ᠭᠧᠪᠡᠢ ᠬᠡᠦᠬᠡᠨ

ᠤᠷᠠᠯᠢᠭᠴᠢᠨ᠄ ᠭᠡᠭᠡᠨᠵᠤᠯᠠ

ᠦᠭᠡ᠄

ᠠᠶ᠎ᠠ᠄

ᠴᠤᠮᠤᠭ ᠤᠨ ᠬᠠᠷᠢᠶ᠎ᠠ᠄ ᠵᠠᠶᠠᠭᠠᠨ ᠤ ᠬᠠᠢ᠌ᠷᠠᠲᠤ

ᠤᠷᠠᠯᠢᠭ ᠤᠨ ᠬᠤᠪᠢᠶᠠᠷᠢ᠄ ᠠᠷᠠᠳ ᠤᠨ ᠳᠠᠭᠤᠤᠤᠶᠠᠩᠭ᠎ᠠ ᠶᠢᠨ ᠳᠠᠭᠤᠤ

ᠢᠷᠡᠯᠲᠡ᠄ ᠭᠡᠭᠡᠨᠵᠤᠯᠠ

ᠴᠠᠭ᠄ 2015 ᠤᠨ ᠤ 11 ᠰᠠᠷ᠎ᠠ ᠶᠢᠨ 14

ᠳᠠᠷᠤᠮ᠄ 7144

ᠡᠷᠳᠡᠨᠢ ᠠᠭᠤᠯᠠ ᠶᠢᠨ ᠶᠢᠠᠨ ᠡᠩᠭᠡᠷ ᠳᠡᠭᠡᠷ᠎ᠡ

ᠡᠷᠳᠡᠮᠲᠦ ᠯᠠᠮᠠ ᠶᠢᠨ ᠶᠢᠠᠨ ᠪᠢᠨᠵᠢᠶᠠᠨ ᠤ ᠭᠠᠵᠠᠷ ᠡ

ᠡᠪᠯᠢᠭ᠌ ᠲᠦᠷᠦᠭᠰᠡᠨ ᠭᠧᠪᠡᠢ ᠬᠡᠦᠬᠡᠨ

ᠡᠭᠵᠢᠭ ᠪᠠᠭᠠᠲᠤᠷ ᠤᠨ ᠡᠩᠭᠦᠷᠡᠢ ᠨᠦᠬᠦᠷ ᠡ

 

ᠪᠠᠶᠠᠨᠴᠠᠭᠠᠨ ᠠᠭᠤᠯᠠ ᠶᠢᠨ ᠶᠢᠠᠨ ᠪᠠᠷᠠᠭᠤᠨ ᠡᠮᠦᠨ᠎ᠡ

ᠪᠠᠳᠠᠷᠠᠯᠲᠤ ᠯᠠᠮᠠ ᠶᠢᠨ ᠶᠢᠠᠨ ᠪᠢᠨᠵᠢᠶᠠᠨ ᠤ ᠭᠠᠵᠠᠷ

ᠪᠠᠭᠠᠬᠠᠨ ᠲᠦᠷᠦᠭᠰᠡᠨ ᠭᠧᠪᠡᠢ ᠬᠡᠦᠬᠡᠨ ᠴᠢᠨᠢ

ᠪᠠᠭᠵᠢᠭ ᠪᠠᠭᠠᠲᠤᠷ ᠤᠨ ᠪᠠᠭ᠎ᠠ ᠶᠢᠨ ᠨᠦᠬᠦᠷ ᠡ

 

ᠬᠦᠯᠯᠡᠭᠡᠳ ᠶᠠᠪᠤᠬᠤ ᠦᠭᠡᠢ ᠬᠦᠷᠡᠩ ᠦᠬᠡᠷ ᠢ ᠴᠢᠨᠢ

ᠬᠦᠷᠢᠶᠡᠨ ᠤ ᠮᠠᠢ᠌ᠮᠠᠢ ᠳᠠᠭᠠᠨ ᠬᠤᠳᠠᠯᠳᠤᠭᠠᠳ ᠦᠭ᠍ᠭᠦᠶ᠎ᠡ

ᠬᠦᠦ ᠳᠤ ᠮᠢᠨᠢ ᠦᠭ᠍ᠬᠦ ᠦᠭᠡᠢ ᠭᠧᠪᠡᠢ ᠬᠡᠦᠬᠡᠨ ᠢ ᠴᠢᠨᠢ

ᠬᠦᠨᠳᠡᠯᠡᠨ ᠬᠤᠰᠢᠭᠤᠨ ᠳᠤ ᠪᠠᠨ ᠮᠠᠨᠳᠤᠭᠤᠯᠵᠤ ᠳᠠᠯᠪᠢᠶ᠎ᠠ

 

ᠠᠷᠠᠯᠳᠤᠭᠠᠳ ᠶᠠᠪᠤᠬᠤ ᠦᠭᠡᠢ ᠠᠯᠠᠭ ᠦᠬᠡᠷ ᠢ ᠴᠢᠨᠢ

ᠠᠷᠠᠯᠵᠢᠶ᠎ᠠ ᠮᠠᠢ᠌ᠮᠠᠢ ᠳᠤ ᠪᠠᠨ ᠬᠤᠳᠠᠯᠳᠤᠭᠠᠳ ᠦᠭ᠍ᠭᠦᠶ᠎ᠡ

ᠠᠩᠭ᠎ᠠ ᠳᠤ ᠮᠢᠨᠢ ᠦᠭ᠍ᠬᠦ ᠦᠭᠡᠢ ᠭᠧᠪᠡᠢ ᠬᠡᠦᠬᠡᠨ ᠢ ᠴᠢᠨᠢ

ᠠᠷᠪᠠᠨ ᠰᠤᠮᠤ ᠭᠤᠷᠪᠠᠨ ᠭᠤᠤᠯ ᠳᠤ ᠪᠠᠨ ᠮᠠᠨᠳᠤᠭᠤᠯᠵᠤ ᠳᠠᠯᠪᠢᠶ᠎ᠠ ᠦᠭ᠍ᠭᠦᠶ᠎ᠡ