ᠠᠷᠪᠠᠳᠤᠭᠠᠷ ᠪᠦᠯᠦᠭ ᠂ ᠭᠡᠭᠡᠪᠴᠢ ᠪᠡᠷ ᠬᠠᠷᠠᠭᠳᠠᠬᠤ ᠶᠢᠷᠲᠢᠨᠴᠦ
ᠭᠤᠷᠪᠠᠳᠤᠭᠠᠷ ᠬᠡᠰᠡᠭ ᠂ 《ᠳᠦᠦᠷᠡᠢ᠌ᠮ᠎ᠠ》ᠮᠢᠨᠢ 《ᠳ᠋ᠠᠷᠢ ᠡᠬᠡ》ᠡᠴᠡ ᠬᠡᠳᠦᠢ ᠵᠠᠢ ᠲᠠᠢ ᠪᠤᠯ

ᠣᠶᠤᠨ ᠰᠠᠨᠠᠭ᠎ᠠ ᠡᠷᠭᠡ ᠴᠢᠯᠦᠭᠡᠳᠡᠢ ᠭᠦᠮᠤᠨ ᠪᠣᠯ ᠳᠠᠷᠤᠢ ᠠᠯᠢᠪᠠ ᠭᠦᠯᠢᠶᠡᠰᠤ ᠭᠢᠠᠵᠢ ᠶᠢ ᠪᠦᠷ ᠳᠠᠰᠤᠳᠠᠭᠰᠠᠨ ᠭᠦᠮᠤᠨ ᠮᠦᠨ᠃


᠊᠊᠊᠊᠊᠊᠊᠊᠊᠊᠊᠊᠊᠊᠊᠊᠊᠊᠊᠊᠊᠊᠊᠊ ᠪᠧᠢ᠌ᠺᠧᠨ


ᠨᠠᠯᠠᠭᠠᠷ ᠨᠠᠷᠠᠨ ᠳᠤᠨᠤᠷᠠᠵᠤ ᠨᠠᠪᠴᠢ ᠴᠡᠴᠡᠭ᠌ ᠨᠢ ᠮᠢᠷᠠᠯᠵᠠᠭᠰᠠᠨ ᠳᠡᠯᠭᠡᠷ ᠵᠤᠨ ᠤ ᠡᠳᠦᠷ᠂ ᠰᠠᠤᠠᠭᠢᠯ ᠤᠨ ᠴᠢᠮᠡᠭ᠌ ᠵᠢᠷᠦᠭᠡᠨ ᠤ ᠰᠢᠵᠢᠮ ᠪᠣᠯᠤᠭᠰᠠᠨ 《ᠳᠦᠤᠷᠠᠢ᠌ᠮ᠎ᠠ》 ᠴᠢᠮᠢ᠋ᠢ ᠳᠡᠰᠭᠡᠯ ᠦᠭᠡᠶ ᠳᠤᠷᠠᠰᠤᠨ ᠰᠠᠨᠠᠬᠤ ᠶᠤᠮ᠃ ᠳᠦᠷᠦᠭᠦᠭᠡᠨ ᠵᠢᠯ ᠵᠠᠷᠢᠮ ᠭᠦᠮᠤᠨ ᠡᠷᠢᠶᠡᠨ ᠬᠤᠷᠸ᠎ᠠ ᠳᠤ ᠡᠯᠳᠡᠪ ᠤᠨ ᠭᠦᠮᠤᠨ ᠪᠠᠢ᠌ᠪᠠᠴᠤ ᠡᠭᠡᠨᠡᠷ ᠤᠨ ᠰᠤᠳᠤ ᠨᠢ ᠪᠣᠯᠤᠭᠰᠠᠨ 《ᠳᠦᠤᠷᠠᠢ᠌ᠮ᠎ᠠ》 ᠪᠠᠢ᠌ᠬᠤ ᠦᠭᠡᠶ ᠭᠡᠮᠡᠨ ᠭᠠᠰᠠᠯᠬᠤ ᠳᠤ᠂ ᠪᠦᠰᠡᠭᠦᠢ ᠨᠠᠢ᠌ᠷᠠᠭᠴᠢ ᠨᠡᠷ ᠪᠣᠰᠤᠯᠴᠠᠵᠤ ᠢᠷᠡᠭᠡᠤᠨ 《ᠭᠠᠵᠠᠷ ᠰᠠᠢ ᠦᠭᠡᠶ 〈ᠳᠦᠤᠷᠠᠢ᠌ᠮ᠎ᠠ〉 ᠪᠠᠢ᠌ᠬᠤ ᠳᠤ᠂ ᠭᠠᠵᠢ ᠬᠠᠷᠠᠭ᠎ᠠ ᠲᠡᠶ ᠪᠦᠰᠡᠳᠡᠢ᠌ᠴᠦᠦᠯ ᠣᠯᠵᠤ ᠬᠠᠷᠠᠬᠤ ᠦᠭᠡᠶ ᠨᠢ ᠶᠠᠭᠤ ᠪᠣᠢ︖》 ᠭᠡᠵᠤ ᠰᠢᠷᠦᠭᠦᠨ ᠭᠠᠯᠯᠠᠭᠰᠠᠨ ᠪᠠᠢ᠌ᠳᠠᠭ᠃

ᠪᠢ ᠦᠪᠡᠷ ᠶᠢᠡᠨ ᠨᠢᠭᠡᠨ 《ᠰᠠᠬᠠᠯ ᠰᠠᠮᠪᠠᠢ ᠲᠡᠶ ᠶᠡᠭᠡ ᠡᠷ᠎ᠡ》 ᠪᠣᠯᠵᠤ ᠳᠦᠷᠦᠭ᠍ᠰᠡᠨ ᠤ ᠬᠤᠪᠢ ᠳᠤ᠂ ᠥᠩᠭᠡ ᠵᠢᠰᠤ ᠨᠢ ᠭᠤᠸ᠎ᠠ ᠥᠵᠡᠰᠭᠦᠯᠡᠩ ᠳᠦᠷᠦᠭ᠍ᠰᠡᠨ ᠪᠦᠰᠡᠭᠦᠢ ᠳᠠᠭᠠᠷᠢᠯᠳᠤᠬᠤ ᠪᠦᠷᠢ ᠨᠢᠳᠤ ᠭᠡᠷᠡᠯᠳᠤᠨ ᠰᠠᠤᠠᠭᠢᠯ ᠳᠤᠭᠳᠤᠯᠬᠤ ᠪᠠᠨ ᠳᠠᠨᠠᠷ ᠡᠴᠡ ᠨᠢᠭᠤᠬᠤ ᠦᠭᠡᠶ᠃ ᠨᠠᠳᠠ ᠡᠴᠡ ᠪᠣᠰᠤᠳ ᠡᠷᠡᠭ᠍ᠳᠡᠢ᠌ᠴᠦᠦᠯ ᠡᠢ᠌ᠮᠤ ᠪᠢᠰᠢ ᠭᠡᠳᠡᠭ᠌ ᠲᠤ ᠭᠦᠷᠪᠠᠯ᠂ ᠡᠪᠠᠦᠡᠴᠢᠨ ᠲᠡᠶ ᠪᠢᠰᠢ ᠯᠠ ᠪᠣᠯ ᠣᠪᠯᠠᠵᠤ ᠪᠠᠢ᠌ᠨ᠎ᠠ ᠭᠡᠵᠤ ᠪᠢ ᠢᠳᠡᠭᠡᠨ᠎ᠡ᠃ ᠭᠤᠸ᠎ᠠ ᠳᠠᠭᠠᠰᠢᠶᠠᠯ ᠪᠣᠶᠤ ᠢᠵᠢᠯ ᠪᠣᠰᠤ ᠪᠠᠯᠭᠡᠳᠡᠨ ᠤ ᠠᠮᠠᠷᠠᠭᠯᠠᠯ ᠪᠣᠯ ᠭᠦᠮᠤᠨ ᠲᠦᠷᠦᠯᠭᠢᠳᠠᠨ ᠤ ᠣᠤᠷ ᠴᠢᠨᠠᠷ ᠪᠣᠯᠬᠤ ᠶᠤᠮ᠃ ᠪᠢᠳᠠᠨᠤᠰ ᠴᠢᠨᠢ ᠢᠵᠢᠯ ᠪᠠᠯᠭᠡᠳᠡᠨ ᠤ ᠳᠤᠳᠤᠷᠠᠭᠢ ᠭᠤᠶᠤ ᠳᠦᠷᠦᠭ᠍ᠰᠡᠨ ᠢ ᠴᠤ ᠢᠯᠡᠭᠦᠤ ᠬᠠᠷᠠᠬᠤ ᠳᠤᠷᠠᠳᠠᠢ ᠪᠠᠢ᠌ᠳᠠᠯ᠎ᠠ᠂ ᠢᠵᠢᠯ ᠪᠣᠰᠤ ᠪᠠᠯᠭᠡᠳᠡᠨ ᠢ ᠨᠠᠩ ᠶᠠᠭᠤᠨ ᠥᠭᠦᠯᠡᠨᠡᠮ︕ ᠢᠩᠭᠢᠵᠤ ᠨᠢᠳᠤ ᠪᠠᠨ 《ᠬᠤᠵᠢᠷᠯᠠᠭᠠᠤᠨ》 ᠥᠩᠭᠡᠷᠡᠭᠦ ᠨᠢ ᠮᠤᠷᠢᠨ ᠳᠤᠪᠳᠤᠯᠤᠭ᠎ᠠ ᠪᠠᠷ ᠴᠡᠴᠡᠭ᠌ ᠰᠤᠨᠢᠷᠬᠠᠭᠠᠤᠨ ᠬᠤᠷᠤᠬᠠᠢ ᠪᠠᠨ ᠳᠠᠢ᠌ᠯᠵᠤ ᠳᠡᠢ᠌ᠯᠭᠦ ᠦᠭᠡᠶ ᠪᠣᠯ ᠮᠤᠷᠢᠨ ᠡᠴᠡ ᠪᠠᠨ ᠪᠠᠭᠤᠭᠠᠤᠨ ᠳᠠᠰᠤᠳᠠᠵᠤ ᠦᠵᠡ᠂ ᠬᠤᠪᠢ ᠳᠠᠪᠢᠯᠠᠩ ᠴᠢᠨᠢ ᠮᠡᠳᠡᠭ᠍ᠰᠡᠨ ᠭᠡᠷᠡᠭ᠌ ᠡ᠃ ᠳᠡᠭᠡᠭᠡᠤᠨ ᠣᠯᠠᠭᠠᠨ ᠥᠩᠭᠡᠳᠡᠢ ᠶᠠᠷᠭᠠᠢ ᠴᠡᠴᠡᠭ᠌ ᠢ ᠳᠤᠭᠤᠵᠤ ᠭᠠᠷ ᠶᠢᠡᠨ ᠰᠤᠩᠭ᠋ᠠᠵᠤ ᠳᠠᠰᠤᠳᠠᠵᠤ ᠠᠪᠬᠤ ᠭᠡᠵᠤ ᠪᠠᠢ᠌ᠭᠠᠤᠨ ᠥᠷᠭᠡᠰᠤᠨ ᠳ᠋ᠤᠨᠢ ᠴᠢᠰᠤ ᠭᠤᠭᠤᠵᠢᠳᠠᠯ᠎ᠠ ᠬᠠᠤᠠᠬᠤᠭᠳᠠᠴᠢᠬᠠᠭᠰᠠᠨ ᠪᠠᠢ᠌ᠬᠤ ᠦᠭᠡᠶ ᠦᠦ︖ ᠵᠠ ᠪᠣᠯᠢ᠂ ᠰᠠᠷᠭᠠᠢ ᠳᠠᠰᠤᠳᠠᠬᠤ ᠰᠠᠨᠠᠭ᠎ᠠ ᠪᠠᠨ ᠨᠢᠭᠡᠮᠦᠰᠤᠨ ᠬᠤᠷᠢᠶᠠᠵᠤ᠂ ᠴᠠᠭᠠᠨ ᠮᠠᠠᠳᠠᠷᠸ᠎ᠠ ᠡᠴᠡ ᠨᠢ ᠨᠢᠭᠡ ᠶᠢ ᠳᠠᠰᠤᠳᠠᠴᠢᠬᠠᠶ᠎ᠠ ᠭᠡᠤᠨ ᠭᠠᠷ ᠶᠢᠡᠨ ᠰᠤᠩᠭ᠋ᠠᠳᠠᠯ᠎ᠠ ᠨᠢᠭᠡ ᠪᠦᠳᠦᠭᠦᠨ ᠭᠡᠭ᠍ᠴᠢ ᠪᠠᠯᠳᠤ ᠵᠥᠭᠡᠢ ᠭᠠᠷᠴᠤ ᠢᠷᠡᠭᠡᠤᠨ ᠭᠠᠷ ᠢ ᠴᠢᠨᠢ ᠬᠠᠪᠣᠤᠠᠳᠠᠯ᠎ᠠ ᠬᠠᠤᠠᠬᠤᠵᠤ ᠮᠠᠳᠠᠨ᠎ᠠ᠃ ᠡᠨᠡ ᠪᠣᠯ ᠡᠵᠡᠨ ᠲᠡᠶ ᠬᠤᠸᠠᠷ ᠶᠤᠮ ᠰᠢᠤ᠂ ᠳᠤᠷᠠᠪᠠᠷ ᠭᠦᠳᠡᠯᠭᠡᠵᠤ ᠪᠣᠯᠤᠨ᠎ᠠ ᠭᠡᠵᠢ ᠦᠦ᠃ ᠴᠠᠭᠠᠨ᠎ᠠ ᠨᠢ ᠴᠠᠨ᠎ᠠ ᠰᠠᠷᠠᠨ᠎ᠠ ᠭᠡᠤᠨ ᠣᠯᠠᠨ ᠠᠷᠪᠢᠨ ᠭᠡᠭᠡᠷ᠎ᠡ ᠶᠢᠨ ᠴᠡᠴᠡᠭ᠌ ᠡᠩᠨᠡᠷᠡᠵᠤ ᠪᠠᠢ᠌ᠬᠤ ᠳᠤ ᠨᠢᠳᠤᠨ ᠳᠡᠭᠡᠨ ᠬᠠᠪᠴᠢᠬᠤ ᠦᠭᠡᠶ ᠵᠥᠯᠴᠢ᠌ᠭᠡᠤᠨ ᠯᠠ᠁ ᠬᠠᠮᠤᠭ ᠤᠨ ᠰᠡᠭᠦᠯ ᠳ᠋ᠤᠨᠢ ᠭᠦᠭᠡ ᠡᠪᠠᠰᠤ ᠴᠤ ᠣᠯᠵᠤ ᠠᠳᠬᠤᠬᠤ ᠦᠭᠡᠶ ᠭᠠᠷ ᠬᠤᠭᠤᠰᠤᠨ ᠪᠣᠴᠠᠴᠢᠬᠤ ᠴᠤ ᠪᠣᠯᠵᠤᠰᠢ ᠦᠭᠡᠶ᠃ ᠳᠡᠭᠡᠭᠦ ᠳᠡᠭᠡᠨ ᠬᠠᠢ᠌ᠷ᠎ᠠ ᠳᠤᠷᠠᠯᠠᠯ ᠨᠢ ᠮᠠᠰᠢ ᠴᠢᠩᠭ᠋᠎ᠠ ᠵᠠᠷᠴᠢᠮᠳᠤ ᠴᠢᠨᠠᠷ ᠲᠡᠶ ᠪᠠᠢ᠌ᠵᠤ᠂ ᠨᠢᠳᠤᠨ ᠳᠤ ᠥᠷᠳᠦᠭ᠍ᠰᠡᠨ ᠪᠣᠯᠭᠠᠨ ᠶᠢᠡᠨ ᠬᠠᠢ᠌ᠷᠠᠯᠠᠴᠢᠬᠤ ᠪᠢᠰᠢ᠂ ᠬᠠᠷᠢᠨ ᠶᠠᠪᠣᠯᠴᠠᠵᠤ ᠣᠢ᠌ᠯᠠᠭᠠᠯᠴᠠᠬᠤ ᠪᠠᠷ ᠳᠠᠮᠵᠢᠭᠠᠤᠨ ᠰᠤᠷᠢᠠᠵᠢᠨ ᠭᠦᠷᠤ ᠰᠢᠭ᠌ ᠮᠦᠰᠤ ᠴᠢᠨᠠᠷ ᠳᠤᠨᠢ ᠳᠠᠳᠠᠭᠳᠠᠭᠠᠤᠨ ᠰᠠ‍‌ᠶᠢ ᠵᠢᠩᠭᠢᠨᠢ ᠪᠠᠷ ᠬᠠᠢ᠌ᠷᠠᠯᠠᠵᠤ ᠡᠭᠢᠯᠡᠨ᠎ᠡ᠃ ᠭᠤᠶᠤᠮᠰᠤᠭ ᠭᠡᠭᠡᠡᠴᠡᠷ ᠳᠦᠷᠦᠭ᠍ᠰᠡᠨ ᠨᠢ ᠭᠦᠮᠤᠨ ᠳᠤ ᠬᠠᠢ᠌ᠷᠠᠯᠠᠭᠳᠠᠬᠤ ᠨᠤᠷᠮ᠎ᠠ ᠪᠠᠷ ᠦᠨᠳᠦᠷ ᠪᠠᠢ᠌ᠯ᠎ᠠ ᠴᠤ ᠵᠢᠩᠭᠢᠨᠢ ᠬᠠᠢ᠌ᠷ᠎ᠠ ᠦᠨᠡᠨ ᠳᠤᠷᠠᠯᠠᠯ ᠤᠨ ᠳᠡᠩᠨᠡᠭᠦᠷ ᠳᠡᠭᠡᠷ᠎ᠡ ᠳᠠᠳᠣᠢ᠌ᠯᠠ ᠭᠦᠡᠳᠤ ᠶᠢᠨ ᠪᠠᠢ᠌ᠷᠢ ᠶᠢ ᠡᠵᠡᠯᠡᠭᠦ ᠦᠭᠡᠶ᠃ ᠣᠴᠢᠷ ᠨᠢ ᠬᠠᠢ᠌ᠷ᠎ᠠ ᠳᠤᠷᠠᠯᠠᠯ ᠤᠨ ᠭᠦᠭᠡᠭᠡᠴᠡᠯᠳᠦᠯ ᠳᠤ ᠥᠩᠭᠡ ᠵᠢᠰᠤ ᠨᠢ ᠊ᠭ᠍ᠱᠡᠨ᠎ᠡ ᠳᠡᠯᠭᠡᠷᠡᠭᠦ ᠣᠳᠤᠮᠪᠠᠷ᠎ᠠ ᠴᠡᠴᠡᠭ᠌ ᠪᠠᠢ᠌ᠬᠤ ᠳᠤ᠂ ᠭᠦᠮᠤᠨ ᠤ ᠮᠦᠰᠤ ᠴᠢᠨᠠᠷ ᠰᠠ‍‌ᠶᠢ ᠣᠳᠠᠭᠠᠨ ᠣᠨ ᠬᠠᠳᠠᠭᠠᠯᠠᠭᠳᠠᠵᠤ ᠳᠡᠢ᠌ᠯᠭᠦ ᠦᠷ᠎ᠡ ᠵᠢᠮᠢᠰ ᠪᠠᠢ᠌ᠵᠠᠢ᠃ ᠥᠩᠭᠡ ᠵᠢᠰᠤ ᠶᠡᠷᠦᠮᠳᠡᠭ᠌ ᠪᠠᠢ᠌ᠯ᠎ᠠ ᠴᠤ ᠵᠠᠩ ᠠᠭᠠᠯᠢ ᠨᠢ ᠭᠡᠭᠡᠨ ᠪᠣᠯᠤᠷ ᠰᠢᠭ ᠠᠷᠤᠤᠬᠠᠨ ᠳᠤᠩᠭ᠋ᠠᠯᠠᠭ᠂ ᠡᠷᠳᠡᠮ ᠮᠡᠳᠡᠯᠭᠡ ᠪᠠᠷ ᠪᠠᠶ᠎ᠠ ᠪᠠᠨ ᠴᠢᠮᠠᠵᠤ᠂ ᠡᠯᠪᠠᠷᠢᠯ ᠵᠢᠷᠤᠮ ᠶᠢᠡᠷ ᠣᠶᠤᠨ ᠶᠢᠡᠨ ᠵᠠᠰᠠᠭᠰᠠᠨ ᠪᠦᠰᠡᠭᠦᠢ ᠪᠣᠯ ᠰᠠ‍‌ᠶᠢ ᠭᠦᠮᠤᠨ ᠪᠦᠭᠦᠨ ᠤ ᠳᠠᠭᠠᠰᠢᠶᠠᠯ ᠳᠤ ᠨᠡᠢ᠌ᠴᠡᠭ᠍ᠰᠡᠨ 《ᠳᠦᠤᠷᠠᠢ᠌ᠮ᠎ᠠ》 ᠪᠠᠢ᠌ᠬᠤ ᠶᠤᠰᠤᠳᠠᠢ᠃

ᠡᠷᠳᠡ ᠳᠡᠭᠡᠳᠤ ᠶᠢᠨ ᠣᠴᠢᠷ ᠢ ᠳᠤᠭᠠᠴᠢᠪᠠᠰᠤ᠂ ᠡᠭᠡᠴᠢᠯᠡᠯ ᠤᠨ ᠨᠡᠢ᠌ᠭᠡᠮ ᠤᠨ ᠳᠠᠷᠠ ᠭᠦ ᠣᠬᠤᠷᠬᠠᠨ ᠮᠦᠴᠡ ᠡᠴᠡ ᠪᠣᠰᠤᠳ ᠴᠠᠭ ᠲᠤ᠂ ᠡᠮᠡᠭ᠍ᠳᠡᠢ ᠭᠦᠮᠤᠨ ᠨᠢ ᠳᠠᠢ᠌ᠨ ᠤ ᠣᠯᠵᠠ ᠪᠣᠶᠤ ᠪᠠᠯᠭᠡ ᠶᠢᠨ ᠪᠣᠭᠤᠯ ᠪᠠᠢ᠌ᠵᠤ᠂ ᠣᠷᠤ ᠳᠤᠯᠠᠭᠠᠯᠠᠨ ᠦᠷ᠎ᠡ ᠭᠡᠦᠭᠡᠤᠨ ᠲᠦᠷᠦᠵᠤ ᠥᠰᠭᠡᠭᠦ ᠯᠠ ᠡᠭᠦᠷᠭᠡ ᠬᠠᠷᠢᠭᠤᠴᠠᠯᠭ᠎ᠠ ᠲᠡᠶ ᠪᠠᠢ᠌ᠵᠠᠢ᠃ ᠡᠨᠡ ᠳᠡᠦᠭᠡᠨ ᠴᠠᠭ ᠦᠶ᠎ᠡ ᠳᠠᠩᠴᠢ ᠣᠳᠠᠭᠠᠨ ᠬᠤᠭᠤᠴᠠᠭ᠎ᠠ ᠥᠷᠭᠦᠯᠵᠢᠯᠡᠵᠤ ᠭᠡᠳᠤᠨ ᠮᠢᠩᠭ᠋ᠠᠨ ᠣᠨ ᠢ ᠡᠯᠡᠭᠡᠭ᠍ᠰᠡᠨ ᠪᠦᠭᠡᠤᠨ ᠪᠣᠰᠤᠨ ᠳᠤᠳᠠᠭᠠᠬᠤ ᠡᠴᠡ ᠨᠢ ᠪᠣᠯᠭᠤᠮᠵᠢᠯᠠᠵᠤ ᠣᠶᠠᠵᠤ ᠭᠢᠠᠵᠢᠯᠠᠵᠤ ᠪᠠᠢ᠌ᠭᠰᠠᠨ ᠣᠷᠤᠮ ᠢ ᠰᠤᠠᠳᠤᠷ᠂ ᠡᠭᠡᠮᠦᠭ᠌᠂ ᠪᠦᠭᠡᠵᠢ᠂ ᠪᠠᠭᠤᠪᠴᠢ᠂ ᠰᠢᠯᠪᠢᠴᠢ᠂ ᠦᠨᠳᠦᠷ ᠥᠰᠭᠡᠢ ᠲᠡᠶ ᠱᠠᠬᠠᠢ ᠵᠡᠷᠭᠡ ᠡᠴᠡ ᠣᠳᠤ ᠪᠢᠳᠠ ᠳᠤᠳᠤ ᠬᠠᠷᠠᠵᠤ ᠪᠠᠢ᠌ᠨ᠎ᠠ᠃ ᠣᠷᠳᠤ ᠬᠤᠭᠤᠴᠭᠠᠨ ᠤ ᠪᠣᠯᠪᠠᠰᠤᠨ ᠲᠡᠶ ᠭᠢᠳᠠᠤᠨ ᠤᠳ ᠡᠮᠡᠭ᠍ᠳᠡᠢ᠌ᠴᠦᠳ ᠢ ᠨᠤᠶᠠᠷᠬᠠᠬᠤ ᠪᠣᠳᠤᠯᠭ᠎ᠠ ᠪᠠᠷ ᠣᠯᠠᠮ ᠨᠠᠷᠢᠰᠴᠤ᠂ ᠭᠢᠠᠵᠢᠯᠠᠵᠤ ᠠᠷᠭᠠᠮᠵᠢᠨ᠎ᠠ ᠭᠡᠵᠤ ᠳᠦᠪᠠᠭᠯᠡᠭᠦ ᠦᠭᠡᠶ ᠬᠠᠷᠢᠨ ᠭᠦᠯ ᠢ ᠨᠢ ᠰᠢᠭᠤᠳ ᠪᠣᠭᠤᠵᠤ ᠣᠶᠠᠭᠠᠤᠨ ᠭᠡᠦᠭᠡᠯᠳᠡᠢ ᠶᠠᠪᠣᠬᠤ ᠰᠢᠭ ᠮᠠᠢ᠌ᠳᠠᠭ ᠳᠠᠢ᠌ᠳᠠᠭ ᠠᠯᠬᠤᠬᠤ ᠶᠢ ᠨᠢ ᠬᠠᠷᠠᠭᠠᠤᠨ ᠬᠠᠳᠠᠭᠠᠨᠠᠳᠠᠯ᠎ᠠ ᠢᠨᠢᠶᠠᠵᠤ ᠵᠤᠭᠰᠤᠳᠠᠭ ᠪᠠᠢ᠌ᠵᠠᠢ᠃ ᠢᠩᠭᠢᠭᠡᠤᠨ ᠵᠤᠭᠰᠤᠭᠰᠠᠨ ᠦᠭᠡᠶ 《ᠦᠬᠢᠳ ᠤᠨ ᠰᠤᠳᠤᠷ》 ᠭᠡᠭ᠍ᠴᠢ ᠶᠢ ᠵᠤᠬᠢᠶᠠᠭᠠᠤᠨ 《ᠭᠤᠷᠪᠠᠨ ᠰᠠᠭᠢᠯ ᠳᠦᠷᠪᠡᠨ ᠶᠤᠰᠤ》 ᠶᠢ ᠦᠬᠢᠨ ᠪᠠᠭ᠎ᠠ ᠨᠠᠰᠤᠨ ᠡᠴᠡ ᠨᠢ ᠴᠡᠭᠡᠵᠢᠯᠡᠭᠦᠯᠵᠤ᠂ ᠮᠠᠬᠠᠪᠣᠤᠨ ᠪᠠᠶ᠎ᠠ ᠶᠢ ᠨᠢ ᠭᠦᠯᠢᠶᠡᠰᠦᠯᠡᠭᠦ ᠳᠠᠳᠤᠢ ᠦᠭᠡᠶ ᠣᠶᠤᠨ ᠰᠠᠨᠠᠭ᠎ᠠ ᠶᠢ ᠨᠢ ᠴᠤ ᠪᠣᠭᠤᠮᠢᠯᠠᠬᠤ ᠬᠠᠷ᠎ᠠ ᠣᠬᠠᠭᠠᠨ ᠶᠢᠡᠨ ᠪᠢᠰᠢᠯᠭᠠᠵᠤ ᠪᠠᠢ᠌ᠭᠰᠠᠨ ᠠᠵᠢ᠃ ᠣᠳᠠᠭᠠᠨ ᠣᠨ ᠤ ᠹᠧᠥᠳᠠᠯ ᠤᠨ ᠭᠦᠷᠦᠰᠤᠨ ᠳᠤ ᠡᠨᠡ ᠬᠤᠤᠷ ᠳᠠᠩᠴᠢ ᠭᠦᠨ ᠰᠢᠩᠭᠡᠵᠤ᠂ ᠳᠡᠭᠡᠳᠤ ᠭᠡᠮᠵᠢᠶ᠎ᠡ ᠪᠠᠷ ᠰᠤᠶᠤᠯᠵᠢᠭᠰᠠᠨ ᠰᠢᠨ᠎ᠠ ᠮᠢᠩᠭ᠋ᠠᠨ ᠢ ᠳᠠᠪᠠᠭᠰᠠᠨ ᠪᠠᠢ᠌ᠳᠠᠯ᠎ᠠ 《ᠶᠡᠭᠡ ᠡᠷᠡᠰ ᠤᠨ ᠦᠵᠡᠯ》 ᠮᠦᠨ ᠭᠦ ᠭᠠᠵᠠᠷ ᠠᠪᠴᠤ ᠪᠦᠰᠡᠭᠦᠢ ᠭᠦᠮᠤᠨ ᠶᠠᠭᠠᠭᠢᠪᠠᠯ ᠵᠤᠭᠢᠬᠤ ᠳᠤᠬᠠᠢ ᠰᠠᠭᠢᠯ ᠵᠤᠬᠢᠶᠠᠵᠤ ᠦᠭ‍ᠭᠦᠨ᠎ᠡ ᠭᠡᠤᠨ ᠰᠠᠨᠠᠭᠠᠰᠢᠷᠠᠭᠠᠤᠨ ᠪᠠᠢ᠌ᠳᠠᠭ ᠨᠢ ᠳᠠᠩᠴᠢ ᠬᠠᠷᠠᠮᠰᠠᠯᠳᠠᠢ ᠪᠠᠢ᠌ᠨ᠎ᠠ᠃ ᠪᠦᠰᠡᠭᠦᠢ ᠭᠦᠮᠤᠨ ᠶᠠᠭᠠᠭᠢᠪᠠᠯ ᠵᠤᠭᠢᠬᠤ ᠪᠠᠨ ᠭᠦᠮᠤᠨ ᠶᠢᠡᠷ ᠵᠢᠭᠠᠯᠭᠠᠭᠰᠠᠨ ᠤ ᠴᠢᠬᠤᠯᠠ ᠦᠭᠡᠶ᠂ ᠨᠡᠢ᠌ᠭᠡᠮ ᠤᠨ ᠶᠡᠭᠡ ᠣᠷᠤᠰᠬᠠᠯ ᠢ ᠳᠠᠭᠠᠵᠤ᠂ ᠡᠷᠡᠭ᠍ᠳᠡᠢ᠌ᠴᠦᠳ ᠶᠠᠭᠠᠭᠢᠵᠤ ᠭᠢᠭᠡᠤᠨ ᠪᠣᠯᠵᠤ ᠪᠠᠢ᠌ᠪᠠᠯ ᠳᠠᠭᠡᠵᠤ ᠭᠢᠪᠠᠯ ᠳᠠᠭᠠᠷᠠᠴᠢᠬᠠᠭᠰᠠᠨ ᠭᠡᠷᠡᠭ᠌᠃ ᠡᠮᠡᠭ᠍ᠳᠡᠢ᠌ᠴᠦᠳ ᠤᠨ ᠣᠯᠤᠭᠰᠠᠨ ᠡᠷᠭᠡ ᠴᠢᠯᠦᠭᠡᠨ ᠤ ᠭᠢᠷᠢ ᠭᠡᠮᠵᠢᠶ᠎ᠡ ᠪᠣᠯ ᠨᠡᠢ᠌ᠭᠡᠮ ᠤᠨ ᠳᠠᠪᠰᠢᠯᠳᠠ ᠶᠢᠨ ᠳᠤᠳᠤᠷᠬᠠᠢ ᠢᠯᠡᠳᠭᠡᠮᠵᠢ ᠪᠣᠯᠬᠤ ᠶᠤᠮ᠃

ᠥᠨᠡᠨᠳᠡᠭᠡᠨ ᠶ‍ᠢᠷᠳᠢᠠᠴᠤ ᠶᠢᠨ ᠭᠦᠮᠤᠨ ᠳᠤ ᠡᠷᠡᠭ᠍ᠳᠡᠢ ᠡᠮᠡᠭ᠍ᠳᠡᠢ ᠭᠡᠰᠡᠨ ᠦᠭᠡᠶ ᠪᠦᠷ ᠪᠠᠶ᠎ᠠ ᠪᠠᠨ ᠳᠠᠭᠠᠭᠠᠭᠰᠠᠨ ᠶ‍ᠢᠷᠳᠢᠠᠴᠤ ᠶᠢᠨ ᠦᠵᠡᠯᠳᠠ᠂ ᠬᠤᠪᠢ ᠬᠤᠪᠢᠨ ᠤ ᠦᠪᠡᠷᠮᠢᠴᠠ ᠣᠠᠴᠠᠯᠢᠭ ᠪᠠᠢ᠌ᠬᠤ ᠪᠠᠷ ᠪᠠᠷᠠᠬᠤ ᠦᠭᠡᠶ᠂ ᠰᠡᠳᠭᠢᠭᠦᠢ ᠭᠡᠯᠪᠠᠷᠢ ᠪᠠ ᠠᠵᠢᠯᠯᠠᠬᠤ ᠠᠷᠭ᠎ᠠ ᠨᠢ ᠴᠤ ᠠᠰ ᠠᠰᠳᠠᠭᠠᠨ ᠪᠠᠢ᠌ᠳᠠᠭ ᠶᠤᠮ᠃ ᠢᠨᠠᠭ ᠳᠤᠷᠠᠯᠠᠯ ᠤᠨ ᠳ᠋ᠦ᠋ᠩ ᠳᠤ ᠣᠷᠤᠭ ᠪᠦᠯᠢ ᠶᠢ ᠪᠦᠷᠢᠯᠳᠦᠭᠦᠯᠵᠤ᠂ ᠳᠠᠷᠠ ᠨᠢ ᠨᠥᠭᠦᠷ ᠭᠡᠷᠭᠡᠢ ᠬᠤᠶᠠᠷ ᠤᠨ ᠦᠪᠡᠷᠮᠢᠴᠠ ᠵᠠᠩ ᠴᠢᠨᠠᠷ ᠢ ᠥᠭᠡᠢ᠌ᠰᠭᠡᠭᠦ ᠦᠭᠡᠶ ᠣᠷᠢᠳᠠᠯ ᠳᠤᠤᠷ᠎ᠠ ᠬᠠᠷᠢᠯᠴᠠᠨ ᠳᠤᠳᠠᠭᠤ ᠪᠠᠨ ᠨᠥᠭᠦᠵᠤ᠂ ᠬᠠᠷᠢᠯᠴᠠᠨ ᠲᠦᠰᠢᠯᠴᠠᠨ ᠠᠮᠢᠳᠤᠷᠠᠯ ᠤᠨ ᠣᠷᠳᠤ ᠠᠶᠠᠨ ᠢ ᠳᠤᠭᠤᠯᠵᠤ ᠭᠠᠷᠳᠠᠭ᠃ ᠬᠠᠷᠢᠨ ᠭᠡᠨ ᠠᠯᠢᠨ ᠶᠢᠡᠨ ᠪᠣᠭᠤᠯᠴᠢᠯᠠᠵᠤ ᠭᠦᠵᠦᠭᠦᠨ ᠳᠡᠭᠡᠷ᠎ᠡ ᠨᠢ ᠵᠠᠢ᠌ᠳᠠᠯᠠᠵᠤ ᠣᠨᠤᠭᠠᠤᠨ ᠠᠶᠠᠨ ᠭᠦᠭᠡᠭᠡᠭᠦ ᠶᠠᠪᠣᠳᠠᠯ ᠪᠢᠰᠢ ᠡ᠃ ᠳᠡᠭᠡᠭᠦ ᠪᠠᠷ᠂ ᠭᠦᠷᠦᠰᠦᠳᠤ ᠳᠡᠯᠡᠭᠡᠢ ᠳᠡᠭᠡᠷ᠎ᠡ ᠶᠠᠮᠠᠷ ᠴᠤ ᠭᠡᠮ ᠳᠤᠳᠠᠭᠳᠠᠯ ᠦᠭᠡᠶ ᠭᠦᠮᠤᠨ ᠭᠡᠵᠤ ᠪᠠᠢ᠌ᠳᠠᠭ ᠦᠭᠡᠶ ᠪᠦᠭᠡᠤᠨ 《ᠠᠰᠯᠠᠭᠠᠤᠨ ᠬᠠᠷᠠᠬᠤ ᠳᠤ ᠠᠪᠣ ᠶᠢᠨ ᠬᠠᠮᠠᠷ ᠮᠤᠷᠤᠢ》 ᠭᠡᠳᠡᠭ᠌ ᠶᠢᠡᠷ ᠨᠠᠷᠠᠨ ᠤ ᠳᠤᠤᠷ᠎ᠠ ᠠᠮᠢᠳᠤᠷᠠᠭ᠎ᠠ ᠭᠦᠮᠤᠨ ᠳᠤ ᠭᠡᠷᠡᠯᠳᠡᠢ ᠨᠢᠭᠡ ᠳᠠᠯ᠎ᠠ ᠪᠠᠢ᠌ᠨ᠎ᠠ ᠭᠡᠭᠦᠯᠡᠷ ᠰᠡᠭᠦᠳᠡᠷ ᠲᠡᠶ ᠳᠠᠯ᠎ᠠ ᠪᠠᠰᠠ ᠪᠠᠢ᠌ᠬᠤ ᠶᠢ ᠪᠦᠭᠦᠳᠡᠭᠡᠷ ᠮᠠᠳᠠᠵᠤ ᠠᠪᠬᠤ ᠭᠡᠷᠡᠭ᠍ᠳᠡᠢ᠃ ᠭᠠᠭᠴᠠᠬᠦ ᠰᠡᠭᠦᠳᠡᠷ ᠲᠡᠶ ᠳᠠᠯ᠎ᠠ ᠪᠠᠢ᠌ᠬᠤ ᠶᠢᠨ ᠬᠠᠷᠠᠭ᠎ᠠ ᠪᠠᠷ ᠭᠡᠭᠡ ᠲᠡᠶ ᠳᠠᠯ᠎ᠠ ᠶᠢ ᠰᠠ‍‌ᠶᠢ ᠬᠠᠷᠢᠴᠠᠭᠤᠯᠤᠨ ᠳᠤᠳᠤᠷᠠᠭᠤᠯᠵᠤ ᠴᠢᠳᠠᠳᠠᠭ ᠶᠤᠮ ᠪᠠᠢ᠌ᠨ᠎ᠠ᠃ ᠰᠡᠵᠢᠭ᠍ᠴᠢ ᠠᠵᠢᠭᠴᠢ᠂ ᠡᠳ᠋ ᠮᠥᠩᠭᠦᠨ ᠳᠤ ᠰᠢᠨᠤᠬᠠᠢ᠂ ᠠᠷᠰᠠᠷ ᠵᠣᠢ᠌ᠯᠠᠰ ᠲᠤ ᠳᠠᠪᠴᠢᠶᠠᠷᠢ ᠮᠠᠭᠤᠳᠠᠢ᠂ ᠣᠷᠳᠤ ᠴᠠᠭ ᠶᠢᠡᠷ ᠶᠠᠷᠢᠭᠯᠠᠬᠤ ᠳᠤᠷᠠᠳᠠᠢ ᠪᠠᠢ᠌ᠳᠠᠭ ᠨᠢ ᠪᠦᠰᠡᠭᠦᠢᠴᠦᠳ ᠤᠨ ᠨᠠᠢ᠌ᠳᠠᠮ ᠤᠨ ᠳᠤᠳᠠᠭᠳᠠᠯ ᠪᠣᠯᠪᠠᠴᠤ᠂ ᠬᠠᠢ᠌ᠷ᠎ᠠ ᠶᠢᠨ 《ᠳᠤᠳᠤᠤᠠᠬᠠᠭᠴᠢ ᠰᠢᠯ》 ᠶᠢᠡᠷ ᠱᠠᠭᠠᠢ᠌ᠪᠠᠯ ᠳᠠᠷᠠ ᠨᠢ ᠪᠦᠷ ᠭᠦᠭᠡᠷᠦᠭᠦᠨ ᠬᠠᠢ᠌ᠷᠠᠯᠠᠯᠳᠠᠢ ᠳᠠᠯ᠎ᠠ ᠨᠢ ᠪᠣᠯᠤᠨ᠎ᠠ᠃ ᠴᠢᠮᠢ᠋ᠢ ᠪᠣᠰᠤᠳ ᠡᠮᠡᠭ᠍ᠳᠡᠢ ᠲᠡᠶ ᠬᠠᠷᠢᠯᠴᠠᠬᠤ ᠦᠶ᠎ᠡ ᠳᠤ ᠬᠠᠷᠠᠳᠠᠵᠤ ᠰᠡᠵᠢᠭᠯᠡᠭᠦ ᠨᠢ ᠬᠠᠢ᠌ᠷ᠎ᠠ ᠨᠢ ᠠᠬᠠᠳᠠᠭᠠᠤᠨ ᠬᠠᠷᠠᠮᠨᠠᠵᠤ ᠪᠠᠢ᠌ᠬᠤ ᠶᠢᠨ ᠢᠯᠡᠷᠭᠡᠢ ᠳᠡᠮᠳᠡᠭ᠌ ᠪᠣᠯᠬᠤ ᠶᠢ ᠮᠠᠳᠠᠵᠤ ᠶᠠᠳᠠᠬᠤ ᠶᠠᠭᠤ ᠪᠠᠢ᠌ᠬᠤᠪ᠃ ᠠᠮᠢᠳᠤᠷᠠᠯ ᠪᠣᠯ ᠠᠮᠤ ᠳᠠᠪᠣᠰᠤ ᠮᠠᠳᠤ ᠶᠢᠨ ᠠᠷᠰᠠᠷ ᠵᠣᠢ᠌ᠯᠠᠰ ᠶᠢᠡᠷ ᠵᠡᠷᠭᠡᠯᠡᠵᠤ ᠪᠣᠰᠬᠠᠭᠰᠠᠨ 《ᠰᠤᠪᠣᠷᠭ᠎ᠠ》 ᠪᠣᠯᠬᠤᠷ᠂ ᠡᠷᠦᠭᠡ ᠶᠢ ᠰᠡᠭᠦᠵᠤ ᠡᠭᠦᠳᠡ ᠶᠢ ᠮᠠᠨᠠᠭᠰᠠᠨ ᠪᠦᠰᠡᠭᠦᠢ ᠭᠦᠮᠤᠨ ᠨᠢ ᠨᠢᠭᠡ ᠭᠡᠷ ᠤᠨ ᠣᠠᠳᠠᠵᠤ ᠭᠡᠪᠳᠡᠭᠦ ᠡᠴᠡ ᠢᠳᠠᠵᠤ ᠡᠮᠦᠰᠭᠦ ᠶᠢ ᠬᠠᠮᠢᠶᠠᠷᠬᠤ ᠪᠠᠷ ᠪᠠᠷᠠᠬᠤ ᠦᠭᠡᠶ᠂ ᠨᠡᠢ᠌ᠭᠡᠮ ᠤᠨ ᠬᠠᠷᠢᠯᠴᠠᠭ᠎ᠠ ᠲᠦᠷᠦᠯ ᠰᠠᠳᠤᠨ ᠤ ᠶᠠᠪᠣᠯᠴᠠᠭ᠎ᠠ ᠭᠦᠷᠳᠡᠯ᠎ᠡ ᠰᠠᠤᠠᠭᠢᠯ ᠠᠯᠭᠠᠰᠠᠨ᠂ ᠡᠳ᠋ ᠮᠥᠩᠭᠦ ᠡᠳ᠋ᠯᠡᠯ ᠪᠠᠷᠢᠯ ᠪᠣᠰᠤᠳ ᠡᠴᠡ ᠳᠤᠤᠷᠠᠳᠤᠬᠤ ᠪᠦᠷᠢ ᠠᠳᠠᠭ᠎ᠠ ᠭᠦᠳᠡᠯᠤᠨ ᠠᠭᠤᠷ ᠪᠣᠴᠠᠯᠳᠠᠭ ᠪᠣᠯᠬᠤᠷ ᠵᠤᠪᠠᠭᠠᠤᠨ ᠪᠠᠷᠠᠬᠤ ᠦᠭᠡᠶ ᠣᠢ᠌ᠯᠠ᠂ ᠶᠠᠩᠰᠢᠭᠠᠤᠨ ᠪᠠᠷᠠᠬᠤ ᠦᠭᠡᠶ ᠣᠴᠠᠭᠠᠷ ᠪᠠᠢ᠌ᠭᠠᠤᠨ ᠪᠠᠢ᠌ᠳᠠᠭ᠃ ᠡᠨᠡ ᠪᠦᠭᠦᠨ ᠨᠢ ᠬᠠᠮᠤᠭ ᠤᠨ ᠦᠨᠳᠦᠰᠦᠨ ᠠᠰᠠᠭᠤᠳᠠᠯ ᠪᠣᠯᠬᠤ ᠵᠤᠭᠤᠰ ᠮᠥᠩᠭᠦ ᠲᠡᠶ ᠰᠢᠭᠤᠳ ᠬᠤᠯᠪᠣᠭᠠᠳᠠᠢ ᠪᠣᠯᠬᠤᠷ ᠭᠡᠳᠦᠢ ᠠᠷᠪᠢᠨ ᠪᠠᠢ᠌ᠯ᠎ᠠ ᠴᠤ ᠵᠠᠷᠤᠭᠠᠤᠨ ᠭᠦᠷᠭᠦ ᠦᠭᠡᠶ᠂ ᠨᠢᠭᠡ ᠮᠥᠩᠭᠦ ᠶᠢ ᠬᠤᠶᠠᠷ ᠬᠠᠭᠠᠰᠯᠠᠵᠤ ᠪᠠᠢ᠌ᠭᠠᠤᠨ ᠵᠠᠷᠤᠬᠤ ᠣᠬᠠᠭᠠᠨ ᠪᠢᠰᠢᠯᠭᠠᠳᠠᠭ ᠶᠢᠡᠷ ᠶᠢᠡᠨ ᠪᠦᠰᠡᠭᠦᠢ ᠭᠦᠮᠤᠨ ᠨᠢ ᠠᠶᠠᠠᠳᠠᠭᠠᠨ ᠡᠳ᠋ ᠮᠥᠩᠭᠦᠨ ᠳᠤ ᠬᠠᠷᠠᠮᠴᠢ ᠪᠣᠯᠳᠠᠭ ᠪᠠᠢ᠌ᠨ᠎ᠠ᠃ ᠡᠨᠡ ᠪᠦᠭᠦᠨ ᠨᠢ ᠪᠦᠷ ᠯᠠ ᠡᠷᠦᠭᠡ ᠭᠡᠷ ᠶᠢᠡᠨ ᠥᠭᠡᠳᠡ ᠲᠡᠶ ᠥᠩᠭᠡ ᠲᠡᠶ ᠡᠷᠭᠦᠵᠤ ᠶᠠᠪᠣᠬᠤ ᠶᠢᠨ ᠵᠤᠷᠢᠯᠭ᠎ᠠ ᠡᠴᠡ ᠡᠭᠦᠰᠦᠭ᠍ᠰᠡᠨ ᠪᠣᠯᠬᠤᠷ ᠪᠢᠳᠠᠨᠤᠰ ᠤᠨ ᠪᠢᠰᠢᠷᠠᠨ ᠭᠦᠡᠳᠦᠦᠡᠭᠡᠭᠦᠰᠢᠳᠡᠢ ᠳᠠᠯ᠎ᠠ ᠪᠢᠰᠢ ᠭᠡᠵᠢ ᠦᠦ︖ ᠭᠠᠴᠢᠭᠳᠠᠵᠤ ᠵᠤᠪᠠᠬᠤ ᠶᠠᠪᠣᠳᠠᠯ ᠦᠭᠡᠶ ᠪᠣᠯ ᠡᠮᠡᠭ᠍ᠳᠡᠢ ᠭᠦᠮᠤᠨ ᠭᠡᠵᠢᠶᠡᠳᠡ ᠣᠴᠠᠭᠠᠷᠯᠠᠵᠤ ᠶᠠᠷᠢᠭᠯᠠᠨ᠎ᠠ ᠭᠡᠮᠡᠨ ᠪᠠᠢ᠌ᠬᠤ ᠦᠭᠡᠶ᠃ ᠬᠠᠷᠢᠨ ᠵᠤᠪᠠᠭᠤᠷᠢᠯᠠᠬᠤ ᠶᠢᠨ ᠳᠣᠢ᠌ᠯ ᠳᠠᠭᠠᠨ ᠳᠤᠯᠬᠤ ᠪᠠᠷ ᠠᠮᠢᠳᠤᠷᠠᠯ ᠤᠨ ᠬᠠᠨᠢ ᠳᠠᠭᠠᠨ ᠰᠠᠤᠠᠭᠢᠯ ᠤᠨ ᠪᠣᠭᠢᠨᠠᠳᠤᠯ ᠶᠢᠡᠨ ᠳᠤᠭᠠᠴᠢᠵᠤ ᠪᠠᠢ᠌ᠭ᠎ᠠ ᠳᠠᠳᠣᠢ᠌ᠯᠠ᠃ ᠳᠡᠭᠡᠭᠦ ᠳᠤ ᠡᠷᠡᠭ᠍ᠳᠡᠢ᠌ᠴᠦᠳ ᠤᠨ ᠨᠢᠳᠤᠨ ᠳᠤ ᠬᠠᠪᠴᠢᠭᠳᠠᠳᠠᠭ ᠦᠭᠡᠶ ᠪᠠᠭ᠎ᠠ ᠣᠴᠢᠷ ᠨᠢ ᠡᠮᠡᠭ᠍ᠳᠡᠢ᠌ᠴᠦᠳ ᠲᠤ ᠬᠠᠷᠢᠨ ᠳᠡᠭ᠍ᠷᠢ ᠳᠤᠯᠤᠮ᠎ᠠ ᠶᠡᠭᠡ ᠶᠠᠪᠣᠳᠠᠯ ᠶᠤᠮᠰᠠᠨ᠃ ᠭᠡᠷᠪᠡ ᠳᠡᠭᠦᠨ ᠳᠤ ᠬᠠᠢ᠌ᠷ᠎ᠠ ᠶᠢᠨ ᠳᠤᠬᠤᠨᠢᠭᠤᠯᠤᠯ ᠥᠭ᠍ᠴᠤ ᠠᠭᠤᠷ ᠣᠴᠠᠭᠠᠷ ᠢ ᠨᠢ ᠭᠦᠢᠴᠡᠳ ᠶᠠᠷᠢᠭᠤᠯᠴᠢᠬᠤ ᠶᠤᠮ ᠪᠣᠯ ᠪᠦᠰᠡᠭᠦᠢ ᠮᠠᠨᠢ ᠳᠤᠤᠷ᠎ᠠ ᠨᠢ ᠠᠭᠤᠵᠢᠷᠠᠭᠠᠤᠨ ᠴᠡᠴᠡᠭ᠌ ᠢ ᠢᠴᠢᠭᠡᠮ᠎ᠡ ᠭᠤᠶᠤ ᠮᠦᠰᠢᠶᠠᠳᠤ ᠪᠠᠷ ᠴᠢᠮᠢ᠋ᠢ ᠪᠠᠶᠠᠰᠬᠠᠬᠤ ᠪᠣᠯᠤᠨ᠎ᠠ᠃ ᠳᠡᠭᠡᠭᠦ ᠳᠤ ᠡᠷᠡᠭ᠍ᠳᠡᠢ᠌ᠴᠦᠳ ᠲᠤ ᠬᠠᠷᠢᠨ ᠡᠢ᠌ᠮᠦᠷᠭᠦ ᠣᠴᠠᠭᠠᠷ ᠶᠠᠷᠢᠶ᠎ᠠ ᠶᠢ ᠰᠤᠨᠤᠰᠬᠤ ᠳᠠᠪᠴᠢᠶᠠᠷᠢ ᠰᠢᠠᠳᠠᠰᠤ ᠦᠭᠡᠶ ᠯᠠ ᠭᠡᠴᠡᠭᠦᠤ᠃ ᠢᠩᠭᠢᠭᠦᠯᠡᠷ ᠪᠠᠭ᠎ᠠ ᠶᠠᠪᠣᠳᠠᠯ ᠳᠤ ᠪᠠᠭᠳᠠᠭᠠᠮᠵᠢ ᠦᠭᠡᠶ ᠠᠭᠠᠰᠢᠯᠠᠳᠠᠭ ᠨᠢ ᠪᠦᠰᠡᠭᠦᠢ ᠭᠦᠮᠤᠨ ᠤ ᠡᠷᠭᠡ ᠭᠦᠭᠡᠷᠦᠭᠦᠨ ᠨᠥᠭᠦᠭᠡ ᠨᠢᠭᠡ ᠳᠠᠯ᠎ᠠ ᠨᠢ ᠪᠣᠯᠬᠤ ᠶᠤᠮ᠃ ᠴᠡᠭᠡᠵᠢᠨ ᠳᠤᠳᠤᠷ᠎ᠠ ᠨᠢ ᠡᠮᠡᠭᠡᠯ ᠬᠠᠵᠠᠭᠠᠷ ᠲᠡᠶ ᠮᠤᠷᠢ ᠡᠷᠭᠢᠯᠳᠦᠨ᠎ᠡ ᠭᠡᠳᠡᠭ᠌ ᠨᠢ ᠡᠷᠡᠭ᠍ᠳᠡᠢ ᠭᠦᠮᠤᠨ ᠢ ᠭᠡᠯᠡᠭ᠍ᠰᠡᠨ ᠡᠴᠡ ᠪᠢᠰᠢ ᠡᠮᠡᠭ᠍ᠳᠡᠢ ᠭᠦᠮᠤᠨ ᠢ ᠭᠡᠯᠡᠭ᠍ᠰᠡᠨ ᠪᠢᠰᠢ ᠡ᠃ ᠡᠨᠡ ᠪᠦᠭᠦᠨ ᠢ ᠬᠠᠰᠤᠭᠠᠤᠨ ᠬᠠᠶᠠᠭᠰᠠᠨ ᠤ ᠬᠣᠢ᠌ᠨ᠎ᠠ᠂ ᠪᠦᠰᠡᠭᠦᠢ ᠭᠦᠮᠤᠨ ᠳᠤ ᠥᠯᠡᠳᠡᠭᠦ ᠨᠢ ᠦᠪᠡᠷᠮᠢᠴᠠ ᠣᠠᠴᠠᠯᠢᠭ ᠲᠡᠶ ᠠᠬᠣᠢ᠌ᠴᠢ ᠰᠠᠤᠠᠭᠢᠮᠵᠢ᠂ ᠴᠢᠤᠠᠬᠤᠮᠠᠯ ᠭᠦᠷᠭᠢᠷ᠎ᠡ ᠠᠳᠠᠯᠢ ᠣᠰᠬᠠᠯ ᠬᠠᠢ᠌ᠷ᠎ᠠ᠂ ᠡᠷᠭᠡᠯᠡᠵᠤ ᠨᠢᠯᠬᠠᠷᠠᠬᠤ ᠰᠤᠪᠣᠤᠨ ᠤᠨ ᠨᠢᠯᠪᠣᠰᠤ᠂ ᠰᠤᠳᠠᠷᠠᠰᠤᠨ ᠪᠠᠯᠭᠠᠰᠤᠨ ᠤ ᠳᠠᠭᠢᠨᠢᠰ ᠠᠳᠠᠯᠢ ᠥᠩᠭᠡ ᠵᠢᠰᠤ ᠪᠣᠯᠤᠨ᠎ᠠ᠃ ᠡᠭᠦᠨ ᠤ ᠳᠡᠭᠡᠷ᠎ᠡ ᠭᠡᠷᠪᠡ ᠦᠷ᠎ᠡ ᠪᠠᠨ ᠭᠡᠪᠠᠯ ᠦᠷᠦᠴᠠ ᠪᠠᠨ ᠢᠷᠠᠬᠤ ᠦᠷᠦᠪᠴᠢ ᠰᠠᠤᠠᠭᠢᠯ᠂ ᠨᠠᠰᠤᠳᠠᠨ ᠶᠢᠡᠨ ᠠᠴᠢᠯᠠᠬᠤ ᠡᠯᠪᠠᠷᠢᠯ ᠤᠨ ᠮᠦᠰᠤ ᠂ ᠨᠥᠭᠦᠷ ᠶᠢᠡᠨ ᠵᠢᠷᠭᠠᠭᠤᠯᠬᠤ ᠴᠢᠭ᠍ᠴᠢ ᠵᠢᠷᠤᠮ ᠢ ᠨᠡᠮᠡᠴᠢᠭᠡᠭᠦ ᠶᠤᠮ ᠪᠣᠯ ᠪᠦᠰᠡᠭᠦᠢ ᠴᠢᠨᠢ ᠶᠤᠰᠤᠳᠠᠢ ᠬᠤᠷᠮᠤᠰᠳᠠ ᠡᠴᠡ ᠳᠤᠮᠢᠯᠠᠭᠰᠠᠨ ᠬᠤᠪᠢᠯᠭᠠᠨ ᠡᠯᠴᠢ ᠭᠡᠵᠤ ᠮᠡᠳᠡᠭᠡᠷᠡᠢ᠃ ᠣᠯᠠᠩᠭᠢ ᠪᠦᠰᠡᠳᠡᠢ᠌ᠴᠦᠦᠯ ᠤᠨ ᠰᠠᠤᠠᠭᠢᠯ ᠳᠤ ᠰᠥᠡᠳᠡᠷᠯᠡᠭᠡᠤᠨ ᠪᠠᠢ᠌ᠳᠠᠭ 《ᠳᠦᠤᠷᠠᠢ᠌ᠮ᠎ᠠ》 ᠪᠣᠯ ᠡᠢ᠌ᠮᠦᠷᠭᠦ ᠨᠠᠮᠠᠵᠤ ᠬᠠᠰᠤᠬᠤ ᠠᠷᠭ᠎ᠠ ᠪᠠᠷ ᠪᠦᠳᠦᠭᠡᠭ᠍ᠰᠡᠨ 《ᠳ᠋ᠠᠷᠢ ᠡᠭᠡ》 ᠶᠢᠨ ᠭᠡᠭᠡᠨ ᠳᠦᠷᠢ ᠪᠣᠯᠤᠨ᠎ᠠ᠃ ᠶᠡᠭᠡᠩᠭᠢ ᠪᠦᠰᠡᠳᠡᠢ᠌ᠴᠦᠦᠯ ᠳᠤᠭ᠎ᠠ ᠪᠣᠳᠤᠯᠭ᠎ᠠ ᠶᠢ ᠮᠠᠭᠤ ᠰᠤᠷᠤᠭᠰᠠᠨ ᠶᠢᠡᠷ 《ᠳᠦᠤᠷᠠᠢ᠌ᠮ᠎ᠠ》ᠵᠢᠨ ᠬᠠᠯᠠᠮᠵᠢᠯᠠᠯ ᠳᠤᠤᠷ᠎ᠠ ᠵᠢᠷᠭᠠᠵᠤ ᠪᠠᠢ᠌ᠬᠤ ᠪᠠᠨ ᠮᠡᠳᠡᠭᠦ ᠦᠭᠡᠶ᠂ ᠬᠤᠰᠢᠭᠤ ᠱᠥᠪᠤᠢᠯᠭᠡᠨ ᠳᠠᠯᠠᠨ ᠪᠣᠯᠴᠢᠷᠬᠠᠢ ᠪᠠᠨ ᠳᠤᠭᠠᠴᠢᠳᠠᠭ ᠨᠢ ᠰᠢᠭᠢᠷ ᠠᠷᠪᠢᠨ ᠢᠳᠡᠭ᠍ᠰᠡᠨ ᠭᠦᠮᠤᠨ ᠭᠠᠰᠢᠭᠤᠨ ᠠᠮᠳᠠ ᠶᠢ ᠮᠡᠳᠡᠭᠦ ᠦᠭᠡᠶ ᠪᠣᠯᠴᠢᠬᠠᠭᠰᠠᠨ ᠲᠡᠶ ᠠᠳᠠᠯᠢ ᠶᠤᠮ᠃

ᠳᠤᠮᠳᠠᠳᠤ ᠣᠯᠤᠰ ᠤᠨ ᠡᠷᠳᠡᠨ ᠤ ᠪᠢᠴᠢᠭ᠍ᠳᠡᠨ ᠺᠦᠩᠽᠢ ᠠᠮᠠ ᠳᠦᠭᠦᠷᠡᠩ 《ᠠᠨᠤ ᠢᠨᠤ ᠠᠵᠤᠭᠤ ᠪᠣᠯᠠᠢ》 ᠭᠡᠮᠡᠨ ᠪᠠᠪᠠᠳᠤᠨᠠᠭᠠᠤᠨ ᠡᠷᠳᠡᠮᠳᠡᠢ ᠰᠢᠭ᠌ ᠪᠣᠯᠪᠠᠴᠤ ᠨᠠᠰᠤ ᠪᠠᠷ ᠶᠢᠡᠨ ᠪᠦᠰᠡᠭᠦᠢ ᠭᠦᠮᠤᠨ ᠤ ᠮᠦᠨ ᠴᠢᠨᠠᠷ ᠢ ᠣᠢ᠌ᠯᠭᠠᠵᠤ ᠴᠢᠳᠠᠭᠰᠠᠨ ᠦᠭᠡᠶ᠂ ᠠᠮᠢ ᠳᠠᠯᠪᠢᠬᠤ ᠡᠴᠡ ᠪᠠᠨ ᠡᠮᠦᠨ᠎ᠡ 《ᠳᠡᠯᠡᠭᠡᠢ ᠳᠡᠭᠡᠷ᠎ᠡ ᠭᠠᠭᠴᠠᠬᠦ ᠪᠦᠰᠡᠭᠦᠢ ᠭᠦᠮᠤᠨ ᠪᠣᠯᠤᠨ ᠪᠠᠷᠳᠡᠭ᠍ᠴᠢᠨ ᠡᠷ᠎ᠡ ᠶᠢ ᠳᠡᠵᠢᠭᠡᠭᠦᠶ᠎ᠡ ᠪᠠᠷᠭᠡ》 ᠭᠡᠵᠤ ᠴᠠᠯᠴᠢᠭᠰᠠᠨ ᠪᠠᠢ᠌ᠪᠠ᠃ ᠮᠡᠳᠡᠭᠦ ᠦᠭᠡᠶ ᠪᠠᠢ᠌ᠭᠠᠤᠨ ᠮᠡᠳᠡᠮᠡᠭᠡᠢ᠌ᠷᠡᠨ᠎ᠡ ᠭᠡᠭ᠍ᠴᠢ ᠺᠦᠩᠽᠢ ᠡᠴᠡ ᠡᠭᠢᠯᠡᠭ᠍ᠰᠡᠨ ᠵᠤᠭᠤᠭ ᠪᠠᠢ᠌ᠵᠠᠢ᠃ ᠺᠦᠩᠽᠢ ᠶᠢᠨ ᠮᠡᠳᠡᠭᠦ ᠶᠠᠭᠤᠮ᠎ᠠ ᠨᠢ ᠵᠥᠪᠭᠡᠨ ᠱᠠᠩ ᠤᠨ ᠥᠯᠢᠭᠡᠷ ᠵᠸᠤ ᠶᠢᠨ ᠶᠤᠰᠤ ᠪᠣᠯᠬᠤᠷ᠂ ᠪᠦᠰᠡᠭᠦᠢ ᠭᠦᠮᠤᠨ ᠢ ᠦᠵᠡᠨ ᠶᠠᠳᠠᠳᠠᠭ ᠨᠢ ᠣᠤᠯᠢᠬᠠᠢ ᠪᠢᠴᠢᠭ᠍ᠳᠡᠨ ᠵᠢᠶᠠᠩ ᠽᠢ ᠶᠠ ᠡᠴᠡ ᠢᠷᠠᠯᠳᠠᠢ ᠶᠤᠮ᠃ ᠵᠢᠶᠠᠩ ᠽᠢ ᠶᠠ ᠭᠡᠳᠥᠢᠪᠠᠷ ᠪᠢᠴᠢᠭ᠌ ᠴᠡᠷᠢᠭ᠌ ᠤᠨ ᠡᠷᠳᠡᠮ ᠰᠤᠷᠤᠯᠴᠠᠭᠰᠠᠨ ᠪᠣᠯᠪᠠᠴᠤ ᠠᠷᠠᠯᠵᠢᠶ᠎ᠠ ᠣᠠᠳᠤᠷᠤᠯᠭ᠎ᠠ ᠶᠢᠨ ᠣᠬᠠᠭᠠᠨ ᠢ ᠳᠠᠭ ᠮᠡᠳᠡᠭᠦ ᠦᠭᠡᠶ ᠪᠣᠯᠬᠤᠷ ᠶᠠᠳᠠᠭᠤᠷᠠᠵᠤ ᠳᠣᠢ᠌ᠯᠳᠠᠭᠠᠤᠨ ᠦᠯᠪᠠᠷᠴᠤ ᠥᠭᠦᠭᠦ ᠭᠡᠮᠵᠢᠶᠡᠨ ᠳᠤ ᠭᠦᠷᠦᠭ᠍ᠰᠡᠨ ᠳᠤ᠂ ᠡᠭᠡᠨᠡᠷ ᠨᠢ ᠠᠮᠢ ᠵᠤᠯᠪᠠᠬᠤ ᠶᠢᠨ ᠳᠦᠯᠦᠭᠡ ᠥᠭᠡᠷ᠎ᠡ ᠠᠢ᠌ᠯ ᠳᠤ ᠮᠤᠷᠳᠠᠭᠰᠠᠨ ᠪᠠᠢ᠌ᠯ᠎ᠠ᠃ ᠡᠨᠡ ᠪᠣᠯ ᠮᠠᠰᠢ ᠵᠦᠪ ᠰᠤᠩᠭ᠋ᠤᠯᠳᠠ ᠪᠣᠯᠤᠨ᠎ᠠ᠃ ᠠᠮᠢᠳᠤᠷᠠᠶ᠎ᠠ ᠭᠡᠪᠠᠯ ᠵᠢᠶᠠᠩ ᠽᠢ ᠶᠠ ᠶᠢᠨ ᠠᠰᠬᠠᠨ ᠳᠠᠮᠤᠷ ᠶᠢᠡᠷ ᠭᠦᠭᠢᠳᠡᠵᠤ ᠣᠯᠬᠤ ᠵᠢᠭᠠᠰᠤ ᠶᠢ ᠭᠦᠯᠢᠶᠡᠭᠡᠤᠨ ᠰᠠᠭᠤᠵᠤ ᠪᠣᠯᠬᠤ ᠦᠭᠡᠶ᠃ ᠡᠨᠡ ᠳᠡᠯᠡᠭᠡᠢ ᠳᠡᠭᠡᠷ᠎ᠡ ᠣᠷᠤᠩᠨᠠᠬᠤ ᠳᠤ᠂ ᠡᠩ ᠳᠡᠷᠢᠭᠦᠨ ᠳᠤ ᠣᠷᠤᠰᠢᠨ ᠳᠤᠭᠳᠠᠨᠢᠬᠤ ᠠᠰᠠᠭᠤᠳᠠᠯ ᠶᠢᠡᠨ ᠰᠢ᠌ᠦᠡᠪᠦᠷᠢᠯᠡᠭ᠍ᠰᠡᠨ ᠤ ᠬᠣᠢ᠌ᠨ᠎ᠠ ᠰᠠ‍‌ᠶᠢ ᠠᠮᠠᠷᠠᠭ ᠬᠠᠢ᠌ᠷ᠎ᠠ ᠪᠣᠶᠤ ᠣᠭᠰᠠᠭ᠎ᠠ ᠵᠠᠯᠭᠠᠬᠤ ᠶᠠᠪᠣᠳᠠᠯ ᠢ ᠪᠣᠳᠤᠯᠭᠢᠯᠠᠵᠤ ᠪᠣᠯᠤᠨ᠎ᠠ᠃ ᠠᠹᠷᠢᠺᠠ ᠳᠢᠪ ᠤᠨ ᠭᠦᠭᠡ ᠰᠢᠯᠪᠢᠳᠤ ᠰᠢᠪᠠᠭᠤ ᠡᠭᠦᠷ ᠶᠢᠡᠨ ᠪᠠᠷᠢᠭᠰᠠᠨ ᠤ ᠳᠠᠷᠠᠭ᠎ᠠ᠂ ᠣᠷᠴᠢᠨ ᠳᠤᠭᠤᠷᠢᠨ ᠶᠢᠡᠨ ᠬᠤᠷᠴᠠ ᠥᠩᠭᠡ ᠶᠢᠨ ᠡᠳ᠋ ᠪᠣᠳᠠᠰ ᠪᠠ ᠬᠤᠸᠠᠷ ᠴᠡᠴᠡᠭ᠌ ᠶᠢᠡᠷ ᠴᠢᠮᠡᠭᠯᠡᠵᠤ ᠵᠠᠰᠠᠭᠠᠤᠨ᠂ ᠣᠷᠠᠨ ᠭᠣᠢ᠌ᠳᠠ ᠪᠦᠵᠢᠭ᠌ ᠢᠷᠠᠭᠤ ᠴᠡᠭᠡᠯᠭᠡᠨ ᠵᠢᠷᠭᠢᠭᠡ ᠪᠠᠷ ᠶᠢᠡᠨ ᠡᠮ᠎ᠡ ᠰᠢᠪᠠᠭᠤ ᠡᠴᠡ ᠣᠷᠤᠭ ᠭᠤᠶᠤᠳᠠᠭ᠃ ᠡᠮ᠎ᠡ ᠰᠢᠪᠠᠭᠤ ᠳᠡᠭᠦᠨ ᠤ ᠳᠠᠭᠤᠤ ᠪᠦᠵᠢᠭ᠌ ᠢ ᠪᠠᠬᠠᠷᠬᠠᠭᠰᠠᠨ ᠤ ᠳᠠᠷᠠᠭ᠎ᠠ᠂ ᠪᠠᠷᠢᠭᠰᠠᠨ ᠡᠭᠦᠷ ᠤᠨ ᠭᠢᠨᠢ ᠴᠢᠨᠠᠷ ᠴᠢᠠᠰᠠᠭ᠎ᠠ᠂ ᠵᠠᠰᠠᠵᠤ ᠭᠤᠶᠤᠯᠠᠬᠰᠠᠨ ᠭᠢᠷᠢ ᠭᠡᠮᠵᠢᠶ᠎ᠡ ᠶᠢ ᠰᠢᠯᠭᠠᠵᠤ ᠥᠵᠡᠭᠡᠤᠨ ᠭᠢᠷᠢ ᠳᠡᠩᠴᠡᠭ᠍ᠰᠡᠨ ᠤ ᠬᠣᠢ᠌ᠨ᠎ᠠ ᠰᠠ‍‌ᠶᠢ 《ᠣᠷᠤᠭ ᠤᠨ ᠪᠠᠳᠤᠯᠠᠪᠣᠷᠢ》 ᠪᠠᠨ ᠭᠢᠯᠭᠡᠳᠡᠭ᠌ ᠠᠵᠢ᠃ ᠪᠠᠢ᠌ᠭᠠᠯᠢ ᠶᠢᠨ ᠵᠢᠭᠦᠷᠳᠡᠨ ᠭᠦᠷᠳᠡᠯ᠎ᠡ ᠡᠷ᠎ᠡ ᠨᠢ ᠣᠷᠤᠩᠨᠠᠬᠤ ᠣᠷᠴᠢᠨ ᠠᠬᠤᠢ ᠶᠢ ᠪᠦᠷᠢᠯᠳᠦᠭᠦᠯᠭᠦ ᠡᠭᠦᠷᠭᠡ ᠶᠢ ᠬᠠᠷᠢᠭᠤᠴᠠᠳᠠᠭ ᠪᠠᠢ᠌ᠳᠠᠯ᠎ᠠ ᠭᠦᠮᠤᠨ ᠢ ᠨᠠᠩ ᠶᠠᠭᠤᠨ ᠥᠭᠦᠯᠡᠭᠦ᠃ ᠴᠢ ᠦᠪᠡᠷ ᠶᠢᠡᠨ ᠶᠠᠮᠠᠷᠴᠤ ᠴᠢᠳᠠᠯ ᠦᠭᠡᠶ᠂ ᠨᠠᠭᠠᠳᠤ ᠵᠠᠬ᠎ᠠ ᠶᠢᠨ ᠠᠮᠢᠳᠤᠷᠠᠬᠤ ᠨᠥᠭᠦᠴᠡᠯ ᠶᠢᠡᠨ ᠴᠤ ᠪᠦᠷᠢᠯᠳᠦᠭᠦᠯᠵᠤ ᠳᠡᠢ᠌ᠯᠭᠦ ᠦᠭᠡᠶ ᠶᠤᠮ ᠪᠣᠯ 《ᠳᠦᠤᠷᠠᠢ᠌ᠮ᠎ᠠ》 ᠴᠢᠮ᠎ᠠ ᠳᠤ ᠨᠢᠭᠤᠷ ᠦᠭ‍ᠭᠦᠭ᠍ᠰᠡᠨ ᠦᠭᠡᠶ ᠭᠡᠵᠤ ᠭᠤᠮᠤᠳᠠᠯᠭᠠᠨ ᠦᠭᠡᠶ᠃ ᠣᠴᠢᠷ ᠨᠢ ᠬᠠᠢ᠌ᠷ᠎ᠠ ᠳᠤᠷᠠᠯᠠᠯ ᠨᠢ ᠮᠦᠨ ᠭᠦ 《ᠳᠡᠩᠴᠡᠭᠦᠤ ᠥᠷᠳᠡᠭ᠌ ᠤᠨ ᠰᠤᠯᠢᠯᠴᠠᠭ᠎ᠠ》 ᠪᠣᠯᠬᠤ ᠶᠢ ᠪᠠᠢ᠌ᠭᠠᠯᠢ ᠶᠢᠨ ᠵᠢᠮ᠎ᠠ ᠶᠤᠰᠤ ᠭᠡᠷᠡᠴᠢᠯᠡᠵᠤ ᠪᠠᠢ᠌ᠨ᠎ᠠ᠃ ᠴᠢ ᠪᠣᠯᠪᠠᠷᠠᠢ ᠦᠬᠢᠨ ᠤ ᠪᠢᠯᠬᠠᠮᠠᠯ ᠬᠠᠢ᠌ᠷ᠎ᠠ ᠶᠢ ᠳᠦᠯᠦᠭᠦ ᠭᠦᠷᠦᠯᠴᠡᠭᠡ ᠲᠡᠶ ᠮᠥᠩᠭᠦ ᠦᠭᠡᠶ᠂ ᠬᠤᠭᠤᠰᠤᠨ ᠬᠤᠩᠰᠢᠶᠠᠷ ᠬᠤᠩᠭᠢᠯᠳᠠᠭ ᠭᠤᠳᠤᠯ ᠶᠢᠡᠷ ᠬᠠᠢ᠌ᠷ᠎ᠠ ᠶᠢᠨ ᠳᠠᠭᠳᠤᠨ ᠳᠤ ᠠᠪᠠᠷᠢᠵᠤ ᠳᠠᠢ᠌ᠯᠤᠨ᠎ᠠ ᠭᠡᠵᠢ ᠦᠦ︖ ᠣᠳᠤ ᠨᠡᠢ᠌ᠭᠡᠮ ᠭᠦᠭ᠍ᠵᠢᠭᠡᠤᠨ ᠪᠠᠶᠠᠨ ᠰᠠᠷᠳᠠᠸᠠᠭᠢ ᠪᠦᠰᠡᠭᠦᠢᠴᠦᠦᠯ ᠶᠠᠳᠠᠭᠤ ᠬᠤᠭᠤᠰᠤᠨ ᠭᠦᠷᠭᠡᠨ ᠰᠤᠩᠭ᠋ᠤᠴᠢᠬᠤ ᠵᠢᠱᠢᠶ᠎ᠠ ᠮᠤᠩ ᠦᠭᠡᠶ ᠠᠷᠪᠢᠨ ᠭᠠᠷᠴᠤ ᠪᠠᠢ᠌ᠪᠠᠴᠤ᠂ ᠡᠨᠡ ᠨᠢ ᠣᠪᠣᠭᠠᠯᠠᠰᠤᠳᠠᠢ ᠮᠥᠩᠭᠦ ᠪᠣᠶᠤ ᠳᠠᠰᠤᠷᠠᠯ ᠦᠭᠡᠶ ᠣᠷᠤᠰᠤᠨ ᠣᠷᠤᠵᠤ ᠪᠦᠭᠦᠢ ᠴᠠᠯᠢᠩ ᠮᠥᠩᠭᠦ ᠪᠠᠷ ᠰᠠᠭᠤᠷᠢᠯᠠᠭᠰᠠᠨ ᠪᠠᠢ᠌ᠳᠠᠭ᠃ 《ᠠᠵᠤ ᠠᠬᠤᠢ ᠶᠢᠨ ᠰᠠᠭᠤᠷᠢ ᠨᠢ ᠳᠠᠪᠬᠤᠷᠭ᠎ᠠ ᠶᠢ ᠳᠤᠭᠳᠠᠭᠠᠨ᠎ᠠ》 ᠭᠡᠳᠡᠭ᠌ ᠨᠢ ᠪᠠᠢ᠌ᠭᠠᠯᠢ ᠶᠢᠨ ᠵᠢᠮ᠎ᠠ ᠶᠤᠰᠤ ᠶᠢ ᠳ᠋ᠦ᠋ᠩᠨᠠᠵᠤ ᠪᠠᠢ᠌ᠭᠠᠤᠨ ᠣᠯᠤᠭᠰᠠᠨ ᠮᠡᠷᠭᠡᠨ ᠰᠤᠷᠭᠠᠯ ᠪᠣᠯᠤᠨ᠎ᠠ᠃ ᠪᠧᠯᠠᠲ᠋ᠣ᠋ ᠮᠠᠶ‍ᠢᠭ ᠤᠨ ᠣᠶᠤᠨ ᠰᠠᠨᠠᠭᠠᠨ ᠤ ᠢᠨᠠᠭᠯᠠᠯ ᠨᠢ ᠵᠥᠪᠭᠡᠨ ᠲᠦᠷ ᠴᠠᠭ ᠤᠨ ᠭᠦᠭ᠍ᠰᠡᠯ ᠭᠦᠭᠡᠷᠦᠯ ᠪᠣᠯᠬᠤ ᠡᠴᠡ ᠪᠢᠰᠢ᠂ ᠪᠣᠳᠠᠳᠤ ᠠᠬᠤᠢ ᠶᠢᠨ ᠬᠠᠨ᠎ᠠ ᠮᠥᠷᠭᠦᠭ᠍ᠰᠡᠭᠡᠷ ᠳᠤᠤᠷ᠎ᠠ ᠨᠢ ᠭᠦᠭᠡᠭᠡᠰᠤ ᠪᠣᠯᠤᠨ ᠵᠠᠮᠬᠠᠷᠠᠵᠤ᠂ ᠠᠮᠤ ᠳᠠᠪᠣᠰᠤ ᠮᠠᠳᠤ ᠶᠢᠨ ᠠᠷᠰᠠᠷ ᠵᠣᠢ᠌ᠯᠠᠰ ᠨᠢ ᠨᠢᠳᠤᠨ ᠡᠮᠦᠨ᠎ᠡ ᠪᠣᠳᠠᠳᠠᠢ ᠳᠡᠯᠭᠡᠭ᠍ᠳᠡᠨ ᠪᠦᠭᠦᠢ᠌ᠯᠡ ᠠᠮᠢ ᠨᠠᠰᠤᠨ ᠤ ᠶᠠᠪᠣᠴᠠ ᠶᠢ ᠳᠠᠭᠠᠯᠳᠤᠬᠤ ᠪᠣᠯᠤᠨ᠎ᠠ᠃ 《ᠳᠦᠤᠷᠠᠢ᠌ᠮ᠎ᠠ》 ᠪᠣᠯ 《ᠳ᠋ᠠᠷᠢ ᠡᠭᠡ》 ᠪᠢᠰᠢ ᠪᠣᠯᠬᠤᠷ ᠭᠦᠮᠤᠨ ᠤ ᠶ‍ᠢᠷᠳᠢᠠᠴᠤ ᠶᠢᠨ ᠣᠳᠤᠭ᠎ᠠ ᠳᠤᠭᠤᠰᠤ ᠶᠢ ᠠᠮᠢᠰᠬᠤᠬᠤ ᠦᠭᠡᠶ ᠪᠠᠢ᠌ᠵᠤ ᠴᠢᠳᠠᠬᠤ ᠦᠭᠡᠶ᠃ ᠢᠩᠭᠢᠭᠦᠯᠡᠷ ᠪᠦᠰᠡᠭᠦᠢ ᠨᠡᠷ ᠤᠨ ᠠᠬᠣᠢ᠌ᠴᠢ ᠭᠦᠭᠡᠭᠡᠴᠡᠯᠳᠦᠯ ᠨᠢ ᠠᠮᠢᠳᠤᠷᠠᠬᠤᠢ ᠶᠢᠨ ᠵᠢᠮ᠎ᠠ ᠶᠤᠰᠤ ᠲᠡᠶ ᠴᠢᠩᠭ᠋᠎ᠠ ᠠᠪᠣᠴᠠᠯᠳᠤᠵᠤ ᠪᠠᠢ᠌ᠭ᠎ᠠ ᠠᠵᠢ᠃ ᠰᠠᠢ᠌ᠨ ᠳᠠᠭᠠᠨ ᠽᠤᠤ ᠰᠢᠤᠸᠠᠢ ᠴᠢᠨ ᠠᠪᠣᠭᠠᠢ 《ᠦᠪᠡᠷ ᠤᠨ ᠪᠠᠶ᠎ᠠ ᠰᠠᠬᠠᠯ ᠰᠠᠮᠪᠠᠢ ᠲᠡᠶ ᠶᠡᠭᠡ ᠡᠷ᠎ᠡ ᠪᠠᠢ᠌ᠳᠠᠯ᠎ᠠ ᠪᠠᠨ ᠣᠯᠠᠭᠠᠨ ᠡᠩᠭᠡᠰᠭᠡᠳᠡᠨ ᠤ ᠣᠬᠠᠭᠠᠨ ᠮᠠᠳᠠᠯ ᠳᠤ ᠬᠤᠯᠠ ᠭᠦᠷᠭᠦ ᠦᠭᠡᠶ ᠳᠤᠷ ᠳᠣᠢ᠌ᠯ ᠶᠢᠡᠷ ᠢᠴᠡᠩᠭᠦᠷᠡᠮᠦᠢ》 ᠭᠡᠵᠤ ᠰᠡᠭᠦᠷᠡᠰᠦᠯᠡᠭᠦ ᠪᠢᠯᠠ᠃

ᠬᠠᠮᠤᠭ ᠰᠡᠭᠦᠯ ᠳᠤ᠂ 《ᠳᠦᠦᠷᠠᠢ᠌ᠮ᠎ᠠ》 ᠮᠠᠨ ᠤ ᠡᠷᠡᠴᠦᠦᠯ ᠢ ᠢᠪᠠᠭᠡᠭᠦ ᠪᠣᠯᠳᠤᠭᠠᠢ ᠭᠡᠮᠡᠨ ᠳᠠᠭᠠᠤᠠᠬᠠᠶ᠎ᠠ᠃

ᠵᠤᠬᠢᠶᠠᠭᠴᠢ᠄ ᠨᠣ᠋·ᠪᠠᠭᠠᠳᠤᠷ
ᠳᠠᠷᠤᠮ᠄ 6691
ᠴᠠᠭ᠄ 2009 ᠤᠨ ᠤ 04 ᠰᠠᠷ᠎ᠠ ᠶᠢᠨ 29