(ᠪᠤᠯᠤᠳ᠂ ᠤᠶᠤᠨᠰᠦ᠋ᠷᠦᠩ ᠬᠠᠮᠲᠤᠷᠠᠨ ᠳᠠᠭᠤᠯᠠᠪᠠ)
《ᠪᠢ ᠴᠢᠮ᠎ᠠ ᠳᠤ ᠬᠠᠢᠷᠠᠲᠠᠢ》ᠺᠢᠨᠤ᠋ ᠶᠢᠨ ᠳᠠᠭᠤᠤ
ᠠᠷᠢᠭᠤᠨ ᠠᠷᠢᠭᠤᠨ ᠭᠡᠭᠦ ᠳᠤ
ᠠᠩᠬᠠᠨ ᠤ ᠬᠠᠢ᠌ᠷ᠎ᠠ ᠰᠢᠭ ᠠᠷᠢᠭᠤᠬᠠᠨ ᠨᠢ ᠬᠠᠮᠢᠭ᠎ᠠ ᠪᠠᠢ᠌ᠨ᠎ᠠ
ᠬᠠᠢ᠌ᠷᠠᠯᠠᠨ ᠬᠠᠢᠷᠠᠯᠠᠬᠤ ᠦᠭᠡᠶ ᠶᠤᠮ ᠪᠣᠯ
ᠬᠠᠯᠠᠭᠤᠨ ᠵᠤᠨ ᠶᠢᠡᠷ ᠴᠤ ᠬᠠᠢ᠌ᠷ᠎ᠠ ᠶᠢᠨ ᠴᠡᠴᠡᠭ᠌ ᠬᠠᠭᠳᠠᠷᠠᠳᠠᠭ ᠶᠤᠮ ᠰᠢᠤ
ᠠᠭᠢᠭᠠᠤᠨ ᠭᠡᠵᠢᠶ᠎ᠡ ᠴᠤ ᠡᠷᠭᠢᠭᠦ ᠦᠭᠡᠶ
ᠠᠯᠳᠠᠷᠠᠢ᠌ᠬᠠᠨ ᠬᠤᠩᠭ᠋ᠤᠷ ᠨᠠᠰᠤ ᠮᠢᠨᠢ ᠡ
ᠠᠮᠢᠳᠤᠷᠠᠯ ᠳᠤ ᠬᠤᠶᠠᠷ ᠵᠠᠶᠠᠭᠠᠬᠤ ᠦᠭᠡᠶ
ᠠᠩᠬᠠᠨ ᠤ ᠬᠠᠢ᠌ᠷ᠎ᠠ ᠮᠢᠨᠢ ᠡ᠂ ᠬᠠᠢ᠌ᠷ᠎ᠠ ᠮᠢᠨᠢ᠂ ᠠᠩᠬᠠᠨ ᠤ ᠬᠠᠢ᠌ᠷ᠎ᠠ ᠮᠢᠨᠢ
ᠡᠮᠵᠡᠭ᠌ ᠡᠮᠵᠡᠭ᠌ ᠭᠡᠭᠦ ᠳᠤ
ᠠᠩᠬᠠᠨ ᠤ ᠬᠠᠢ᠌ᠷ᠎ᠠ ᠰᠢᠭ ᠡᠮᠵᠡᠭ᠍ᠭᠡᠨ ᠨᠢ ᠬᠠᠮᠢᠭ᠎ᠠ ᠪᠠᠢ᠌ᠨ᠎ᠠ
ᠡᠡᠭ᠍ᠭᠦᠷᠡᠢᠯᠡᠵᠤ ᠡᠡᠭ᠍ᠭᠦᠷᠡᠢᠯᠡᠭᠦ ᠶᠤᠮ ᠪᠣᠯ
ᠬᠠᠢᠷ᠎ᠠ ᠡᠪᠯᠡᠷᠡᠵᠦ ᠬᠠᠢ᠌ᠷ᠎ᠠ ᠶᠢᠨ ᠴᠡᠴᠡᠭ᠌ ᠳᠡᠯᠪᠢᠯᠡᠳᠡᠭ᠌ ᠶᠤᠮ ᠰᠢᠤ
ᠠᠭᠢᠭᠠᠤᠨ ᠭᠡᠵᠢᠶ᠎ᠡ ᠴᠤ ᠡᠷᠭᠢᠭᠦ ᠦᠭᠡᠶ
ᠠᠯᠳᠠᠷᠠᠢ᠌ᠬᠠᠨ ᠬᠤᠩᠭ᠋ᠤᠷ ᠨᠠᠰᠤ ᠮᠢᠨᠢ ᠡ
ᠠᠮᠢᠳᠤᠷᠠᠯ ᠳᠤ ᠬᠤᠶᠠᠷ ᠵᠠᠶᠠᠭᠠᠬᠤ ᠦᠭᠡᠶ
ᠠᠩᠬᠠᠨ ᠤ ᠬᠠᠢ᠌ᠷ᠎ᠠ ᠮᠢᠨᠢ ᠡ᠂ ᠬᠠᠢ᠌ᠷ᠎ᠠ ᠮᠢᠨᠢ᠂ ᠠᠩᠬᠠᠨ ᠤ ᠬᠠᠢ᠌ᠷ᠎ᠠ ᠮᠢᠨᠢ
ᠡᠭᠦᠷᠢᠳᠡ ᠶᠢᠨ ᠡᠭᠦᠷᠢᠳᠡ ᠶᠢᠨ ᠭᠡᠭᠦ ᠳᠤ
ᠠᠩᠬᠠᠨ ᠤ ᠬᠠᠢ᠌ᠷ᠎ᠠ ᠰᠢᠭ ᠡᠭᠦᠷᠢᠳᠡ ᠶᠢᠨ ᠨᠢ ᠬᠠᠮᠢᠭ᠎ᠠ ᠪᠠᠢ᠌ᠨ᠎ᠠ
ᠨᠠᠷᠠᠳᠤ ᠳᠤ ᠨᠠᠩᠳᠢᠩᠨᠠᠬᠤ ᠶᠤᠮ ᠪᠣᠯ
ᠨᠠᠰᠤᠨ ᠤ ᠡᠩᠭᠡᠷ ᠲᠤ ᠴᠤ ᠬᠠᠢ᠌ᠷ᠎ᠠ ᠶᠢᠨ ᠴᠡᠴᠡᠭ᠌ ᠮᠥᠩᠭᠡᠷᠡᠳᠡᠭ᠌ ᠶᠤᠮ ᠰᠢᠤ
ᠠᠭᠢᠭᠠᠤᠨ ᠭᠡᠵᠢᠶ᠎ᠡ ᠴᠤ ᠡᠷᠭᠢᠭᠦ ᠦᠭᠡᠶ
ᠠᠯᠳᠠᠷᠠᠢ᠌ᠬᠠᠨ ᠬᠤᠩᠭ᠋ᠤᠷ ᠨᠠᠰᠤ ᠮᠢᠨᠢ ᠡ
ᠠᠮᠢᠳᠤᠷᠠᠯ ᠳᠤ ᠬᠤᠶᠠᠷ ᠵᠠᠶᠠᠭᠠᠬᠤ ᠦᠭᠡᠶ
ᠠᠩᠬᠠᠨ ᠤ ᠬᠠᠢ᠌ᠷ᠎ᠠ ᠮᠢᠨᠢ ᠡ᠂ ᠬᠠᠢ᠌ᠷ᠎ᠠ ᠮᠢᠨᠢ᠂ ᠠᠩᠬᠠᠨ ᠤ ᠬᠠᠢ᠌ᠷ᠎ᠠ ᠮᠢᠨᠢ