ᠠᠮᠢᠨ ᠬᠠᠢ᠌ᠷ᠎ᠠ ᠶᠢᠨ ᠡᠬᠡ ᠤᠷᠤᠨ

ᠳᠠᠭᠤᠴᠢᠨ᠄ ᠪᠦᠬᠦ ᠤᠳᠤᠳ
ᠦᠭᠡ᠄ ᠲᠦᠮᠡᠨᠵᠢᠷᠭᠠᠯ
ᠠᠶ᠎ᠠ᠄ ᠪᠠᠯᠬᠠᠵᠠᠪ
ᠴᠤᠮᠤᠭ ᠤᠨ ᠬᠠᠷᠢᠶ᠎ᠠ᠄ ᠣᠳᠣᠳ ᠤᠨ ᠬᠠᠮᠳᠤᠷᠠᠯᠴᠠᠭ᠎ᠠ
ᠤᠷᠠᠯᠢᠭ ᠤᠨ ᠬᠤᠪᠢᠶᠠᠷᠢ᠄ ᠵᠤᠬᠢᠶᠠᠯ ᠤᠨ ᠳᠠᠭᠤᠤᠤᠶᠠᠩᠭ᠎ᠠ ᠶᠢᠨ ᠳᠠᠭᠤᠤ
ᠢᠷᠡᠯᠲᠡ᠄ ᠦᠭᠡᠯᠡᠳ ᠭᠠᠯᠳᠠᠨ ᠬᠠᠩᠭᠠᠪᠠ
ᠳᠠᠷᠤᠮ᠄ 216137
ᠴᠠᠭ᠄ 2007 ᠤᠨ ᠤ 06 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ
ᠠᠦ᠋ᠳᠢᠤ᠋ ᠪᠢᠴᠢᠯᠭᠡ ᠲᠠᠢ (ᠡ᠊ᠨᠳᠡ ᠡᠴᠡ ᠬᠤᠯᠪᠤᠭᠳᠠᠭᠠᠷᠠᠢ)

ᠠᠯᠳᠠᠢ ᠶᠢᠨ ᠠᠭᠤᠯᠠ ᠡᠴᠡ ᠳᠤᠷᠤᠨ᠎ᠠ ᠶᠢᠨ ᠶᠡᠭᠡ ᠳᠠᠯ᠎ᠠ ᠭᠦᠷᠳᠡᠯ᠎ᠡ

ᠠᠯᠳᠠᠨ ᠭᠤᠪᠢ ᠡᠴᠡ ᠣᠮᠠᠷᠠᠭᠢ ᠭᠦᠭᠯᠦᠭᠡᠷ ᠨᠤᠭᠤᠭᠠᠨ ᠣᠢ ᠭᠦᠪᠴᠢ ᠭᠦᠷᠳᠡᠯ᠎ᠡ

ᠴᠡᠯᠡᠭᠡᠷ ᠠᠭᠤᠳᠠᠮ ᠨᠤᠳᠤᠭ ᠬᠠᠩᠭ᠋ᠠᠢ ᠶᠢᠨ ᠮᠤᠩᠭ᠋ᠤᠯ᠂ ᠭᠤᠪᠢ ᠶᠢᠨ ᠮᠤᠩᠭ᠋ᠤᠯ

ᠴᠡᠭᠡᠵᠢᠨ ᠳᠤ ᠯᠤᠭᠰᠢᠬᠤ ᠵᠢᠷᠦᠭᠡ ᠮᠢᠨᠤ ᠡᠭᠡ ᠣᠷᠤᠨ

ᠵᠢᠵᠢᠭ᠍‍ᠬᠡᠨ ᠪᠣᠯᠵᠤᠮᠤᠷ᠂ ᠠᠷᠭᠠᠯᠢ᠂ ᠶᠠᠩᠭᠢᠷ ᠤᠨ ᠴᠢᠭᠤᠯᠭᠠᠨ

ᠵᠢᠮᠢᠰ ᠤᠨ ᠢᠯᠳᠠᠮᠬᠠᠨ ᠦᠨᠦᠷ᠂ ᠨᠠᠮᠢᠷᠠᠭ᠎ᠠ ᠪᠣᠷᠤᠭᠠᠨ᠂ ᠮᠢᠨᠤ ᠡᠭᠡ ᠣᠷᠤᠨ

ᠮᠦᠷᠠᠨ ᠭᠤᠤᠯ ᠤᠨ ᠡᠭᠡᠰᠢᠭ᠌᠂ ᠮᠤᠷᠢᠨ ᠬᠤᠭᠤᠷ ᠤᠨ ᠣᠶᠠᠩᠭ᠋ᠠᠯᠢᠭ ᠠᠶᠠᠯᠭᠤ

ᠮᠥᠩᠭᠦᠨ ᠠᠶᠠᠭ᠎ᠠ ᠲᠡᠶ ᠰᠥ᠋ ᠮᠢᠨᠤ ᠡᠭᠡ ᠣᠷᠤᠨ

 

ᠣᠭᠤᠰᠤᠷ ᠪᠦᠴᠡ ᠦᠭᠡᠶ ᠴᠠᠭᠠᠨ ᠦᠷᠭᠦᠭᠡᠨ ᠳᠤ

ᠣᠨᠠᠵᠤ ᠳᠦᠷᠦᠭ᠍ᠰᠡᠨ ᠬᠤᠪᠣᠷ ᠵᠠᠶᠠᠭ᠎ᠠ

ᠣᠩᠭ᠋ᠤᠨ ᠨᠢᠯᠬ᠎ᠠ ᠡᠴᠡ ᠪᠠᠨ ᠳᠤᠭᠤᠨᠤ ᠶᠢᠨ ᠨᠢᠳᠤ ᠪᠠᠷ

ᠣᠳᠤ ᠲᠡᠶ ᠡᠷᠡᠮᠡᠯᠵᠡᠭ᠍ᠰᠡᠨ ᠬᠤᠯᠠᠴᠢ ᠮᠥᠷᠦᠭᠡᠳᠦᠯ ᠲᠡᠶ

ᠣᠮᠤᠭᠯᠠᠩ ᠭᠦᠯᠦᠭ᠌ ᠤᠨ ᠡᠷᠡᠮᠡᠭ᠌ ᠵᠤ᠋ ᠳᠡᠭᠡᠷ᠎ᠡ

ᠣᠮᠤᠭ ᠱᠤᠷᠠᠩᠬᠠᠢ᠌ᠯᠠᠭᠰᠠᠨ ᠣᠷᠳᠤ ᠶᠢᠨ ᠳᠠᠭᠤᠤ 

ᠣᠶᠤᠨ ᠳᠡᠭᠦᠰ ᠮᠤᠩᠭ᠋ᠤᠯ ᠲᠦᠮᠡᠨ ᠤ

ᠣᠷᠤᠢ ᠶᠢᠨ ᠳᠡᠭᠡᠳᠤ ᠭᠦᠰᠡᠯᠡᠩ ᠡᠪ ᠨᠢᠭᠡᠳᠦᠯ ᠡ

 

ᠠᠰᠠᠷ ᠳᠡᠭ᠍ᠷᠢ ᠶᠢᠨ ᠭᠡᠭᠡᠡᠭᠡᠨ ᠮᠡᠯᠮᠡᠢ

ᠠᠯᠳᠠᠨ ᠳᠡᠯᠡᠭᠡᠢ ᠶᠢᠨ ᠳᠡᠨᠢᠭᠦᠭᠡᠨ ᠮᠠᠩᠨᠠᠢ

ᠠᠵᠠᠳᠠᠢ᠌ᠬᠠᠨ ᠪᠢᠳᠠᠨ ᠤ ᠵᠥᠭᠡᠯᠡᠨ ᠥᠯᠦᠭᠡᠢ

ᠠᠯᠳᠠ ᠪᠠᠶ᠎ᠠ ᠶᠢᠨ ᠭᠡᠷᠡᠯᠳᠤ ᠳ᠋ᠸᠪᠠᠵᠠᠨ

ᠠᠮᠢᠨ ᠬᠠᠢ᠌ᠷ᠎ᠠ ᠶᠢᠨ ᠡᠭᠡ ᠣᠷᠤᠨ ᠮᠢᠨᠢ

 

ᠠᠭᠠᠭᠢᠮ᠎ᠠ ᠬᠠᠯᠠᠭᠤᠨ ᠡᠴᠡ ᠳᠠᠰᠭᠢᠮ᠎ᠠ ᠵᠢᠪᠠᠷ ᠭᠦᠷᠳᠡᠯ᠎ᠡ

ᠠᠠᠩᠭᠢᠯᠤᠮ᠎ᠠ ᠴᠡᠴᠡᠭᠡᠰ ᠡᠴᠡ ᠭᠠᠩᠭ᠋ᠠᠷ ᠴᠠᠭᠠᠨ ᠴᠠᠰᠤ ᠮᠦᠰᠤ ᠭᠦᠷᠳᠡᠯ᠎ᠡ

ᠡᠷᠭᠢᠭᠦ ᠳᠦᠷᠪᠡᠨ ᠣᠯᠠᠷᠢᠯ ᠳᠡᠭ᠍ᠷᠢ ᠶᠢᠨ ᠮᠤᠩᠭ᠋ᠤᠯ᠂ ᠠᠽᠢᠶ᠎ᠠ ᠶᠢᠨ ᠮᠤᠩᠭ᠋ᠤᠯ

ᠡᠭᠡᠨᠡᠭ᠍ᠳᠡ ᠣᠷᠤᠰᠢᠬᠤ ᠡᠩᠭᠡᠵᠢᠨ ᠮᠢᠨᠤ ᠡᠭᠡ ᠣᠷᠤᠨ

ᠵᠤᠨ ᠤ ᠨᠠᠷᠠᠨ᠂ ᠡᠪᠦᠯ ᠤᠨ ᠰᠠᠯᠭᠢᠨ ᠤ ᠳᠠᠭᠤᠯᠠᠯ

ᠵᠠᠭᠤᠨ ᠵᠠᠭᠤᠨ ᠤ 《ᠨᠢᠭᠤᠴᠠ ᠳᠤᠪᠴᠢᠶᠠᠨ》᠂ 《ᠡᠷᠳᠡᠨᠢ ᠶᠢᠨ ᠡᠷᠢᠭᠡ》 ᠮᠢᠨᠤ ᠡᠭᠡ ᠣᠷᠤᠨ

ᠦᠷᠭᠦᠭᠡ ᠴᠠᠭᠠᠨ ᠭᠡᠷ ᠤᠳ ᠠᠷᠭᠠᠯ ᠤᠨ ᠠᠩᠭᠢᠯᠤᠮ᠎ᠠ ᠴᠡᠩᠭᠡᠷ ᠣᠳᠤᠭ᠎ᠠ

ᠥᠭᠡᠳᠡᠷᠡᠭ᠌ ᠭᠡᠭᠡᠨ ᠢᠳᠡᠭᠡᠯ ᠮᠢᠨᠤ ᠡᠭᠡ ᠣᠷᠤᠨ

 

ᠣᠭᠤᠰᠤᠷ ᠪᠦᠴᠡ ᠦᠭᠡᠶ ᠴᠠᠭᠠᠨ ᠦᠷᠭᠦᠭᠡᠨ ᠳᠤ

ᠣᠨᠠᠵᠤ ᠳᠦᠷᠦᠭ᠍ᠰᠡᠨ ᠬᠤᠪᠣᠷ ᠵᠠᠶᠠᠭ᠎ᠠ

ᠣᠩᠭ᠋ᠤᠨ ᠨᠢᠯᠬ᠎ᠠ ᠡᠴᠡ ᠪᠠᠨ ᠳᠤᠭᠤᠨᠤ ᠶᠢᠨ ᠨᠢᠳᠤ ᠪᠠᠷ

ᠣᠳᠤ ᠲᠡᠶ ᠡᠷᠡᠮᠡᠯᠵᠡᠭ᠍ᠰᠡᠨ ᠬᠤᠯᠠᠴᠢ ᠮᠥᠷᠦᠭᠡᠳᠦᠯ ᠲᠡᠶ

ᠣᠮᠤᠭᠯᠠᠩ ᠭᠦᠯᠦᠭ᠌ ᠤᠨ ᠡᠷᠡᠮᠡᠭ᠌ ᠵᠤ᠋ ᠳᠡᠭᠡᠷ᠎ᠡ

ᠣᠮᠤᠭ ᠱᠤᠷᠠᠩᠬᠠᠢ᠌ᠯᠠᠭᠰᠠᠨ ᠣᠷᠳᠤ ᠶᠢᠨ ᠳᠠᠭᠤᠤ 

ᠣᠶᠤᠨ ᠳᠡᠭᠦᠰ ᠮᠤᠩᠭ᠋ᠤᠯ ᠲᠦᠮᠡᠨ ᠤ

ᠣᠷᠤᠢ ᠶᠢᠨ ᠳᠡᠭᠡᠳᠤ ᠭᠦᠰᠡᠯᠡᠩ ᠡᠪ ᠨᠢᠭᠡᠳᠦᠯ ᠡ

 

ᠠᠰᠠᠷ ᠳᠡᠭ᠍ᠷᠢ ᠶᠢᠨ ᠭᠡᠭᠡᠡᠭᠡᠨ ᠮᠡᠯᠮᠡᠢ

ᠠᠯᠳᠠᠨ ᠳᠡᠯᠡᠭᠡᠢ ᠶᠢᠨ ᠳᠡᠨᠢᠭᠦᠭᠡᠨ ᠮᠠᠩᠨᠠᠢ

ᠠᠵᠠᠳᠠᠢ᠌ᠬᠠᠨ ᠪᠢᠳᠠᠨ ᠤ ᠵᠥᠭᠡᠯᠡᠨ ᠥᠯᠦᠭᠡᠢ

ᠠᠯᠳᠠ ᠪᠠᠶ᠎ᠠ ᠶᠢᠨ ᠭᠡᠷᠡᠯᠳᠤ ᠳ᠋ᠸᠪᠠᠵᠠᠨ

ᠠᠮᠢᠨ ᠬᠠᠢ᠌ᠷ᠎ᠠ ᠶᠢᠨ ᠡᠭᠡ ᠣᠷᠤᠨ ᠮᠢᠨᠢ

 

ᠡᠯᠡᠰᠤᠨ ᠤ ᠰᠢᠷᠭᠡᠭ᠌᠂ ᠮᠥᠩᠭᠡ ᠴᠠᠰᠤᠳᠤ ᠨᠤᠶᠠᠨ ᠣᠷᠭᠢᠯ

ᠡᠷᠡᠨ ᠦᠶ᠎ᠡ ᠶᠢᠨ ᠣᠷᠳᠤ ᠬᠠᠷᠰᠢ ᠭᠦᠯᠦᠭ᠌ ᠤᠨ ᠳᠦᠪᠠᠷᠭᠡᠨ ᠮᠢᠨᠤ ᠡᠭᠡ ᠣᠷᠤᠨ

ᠡᠷᠳᠡᠨᠢ ᠶᠢᠨ ᠠᠯᠳᠠᠨ ᠰᠤᠶᠤᠮᠪᠣ᠂ ᠡᠭᠡᠯᠢ ᠶᠢᠨ ᠴᠠᠭᠠᠬᠠᠨ ᠬᠠᠳᠠᠭ

ᠡᠪ ᠤᠨ ᠠᠷᠢᠭᠤᠨ ᠠᠠᠳᠠᠭᠠᠢ ᠮᠢᠨᠤ ᠡᠭᠡ ᠣᠷᠤᠨ

ᠬᠠᠳᠤᠨ ᠽᠠᠮᠪᠤᠳᠢᠪ ᠡᠴᠡ ᠬᠠᠨ ᠬᠤᠷᠮᠤᠰᠳᠠ ᠭᠦᠷᠳᠡᠯ᠎ᠡ

ᠬᠠᠯᠢᠭᠤᠨ ᠵᠥᠯᠭᠡᠨ ᠡᠴᠡ ᠡᠷᠭᠡᠰ ᠤᠨ ᠠᠯᠳᠠᠨ᠂ ᠮᠥᠩᠭᠦᠨ ᠣᠳᠤᠳ ᠭᠦᠷᠳᠡᠯ᠎ᠡ

ᠦᠨᠳᠦᠷ ᠵᠠᠶᠠᠭ᠎ᠠ ᠶᠢᠨ ᠨᠤᠳᠤᠭ ᠳᠡᠯᠡᠭᠡᠢ ᠶᠢᠨ ᠮᠤᠩᠭ᠋ᠤᠯ᠂ ᠴᠢᠩᠭᠢᠰ ᠤᠨ ᠮᠤᠩᠭ᠋ᠤᠯ

ᠥᠭᠡᠷ᠎ᠡ ᠭᠡᠨ ᠤ ᠭᠢ ᠴᠤ ᠪᠢᠰᠢ ᠮᠢᠨᠤ ᠡᠭᠡ ᠣᠷᠤᠨ

 

ᠣᠭᠤᠰᠤᠷ ᠪᠦᠴᠡ ᠦᠭᠡᠶ ᠴᠠᠭᠠᠨ ᠦᠷᠭᠦᠭᠡᠨ ᠳᠤ

ᠣᠨᠠᠵᠤ ᠳᠦᠷᠦᠭ᠍ᠰᠡᠨ ᠬᠤᠪᠣᠷ ᠵᠠᠶᠠᠭ᠎ᠠ

ᠣᠩᠭ᠋ᠤᠨ ᠨᠢᠯᠬ᠎ᠠ ᠡᠴᠡ ᠪᠠᠨ ᠳᠤᠭᠤᠨᠤ ᠶᠢᠨ ᠨᠢᠳᠤ ᠪᠠᠷ

ᠣᠳᠤ ᠲᠡᠶ ᠡᠷᠡᠮᠡᠯᠵᠡᠭ᠍ᠰᠡᠨ ᠬᠤᠯᠠᠴᠢ ᠮᠥᠷᠦᠭᠡᠳᠦᠯ ᠲᠡᠶ

ᠣᠮᠤᠭᠯᠠᠩ ᠭᠦᠯᠦᠭ᠌ ᠤᠨ ᠡᠷᠡᠮᠡᠭ᠌ ᠵᠤ᠋ ᠳᠡᠭᠡᠷ᠎ᠡ

ᠣᠮᠤᠭ ᠱᠤᠷᠠᠩᠬᠠᠢ᠌ᠯᠠᠭᠰᠠᠨ ᠣᠷᠳᠤ ᠶᠢᠨ ᠳᠠᠭᠤᠤ 

ᠣᠶᠤᠨ ᠳᠡᠭᠦᠰ ᠮᠤᠩᠭ᠋ᠤᠯ ᠲᠦᠮᠡᠨ ᠤ

ᠣᠷᠤᠢ ᠶᠢᠨ ᠳᠡᠭᠡᠳᠤ ᠭᠦᠰᠡᠯᠡᠩ ᠡᠪ ᠨᠢᠭᠡᠳᠦᠯ ᠡ

 

ᠠᠰᠠᠷ ᠳᠡᠭ᠍ᠷᠢ ᠶᠢᠨ ᠭᠡᠭᠡᠡᠭᠡᠨ ᠮᠡᠯᠮᠡᠢ

ᠠᠯᠳᠠᠨ ᠳᠡᠯᠡᠭᠡᠢ ᠶᠢᠨ ᠳᠡᠨᠢᠭᠦᠭᠡᠨ ᠮᠠᠩᠨᠠᠢ

ᠠᠵᠠᠳᠠᠢ᠌ᠬᠠᠨ ᠪᠢᠳᠠᠨ ᠤ ᠵᠥᠭᠡᠯᠡᠨ ᠥᠯᠦᠭᠡᠢ

ᠠᠯᠳᠠ ᠪᠠᠶ᠎ᠠ ᠶᠢᠨ ᠭᠡᠷᠡᠯᠳᠤ ᠳ᠋ᠸᠪᠠᠵᠠᠨ

ᠠᠮᠢᠨ ᠬᠠᠢ᠌ᠷ᠎ᠠ ᠶᠢᠨ ᠡᠭᠡ ᠣᠷᠤᠨ ᠮᠢᠨᠢ

 

ᠮᠢᠨᠦ ᠂ ᠮᠢᠨᠦ ᠡᠬᠡ ᠤᠷᠤᠨ

 

ᠠᠰᠠᠷ ᠳᠡᠭ᠍ᠷᠢ ᠶᠢᠨ ᠭᠡᠭᠡᠡᠭᠡᠨ ᠮᠡᠯᠮᠡᠢ

ᠠᠯᠳᠠᠨ ᠳᠡᠯᠡᠭᠡᠢ ᠶᠢᠨ ᠳᠡᠨᠢᠭᠦᠭᠡᠨ ᠮᠠᠩᠨᠠᠢ

ᠠᠵᠠᠳᠠᠢ᠌ᠬᠠᠨ ᠪᠢᠳᠠᠨ ᠤ ᠵᠥᠭᠡᠯᠡᠨ ᠥᠯᠦᠭᠡᠢ

ᠠᠯᠳᠠ ᠪᠠᠶ᠎ᠠ ᠶᠢᠨ ᠭᠡᠷᠡᠯᠳᠤ ᠳ᠋ᠸᠪᠠᠵᠠᠨ

ᠠᠮᠢᠨ ᠬᠠᠢ᠌ᠷ᠎ᠠ ᠶᠢᠨ ᠡᠭᠡ ᠣᠷᠤᠨ ᠮᠢᠨᠢ

ᠠᠮᠢᠨ ᠬᠠᠢ᠌ᠷ᠎ᠠ ᠶᠢᠨ ᠡᠭᠡ ᠣᠷᠤᠨ ᠮᠢᠨᠢ

 

ᠡᠬᠡ ᠤᠷᠤᠨ ᠳᠠᠭᠠᠨ ᠬᠠᠢ᠌ᠷᠠᠲᠠᠢ

ᠡᠬᠡ ᠤᠷᠤᠨ ᠮᠢᠨᠢ᠂ ᠡᠬᠡ ᠤᠷᠤᠨ ᠮᠢᠨᠢ

ᠮᠢᠨᠦ ᠂ ᠮᠢᠨᠦ ᠡᠬᠡ ᠤᠷᠤᠨ ᠡ

ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁