ᠰᠦᠮᠪᠦᠷᠦᠦ ᠵᠠᠶᠠᠭ᠎ᠠ

ᠳᠠᠭᠤᠴᠢᠨ᠄ ᠪᠦᠬᠦ ᠤᠳᠤᠳ
ᠦᠭᠡ᠄ ᠶ·ᠪᠤᠯᠤᠳ
ᠠᠶ᠎ᠠ᠄ ᠨ·ᠪᠠᠰᠠᠩᠳᠤᠷᠵᠢ
ᠴᠤᠮᠤᠭ ᠤᠨ ᠬᠠᠷᠢᠶ᠎ᠠ᠄ ᠬᠤᠤᠰᠯᠠᠯ
ᠤᠷᠠᠯᠢᠭ ᠤᠨ ᠬᠤᠪᠢᠶᠠᠷᠢ᠄ ᠵᠤᠬᠢᠶᠠᠯ ᠤᠨ ᠳᠠᠭᠤᠤᠤᠶᠠᠩᠭ᠎ᠠ ᠶᠢᠨ ᠳᠠᠭᠤᠤ
ᠳᠠᠷᠤᠮ᠄ 17135
ᠴᠠᠭ᠄ 2007 ᠤᠨ ᠤ 06 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠠᠦ᠋ᠳᠢᠤ᠋ ᠪᠢᠴᠢᠯᠭᠡ ᠲᠠᠢ (ᠡ᠊ᠨᠳᠡ ᠡᠴᠡ ᠬᠤᠯᠪᠤᠭᠳᠠᠭᠠᠷᠠᠢ)

(ᠬᠡᠰᠢᠭᠪᠠᠶᠠᠷ᠂ ᠳᠡᠯᠭᠡᠷᠮ᠎ᠠ ᠳᠠᠭᠤᠯᠠᠪᠠ)

 

ᠵᠤᠨ ᠤ ᠴᠡᠴᠡᠭ᠌ ᠲᠡᠶ ᠭᠤᠷᠪᠠᠨ ᠰᠠᠷ᠎ᠠ ᠳᠠᠭᠠᠨ

ᠵᠤᠰᠠᠯᠠᠩ ᠤᠨ ᠠᠢ᠌ᠯ ᠶᠢᠡᠷ ᠭᠠᠯᠭᠢᠭᠤᠯᠵᠤ ᠶᠠᠪᠣᠯ᠎ᠠ ᠭᠦ᠋

ᠽᠠᠮᠮᠢᠳᠤᠭ ᠴᠡᠴᠡᠭ᠌ ᠰᠢᠭ᠌ ᠴᠢᠮᠢ᠋ᠢ ᠪᠠᠨ

ᠵᠢᠷᠪᠢᠰ ᠵᠢᠷᠪᠢᠰ ᠬᠠᠷᠠᠭᠤᠯᠳᠠᠵᠤ ᠶᠠᠪᠣᠯ᠎ᠠ ᠭᠦ᠋

ᠵᠢᠷᠪᠢᠰ ᠵᠢᠷᠪᠢᠰ ᠬᠠᠷᠠᠭᠤᠯᠳᠠᠨ᠎ᠠ ᠪᠢ

ᠰᠡᠮᠭᠡᠨ ᠰᠡᠮᠭᠡᠨ ᠪᠣᠯᠳᠠᠨ᠎ᠠ ᠴᠢ

ᠪᠣᠯᠳᠠᠭᠠᠤᠨ ᠪᠣᠯᠳᠠᠭᠠᠤᠨ ᠶᠠᠭᠠᠭᠢᠬᠤ ᠪᠣᠢ ᠳ᠋ᠠ ᠭᠦ᠋

ᠪᠣᠯᠭᠢᠯᠠᠬᠤ ᠵᠢᠷᠦᠭᠡ ᠨᠢ ᠭᠠᠭᠴᠠᠬᠠᠨ ᠰᠢᠤ ᠳ᠋ᠠ

 

ᠠᠩᠭᠢᠷ ᠨᠠᠮᠤᠷ ᠤᠨ ᠭᠤᠷᠪᠠᠨ ᠰᠠᠷ᠎ᠠ ᠳᠠᠭᠠᠨ

ᠠᠷᠠᠤᠨ ᠤᠨ ᠳᠠᠭᠤᠤ ᠲᠡᠶ ᠤᠢ᠌ᠷᠠᠬᠠᠨ ᠶᠠᠪᠣᠯ᠎ᠠ ᠭᠦ᠋

ᠠᠯᠳᠠᠢ ᠬᠠᠩᠭ᠋ᠠᠢ ᠶᠢᠨ ᠳᠦᠰᠢᠭ᠌ ᠲᠡᠶ ᠴᠢᠮᠢ᠋ᠢ ᠪᠠᠨ

ᠠᠶᠠᠰ ᠠᠶᠠᠰᠬᠠᠨ ᠮᠦᠷᠦᠭᠡᠳᠤᠨ ᠰᠠᠭᠤᠨ᠎ᠠ ᠪᠢ

ᠮᠦᠷᠦᠭᠡᠳᠤᠨ ᠮᠦᠷᠦᠭᠡᠳᠤᠨ ᠭᠦᠯᠢᠶᠡᠨ᠎ᠡ ᠪᠢ

ᠮᠥᠤᠳᠦᠭᠡᠨ ᠮᠥᠦᠡᠳᠦᠭᠡᠨ ᠢᠷᠠᠨ᠎ᠠ ᠴᠢ

ᠪᠣᠯᠭᠢᠯᠠᠭᠠᠤᠨ ᠪᠣᠯᠭᠢᠯᠠᠭᠠᠤᠨ ᠶᠠᠭᠠᠭᠢᠯᠳᠠᠢ ᠪᠣᠢ

ᠪᠣᠠᠳᠠᠨ ᠵᠢᠷᠦᠭᠡ ᠮᠢᠨᠢ ᠭᠠᠭᠴᠠᠬᠠᠨ ᠰᠢᠤ

 

ᠥᠩᠭᠡᠯᠢᠭ᠌ ᠡᠪᠦᠯ ᠤᠨ ᠭᠤᠷᠪᠠᠨ ᠰᠠᠷ᠎ᠠ ᠳᠠᠭᠠᠨ

ᠡᠪᠦᠯᠵᠢᠶᠡᠨ ᠤ ᠠᠢ᠌ᠯ ᠶᠢᠡᠷ ᠭᠠᠯᠭᠢᠭᠤᠯᠵᠤ ᠶᠠᠪᠣᠯ᠎ᠠ ᠭᠦ᠋

ᠮᠥᠩᠭᠦᠨ ᠴᠠᠭᠠᠨ ᠬᠤᠰᠤ ᠰᠢᠭ ᠴᠢᠮᠢ᠋ᠢ ᠪᠠᠨ

ᠮᠦᠷᠦᠭᠡᠳᠤᠨ ᠮᠦᠷᠦᠭᠡᠳᠤᠨ ᠬᠠᠷᠠᠭᠤᠯᠳᠠᠵᠤ ᠶᠠᠪᠣᠯ᠎ᠠ ᠭᠦ᠋

ᠮᠦᠷᠦᠭᠡᠳᠤᠨ ᠮᠦᠷᠦᠭᠡᠳᠤᠨ ᠬᠠᠷᠠᠭᠤᠯᠳᠠᠨ᠎ᠠ ᠪᠢ

ᠮᠦᠷᠭᠦᠯᠳᠤᠨ ᠮᠦᠷᠭᠦᠯᠳᠤᠨ ᠪᠣᠯᠳᠠᠨ᠎ᠠ ᠴᠢ

ᠪᠣᠯᠳᠠᠭᠠᠤᠨ ᠪᠣᠯᠳᠠᠭᠠᠤᠨ ᠶᠠᠭᠠᠭᠢᠬᠤ ᠪᠣᠢ ᠳ᠋ᠠ ᠭᠦ᠋

ᠪᠣᠯᠭᠢᠯᠠᠬᠤ ᠵᠢᠷᠦᠭᠡ ᠮᠢᠨᠢ ᠭᠠᠭᠴᠠᠬᠠᠨ ᠰᠢᠤ ᠳ᠋ᠠ

 

ᠬᠠᠢ᠌ᠯᠭᠠᠨ ᠬᠠᠪᠣᠷ ᠤᠨ ᠭᠤᠷᠪᠠᠨ ᠰᠠᠷ᠎ᠠ ᠳᠠᠭᠠᠨ

ᠬᠠᠢ᠌ᠷ᠎ᠠ ᠶᠢᠨ ᠳᠠᠭᠤᠤ ᠪᠠᠨ ᠳᠠᠭᠤᠯᠠᠵᠤ ᠰᠠᠭᠤᠨ᠎ᠠ ᠳ᠋ᠠ ᠪᠢ

ᠬᠠᠨ ᠠᠭᠤᠯᠠ ᠰᠢᠭ ᠨᠦᠮᠦᠷᠢ ᠲᠡᠶ ᠴᠢᠮᠢ᠋ᠢ ᠪᠠᠨ

ᠬᠠᠷᠭᠤᠢ ᠰᠢᠷᠳᠠᠨ ᠬᠠᠷᠠᠭᠤᠯᠳᠠᠨ ᠰᠠᠭᠤᠨ᠎ᠠ ᠪᠢ

ᠬᠠᠷᠠᠭᠤᠯᠳᠠᠨ ᠬᠠᠷᠠᠭᠤᠯᠳᠠᠨ ᠭᠦᠯᠢᠶᠡᠨ᠎ᠡ ᠪᠢ

ᠬᠠᠳᠠᠷᠢᠭᠤᠯᠤᠨ ᠬᠠᠳᠠᠷᠢᠭᠤᠯᠤᠨ ᠢᠷᠠᠨ᠎ᠠ ᠴᠢ

ᠪᠣᠯᠭᠢᠯᠠᠭᠠᠤᠨ ᠪᠣᠯᠭᠢᠯᠠᠭᠠᠤᠨ ᠶᠠᠭᠠᠭᠢᠯᠳᠠᠢ ᠪᠣᠢ

ᠪᠣᠠᠳᠠᠨ ᠵᠢᠷᠦᠭᠡ ᠮᠢᠨᠢ ᠭᠠᠭᠴᠠᠬᠠᠨ ᠰᠢᠤ ᠳ᠋ᠠ

 

ᠳᠦᠷᠪᠠᠨ ᠣᠯᠠᠷᠢᠯ ᠤᠨ ᠭᠤᠷᠪᠠᠨ ᠰᠠᠷ᠎ᠠ ᠣᠷᠤᠭᠤ

ᠳᠡᠭᠦᠯᠢᠨ ᠨᠢᠰᠴᠤ ᠥᠩᠭᠡᠷᠡᠯ᠎ᠡ ᠳ᠋ᠠ

ᠳᠦᠷᠦᠭᠡᠨ ᠰᠡᠳᠭᠢᠯ ᠨᠠᠢ᠌ᠯᠠᠨ ᠴᠢᠮᠢ᠋ᠢ ᠪᠠᠨ

ᠳᠦᠭᠦᠷᠡᠩ ᠳᠡᠷᠭᠡᠯ ᠵᠢᠷᠭᠠᠵᠤ ᠰᠠᠭᠤᠶ᠎ᠠ ᠳ᠋ᠠ ᠭᠦ᠋

ᠢᠳᠡᠭᠡᠨ ᠢᠳᠡᠭᠡᠨ ᠭᠦᠯᠢᠶᠡᠨ᠎ᠡ ᠭᠦ᠋

ᠢᠷᠠᠨ ᠣᠭᠳᠤᠨ ᠠᠭᠤᠯᠵᠠᠨ᠎ᠠ ᠪᠢᠳᠠ

ᠰᠡᠳᠭᠢᠯ ᠰᠡᠳᠭᠢᠯ ᠨᠠᠢ᠌ᠯᠠᠨ᠎ᠠ ᠳ᠋ᠠ ᠭᠦ᠋

ᠰᠦᠮᠪᠦᠷᠤ ᠵᠠᠶᠠᠭ᠎ᠠ ᠭᠠᠭᠴᠠᠬᠠᠨ ᠰᠢᠤ ᠳ᠋ᠠ

ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ