ᠨᠣ᠋·ᠪᠠᠭᠠᠳᠤᠷ ᠄ 《ᠪᠢᠯᠢᠭ᠌ ᠤᠨ ᠭᠡᠭᠡᠪᠴᠢ》
ᠲᠠᠪᠤ ᠂ ᠤᠬᠠᠭᠠᠷᠠᠵᠤ ᠠᠮᠢᠳᠤᠷᠠᠬᠤ ᠬᠤᠷᠸ᠎ᠠ
ᠲᠦᠷᠪᠡᠳᠦᠭᠡᠷ ᠬᠡᠰᠡᠭ ᠂ ᠬᠢᠯᠢᠩ ᠤᠨ ᠭᠠᠯ ᠳᠤ ᠰᠦᠨᠦᠬᠦ ᠠᠮᠢ ᠨᠠᠰᠤ

ᠠᠭᠤᠷ ᠭᠢᠯᠢᠩ ᠪᠣᠯ ᠠᠤᠨ ᠴᠢᠦᠡᠭᠦᠷ ᠤᠨ ᠨᠡᠷᠡᠭ᠍ᠰᠡᠨ ᠬᠤᠤᠷᠳᠤ ᠳᠠᠷᠠᠰᠤ ᠮᠦᠨ᠃


᠊᠊᠊᠊᠊᠊᠊᠊᠊᠊᠊᠊᠊᠊᠊᠊᠊᠊᠊᠊᠊᠊᠊᠊᠊᠊᠊ ᠵᠣᠢ᠌ᠷ ᠰᠠᠴᠠᠨ ᠥᠭᠡ

ᠣᠳᠤ ᠴᠠᠭ ᠤᠨ ᠵᠠᠯᠠᠭᠤᠴᠤᠳ ᠬᠠᠯᠠ ᠦᠵᠡᠵᠤ ᠬᠠᠯᠠᠭᠤᠨ ᠴᠢᠯᠠᠭᠤ ᠳᠤᠯᠢᠶᠠᠭᠰᠠᠨ ᠦᠭᠡᠶ ᠡᠴᠡ ᠪᠤᠯᠵᠤ᠂ ᠪᠠᠭ᠎ᠠ ᠯᠠ ᠰᠠᠨᠠᠭᠠᠨ ᠳ᠋ᠤᠨᠢ ᠨᠡᠢ᠌ᠴᠡᠭᠦ ᠦᠭᠡᠶ ᠶᠠᠪᠣᠳᠠᠯ ᠳᠠᠭᠠᠷᠢᠯᠳᠤᠭᠰᠠᠭᠠᠷ ᠠᠭᠠᠰᠢ ᠨᠢ ᠭᠦᠷᠴᠤ ᠣᠮᠤᠭ ᠨᠢ ᠪᠣᠴᠠᠯᠤᠭᠠᠤᠨ ᠶᠠᠭᠤ ᠬᠠᠢ ᠶᠢ ᠬᠠᠮᠢᠶᠠᠷᠬᠤ ᠦᠭᠡᠶ ᠭᠡᠨᠡᠨ ᠭᠡᠷᠡᠭ᠌ ᠥᠢᠯᠤᠨᠴᠢᠳᠡᠭ᠌ ᠪᠠᠢ᠌ᠨ᠎ᠡ᠃ ᠭᠡᠷᠡᠭ᠌ ᠳᠠᠳᠠᠬᠤ ᠳᠤ ᠠᠮᠠᠷᠬᠠᠨ᠂ ᠠᠭᠤᠷ ᠪᠠᠳᠠᠷᠠᠬᠤ ᠶᠢᠨ ᠊ᠭ᠍ᠱᠡᠨ ᠵᠠᠭᠤᠷ᠎ᠠ ᠶᠠᠪᠣᠳᠠᠯ ᠶᠢᠡᠨ ᠳᠡᠭᠦᠰᠭᠡᠴᠢᠭᠡᠨ᠎ᠡ᠃ ᠭᠡᠳᠡᠯ᠎ᠡ ᠦᠷ᠎ᠡ ᠳ᠋ᠦᠩ ᠢ ᠨᠢ ᠡᠭᠦᠷᠭᠡᠯᠡᠨ᠎ᠡ ᠭᠡᠭ᠍ᠴᠢ ᠳᠠᠢ᠌ᠮᠤ ᠭᠢᠯᠪᠠᠷ ᠭᠡᠷᠡᠭ᠌ ᠪᠢᠰᠢ᠂ ᠦᠪᠡᠷ ᠪᠣᠰᠤᠳ ᠢ ᠪᠣᠰᠠᠨᠢᠭᠤᠯᠤᠨ ᠱᠤᠷᠤᠩ ᠤᠨ ᠬᠠᠳᠠᠭᠠᠰᠤ ᠪᠣᠯᠤᠭᠠᠤᠨ ᠭᠡᠮᠰᠢᠯ ᠬᠠᠷᠠᠮᠰᠠᠯ ᠤᠨ ᠣᠷᠳᠤ ᠬᠤᠨᠤᠭ ᠢ ᠳᠤᠭᠤᠯᠬᠤ ᠳᠤ ᠭᠦᠷᠳᠡᠭ᠌᠃ ᠠᠭᠤᠷ ᠪᠣᠴᠠᠯᠬᠤ ᠶᠢᠨ ᠳᠠᠷᠠ ᠨᠢᠭᠡ ᠬᠤᠷᠤᠮ ᠳᠤ ᠡᠢ᠌ᠮᠤ ᠭᠡᠴᠡᠭᠦᠤ ᠦᠷ᠎ᠡ ᠳ᠋ᠦ᠋ᠩ ᠪᠣᠯᠬᠤ ᠶᠢ ᠣᠷᠢᠤᠠᠴᠢᠯᠠᠨ ᠪᠣᠳᠤᠵᠤ ᠣᠯᠤᠭᠠᠤᠨ ᠳᠦᠷᠭᠡᠨ 《ᠳᠤᠷᠮᠦᠰᠯᠡᠵᠤ》 ᠴᠢᠳᠡᠴᠢᠬᠤ ᠶᠤᠮ ᠪᠣᠯ᠂ ᠠᠯᠢᠪᠠ ᠡᠭᠦᠰᠴᠤ ᠮᠡᠳᠡᠭᠦ ᠵᠤᠯ ᠪᠣᠰᠤ ᠦᠷᠳ᠋ᠩ ᠢ 《ᠰᠤᠶᠤᠭᠠᠯᠠᠬᠤ》 ᠡᠴᠡ ᠨᠢ ᠡᠮᠦᠨ᠎ᠡ ᠰᠥᠨᠦᠭᠡᠵᠤ ᠴᠢᠳᠡᠨ᠎ᠡ᠃ ᠲ᠋ᠡᠭᠡᠭᠡᠤᠨ ᠣᠷᠢᠳᠤ ᠶᠢᠨ ᠭᠦᠮᠤᠨ 《ᠠᠭᠤᠷᠯᠡᠬᠤ ᠦᠶᠡᠰ ᠣᠷᠢᠳᠠᠪᠠᠷ ᠠᠷᠪᠠ ᠭᠦᠷᠳᠡᠯ᠎ᠡ ᠳᠤᠭ᠎ᠠ ᠲᠤᠭᠠᠯᠡ》 ᠭᠡᠵᠤ ᠰᠤᠷᠭᠠᠳᠠᠭ ᠨᠢ ᠠᠭᠤᠷ ᠶᠢᠡᠨ ᠳᠠᠷᠤᠵᠤ ᠪᠠᠶ᠎ᠠ ᠪᠠᠨ ᠭᠢᠴᠢᠶᠡᠭᠦ ᠶᠢ ᠰᠡᠷᠡᠮᠵᠢᠯᠡᠭᠦᠯᠦᠭ᠍ᠰᠡᠨ ᠪᠠᠢ᠌ᠨ᠎ᠠ᠃ ᠵᠤᠯ ᠪᠣᠰᠤ ᠣᠴᠢᠷ ᠶᠠᠪᠣᠳᠠᠯ ᠡᠭᠢᠯᠡᠭᠦ ᠳᠡᠭᠡᠨ ᠪᠦᠷ ᠶᠠᠯᠢᠮ ᠦᠭᠡᠶ ᠪᠠᠭ᠎ᠠ ᠭᠡᠷᠡᠭ᠌ ᠡᠴᠡ ᠰᠢᠯᠳᠠᠭᠠᠯᠠᠵᠤ᠂ ᠣᠴᠢ ᠶᠢᠨ ᠭᠠᠯ ᠥᠰᠦᠷᠦᠭᠡᠤᠨ ᠠᠭᠤᠯᠠ ᠰᠢᠳᠠᠭᠠᠳᠠᠭ ᠪᠢᠯᠡ᠃ ᠭᠡᠷᠪᠡ ᠭᠡᠷᠡᠭ᠌ ᠪᠣᠯᠭᠠᠬᠤ ᠦᠭᠡᠶ ᠵᠥᠷᠢᠭᠡᠤᠨ ᠭᠠᠷᠴᠢᠬᠠᠪᠠᠯ 《ᠰᠠᠯᠭᠢ ᠵᠤᠭᠰᠤᠵᠤ ᠳᠠᠪᠠᠯᠭᠠᠨ ᠨᠡᠮᠵᠢᠭᠠᠳ》 ᠡᠨᠡ ᠶ‍ᠢᠷᠳᠢᠠᠴᠤ ᠳᠠᠢ᠌ᠪᠣᠩ ᠥᠩᠭᠡᠷᠡᠵᠤ ᠪᠣᠯᠤᠨ᠎ᠠ᠃ ᠴᠢᠭᠢᠨ ᠳᠤ ᠠᠶ᠎ᠠ ᠦᠭᠡᠶ ᠭᠠᠭᠴᠠᠬᠠᠨ ᠥᠭᠡᠨ ᠳᠤ ᠭᠢᠯᠢᠩ ᠤᠨ ᠭᠠᠯ ᠦᠷᠪᠢᠰᠴᠤ᠂ ᠦᠷ᠎ᠡ ᠳ᠋ᠦ᠋ᠩ ᠢ ᠨᠢ ᠬᠠᠮᠢᠶᠠᠷᠤᠯ ᠦᠭᠡᠶ ᠭᠢᠳᠤᠭ᠎ᠠ ᠰᠢᠪᠦᠭᠡ ᠡᠷᠭᠢᠭᠦᠯᠭᠦ ᠨᠢ ᠡᠷᠡᠭᠦᠯ ᠰᠡᠳᠭᠢᠭᠦᠢ ᠲᠡᠶ ᠭᠦᠮᠤᠨ ᠤ ᠥᠢᠯᠡᠳᠭᠦ ᠭᠡᠷᠡᠭ᠌ ᠪᠢᠰᠢ ᠡ᠃

1965 ᠣᠨ ᠤ 9 ᠰᠠᠷᠠᠢ᠌ᠨ 7 ᠤ ᠡᠳᠦᠷ᠂ ᠲ᠋ᠡᠯᠡᠭᠡᠢ ᠶᠢᠨ ᠴᠢᠴᠢᠭᠦᠷ ᠪᠦᠮᠪᠦᠭᠡᠨ ᠤ ᠣᠷᠤᠯᠳᠤᠭᠠᠨ ᠠᠮᠸᠷᠢᠺᠠ ᠶᠢᠨ ᠨᠢᠦ᠋ ᠊᠊᠊᠊᠊᠊᠊᠊᠊᠊᠊᠊᠊᠊᠊ ᠶᠤᠷᠺ ᠳᠤ ᠳᠠᠳ᠋ ᠳᠡᠷᠢᠭᠦᠨ ᠢ ᠢᠯᠭᠠᠷᠠᠭᠤᠯᠬᠤ ᠰᠢᠪᠳᠤᠷᠠᠭᠠᠨ ᠳᠡᠭᠡᠷ᠎ᠡ ᠪᠠᠨ ᠢᠳᠠ ᠭᠦᠴᠤ ᠲᠡᠶ ᠶᠠᠪᠣᠭᠳᠠᠵᠤ ᠪᠠᠢ᠌ᠯ᠎ᠡ᠃ ᠴᠢᠴᠢᠭᠦᠷ ᠪᠦᠮᠪᠦᠭᠡᠨ ᠤ ᠠᠪᠣᠷᠭᠤ ᠯᠦᠶ‍ᠢᠰ᠂ ᠹᠦᠺᠨ᠋ᠰ ᠨᠠᠯᠢᠶᠠᠤᠨ ᠬᠤᠪᠢ ᠳᠤ ᠳᠡᠷᠢᠭᠦᠯᠡᠵᠤ᠂ ᠤᠳᠤ ᠬᠤᠶᠠᠷᠬᠠᠨ ᠪᠦᠮᠪᠦᠭᠡ ᠣᠷᠤᠭᠤᠯᠤᠭᠰᠠᠭᠠᠷ ᠳᠡᠷᠢᠭᠦᠨ ᠱᠠᠩ ᠢ ᠭᠠᠷᠳᠠᠬᠤ ᠳᠡᠭᠡᠷ᠎ᠡ ᠳᠤᠯᠤᠭᠠᠤᠨ ᠪᠠᠢ᠌ᠪᠠ᠃ ᠶᠠᠭ ᠡᠨᠡ ᠦᠶᠡᠰ ᠳᠡᠭᠦᠨ ᠤ ᠴᠢᠴᠢᠭᠦ ᠪᠦᠮᠪᠦᠭᠡᠨ ᠳᠡᠭᠡᠷ᠎ᠡ ᠨᠢ ᠨᠢᠭᠡ ᠢᠯᠠᠭ᠎ᠠ ᠢᠷᠡᠭᠡᠤᠨ ᠰᠡᠭᠤᠴᠢᠬᠠᠵᠡᠢ᠃ ᠯᠥᠶ‍ᠢᠰ᠂ ᠹᠦᠺᠨ᠋ᠰ ᠳᠡᠭᠦᠨ ᠢ ᠭᠦᠭᠡᠭᠡᠤᠨ ᠶᠠᠪᠣᠭᠤᠯᠤᠭᠰᠠᠨ ᠪᠣᠯᠪᠠᠴᠤ ᠳᠠᠭᠢᠵᠤ ᠣᠭ ᠣᠷᠤᠨ ᠳᠠᠭᠠᠨ ᠨᠢᠰᠴᠤ ᠢᠷᠡᠭᠡᠤᠨ᠂ ᠬᠤᠢ᠌ᠲᠤ ᠭᠦᠯ ᠶᠢᠡᠷ ᠶᠢᠡᠨ ᠵᠢᠭᠦᠷ ᠳᠠᠯᠠᠪᠴᠢ ᠪᠠᠨ ᠶᠡᠭᠡᠯ᠎ᠡ ᠯᠠᠷᠵᠢᠶᠠᠳᠠᠢ ᠱᠥᠷᠭᠦᠭᠡᠵᠤ ᠭᠠᠷᠪᠡ᠃ ᠥᠵᠡᠭ᠍ᠴᠢ ᠣᠯᠠᠨ ᠬᠠᠵᠠᠭᠤ ᠡᠴᠡ ᠨᠢ ᠬᠠᠷᠠᠭᠠᠤᠨ ᠢᠨᠢᠶᠡᠯᠴᠡᠭᠦ ᠳᠤ ᠯᠦᠶ‍ᠢᠰ᠂ ᠹᠦᠺᠨ᠋ᠰ ᠨᠠᠯᠢᠶᠠᠤᠨ ᠠᠭᠤᠷᠯᠠᠬᠤ ᠰᠢᠠᠵᠢ ᠲᠡᠶ ᠳᠠᠷᠠ ᠢᠯᠠᠭ᠎ᠠ ᠶᠢ ᠳᠠᠭᠢᠨ ᠭᠦᠭᠡᠭᠡᠵᠤ ᠤᠷᠭᠢᠵᠡᠢ᠃ ᠢᠩᠭᠢᠭᠡᠤᠨ ᠳᠠᠷᠠ ᠨᠠᠮᠪᠠᠭᠠᠳᠠᠢ᠌ᠬᠠᠨ ᠪᠦᠭᠦᠵᠤ ᠪᠦᠮᠪᠦᠭᠡ ᠪᠠᠨ ᠣᠨᠢᠯᠠᠬᠤ ᠳᠤ᠂ ᠦᠨᠦ ᠡᠭ᠍ᠳᠡᠭᠦᠤ ᠲᠡᠶ ᠢᠯᠠᠭ᠎ᠠ ᠪᠠᠰᠠᠯᠠ ᠣᠭ ᠣᠷᠤᠨ ᠳᠠᠭᠠᠨ ᠢᠷᠡᠭᠡᠤᠨ ᠰᠡᠭᠤᠴᠢᠬᠠᠵᠡᠢ᠃ ᠡᠨᠡ ᠨᠢᠭᠡ ᠮᠦᠴᠡ ᠳᠤ ᠯᠦᠶ‍ᠢᠰ᠂ ᠹᠦᠺᠨ᠋ᠰ ᠤᠨ ᠳᠠᠪᠴᠢᠶᠠᠷᠢ ᠭᠢᠵᠠᠭᠠᠷ ᠲᠠᠭᠠᠨ ᠳᠤᠯᠵᠤ᠂ ᠭᠢᠯᠢᠩ ᠤᠨ ᠭᠠᠯ ᠊ᠭ᠍ᠱᠡᠨ ᠵᠠᠭᠤᠷ᠎ᠠ ᠳᠦᠷᠡᠯᠵᠡᠨ ᠰᠢᠳᠡᠭᠠᠳ᠂ ᠴᠢᠴᠢᠭᠦᠷ ᠮᠤᠳᠤ ᠪᠠᠷ ᠶᠢᠡᠨ ᠢᠯᠠᠭ᠎ᠠ ᠶᠢ ᠠᠰᠯᠠᠭᠤᠯᠤᠨ ᠳᠠᠳᠠᠭᠰᠠᠨ ᠳᠤ ᠢᠯᠠᠭ᠎ᠠ ᠬᠠᠷᠢᠨ ᠣᠨᠤᠭᠳᠠᠭᠰᠠᠨ ᠦᠭᠡᠶ᠂ ᠴᠢᠴᠢᠭᠦᠷ ᠮᠤᠳᠤ ᠭᠤᠷᠪᠠ ᠬᠤᠭᠤᠷᠠᠵᠤ᠂ ᠴᠤᠭᠢᠭᠳᠠᠭᠰᠠᠨ ᠪᠦᠮᠪᠦᠭᠡ ᠬᠠᠷᠢᠨ ᠥᠭᠡᠷ᠎ᠡ ᠵᠥᠭ᠌ ᠲᠤ ᠥᠰᠦᠷᠦᠭ᠍ᠰᠡᠨ ᠪᠠᠢ᠌ᠨ᠎ᠠ᠃ ᠭᠢᠨᠠᠭᠴᠢ ᠡᠴᠡ ᠳᠡᠭᠦᠨ ᠢ ᠪᠦᠮᠪᠦᠭᠡ ᠶᠠᠪᠣᠭᠤᠯᠤᠭᠰᠠᠨ ᠶᠢᠡᠷ ᠪᠣᠳᠤᠭᠰᠠᠨ ᠪᠣᠯᠬᠤᠷ ᠳᠡᠭᠦᠨ ᠲᠡᠶ ᠦᠷᠢᠰᠤᠯᠳᠤᠵᠤ ᠪᠠᠢ᠌ᠭᠰᠠᠨ ᠨᠥᠭᠦᠭᠡ ᠭᠦᠮᠤᠨ ᠬᠠᠷᠢᠨ ᠶᠡᠭᠡᠯ᠎ᠡ ᠠᠮᠠᠷᠬᠠᠨ ᠶᠢᠡᠷ ᠨᠡᠭᠡᠵᠤ ᠭᠠᠷᠤᠭᠠᠤᠨ ᠳᠡᠷᠢᠭᠦᠯᠦᠭ᠍ᠰᠡᠨ ᠪᠠᠢ᠌ᠵᠠᠢ᠃ ᠯᠦᠶ‍ᠢᠰ᠂ ᠹᠦᠺᠨ᠋ᠰ ᠡᠨᠡ ᠴᠤᠭᠢᠯᠳᠠ ᠶᠢ ᠳᠠᠭᠠᠭᠠᠯ ᠦᠭᠡᠶ ᠮᠦᠷᠠᠨ ᠳᠤ ᠬᠠᠷᠠᠢ᠌ᠵᠤ ᠠᠮᠢ ᠪᠠᠨ ᠬᠤᠤᠷᠯᠠᠭᠰᠠᠨ ᠪᠠᠢ᠌ᠪᠠ︕

ᠦᠨᠡᠨ ᠳᠡᠭᠡᠨ ᠨᠢᠭᠡ ᠢᠯᠠᠭ᠎ᠠ ᠲᠡᠶ ᠳᠠᠭᠠᠵᠤ ᠠᠭᠤᠷᠯᠠᠬᠤ ᠶᠢᠨ ᠴᠢᠬᠤᠯᠠ ᠪᠠᠢ᠌ᠨ᠎ᠠ ᠭᠡᠵᠢ ᠦᠦ︖ ᠨᠠᠩ ᠴᠢᠨᠠᠭᠰᠢᠯᠠᠭᠠᠤᠨ ᠳᠡᠷᠢᠭᠦᠨ ᠱᠠᠩ ᠢ ᠳᠤᠰᠬᠤ ᠦᠭᠡᠶ ᠳᠤ ᠶᠠᠭᠠᠭᠢᠳᠠᠭ ᠶ‍ᠦᠮ︖ ᠭᠦᠮᠤᠨ ᠭᠡᠳᠡᠭ᠌ ᠠᠮᠢᠳᠠᠨ ᠯᠠᠪᠳᠠᠢ ᠳᠡᠷᠢᠭᠦᠨ ᠱᠠᠩ ᠤᠨ ᠳᠦᠯᠦᠭᠡ ᠯᠠ ᠠᠮᠢᠳᠤᠷᠠᠵᠤ ᠪᠠᠢ᠌ᠭ᠎ᠠ ᠪᠢᠰᠢ ᠳ᠋ᠠ᠃ ᠠᠮᠢ ᠨᠠᠰᠤᠨ ᠤ ᠣᠤᠠᠬ᠎ᠠ ᠠᠭᠤᠯᠭ᠎ᠠ ᠭᠡᠷᠪᠡ ᠡᠳᠥᠢᠭᠡᠨ ᠪᠠᠭ᠎ᠠ ᠴᠠᠭᠠᠷᠢᠭ ᠲᠤ ᠡᠷᠭᠢᠯᠳᠦᠭᠦ ᠳᠤ ᠭᠦᠷᠪᠠᠯ ᠴᠤᠬᠤᠮ ᠭᠦ ᠠᠮᠳᠠ ᠰᠢᠮᠳᠠ ᠦᠭᠡᠶ ᠪᠣᠯᠤᠨ᠎ᠠ᠃ ᠦᠨᠦᠳᠤᠷ ᠠᠯᠳᠠᠭᠰᠠᠨ ᠪᠠᠢ᠌ᠪᠠᠯ ᠮᠠᠷᠭᠠᠰᠢ ᠳᠠᠭᠢᠨ ᠣᠯᠵᠤ ᠪᠣᠯᠤᠨ᠎ᠠ᠂ ᠠᠮᠢ ᠨᠠᠰᠤ ᠶᠢ ᠠᠯᠳᠠᠪᠠᠯ ᠬᠠᠷᠢᠨ ᠳᠠᠭᠢᠨ ᠣᠯᠵᠤ ᠴᠢᠳᠠᠬᠤ ᠦᠭᠡᠶ᠃ ᠲ᠋ᠡᠭᠡᠭᠦ ᠳᠤ᠂ ᠠᠭᠤᠷ ᠭᠢᠯᠢᠩ ᠶᠡᠭᠡᠳᠡᠢ ᠭᠦᠮᠤᠨ ᠢ ᠨᠢᠭᠡ ᠪᠢᠴᠢᠬᠠᠨ ᠢᠯᠠᠭ᠎ᠠ ᠴᠤ ᠳᠡᠢ᠌ᠯᠴᠢᠳᠡᠭ᠌ ᠶᠤᠮ ᠪᠠᠢ᠌ᠨ᠎ᠠ ᠰᠢᠤ᠃

ᠵᠤᠬᠢᠶᠠᠭᠴᠢ᠄ ᠨᠣ᠋·ᠪᠠᠭᠠᠳᠤᠷ
ᠳᠠᠷᠤᠮ᠄ 5974
ᠴᠠᠭ᠄ 2009 ᠤᠨ ᠤ 04 ᠰᠠᠷ᠎ᠠ ᠶᠢᠨ 29

ᠡᠮᠦᠨᠡᠬᠢ   ᠳᠠᠷᠠᠭᠠᠬᠢ

ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃