤᠷᠸ᠎ᠠ ᠳᠤ

ᠳᠡᠭᠦᠰ ᠰᠡᠳᠭᠢᠯ ᠶᠢᠡᠷ ᠵᠤᠷᠢᠵᠤ ᠯᠠ ᠣᠴᠢᠨ᠎ᠠ ᠳ᠋ᠠ

    ᠴᠡᠯᠮᠡᠭᠦᠨ ᠳᠠᠯ᠎ᠠ ᠡᠴᠡ ᠬᠠᠢ᠌ᠷ᠎ᠠ ᠭᠡᠷᠡᠯᠳᠦᠨ᠎ᠡ

    ᠴᠡᠴᠡᠭᠡᠰ ᠨᠢ ᠳᠠᠭᠤᠯᠠᠮᠠᠷ ᠬᠤᠤᠰ ᠤᠨ ᠬᠤᠷᠸ᠎ᠠ

    ᠠᠢ ᠬᠤᠩᠭ᠋ᠤᠷ ᠮᠢᠨᠢ᠂ ᠠᠢ ᠬᠤᠷᠸ᠎ᠠ ᠮᠢᠨᠢ

 

ᠬᠤᠷᠤᠮ ᠪᠣᠯᠭᠠᠨ ᠳᠤ ᠴᠡᠩᠭᠡᠯ ᠢ ᠮᠠᠳᠠᠷᠠᠵᠤ

ᠬᠤᠷᠴᠠ ᠭᠡᠭᠡ ᠶᠢ ᠪᠦᠭᠦᠨ ᠢ ᠳᠦᠭᠦᠭᠦ ᠳᠡᠭᠡᠨ

ᠬᠤᠷᠤᠭᠳᠠᠵᠤ ᠨᠡᠢ᠌ᠯᠡᠭ᠍ᠰᠡᠨ ᠬᠤᠤᠰ ᠤᠨ ᠬᠤᠷᠸ᠎ᠠ ᠳᠤ

ᠬᠤᠤᠰ ᠤᠨ ᠭᠦᠰᠡᠯ ᠶᠢᠡᠷ ᠵᠤᠷᠢᠵᠤ ᠯᠠ ᠣᠴᠢᠨ᠎ᠠ ᠳ᠋ᠠ

    ᠴᠡᠯᠮᠡᠭᠦᠨ ᠳᠠᠯ᠎ᠠ ᠡᠴᠡ ᠬᠠᠢ᠌ᠷ᠎ᠠ ᠭᠡᠷᠡᠯᠳᠦᠨ᠎ᠡ

    ᠴᠡᠴᠡᠭᠡᠰ ᠨᠢ ᠳᠠᠭᠤᠯᠠᠮᠠᠷ ᠬᠤᠤᠰ ᠤᠨ ᠬᠤᠷᠸ᠎ᠠ

    ᠠᠢ ᠬᠤᠩᠭ᠋ᠤᠷ ᠮᠢᠨᠢ᠂ ᠠᠢ ᠬᠤᠷᠸ᠎ᠠ ᠮᠢᠨᠢ

 

ᠳᠡᠷᠪᠢᠭᠦᠨ ᠡᠳᠦᠷ ᠤᠳ ᠠᠯᠤᠰᠯᠠᠨ ᠤᠳᠴᠤ

ᠳᠠᠷᠪᠠᠵᠢᠨ ᠨᠢᠰᠭᠦ ᠦᠷ᠎ᠡ ᠶᠢᠨ ᠵᠢᠷᠭᠠᠯ ᠲᠡᠶ

ᠳᠠᠷ᠎ᠠ ᠨᠡᠢ᠌ᠯᠡᠭ᠍ᠰᠡᠨ ᠬᠤᠤᠰ ᠤᠨ ᠬᠤᠷᠸ᠎ᠠ ᠳᠤ

ᠳᠡᠭᠡᠳᠤ ᠶᠢᠨ ᠵᠠᠶᠠᠭ᠎ᠠ ᠪᠠᠨ ᠵᠤᠷᠢᠵᠤ ᠯᠠ ᠣᠴᠢᠨ᠎ᠠ ᠳ᠋ᠠ

    ᠴᠡᠯᠮᠡᠭᠦᠨ ᠳᠠᠯ᠎ᠠ ᠡᠴᠡ ᠬᠠᠢ᠌ᠷ᠎ᠠ ᠭᠡᠷᠡᠯᠳᠦᠨ᠎ᠡ

    ᠴᠡᠴᠡᠭᠡᠰ ᠨᠢ ᠳᠠᠭᠤᠯᠠᠮᠠᠷ ᠬᠤᠤᠰ ᠤᠨ ᠬᠤᠷᠸ᠎ᠠ

    ᠠᠢ ᠬᠤᠩᠭ᠋ᠤᠷ ᠮᠢᠨᠢ᠂ ᠠᠢ ᠬᠤᠷᠸ᠎ᠠ ᠮᠢᠨᠢ

ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ