ᠬᠠᠢ᠌ᠷᠠᠯᠠᠨ ᠳᠠᠭᠤᠯᠠᠮᠠᠷ ᠪᠠᠢ᠌ᠨ᠎ᠠ
(ᠳᠡᠯᠭᠡᠷᠮ᠎ᠠ᠂ ᠬᠡᠰᠢᠭᠪᠠᠶᠠᠷ᠂ ᠰᠠᠷᠠᠨᠲᠤᠶᠠᠭ᠎ᠠ ᠳᠠᠭᠤᠯᠠᠪᠠ)
ᠦᠨᠳᠦᠷ ᠳᠡᠭ᠍ᠷᠢ ᠡᠴᠡ ᠵᠠᠶᠠᠭᠠᠭᠰᠠᠨ ᠪᠣᠯᠬᠤᠷ ᠴᠢᠨᠢ
ᠦᠷᠯᠦᠭᠡᠨ ᠤ ᠨᠠᠷᠠ ᠶᠢ ᠳᠤᠰᠤᠨ ᠭᠦᠯᠢᠶᠡᠭᠦ ᠶᠤᠮ
ᠦᠷᠯᠦᠭᠡᠨ ᠤ ᠨᠠᠷᠠᠨ ᠭᠡᠷᠡᠯ ᠶᠢᠡᠷ ᠲᠡᠳᠬᠦᠨ
ᠦᠨᠢ ᠬᠤᠯᠠ ᠶᠢᠨ ᠴᠢᠮᠢ᠋ᠢ ᠢᠯᠡᠭᠡᠭᠦ ᠶᠤᠮ᠃
ᠨᠠᠮᠢ᠋ᠢ ᠳᠤᠷᠠᠰᠤᠭᠠᠤᠨ ᠳᠠᠭᠤᠯᠠᠳᠠᠭ ᠪᠣᠯᠬᠤᠷ ᠴᠢᠨᠢ
ᠴᠢᠮᠢ᠋ᠢ ᠪᠢ ᠬᠠᠢ᠌ᠷᠠᠯᠠᠨ ᠳᠠᠭᠤᠯᠠᠮᠠᠷ ᠪᠠᠢ᠌ᠨ᠎ᠠ
ᠭᠦᠷᠦᠰᠦᠳᠤ ᠣᠷᠴᠢᠯᠠᠩ ᠳᠤ ᠣᠨᠠᠭᠰᠠᠨ ᠪᠣᠯᠬᠤᠷ ᠴᠢᠨᠢ
ᠭᠦᠭᠯᠡᠭᠡᠷ ᠠᠭᠤᠯᠠᠰ ᠢ ᠰᠠᠷᠠᠪᠴᠢᠯᠠᠨ ᠰᠢᠷᠳᠡᠭᠦ ᠶᠤᠮ
ᠭᠦᠭᠯᠡᠭᠡᠷ ᠠᠭᠤᠯᠠᠰ ᠤᠨ ᠨᠦᠮᠦᠷᠢ ᠳᠤ ᠬᠤᠷᠭᠤᠳᠤᠭᠰᠠᠨ
ᠭᠦᠳᠡᠭᠢ ᠰᠠᠯᠭᠢ ᠶᠢᠡᠷ ᠴᠢᠮᠢ᠋ᠢ ᠢᠯᠡᠭᠡᠭᠦ ᠶᠤᠮ᠃
ᠳᠠᠭᠢᠯᠳᠠ
ᠠᠮᠠᠷᠠᠭ ᠰᠡᠳᠭᠢᠯ ᠳᠤ ᠣᠷᠭᠤᠭᠰᠠᠨ ᠪᠣᠯᠬᠤᠷ ᠴᠢᠨᠢ
ᠠᠮᠢᠨ ᠭᠤᠤᠯ ᠡᠴᠡ ᠬᠠᠢ᠌ᠷᠠᠯᠠᠨ ᠬᠠᠢ᠌ᠷᠠᠯᠠᠬᠤ ᠶᠤᠮ
ᠠᠮᠢᠨ ᠭᠤᠤᠯ ᠤᠨ ᠠᠮᠢᠰᠬᠤᠯ ᠠᠯᠳᠠᠷᠠᠨ
ᠠᠨᠢᠰᠬᠠᠨ ᠵᠡᠭᠦᠳᠡᠨ ᠳᠡᠭᠡᠨ ᠴᠢᠮ᠎ᠠ ᠲᠡᠶ ᠣᠴᠠᠷᠠᠬᠤ ᠶᠤᠮ᠃
ᠳᠠᠭᠢᠯᠳᠠ