ᠢᠲᠡᠭᠡᠯ ᠦᠨ ᠭᠡᠷᠡᠯ ᠲᠡᠢ ᠠᠮᠠᠷᠠᠭ

ᠳᠠᠭᠤᠴᠢᠨ᠄ ᠪᠦᠬᠦ ᠤᠳᠤᠳ
ᠦᠭᠡ᠄ ᠯ·ᠡᠷᠳᠡᠨᠢᠸᠴᠢᠷ
ᠠᠶ᠎ᠠ᠄ ᠭᠡ᠊·ᠪᠠᠲᠤᠬᠤᠶᠠᠭ
ᠴᠤᠮᠤᠭ ᠤᠨ ᠬᠠᠷᠢᠶ᠎ᠠ᠄ ᠬᠠᠢᠷ᠎ᠠ ᠳᠤᠷᠠᠯᠠᠯ ᠤᠨ
ᠤᠷᠠᠯᠢᠭ ᠤᠨ ᠬᠤᠪᠢᠶᠠᠷᠢ᠄ ᠵᠤᠬᠢᠶᠠᠯ ᠤᠨ ᠳᠠᠭᠤᠤᠤᠶᠠᠩᠭ᠎ᠠ ᠶᠢᠨ ᠳᠠᠭᠤᠤ
ᠳᠠᠷᠤᠮ᠄ 29188
ᠴᠠᠭ᠄ 2007 ᠤᠨ ᠤ 05 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠠᠦ᠋ᠳᠢᠤ᠋ ᠪᠢᠴᠢᠯᠭᠡ ᠲᠠᠢ (ᠡ᠊ᠨᠳᠡ ᠡᠴᠡ ᠬᠤᠯᠪᠤᠭᠳᠠᠭᠠᠷᠠᠢ)

(ᠷ·ᠳᠡᠯᠭᠡᠷᠮ᠎ᠠ ᠳᠠᠭᠤᠯᠠᠪᠠ)

 

ᠪᠣᠳᠤᠯ ᠤᠨ ᠰᠠᠯᠭᠢ ᠰᠠᠪᠠᠯᠵᠠᠵᠤ ᠬᠤᠩᠭ᠋ᠤᠷ ᠴᠢᠮ᠎ᠠ ᠳᠠᠭᠠᠨ ᠶᠠᠭᠠᠷᠠᠭᠰᠠᠨ

ᠪᠣᠷᠤᠭ᠎ᠠ ᠲᠡᠶ ᠦᠳᠡᠰᠢ ᠤᠳ ᠡᠩᠭᠡᠷ ᠴᠡᠭᠡᠵᠢᠨ ᠳᠤ ᠵᠢᠷᠭᠠᠯ ᠤᠨ ᠳᠤᠶᠠᠭ᠎ᠠ ᠲᠡᠶ

ᠠᠯᠳᠠᠭᠤᠷᠠᠭᠰᠠᠨ ᠣᠨᠠᠭ᠎ᠠ ᠰᠢᠭ ᠰᠠᠷ᠎ᠠ ᠵᠢᠯ ᠤᠳ ᠴᠠᠭᠢᠯᠠᠨ ᠴᠠᠭᠢᠯᠠᠨ ᠣᠳᠤᠭᠠᠤᠨ

ᠠᠮᠢᠳᠤᠷᠠᠯ ᠪᠦᠷᠢ ᠨᠢ ᠳᠤᠯᠭᠢᠰᠤᠷᠠᠨ ᠪᠠᠢ᠌ᠨ᠎ᠠ ᠳ᠋ᠠ᠂ ᠠᠮᠠᠷᠠᠭ ᠮᠢᠨᠢ ᠳ᠋ᠠ

        ᠰᠡᠳᠭᠢᠯ ᠤᠨ ᠰᠥ᠋ ᠮᠢᠨᠢ ᠴᠢᠮ᠎ᠠ ᠣᠷᠤᠭᠤ ᠣᠷᠤᠰᠬᠤ ᠶᠤᠮ ᠳ᠋ᠠ

        ᠢᠳᠡᠭᠡᠯ ᠤᠨ ᠭᠡᠷᠡᠯ ᠲᠡᠶ ᠠᠮᠠᠷᠠᠭ ᠴᠢᠮ᠎ᠠ ᠳᠠᠭᠠᠨ ᠪᠢ ᠬᠠᠢ᠌ᠷᠠᠳᠠᠢ

 

ᠣᠷᠤᠭᠤᠯ ᠤᠨ ᠪᠠᠯ ᠳᠤ ᠰᠤᠭᠳᠤᠵᠤ ᠴᠢᠨᠤᠭᠢ ᠪᠠᠨ ᠭᠦᠵᠦᠭᠦᠨ ᠳᠤ ᠡᠷᠭᠡᠯᠡᠭ᠍ᠰᠡᠨ

ᠣᠯᠠᠷᠢᠯ ᠤᠨ ᠰᠠᠢ᠌ᠬᠠᠨ ᠬᠤᠷᠸ᠎ᠠ ᠶᠢᠨ ᠡᠳᠦᠷ ᠪᠦᠭᠦᠨ ᠴᠡᠩᠭᠡᠯ ᠲᠡᠶ

ᠬᠠᠷᠠᠢᠨ ᠤᠳᠬᠤ ᠰᠢᠭ ᠰᠠᠷ᠎ᠠ ᠵᠢᠯ ᠤᠳ ᠳᠡᠭ᠍ᠳᠡᠨ ᠳᠡᠭ᠍ᠳᠡᠨ ᠬᠤᠯᠠᠳᠠᠪᠠᠴᠤ

ᠬᠠᠢ᠌ᠷ᠎ᠠ ᠶᠢᠨ ᠰᠢᠪᠠᠭᠤᠳ ᠴᠢᠮ᠎ᠠ ᠳᠠᠭᠠᠨ ᠢᠷᠠᠨ᠎ᠠ ᠳ᠋ᠠ᠂ ᠠᠮᠠᠷᠠᠭ ᠮᠢᠨᠢ ᠳ᠋ᠠ

        ᠰᠡᠳᠭᠢᠯ ᠤᠨ ᠰᠥ᠋ ᠮᠢᠨᠢ ᠴᠢᠮ᠎ᠠ ᠣᠷᠤᠭᠤ ᠣᠷᠤᠰᠬᠤ ᠶᠤᠮ ᠳ᠋ᠠ

        ᠢᠳᠡᠭᠡᠯ ᠤᠨ ᠭᠡᠷᠡᠯ ᠲᠡᠶ ᠠᠮᠠᠷᠠᠭ ᠴᠢᠮ᠎ᠠ ᠳᠠᠭᠠᠨ ᠪᠢ ᠬᠠᠢ᠌ᠷᠠᠳᠠᠢ

 

ᠣᠴᠠᠷᠠᠯ ᠤᠨ ᠰᠠᠢ᠌ᠬᠠᠨ ᠳᠤ ᠳᠤᠭᠳᠤᠯᠵᠤ ᠣᠳᠤᠳ ᠢ ᠭᠡᠯᠭᠢᠵᠤ ᠡᠷᠢᠳᠡᠭ

ᠣᠶᠠᠷᠠᠨ ᠭᠡᠭᠡᠯᠵᠡᠭᠦ ᠴᠢ ᠮᠢᠨᠢ ᠭᠡᠭᠡᠨ ᠳᠡᠭ᠍ᠷᠢ ᠲᠡᠶ ᠭᠦᠮᠤᠨ ᠳ᠋ᠠ

ᠡᠷᠭᠢᠨ ᠪᠣᠴᠠᠬᠤ ᠰᠠᠷ᠎ᠠ ᠵᠢᠯ ᠤᠳ ᠨᠢᠰᠤᠨ ᠨᠢᠰᠤᠨ ᠬᠤᠯᠠᠳᠪᠠᠴᠤ

ᠡᠨᠡᠭᠡᠨ ᠳᠠᠪᠢᠯᠠᠩ ᠨᠠᠰᠤᠨ ᠮᠥᠩᠭᠡ ᠶᠢᠨ ᠬᠠᠢ᠌ᠷ᠎ᠠ ᠳ᠋ᠠ᠂ ᠠᠮᠠᠷᠠᠭ ᠮᠢᠨᠢ ᠳ᠋ᠠ

        ᠰᠡᠳᠭᠢᠯ ᠤᠨ ᠰᠥ᠋ ᠮᠢᠨᠢ ᠴᠢᠮ᠎ᠠ ᠣᠷᠤᠭᠤ ᠣᠷᠤᠰᠬᠤ ᠶᠤᠮ ᠳ᠋ᠠ

        ᠢᠳᠡᠭᠡᠯ ᠤᠨ ᠭᠡᠷᠡᠯ ᠲᠡᠶ ᠠᠮᠠᠷᠠᠭ ᠴᠢᠮ᠎ᠠ ᠳᠠᠭᠠᠨ ᠪᠢ ᠬᠠᠢ᠌ᠷᠠᠳᠠᠢ

ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ