ᠸᠨᠨ ᠯᠢ
ᠦᠭᠡ᠄
ᠠᠶ᠎ᠠ᠄
ᠴᠤᠮᠤᠭ ᠤᠨ ᠬᠠᠷᠢᠶ᠎ᠠ᠄ ᠸᠠᠨ ᠯᠢ
ᠳᠠᠭᠤᠤ ᠶᠢᠨ ᠬᠤᠪᠢᠶᠠᠷᠢ᠄ ᠠᠷᠠᠳ ᠤᠨ ᠳᠠᠭᠤᠤᠤᠶᠠᠩᠭ᠎ᠠ ᠶᠢᠨ ᠳᠠᠭᠤᠤ
ᠢᠷᠡᠯᠲᠡ᠄ ᠠᠮᠢᠨ
ᠳᠠᠷᠤᠮ᠄ 15648

ᠠᠩᠭ᠋᠎ᠠ ᠪᠠᠭ᠎ᠠ ᠸᠠᠨ ᠯᠢ ᠬᠡᠳᠡᠭ ᠴᠢᠨᠢ ᠠᠮᠠᠷ ᠦᠬᠡᠢ ᠰᠦᠨᠡᠰᠦ ᠡ

ᠠᠭᠠᠷ ᠲᠡᠭᠷᠢ ᠶᠢᠨ ᠭᠤᠷᠪᠠᠨ ᠲᠠᠬᠢᠨᠢ ᠶᠢᠨ ᠨᠢᠬᠡᠨ ᠬᠡᠨ᠎ᠡ ᠰᠢᠦ

ᠠᠩᠭ᠋᠎ᠠ ᠪᠠᠭ᠎ᠠ ᠸᠠᠨ ᠯᠢ ᠬᠤᠸᠠᠷ ᠤᠨ ᠪᠤᠶᠠᠨᠬᠡᠰᠢᠭ᠌  ᠳᠠ ᠯᠠᠮᠠ ᠨᠢ

ᠠᠷᠤ ᠬᠡᠢ᠌ᠳ ᠤᠨ ᠨᠠᠶᠠᠨ ᠨᠢᠬᠡᠨ ᠰᠢᠳᠦᠬᠡᠨ ᠤ ᠨᠢᠬᠡ ᠨᠢ ᠬᠡᠨ᠎ᠡ ᠰᠢᠦ

 

ᠠᠭᠵᠠᠭᠠᠷ ᠦᠨᠳᠦᠷ ᠠᠭᠤᠯᠠᠨ ᠤ ᠪᠠᠨ ᠲᠡᠭᠡᠷ᠎ᠡ ᠠᠭᠤᠢ ᠳ᠋ᠦ᠋ᠩ ᠶᠢᠠᠨ ᠪᠠᠷᠢᠵᠠᠢ

ᠠᠯᠳᠠᠨ ᠵᠤ᠋ ᠶᠢᠨ ᠪᠤᠶᠠᠨᠬᠡᠰᠢᠭ᠌ ᠮᠠᠮᠠ ᠨᠢ ᠲᠡᠬᠦᠨ ᠤ ᠲᠤᠳᠤᠷ᠎ᠠ ᠵᠠᠯᠠᠷᠠᠵᠠᠢ

ᠠᠷᠤ ᠦᠪᠦᠷ ᠤᠨ ᠠᠢ᠌ᠯ ᠶᠢᠠᠷ ᠶᠢᠠᠨ ᠰᠠᠷ᠎ᠠ ᠶᠢᠨ ᠨᠤᠮ ᠶᠢᠠᠨ ᠠᠢ᠌ᠯᠠᠳᠤᠭᠰᠠᠭᠠᠷ ᠪᠠᠢᠢᠭᠠᠳ

ᠠᠩᠭ᠋᠎ᠠ ᠪᠠᠭ᠎ᠠ ᠸᠠᠨ ᠯᠢ ᠬᠤᠶᠠᠷ ᠲᠠᠢ ᠠᠬᠤᠤ ᠲᠠᠪᠠᠭᠤ ᠪᠤᠯᠵᠠᠢ

 

ᠬᠠᠷ᠎ᠠ ᠦᠰᠦ ᠪᠠᠨ ᠬᠠᠭᠠᠯᠴᠢᠬᠠᠵᠠᠢ ᠬᠠᠪᠤᠯᠢᠭ ᠴᠤ ᠸᠠᠨ ᠯᠢ

ᠬᠠᠷ᠎ᠠ ᠲᠤᠷᠭ᠎ᠠ ᠪᠠᠨ ᠡᠮᠦᠰᠦᠬᠡᠳ ᠲᠡᠭᠡᠭ᠍ᠰᠡᠨ ᠵᠠᠰᠠᠯ ᠲᠠᠢ ᠴᠤ ᠸᠠᠨ ᠯᠢ

ᠬᠠᠭᠠᠯᠭᠠᠳᠤ ᠶᠢᠨ ᠰᠦᠮ᠎ᠡ ᠶᠢᠨ ᠪᠤᠶᠠᠨᠬᠡᠰᠢᠭ᠌ ᠦᠵᠡᠪᠡᠯ ᠬᠠᠬᠠᠵᠤ ᠤᠨᠠᠮᠠᠷ ᠸᠠᠨ ᠯᠢ

ᠬᠠᠮᠤᠭ ᠤᠯᠠᠨ ᠵᠠᠯᠠᠭᠤᠴᠤᠳ ᠨᠢ ᠦᠵᠡᠪᠡᠯ ᠬᠠᠷᠠᠯᠠᠮᠠᠷ ᠴᠤ ᠸᠠᠨ ᠯᠢ

 

ᠵᠠᠭᠠᠳᠠᠰᠤ ᠶᠢᠨ ᠦᠰᠦ ᠪᠠᠨ ᠵᠠᠰᠠᠴᠢᠬᠠᠵᠠᠢ ᠵᠠ ᠵᠠ ᠸᠠᠨ ᠯᠢ

ᠵᠢᠩᠳᠦᠸᠠᠨ ᠲᠤᠷᠭ᠎ᠠ ᠪᠠᠨ ᠡᠮᠦᠰᠦᠬᠡᠳ ᠲᠡᠭᠡ᠍ᠭ᠍ᠰᠡᠨ ᠵᠠᠰᠠᠯ ᠲᠠᠢ ᠴᠤ ᠸᠠᠨ ᠯᠢ

ᠵᠠᠬ᠎ᠠ ᠶᠢᠨ ᠰᠦᠮ᠎ᠡ ᠶᠢᠨ ᠪᠤᠶᠠᠨᠬᠡᠰᠢᠭ᠌ ᠦᠵᠡᠪᠡᠯ ᠵᠢᠭᠤᠷᠠᠭᠠᠳ ᠤᠨᠠᠮᠠᠷ ᠸᠠᠨ ᠯᠢ

ᠵᠡᠬᠦᠨ ᠬᠠᠴᠠᠷ ᠶᠢᠠᠨ ᠠᠪᠤᠭᠠᠳ ᠢᠷ᠎ᠡ ᠫᠤᠭ ᠫᠤᠭ ᠬᠡᠶ᠎ᠡ

 

ᠪᠠᠷᠠᠭᠤᠨ ᠠᠢ᠌ᠯ ᠶᠢᠠᠷ ᠲᠤᠭᠤᠷᠢᠭᠰᠠᠭᠠᠷ ᠮᠠᠮᠠ ᠪᠠᠯᠠ ᠰᠠᠷ᠎ᠠ ᠪᠤᠯᠵᠠᠢ

ᠪᠠᠷᠤᠭ ᠲᠠᠢ ᠪᠠᠷᠤᠭ ᠦᠬᠡᠢ ᠪᠡᠷᠢᠶᠠᠳ ᠢ ᠦᠵᠡᠬᠡᠳ ᠭᠤᠬᠠᠳᠠᠭᠰᠠᠨ ᠦᠬᠡᠢ ᠤᠤ ᠮᠠᠮᠠ

ᠪᠠᠭᠠᠬᠠᠨ ᠲᠦᠷᠦᠭᠰᠡᠨ ᠸᠠᠨ ᠯᠢ ᠨᠠᠮᠠᠶ᠋ᠢ ᠪᠠᠨ ᠰᠠᠨᠠᠬᠰᠠᠨ ᠦᠬᠡᠢ ᠤᠤ ᠮᠠᠮᠠ

ᠪᠠᠷᠠᠭᠤᠨ ᠬᠠᠴᠠᠷ ᠶᠢᠠᠨ ᠠᠪᠤᠭᠠᠳ ᠢᠷ᠎ᠡ ᠫᠤᠭ ᠫᠤᠭ ᠬᠡᠶ᠎ᠡ

ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃