ᠵᠠᠶᠠᠭᠠᠨ ᠤ ᠬᠠᠢ᠌ᠷᠠᠲᠤ

ᠤᠷᠠᠯᠢᠭᠴᠢᠨ᠄ ᠭᠡᠭᠡᠨᠵᠤᠯᠠ

ᠦᠭᠡ᠄ ᠭᠡᠭᠡᠨᠵᠤᠯᠠ

ᠠᠶ᠎ᠠ᠄ ᠬᠤᠩ ᠰᠢᠩ᠂ ᠭᠡᠭᠡᠨᠵᠤᠯᠠ

ᠴᠤᠮᠤᠭ ᠤᠨ ᠬᠠᠷᠢᠶ᠎ᠠ᠄ ᠵᠠᠶᠠᠭᠠᠨ ᠤ ᠬᠠᠢ᠌ᠷᠠᠲᠤ

ᠤᠷᠠᠯᠢᠭ ᠤᠨ ᠬᠤᠪᠢᠶᠠᠷᠢ᠄ ᠵᠤᠬᠢᠶᠠᠯ ᠤᠨ ᠳᠠᠭᠤᠤᠤᠶᠠᠩᠭ᠎ᠠ ᠶᠢᠨ ᠳᠠᠭᠤᠤ

ᠢᠷᠡᠯᠲᠡ᠄ ᠭᠡᠭᠡᠨᠵᠤᠯᠠ

ᠴᠠᠭ᠄ 2015 ᠤᠨ ᠤ 11 ᠰᠠᠷ᠎ᠠ ᠶᠢᠨ 14

ᠳᠠᠷᠤᠮ᠄ 11125

ᠠᠭᠤᠵᠢᠮ ᠬᠤᠷᠣ᠎ᠠ ᠶᠢᠨ ᠳᠠᠷᠳᠠᠩ ᠵᠠᠮ ᠢ

ᠤᠬᠠᠭ᠎ᠠ ᠲᠦᠬᠦᠭᠡ ᠦᠭᠡᠢ ᠦᠩᠭᠡᠷᠡᠭᠦᠯᠵᠦ ᠢᠷᠡᠯ᠎ᠡ

ᠤᠴᠢᠷ ᠲᠠᠢ ᠲᠠᠨᠢᠯᠴᠠᠭᠰᠠᠨ ᠬᠤᠩᠭᠤᠷ ᠴᠢᠮᠠᠢᠢ ᠪᠠᠨ

ᠠᠭᠤᠰᠬᠢ ᠵᠢᠷᠦᠬᠡᠨ ᠳᠡᠭᠡᠨ ᠬᠠᠢ᠌ᠷᠠᠯᠠᠶ᠎ᠠ ᠳ᠋ᠠ

    ᠠᠮᠢᠳᠤᠷᠠᠯ ᠤᠨ ᠡᠨᠡᠬᠡᠨ ᠴᠢᠯᠦᠭᠡᠨ ᠳᠤ ᠪᠠᠨ

    ᠠᠯᠢᠶᠠᠷᠬᠠᠵᠤ ᠬᠤᠶᠠᠭᠤᠯᠠ ᠪᠠᠨ ᠢᠨᠠᠭᠯᠠᠶ᠎ᠠ

    ᠠᠮᠢᠳᠤ ᠶᠢᠨ ᠮᠦᠩᠬᠡ ᠬᠠᠢ᠌ᠷᠬᠠᠨ ᠳᠠᠭᠠᠨ

    ᠠᠮᠠᠷᠠᠭ ᠬᠤᠶᠠᠭᠤᠯᠠ ᠪᠠᠨ ᠵᠢᠷᠭᠠᠶ᠎ᠠ ᠳ᠋ᠠ

ᠬᠠᠨ ᠳᠡᠯᠡᠬᠡᠢ ᠶᠢᠨ ᠬᠠᠨᠠᠭᠠᠷ ᠵᠠᠢ ᠶᠢ

ᠬᠠᠰᠢ ᠶᠠᠰᠢ ᠲᠠᠢ ᠦᠳᠡᠭᠰᠡᠭᠡᠷ ᠢᠷᠡᠯ᠎ᠡ

ᠬᠠᠢ᠌ᠷ᠎ᠠ ᠲᠠᠢ ᠳᠠᠰᠤᠭᠰᠠᠨ ᠠᠮᠠᠷᠠᠭ ᠴᠢᠮᠠᠢᠢ ᠪᠠᠨ

ᠬᠠᠯᠠᠭᠤᠨ ᠬᠠᠢ᠌ᠷᠠᠨ ᠳᠤ ᠪᠠᠨ ᠮᠦᠩᠬᠡᠷᠡᠭᠡᠶ᠎ᠡ

    ᠵᠠᠯᠠᠭᠤ ᠰᠠᠢ᠌ᠬᠠᠨ ᠡᠨᠡ ᠯᠠ ᠨᠠᠰᠤᠨ ᠳᠠᠭᠠᠨ

    ᠵᠢᠷᠭᠠᠵᠤ ᠴᠡᠩᠭᠡᠵᠦ ᠠᠮᠠᠷᠠᠭᠯᠠᠶ᠎ᠠ

    ᠵᠠᠶᠠᠭᠠᠨ ᠤ ᠬᠠᠢ᠌ᠷᠠᠲᠤ ᠴᠢᠮ᠎ᠠ ᠲᠠᠢ ᠪᠠᠨ

ᠵᠠᠪᠠᠯ ᠬᠤᠤᠰᠯᠠᠨ ᠠᠮᠢᠳᠤᠷᠠᠶ᠎ᠠ