ᠲᠣᠭᠳᠠᠬᠣ
ᠦᠭᠡ᠄
ᠠᠶ᠎ᠠ᠄
ᠴᠤᠮᠤᠭ ᠤᠨ ᠬᠠᠷᠢᠶ᠎ᠠ᠄ ᠸᠠᠨ ᠯᠢ
ᠳᠠᠭᠤᠤ ᠶᠢᠨ ᠬᠤᠪᠢᠶᠠᠷᠢ᠄ ᠠᠷᠠᠳ ᠤᠨ ᠳᠠᠭᠤᠤᠤᠶᠠᠩᠭ᠎ᠠ ᠶᠢᠨ ᠳᠠᠭᠤᠤ
ᠢᠷᠡᠯᠲᠡ᠄ ᠠᠮᠢᠨ
ᠳᠠᠷᠤᠮ᠄ 8381

ᠲᠤᠭᠤᠷ ᠤᠨ ᠭᠤᠤᠯ ᠤᠨ ᠵᠢᠭᠠᠰᠤ ᠴᠢᠨᠢ ᠬᠡᠳᠦᠢ ᠠᠷᠪᠢᠨ ᠪᠠᠢ᠌ᠪᠠᠴᠤ

ᠲᠤᠭᠤᠷᠤᠤ ᠰᠢᠪᠠᠭᠤᠨ ᠳᠠᠭᠠᠨ ᠢᠳᠡᠭᠳᠡᠭᠰᠡᠭᠡᠷ ᠲᠠᠭᠤᠰᠴᠠᠢ

ᠲᠤᠤ ᠨᠠᠨ ᠹᠦ᠋ ᠶᠢᠨ ᠴᠡᠷᠢᠭ᠌ ᠴᠢᠨᠢ ᠬᠡᠳᠦᠢ ᠠᠷᠪᠢᠨ ᠪᠤᠯᠪᠠᠴᠤ

ᠲᠠᠢ᠌ᠵᠢ ᠶᠢᠨ ᠲᠤᠭᠳᠠᠬᠤ ᠳᠤ ᠠᠯᠠᠭᠳᠠᠭᠰᠠᠭᠠᠷ ᠪᠠᠷᠠᠭᠳᠠᠭᠠᠳ ᠲᠠᠭᠤᠰᠴᠠᠢ

 

ᠱᠠᠩᠳᠤ ᠶᠢᠨ ᠭᠤᠤᠯ ᠤᠨ ᠵᠢᠭᠠᠰᠤ ᠴᠢᠨᠢ ᠬᠡᠳᠦᠢ ᠠᠷᠪᠢᠨ ᠪᠠᠢ᠌ᠪᠠᠴᠤ

ᠴᠠᠬᠤᠯᠠᠢ ᠰᠢᠪᠠᠭᠤᠨ ᠳᠠᠭᠠᠨ ᠢᠳᠡᠭᠳᠡᠭᠰᠡᠬᠡᠷ ᠲᠠᠭᠤᠰᠴᠠᠢ

ᠱᠠᠭᠠᠵᠠᠭᠠᠢ ᠬᠤᠳᠠ ᠶᠢᠨ ᠴᠡᠷᠢᠭ᠌ ᠴᠢᠨᠢ ᠬᠡᠳᠦᠢ ᠤᠯᠠᠨ ᠪᠤᠯᠪᠠᠴᠤ

ᠰᠢᠪᠡᠭᠡ ᠶᠢᠨ ᠲᠤᠭᠳᠠᠬᠤ ᠳᠤ ᠠᠯᠠᠭᠳᠠᠭᠰᠠᠭᠠᠷ ᠪᠠᠷᠠᠭᠳᠠᠭᠠᠳ ᠲᠠᠭᠤᠰᠴᠠᠢ

 

ᠮᠦᠩᠬᠦᠨ ᠤᠤ ᠬᠤᠨᠳᠠᠭᠠᠨ ᠳᠠᠭᠠᠨ ᠠᠷᠠᠵᠠ ᠶᠢᠨ ᠲᠡᠬᠡᠵᠢ ᠪᠠᠨ ᠬᠡᠮᠨᠡᠬᠡᠳ

ᠮᠦᠮᠦ ᠪᠤᠯᠤᠨ ᠠᠪᠤ ᠳᠠᠭᠠᠨ ᠮᠦᠷᠭᠦᠨ ᠮᠦᠷᠬᠦᠨ ᠲᠡᠪᠰᠢᠬᠦᠯᠵᠠᠢ

ᠮᠦᠩᠬᠡ ᠶᠢᠨ ᠠᠴᠢ ᠵᠢ ᠴᠢᠨᠢ ᠬᠠᠷᠢᠭᠤᠯᠵᠤ ᠴᠢᠳᠠᠬᠤ ᠦᠬᠡᠢ ᠦᠷ᠎ᠡ ᠴᠢᠨᠢ

ᠮᠦᠰᠦ ᠴᠠᠰᠤ ᠲᠠᠢ ᠰᠤᠯᠤᠩᠭ᠋᠎ᠠ ᠶᠢᠨ ᠠᠭᠤᠯᠠᠨ ᠳᠤ ᠦᠰᠢᠶᠡᠳᠡᠨ ᠢ ᠲᠠᠷᠤᠬᠤ ᠪᠡᠷ ᠮᠤᠷᠳᠠᠯ᠎ᠠ

 

ᠠᠯᠳᠠᠨ ᠤᠤ ᠬᠤᠨᠳᠠᠭᠠᠨ ᠳᠠᠭᠠᠨ ᠠᠷᠠᠵᠠᠨ ᠤ ᠲᠡᠬᠡᠵᠢ ᠪᠠᠨ ᠬᠡᠮᠨᠡᠬᠡᠳ

ᠠᠪᠤ ᠪᠤᠯᠤᠨ ᠮᠦᠮᠦ ᠳᠡᠭᠡᠨ ᠠᠶᠠᠭ᠎ᠠ ᠢᠢᠨ ᠲᠡᠬᠡᠵᠢ ᠪᠠᠨ ᠲᠡᠪᠰᠢᠬᠦᠯᠵᠠᠢ

ᠠᠯᠳᠠᠨ ᠠᠴᠢ ᠶᠢ ᠴᠢᠨᠢ ᠬᠠᠷᠢᠭᠤᠯᠵᠤ ᠴᠢᠳᠠᠬᠤ ᠦᠬᠡᠢ ᠦᠷ᠎ᠡ ᠴᠢᠨᠢ

ᠠᠭᠯᠠᠭ ᠦᠨᠳᠦᠷ ᠰᠤᠯᠤᠩᠭ᠎ᠠ ᠶᠢᠨ ᠠᠭᠤᠯᠠᠨ ᠳᠤ ᠠᠳᠠᠭᠠᠳᠠᠨ ᠢ ᠲᠠᠷᠤᠬᠤ ᠪᠡᠷ ᠮᠤᠷᠳᠠᠯ᠎ᠠ

ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃