ᠨᠣ᠋·ᠪᠠᠭᠠᠳᠤᠷ ᠄ 《ᠪᠢᠯᠢᠭ᠌ ᠤᠨ ᠭᠡᠭᠡᠪᠴᠢ》
ᠠᠷᠪᠠ ᠂ ᠭᠡᠭᠡᠪᠴᠢ ᠪᠡᠷ ᠬᠠᠷᠠᠭᠳᠠᠬᠤ ᠶᠢᠷᠲᠢᠨᠴᠦ
ᠲᠦᠷᠪᠡᠳᠦᠭᠡᠷ ᠬᠡᠰᠡᠭ ᠂ 《ᠠᠷᠭᠠᠮᠵᠢᠶ᠎ᠠ》

ᠭᠦᠰᠡᠯᠡᠩ ᠪᠣᠯ ᠴᠠᠭᠢᠭᠤᠷ ᠮᠦᠨ᠂ ᠳᠠᠷᠠ ᠨᠢ ᠠᠮᠢ ᠨᠠᠰᠤᠨ ᠤ ᠭᠢᠯᠪᠠᠭ᠎ᠠ ᠶᠢ ᠪᠠᠳᠠᠷᠠᠭᠤᠯᠵᠤ ᠴᠢᠳᠠᠨ᠎ᠠ᠃ ᠭᠦᠰᠡᠯᠡᠩ ᠪᠣᠯ ᠠᠮᠢᠳᠤᠷᠠᠯ ᠤᠨ 《ᠨᠤᠴᠤᠭᠠᠭᠤᠷ》 ᠮᠦᠨ᠂ ᠳᠠᠷᠠ ᠨᠢ ᠣᠠᠳᠤᠷᠠᠭᠰᠠᠨ ᠪᠦᠭᠦᠨ ᠢ ᠭᠦᠭ᠍ᠵᠢᠭᠡᠵᠤ ᠴᠢᠳᠠᠨ᠎ᠠ᠃ ᠭᠦᠰᠡᠯᠡᠩ ᠪᠣᠯ ᠵᠤᠯᠠ ᠮᠦᠨ᠂ ᠳᠠᠷᠠ ᠨᠢ ᠬᠠᠷᠠᠩᠭ᠋ᠤᠢ ᠰᠦᠨᠢ ᠶᠢᠨ ᠵᠠᠮ ᠢ ᠭᠡᠷᠡᠯᠳᠦᠭᠦᠯᠵᠤ ᠴᠢᠳᠠᠨ᠎ᠠ᠃ ᠭᠦᠰᠡᠯᠡᠩ ᠪᠣᠯ ᠳᠠᠷᠳᠠᠩ ᠵᠠᠮ ᠮᠦᠨ᠂ ᠳᠠᠷᠠ ᠨᠢ ᠴᠢᠮᠢ᠋ᠢ ᠭᠡᠷᠡᠯ ᠭᠡᠭᠡ ᠲᠡᠶ ᠭᠠᠵᠠᠷ ᠭᠦᠳᠦᠯᠤᠨ ᠠᠪᠠᠴᠢᠳᠠᠭ ᠪᠠᠢ᠌ᠨ᠎ᠠ᠃


᠊᠊᠊᠊᠊᠊᠊᠊᠊᠊᠊᠊᠊᠊᠊᠊᠊᠊᠊᠊᠊᠊᠊᠊᠊᠊ ᠯᠢᠤ ᠱᠨ ᠾᠧ


《ᠵᠡᠭᠦᠨ ᠮᠤᠩᠭ᠋ᠤᠯ ᠤᠨ ᠪᠢᠴᠢᠭ᠌ ᠤᠨ ᠬᠤᠷᠢᠶ᠎ᠠ》 ᠶᠢ ᠳᠤᠷᠠᠤᠠᠬᠤ ᠪᠦᠷᠢ ᠬᠠᠭᠤᠷᠮᠠᠭ ᠮᠠᠠᠵᠤ ᠶᠢᠨ ᠦᠶ᠎ᠡ ᠳᠤ ᠣᠯᠠᠭᠠᠠᠬᠤᠳᠠ ᠳᠤ ᠪᠠᠢ᠌ᠭᠤᠯᠤᠭᠰᠠᠨ 《ᠣᠯᠠᠭᠠᠨ ᠪᠠᠷᠰ》 ᠰᠡᠳᠭᠦᠯ ᠤᠨ ᠬᠤᠷᠢᠶ᠎ᠠ ᠰᠠᠨᠠᠭᠠᠨ ᠳᠤ ᠣᠷᠤᠬᠤ ᠶᠤᠮ᠃ ᠮᠠᠨ ᠤ ᠡᠨᠡ ᠬᠠᠮᠳᠤᠯᠢᠭ ᠶᠢᠡᠨ 《ᠪᠢᠴᠢᠭ᠌ ᠤᠨ ᠬᠤᠷᠢᠶ᠎ᠠ》 ᠭᠡᠳᠡᠭ᠌ ᠨᠢ ᠥᠨᠡᠨᠳᠡᠭᠡᠨ ᠬᠤᠴᠢᠯᠠᠭᠰᠠᠨ ᠳᠠᠭᠤᠳᠠᠯᠭ᠎ᠠ ᠪᠠᠢ᠌ᠵᠤ᠂ ᠪᠠᠶᠠᠬᠠᠭᠤᠯᠠ ᠳᠤᠮᠳᠠᠳᠤ ᠰᠤᠷᠭᠠᠭᠤᠯᠢ ᠶᠢᠨ ᠡᠭᠦᠳᠡᠨ ᠳ᠋ᠠᠭᠢ ᠨᠠᠪ ᠨᠠᠷᠢᠬᠠᠨ ᠭᠤᠳᠤᠮᠵᠢᠨ ᠳᠤᠳᠤᠷ᠎ᠠ ᠪᠠᠢ᠌ᠷᠢᠯᠠᠭᠰᠠᠨ ᠨᠤᠷᠠᠮᠠᠷ ᠰᠢᠬᠠᠭᠰᠠᠨ ᠭᠤᠷᠪᠠᠨ ᠳᠠᠰᠤᠯᠭ᠎ᠠ ᠰᠢᠪᠠᠷ ᠪᠠᠢ᠌ᠰᠢᠩ ᠪᠢᠯᠠ᠃ ᠡᠢ᠌ᠮᠦᠷᠭᠦᠤ ᠰᠢᠪᠠᠷ ᠪᠠᠢ᠌ᠰᠢᠩ ᠴᠤ ᠮᠢᠨᠤ ᠬᠤᠪᠢᠨ ᠤ ᠭᠦᠷᠦᠩᠭᠡ ᠪᠢᠰᠢ᠂ ᠰᠠᠷ᠎ᠠ ᠶᠢᠨ ᠭᠦᠯᠦᠰᠤ ᠲᠡᠶ ᠳᠦᠷᠢᠶᠠᠰᠤᠨ ᠭᠡᠷ ᠠᠵᠤᠭᠤ᠃ ᠨᠢᠭᠡᠨ ᠣᠶᠤᠳᠠᠨ ᠨᠠᠢ᠌ᠵᠠ ᠨᠠᠮᠠᠶ᠋ᠢ ᠮᠸᠩᠽᠢ ᠶᠢᠨ ᠡᠭᠡ ᠶᠢ ᠳᠠᠭᠤᠷᠢᠶᠠᠯ᠎ᠠ ᠭᠡᠵᠤ ᠱᠤᠭᠯᠠᠬᠤ ᠶᠤᠮ᠃ ᠥᠨᠡ᠊ᠨᠳᠡᠭᠡᠨ ᠬᠤᠶᠠᠷ ᠭᠦᠤ ᠮᠢᠨᠢ ᠳᠤᠮᠳᠠᠳᠤ ᠰᠤᠷᠭᠠᠭᠤᠯᠢ ᠳᠤ ᠣᠷᠤᠭᠰᠠᠨ ᠡᠴᠡ ᠨᠠᠭᠠᠰᠢ᠂ ᠡᠵᠢ ᠪᠣᠯᠤᠨ ᠡᠭᠡᠨᠡᠷ ᠮᠢᠨᠢ ᠬᠣᠢ᠌ᠨ᠎ᠠ ᠡᠮᠦᠨ᠎ᠡ ᠨᠠᠰᠤ ᠪᠠᠷᠠᠵᠤ᠂ ᠮᠥᠩᠭᠦ ᠭᠡᠳᠡᠭ᠌ ᠢ ᠴᠢᠨᠢ ᠣᠰᠤ ᠴᠠᠰᠤ ᠰᠢᠭ ᠠᠰᠬᠠᠭᠰᠠᠨ ᠶᠢᠡᠷ ᠠᠵᠤ ᠠᠮᠢᠳᠤᠷᠠᠯ ᠣᠷᠤᠭᠤᠳᠠᠨ ᠳᠤᠷᠣᠢ᠌ᠳᠠᠵᠤ ᠭᠡᠦᠭᠡᠤᠨ ᠤᠨ ᠰᠤᠷᠤᠯᠭ᠎ᠠ ᠶᠢ ᠥᠷᠭᠦᠯᠵᠢᠯᠡᠭᠦᠯᠭᠦ ᠳᠤ ᠭᠦᠴᠢᠷᠳᠡᠢ ᠪᠣᠯᠤᠭᠰᠠᠨ ᠤ ᠬᠠᠷᠠᠭ᠎ᠠ ᠪᠠᠷ᠂ ᠡᠭᠡ ᠰᠤᠷᠭᠠᠭᠤᠯᠢ ᠶᠢᠨ ᠮᠢᠨᠢ ᠳᠤᠰᠠᠯᠠᠮᠵᠢ ᠳᠤ ᠰᠢᠳᠤᠵᠤ ᠡᠭᠦᠳᠡᠨ ᠳ᠋ᠤᠨᠢ ᠰᠢᠷᠭᠤᠭᠰᠠᠨ ᠣᠴᠢᠷ ᠪᠢᠯᠠ᠃

ᠠᠩᠬ᠎ᠠ ᠢᠷᠡᠭ᠍ᠰᠡᠨ ᠵᠢᠯ ᠶᠢᠡᠨ ᠢᠯᠤᠮ ᠵᠢᠯᠦᠮᠭᠡᠨ ᠥᠩᠭᠡᠷᠡᠭᠡᠵᠤ᠂ ᠳᠠᠷᠠᠭ᠎ᠠ ᠵᠢᠯ ᠡᠴᠡ ᠨᠢ ᠣᠷᠠᠨ ᠵᠤᠬᠢᠶᠠᠯ ᠳᠤ ᠠᠪᠢᠶᠠᠰᠤᠳᠠᠢ ᠣᠶᠤᠳᠠᠨ ᠮᠠᠯᠴᠢᠨ ᠠᠬ᠎ᠠ ᠳᠡᠭᠦᠤ ᠨᠢᠭᠡ ᠬᠤᠶᠠᠷ ᠶᠢᠡᠷ ᠴᠤᠪᠣᠵᠤ᠂ ᠪᠦᠭ᠍ᠴᠢᠮ ᠬᠠᠷᠠᠩᠭ᠋ᠤᠢ ᠰᠢᠪᠠᠷ ᠭᠡᠷ ᠲᠤ ᠭᠡᠷᠡᠯᠳᠦᠭᠦᠯᠤᠨ ᠪᠠᠭᠤᠭᠠᠤᠨ ᠦᠪᠡᠷ ᠤᠨ ᠠᠵᠢᠯᠯᠠᠵᠤ ᠳᠡᠮᠡᠴᠡᠭ᠍ᠰᠡᠨ ᠣᠯᠤᠯ ᠠᠯᠳᠠᠯ ᠶᠢᠡᠨ ᠳ᠋ᠦ᠋ᠩᠨᠠᠵᠤ᠂ 《ᠭᠦᠩᠭᠡᠨ ᠪᠢᠷ》 ᠢ ᠭᠦᠰᠢᠭᠡᠤᠨ ᠭᠦᠰᠡᠯ ᠤᠨ ᠬᠠᠷᠭᠤᠢ ᠳᠠᠭᠠᠨ ᠳᠠᠮᠠᠤᠯᠠᠵᠤ ᠶᠠᠪᠣᠭ᠎ᠠ ᠳᠤᠷᠰᠢᠯᠭ᠎ᠠ ᠰᠤᠷᠭᠠᠮᠵᠢ ᠪᠠᠨ ᠳ᠋ᠦᠩᠨᠡᠳᠡᠭ᠌ ᠪᠠᠢ᠌ᠭᠰᠠᠨ᠃ ᠶᠠᠪᠤᠨ ᠶᠠᠪᠣᠭᠰᠠᠭᠠᠷ ᠳᠠᠪᠣ ᠭᠤᠷᠪᠠ ᠪᠠᠷ ᠪᠦᠯᠦᠭᠯᠡᠵᠤ ᠢᠷᠡᠭᠡᠤᠨ ᠬᠤᠨᠤᠵᠤ ᠥᠡᠵᠢᠭᠡᠤᠨ ᠶᠠᠪᠣᠬᠤ ᠪᠦᠭᠡᠤᠨ ᠰᠢᠷᠤᠢ ᠳᠤᠭᠤᠰᠤ ᠲᠡᠶ ᠰᠢᠪᠠᠷ ᠬᠠᠠᠵᠤᠨ ᠳᠡᠭᠡᠷ᠎ᠡ ᠰᠢᠬᠠᠯᠳᠤᠨ ᠰᠠᠭᠤᠵᠤ᠂ ᠦᠨᠳᠦᠰᠦᠳᠠᠨ ᠤ ᠣᠯᠠᠮᠵᠢᠯᠠᠯ ᠤᠨ ᠰᠢᠭᠤᠷᠠᠯᠳᠠ ᠪᠠ ᠥᠰᠦᠭ᠌ ᠪᠢᠴᠢᠭ᠌ ᠤᠨ ᠭᠡᠷᠡᠭᠯᠡᠭᠡᠨ ᠤ ᠢᠪᠴᠤᠤᠷᠠᠯ ᠳᠤ ᠰᠠᠨᠠᠭ᠎ᠠ ᠠᠯᠭᠠᠰᠠᠨ᠂ ᠮᠠᠯᠴᠢᠨ ᠲᠦᠮᠡᠨ ᠤ ᠮᠠᠷᠭᠠᠰᠢ ᠶᠢᠨ ᠭᠠᠷᠬᠤ ᠵᠠᠮ ᠢ ᠬᠠᠢ᠌ᠵᠤ ᠰᠥᠪᠠᠭ᠍ᠴᠢᠯᠡᠨ᠎ᠡ᠃ ᠣᠳᠤᠬᠠᠨ ᠤ ᠰᠢᠩᠭᠡᠭ᠌ ᠦᠨᠦᠷ ᠲᠡᠶ ᠭᠤᠷᠪᠠᠯᠵᠢ ᠢᠨᠠᠭᠯᠠᠯ᠂ ᠬᠤᠷᠤᠰᠤᠯ ᠵᠠᠨᠤᠯ ᠶᠢᠡᠷ ᠳᠦᠭᠦᠷᠦᠭ᠍ᠰᠡᠨ ᠵᠤᠳᠤᠭᠠᠨ ᠨᠥᠳᠦᠭᠡᠨ ᠤ ᠵᠥᠴᠦᠭᠡ ᠪᠠᠷ 《ᠣᠶᠤᠨ ᠤ ᠠᠮᠤ ᠭᠦᠨᠡᠰᠤᠨ ᠥᠷᠳᠡᠭᠡ》ᠵᠢ ᠡᠵᠡᠷᠭᠡᠭ᠍ᠰᠡᠨ ᠳᠸᠯᠸᠢᠰ ᠭᠡᠳᠡᠭ᠌ ᠶᠠᠭᠤᠮ᠎ᠠ ᠮᠠᠨ ᠤ ᠬᠣᠢ᠌ᠴᠢᠰ ᠢ ᠶᠠᠭ ᠯᠠ ᠬᠠᠭᠤᠷᠮᠠᠭ ᠰᠦᠨ ᠳᠠᠯᠬ᠎ᠠ ᠠᠳᠠᠯᠢ 《ᠰᠢᠮ᠎ᠠ ᠳᠡᠵᠢᠭᠡᠯ》 ᠳᠤᠳᠠᠭᠳᠠᠭᠤᠯᠵᠤ ᠪᠠᠢ᠌ᠭ᠎ᠠ ᠳᠤ ᠰᠠᠤᠠᠭᠢᠯ ᠵᠤᠪᠠᠵᠠᠭᠠᠬᠤ ᠪᠣᠯᠤᠯ᠎ᠠ᠃ ᠵᠤᠭᠤᠭ ᠤᠨ ᠰᠢᠷᠡᠭᠡᠨ ᠳᠤ ᠭᠡᠯᠡᠯᠭᠡᠨ ᠦᠭᠡᠶ ᠠᠷᠢᠭᠢ ᠳᠤᠳᠠᠵᠤ ᠪᠣᠯᠳᠠᠭ ᠦᠭᠡᠶ᠂ ᠰᠢᠩᠭᠡᠨ ᠳᠠᠷᠠᠰᠤ ᠭᠤᠷᠪᠠᠨ ᠬᠤᠠᠳᠠᠭᠠᠨ ᠳᠤ ᠰᠠᠨᠠᠭ᠎ᠠ ᠰᠠᠤᠠᠭᠢᠯ ᠠᠯᠠᠰᠭᠢᠨ ᠭᠦᠭ᠍ᠰᠡᠵᠤ᠂ 《ᠵᠠᠩ ᠮᠦᠷᠠᠨ ᠤ ᠣᠰᠤ》 ᠪᠠᠨ ᠳᠠᠭᠤᠯᠠᠵᠤ ᠪᠠᠢ᠌ᠭᠠᠤᠨ ᠵᠠᠯᠠᠭᠤ ᠶᠢᠨ ᠣᠮᠤᠭ ᠶᠢᠡᠨ ᠰᠡᠷᠭᠦᠭᠡᠨ᠎ᠡ᠂ 《ᠵᠠᠰᠠᠭ ᠤᠨ ᠬᠤᠳᠤᠭᠤᠷ》 ᠶᠢᠡᠨ ᠰᠢᠭᠦᠮᠵᠢᠯᠡᠵᠤ ᠪᠠᠢ᠌ᠭᠠᠤᠨ ᠴᠢᠷᠠᠢ ᠬᠤᠪᠢᠯᠳᠠᠯ᠎ᠠ ᠪᠠᠨ ᠮᠠᠷᠭᠤᠯᠳᠤᠨ᠎ᠠ᠃ ᠬᠠᠮᠤᠭ ᠰᠡᠭᠦᠯ ᠳ᠋ᠤᠨᠢ 《ᠭᠠᠳᠠ ᠮᠠᠢ᠌ᠷᠠᠨ》 ᠶᠢᠡᠨ ᠣᠯᠠᠯᠵᠢᠨ ᠳᠡᠭᠡᠪᠦᠷ ᠢ ᠡᠷᠭᠦᠵᠤ ᠬᠠᠶᠠᠳᠠᠯ᠎ᠠ ᠪᠠᠷᠭᠢᠷᠠᠭᠠᠤᠨ ᠰᠢᠷᠡᠭᠡ ᠶᠢ ᠰᠢᠯᠵᠢᠭᠦᠯᠤᠨ ᠭᠦᠡᠳᠡᠯᠡᠨ ᠭᠤᠤᠯᠳᠤ ᠭᠡᠪᠳᠡᠨ ᠬᠤᠷᠭᠢᠷᠠᠵᠤ ᠭᠠᠷᠳᠠᠭ᠃

ᠬᠠᠮᠤᠭ ᠠᠷᠪᠢᠨ ᠢᠷᠡᠳᠡᠭ᠌ ᠨᠢ 《ᠡᠳᠦᠷ ᠤᠨ ᠵᠤᠴᠢᠨ》 ᠳ᠋·ᠳᠠᠷᠢᠵᠠᠪ ᠭᠤᠸᠠᠢ ᠪᠣᠯᠤᠨ᠎ᠠ᠃ ᠣᠷᠤᠨ ᠠᠢ᠌ᠮᠠᠭ ᠤᠨ ᠰᠡᠳᠭᠦᠯ ᠳᠤ ᠣᠯᠠᠨ ᠠᠷᠪᠢᠨ ᠰᠢᠯᠦᠭ᠌ ᠨᠡᠢ᠌ᠳᠡᠯᠡᠭᠦᠯᠦᠭ᠍ᠰᠡᠨ ᠡᠨᠡ ᠭᠦᠮᠤᠨ 《ᠪᠠᠶᠠᠠᠭᠭᠤᠯᠠ ᠨᠤᠳᠤᠭ ᠤᠨ ᠣᠢ᠌ᠯᠠᠯᠭ᠎ᠠ》ᠵᠢ ᠪᠢᠴᠢᠭᠦ ᠳᠤ ᠣᠶᠤᠨ ᠳᠠᠷᠢᠭᠢ ᠪᠠᠨ ᠰᠢᠪᠬᠠᠭᠰᠠᠨ ᠪᠦᠭᠡᠤᠨ᠂ ᠭᠡᠵᠢᠶᠡᠳᠡ ᠦᠪᠡᠷ ᠢ ᠪᠠᠨ 《ᠵᠤᠵᠢᠭ ᠰᠢᠯᠦᠭ᠍ᠴᠢ》 ᠡᠷᠭᠦᠮᠵᠢᠯᠡᠵᠤ᠂ 《ᠰᠤᠭᠳᠤᠭᠤ ᠨᠢᠳᠤ ᠪᠠᠷ ᠶ‍ᠢᠷᠳᠢᠠᠴᠤ ᠶᠢᠨ ᠪᠠᠷᠠᠭᠠᠨ ᠢ ᠰᠢᠠᠵᠢᠨ ᠰᠤᠯᠢᠭᠤ ᠪᠢᠯᠠᠭᠤ ᠪᠠᠷ ᠨᠡᠢ᠌ᠭᠡᠮ ᠤᠨ ᠬᠠᠵᠠᠭᠠᠢ ᠶᠢ ᠵᠠᠠᠴᠢᠳᠠᠭ》 ᠪᠠᠢ᠌ᠵᠤ᠂ 《ᠠᠷᠢᠭᠢᠨ ᠯᠤᠩᠬᠤᠨ ᠳᠠᠭᠠᠨ ᠭᠤᠳᠤᠷᠠᠬᠤᠢ ᠳᠤᠷ ᠠᠮᠢ ᠭᠡᠭ᠍ᠴᠢ ᠶᠠᠭᠤ ᠪᠢᠯᠠ᠂ ᠠᠬ᠎ᠠ ᠳᠡᠭᠦᠤ ᠶᠢᠨ ᠡᠮᠦᠨ᠎ᠡ ᠡᠴᠡ ᠵᠢᠦᠡᠭᠦᠭᠦᠢ ᠳᠤᠷ ᠵᠤᠭᠤᠰ ᠭᠡᠭ᠍ᠴᠢ ᠶᠠᠭᠤ ᠪᠢᠯᠠ》 ᠭᠡᠵᠤ ᠳᠠᠭᠤᠯᠠᠵᠤ ᠶᠠᠪᠣᠭᠰᠠᠨ ᠭᠦᠮᠤᠨ ᠡ᠃ ᠥᠭᠡ ᠭᠡᠯᠡᠯᠭᠡ ᠬᠤᠷᠴᠠ ᠠᠪᠰᠠᠷ᠂ ᠰᠠᠤᠠᠭᠢᠮᠵᠢ ᠨᠠᠢ᠌ᠷᠠᠯᠭ᠎ᠠ ᠭᠣᠢ᠌ᠳᠠ ᠣᠷᠠᠯᠢᠭ ᠪᠠᠢ᠌ᠳᠠᠭ ᠥᠭᠦᠯᠡᠯᠭᠡ ᠶᠢᠨ ᠵᠤᠬᠢᠶᠠᠯᠴᠢ ᠴᠢᠯᠠᠭᠤ ᠭᠤᠸᠠᠢ᠂ ᠡᠳᠦᠷ ᠤᠨ ᠣᠳᠤ ᠰᠢᠭ ᠴᠥᠭᠡᠨ ᠢᠷᠡᠳᠡᠭ᠌ ᠴᠤ ᠢᠷᠡᠭᠦ ᠪᠣᠯᠭᠠᠨ ᠵᠢᠭᠠᠨ ᠰᠤᠷᠭᠠᠬᠤ ᠠᠵᠢᠯ ᠤᠨ ᠠᠮᠵᠢᠯᠳᠠ ᠳᠤᠳᠠᠭᠳᠠᠯ ᠶᠢᠡᠨ ᠳᠤᠭᠠᠴᠢᠳᠠᠭ ᠪᠦᠭᠡᠤᠨ 《ᠠᠷᠤ ᠶᠢᠨ ᠭᠤᠤᠯ ᠤᠨ ᠠᠳᠤᠭᠤ》 ᠪᠠᠨ ᠠᠯᠳᠠᠭᠠᠤᠨ ᠶᠠᠪᠣᠭᠤᠯᠴᠢᠬᠤ ᠡᠴᠡ ᠶᠡᠭᠡ ᠰᠠᠨᠠᠭ᠎ᠠ ᠵᠤᠪᠠᠳᠠᠭ ᠪᠠᠢ᠌ᠯ᠎ᠠ᠃ ᠳᠡᠭᠡᠭᠦ ᠳᠡᠭᠡᠨ 《ᠶᠠᠰᠤ ᠪᠠᠨ ᠬᠤᠭᠤᠯᠬᠤ ᠡᠴᠡ ᠪᠢᠰᠢ ᠨᠠᠷ᠎ᠠ ᠪᠠᠨ ᠬᠤᠭᠤᠯᠬᠤ ᠦᠭᠡᠶ》 ᠭᠡᠮᠡᠨ ᠭᠦᠮᠦᠭᠡᠢ ᠵᠠᠭᠤᠳᠠᠭ ᠡᠨᠡ ᠶᠠᠰᠤᠯᠢᠭ ᠬᠠᠷ᠎ᠠ ᠡᠷ᠎ᠡ 《ᠮᠤᠩᠭ᠋ᠤᠯ ᠭᠡᠯᠡ ᠮᠢᠨᠢ ᠮᠤᠬᠤᠬᠤ ᠴᠠᠭ ᠪᠠᠢ᠌ᠳᠠᠭ ᠦᠭᠡᠶ᠂ ᠪᠣᠷᠵᠢᠭᠢᠨ ᠴᠢᠰᠤ ᠮᠢᠨᠢ ᠪᠣᠴᠠᠯᠬᠤ ᠦᠭᠡᠶ ᠡᠷᠡᠨ ᠪᠠᠢ᠌ᠳᠠᠭ ᠦᠭᠡᠶ》 ᠭᠡᠤᠨ ᠭᠠᠷ ᠡᠷᠭᠢᠭᠦᠯᠴᠢᠭᠡᠳᠡᠭ᠌ ᠯᠠ ᠭᠦᠮᠤᠨ᠃ ᠮᠠᠯᠴᠢᠨ ᠰᠢᠯᠦᠭ᠍ᠴᠢ ᠰᠠᠮᠪᠠᠯᠰᠠᠷᠠᠩ ᠭᠡᠵᠤ ᠭᠦᠷᠦᠭ᠍ᠰᠡᠨ ᠭᠠᠵᠠᠷ ᠲᠠᠭᠠᠨ ᠭᠦᠯᠪᠠᠷᠢᠨ ᠳᠠᠩᠭ᠋ᠠᠢ᠌ᠴᠢᠬᠠᠳᠠᠭ ᠰᠤᠯᠳᠠᠭᠠᠷ ᠡᠷ᠎ᠡ᠂ 《ᠬᠠᠷᠠᠮᠵᠢ ᠶᠢᠨ ᠮᠥᠩᠭᠦ ᠪᠠᠷ ᠶᠢᠡᠨ ᠫᠢᠸᠣ᠋ ᠪᠠᠯᠭᠤᠨ》 ᠂ ᠠᠮᠠ ᠨᠡᠭᠡᠭᠡᠮᠡᠭ᠍ᠴᠡ ᠣᠶᠠᠩᠭ᠋᠎ᠠ ᠬᠤᠯᠪᠣᠭ᠎ᠠ ᠣᠷᠤᠰᠬᠠᠵᠤ᠂ 《ᠴᠣᠢ᠌ᠵᠢ ᠶᠢᠨ ᠣᠮᠪᠣᠯ ᠪᠢ ᠴᠣᠢ᠌ᠨᠤᠮ ᠡᠴᠡ ᠳᠤᠳᠠᠬᠤ ᠶᠠᠭᠤ ᠪᠢᠯᠠ︖》 ᠭᠡᠵᠤ ᠵᠠᠵᠢᠭᠤᠷ ᠵᠠᠭᠤᠳᠠᠭ ᠪᠣᠯᠪᠠᠴᠤ ᠪᠢᠷ ᠪᠠᠭᠡᠰ ᠲᠡᠭᠡᠨ ᠬᠠᠷᠠᠮᠴᠢ ᠪᠠᠢ᠌ᠵᠤ᠂ ᠡᠪᠠᠷ ᠳᠠᠪᠠᠷ ᠪᠦᠳᠦᠭᠡᠯ ᠳᠡᠭᠡᠨ ᠰᠠᠤᠠᠭᠢᠯ ᠬᠠᠩᠬᠤᠯᠤᠭᠤᠨ ᠶᠠᠪᠣᠨ᠎ᠠ᠃ ᠰᠢᠯᠦᠭ᠌ ᠨᠠᠢ᠌ᠷᠠᠭᠤᠯᠤᠯ ᠢ ᠵᠡᠷᠭᠡ ᠪᠠᠷ ᠪᠢᠴᠢᠨ᠎ᠠ ᠭᠡᠮᠡᠨ ᠰᠢᠯᠪᠢ ᠪᠠᠨ ᠰᠢᠭᠤᠭᠠᠤᠨ ᠣᠷᠤᠳᠠᠭ ᠡᠷᠳᠡᠨᠢᠳᠡᠯᠡᠢ᠂ ᠮᠠᠯ ᠤᠨ ᠳᠤᠭ᠎ᠠ ᠶᠢ ᠣᠯᠠᠰᠢᠷᠠᠭᠤᠯᠤᠨ᠎ᠠ ᠭᠡᠤᠨ ᠮᠠᠬᠠᠷᠠᠨ ᠭᠦᠶ‍ᠦᠯᠭᠡᠳᠡᠭ᠌ ᠭᠦᠭᠡᠮᠥ᠋ᠷᠡᠨ ᠨᠡᠷ ᠡ᠊ᠨᠳᠡ ᠴᠤᠭᠯᠠᠭᠠᠤᠨ ᠮᠡᠷᠭᠡᠤᠨ ᠤᠨ ᠪᠦᠳᠦᠭᠡᠯ ᠢ ᠣᠶᠠᠩᠭ᠋ᠠᠯᠠᠨ ᠮᠡᠳᠡᠭ᠍ᠰᠡᠨ ᠰᠤᠨᠤᠰᠤᠭᠰᠠᠨ ᠶᠢᠡᠨ ᠳᠡᠯᠭᠡᠵᠡᠭᠡᠨ᠎ᠡ᠁

ᠠᠯᠢ ᠡᠳᠦᠷ ᠡᠴᠡ ᠡᠭᠢᠯᠡᠭ᠍ᠰᠡᠨ ᠢ ᠮᠡᠳᠡᠭᠦ ᠦᠭᠡᠶ᠂ ᠴᠤᠩᠬᠤ ᠨᠢ ᠣᠩᠭ᠋ᠣᠢ᠌ᠵᠤ ᠴᠤᠯᠤᠩ ᠨᠢ ᠬᠠᠵᠠᠢ᠌ᠭᠰᠠᠨ ᠳᠦᠷᠢᠶᠠᠰᠤᠨ ᠭᠡᠷ ᠮᠢᠨᠢ 《ᠵᠡᠭᠦᠨ ᠮᠤᠩᠭ᠋ᠤᠯ ᠤᠨ ᠪᠢᠴᠢᠭ᠌ ᠤᠨ ᠬᠤᠷᠢᠶ᠎ᠠ》 ᠭᠡᠵᠤ ᠴᠤᠯᠠᠯᠠᠭᠳᠠᠨ᠂ ᠪᠦᠳᠦᠭᠦᠨ ᠳᠠᠶ‍ᠢᠭ ᠲᠡᠶ ᠪᠦᠳᠦᠭᠡᠯ ᠴᠥᠭᠡᠨ ᠲᠡᠶ ᠪᠢ ᠬᠠᠷᠢᠨ 《ᠬᠤᠷᠢᠶᠠᠨ ᠳᠠᠷᠤᠭ᠎ᠠ》 ᠡᠷᠭᠦᠮᠵᠢᠯᠡᠭ᠍ᠳᠡᠯ᠎ᠡ᠃ 《ᠮᠠᠭᠤ ᠭᠦᠮᠤᠨ ᠭᠡᠷ ᠲᠡᠭᠡᠨ᠂ ᠮᠤᠭᠠᠢ ᠨᠥᠭᠡᠨ ᠳᠡᠭᠡᠨ》 ᠭᠡᠳᠡᠭ᠌ ᠶᠢᠡᠷ ᠪᠢ ᠡᠨᠡ ᠭᠦ ᠳᠤᠮᠤ 《ᠵᠢᠩᠰᠠ》ᠵᠢ ᠵᠡᠭᠦᠭᠡᠤᠨ ᠶᠡᠭᠡ ᠴᠤ ᠨᠤᠶᠠᠨ ᠤ ᠪᠠᠢ᠌ᠷᠢ ᠣᠷᠤᠭᠠᠤᠨ ᠴᠤᠭᠯᠠᠭᠰᠠᠨ ᠭᠡᠳᠦᠭᠦᠯᠡ ᠳᠡᠭᠡᠨ ᠶᠡᠭᠡ ᠨᠤᠮ ᠠᠢ᠌ᠯᠠᠳᠤᠳᠠᠭ ᠪᠦᠭᠡᠤᠨ ᠠᠵᠢᠯ ᠳᠠᠭᠠᠨ ᠬᠣᠢ᠌ᠷᠭᠤᠰᠢᠭᠰᠠᠨ ᠨᠢᠭᠡ ᠶᠢ ᠨᠢ ᠬᠠᠢ᠌ᠷ᠎ᠠ ᠨᠠᠢ᠌ᠷ ᠦᠭᠡᠶ ᠰᠢᠭᠦᠮᠵᠢᠯᠡᠨ᠂ ᠠᠷᠢᠭᠢᠨ ᠳᠤ ᠰᠢᠨᠤᠭᠰᠠᠨ ᠨᠥᠭᠦᠭᠡ ᠶᠢ ᠨᠢ ᠶᠠᠩ ᠶᠠᠯᠳᠠᠷ ᠦᠭᠡᠶ ᠳᠤᠩᠭ᠋ᠤᠤᠠᠬᠤ ᠳᠤ ᠪᠦᠷ ᠯᠠ ᠨᠤᠮᠤᠬᠠᠨ ᠭᠢᠴᠢᠶᠡᠩᠭᠦᠢ ᠰᠤᠨᠤᠰᠳᠠᠭ ᠳᠤᠨᠢ ᠪᠢ ᠳᠤᠩ ᠣᠮᠤᠭᠰᠢᠳᠠᠭ ᠪᠠᠢ᠌ᠯ᠎ᠠ᠃ ᠨᠠᠩ ᠢᠯᠡᠭᠦᠤ ᠰᠤᠨᠢᠷᠬᠠᠯᠳᠠᠢ ᠨᠢ ᠨᠠᠳᠠ ᠡᠴᠡ ᠬᠤᠯᠠ ᠢᠯᠡᠭᠦᠤ ᠠᠪᠢᠶᠠᠰ ᠡᠷᠳᠡᠮ ᠲᠡᠶ ᠣᠶᠤᠳᠠᠨ ᠨᠡᠷ᠂ ᠮᠢᠨᠤ ᠪᠣᠭᠤᠨᠢ ᠰᠠᠷᠠᠪᠴᠢ ᠪᠣᠵᠠᠷ ᠰᠠᠠᠳᠠᠯᠢ ᠶᠢ ᠭᠤᠯᠤᠬᠤ ᠦᠭᠡᠶ ᠪᠠᠷ ᠭᠦᠷᠦᠯᠴᠡᠨ ᠢᠷᠡᠭᠡᠤᠨ ᠰᠦᠨᠢ ᠳᠦᠯᠢ ᠭᠡᠳᠦᠷᠡᠳᠡᠯ᠎ᠡ ᠶᠠᠷᠢᠯᠴᠠᠨ ᠵᠤᠭᠤᠭᠳᠠᠳᠠᠭ ᠨᠢ ᠭᠠᠢ᠌ᠬᠠᠰᠢ ᠠᠯᠳᠠᠭᠤᠯᠤᠨ᠎ᠠ᠃ ᠢᠩᠭᠢᠵᠤ ᠰᠠᠭᠤᠵᠤ ᠪᠠᠢ᠌ᠭᠠᠤᠨ ᠵᠠᠷᠢᠮ ᠳᠠᠭᠠᠨ ᠦᠷ ᠴᠠᠢ᠌ᠯᠭᠠᠵᠤ᠂ ᠨᠠᠢ᠌ᠵᠠ ᠶᠢᠨ ᠮᠢᠨᠢ ᠡᠵᠡᠭ᠍ᠳᠡᠢ ᠨᠡᠷ ᠭᠦᠷᠦᠯᠴᠡᠨ ᠢᠷᠡᠭᠡᠤᠨ ᠨᠢᠳᠤ ᠥᠵᠦᠭᠦᠷᠯᠡᠨ :

《ᠳᠠᠭᠢᠭᠠᠤᠨ ᠢᠩᠭᠢᠪᠠᠯ ᠰᠢᠭᠤᠳ ᠣᠷᠤ ᠳᠡᠪᠢᠰᠭᠡᠷ ᠶᠢᠡᠨ ᠠᠪᠣᠭᠠᠤᠨ ᠢᠷᠡᠴᠢᠭᠡ︕》 ᠭᠡᠵᠤ ᠵᠠᠩᠨᠠᠳᠠᠭ ᠴᠤ ᠪᠠᠢ᠌ᠯ᠎ᠠ᠃ ᠡᠳᠡᠨᠦᠰ ᠶᠠᠭᠠᠭᠢᠬᠤ ᠳᠠᠭᠠᠨ 《ᠵᠡᠭᠦᠨ ᠮᠤᠩᠭ᠋ᠤᠯ ᠤᠨ ᠪᠢᠴᠢᠭ᠌ ᠤᠨ ᠬᠤᠷᠢᠶ᠎ᠠ》 ᠳᠠᠭᠠᠨ ᠢᠩᠭᠢᠵᠤ ᠰᠥᠷᠡᠭᠡᠢ ᠬᠤᠷᠭᠤᠳᠠᠳᠠᠭ ᠢ ᠭᠠᠢ᠌ᠬᠠᠭᠠᠤᠨ ᠣᠯᠬᠤ ᠦᠭᠡᠶ᠂ ᠯᠢᠤ ᠢᠤᠢ ᠰᠢ ᠶᠢᠨ 《ᠭᠦᠳᠡᠭᠢ ᠭᠡᠷ ᠤᠨ ᠰᠠᠢ᠌ᠯᠤᠯ》 ᠭᠡᠭᠦ ᠮᠠᠭᠳᠠᠭᠤ ᠶᠢ ᠰᠠᠨᠠᠵᠤ ᠣᠯᠤᠭᠠᠤᠨ 《ᠨᠤᠪᠰᠢᠷᠠᠭᠰᠠᠨ ᠭᠡᠷ ᠮᠢᠨᠢ ᠯᠤᠤ ᠮᠠᠭᠰᠢᠬᠤ ᠴᠡᠭᠡᠯ ᠪᠠᠢ᠌ᠵᠠᠢ》 ᠭᠡᠵᠤ ᠪᠣᠳᠤᠭᠠᠤᠨ ᠭᠦᠭ᠍ᠰᠡᠵᠤ ᠪᠠᠶᠠᠷᠯᠠᠭᠰᠠᠨ ᠭᠡᠭ᠍ᠴᠢ ᠣᠮ ᠬᠤᠮ ᠦᠭᠡᠶ᠃ ᠳᠡᠭᠡᠭᠡᠤᠨ ᠭᠡᠳᠤᠨ ᠡᠳᠦᠷ ᠨᠣᠢ᠌ᠷ ᠬᠤᠯᠵᠢᠨ᠂ ᠯᠢᠤ ᠡᠪᠦᠭᠡᠨ ᠡᠴᠡ ᠳᠠᠪᠠᠭᠰᠠᠨ ᠵᠤᠬᠢᠶᠠᠯ ᠪᠢᠴᠢᠶ᠎ᠠ ᠭᠡᠵᠤ ᠨᠤᠬᠤᠯᠠᠵᠤ ᠦᠵᠡᠯ᠎ᠠ᠂ ᠪᠢᠴᠢᠵᠤ ᠭᠠᠷᠤᠭᠰᠠᠨ ᠶᠠᠭᠤᠮ᠎ᠠ ᠪᠠᠢ᠌ᠬᠤ ᠦᠭᠡᠶ᠃ ᠯᠢᠤ ᠡᠪᠦᠭᠡᠨ ᠤ ᠥᠷᠦᠭᠡ ᠪᠠᠢ᠌ᠯ᠎ᠠ ᠴᠤ ᠯᠢᠤ ᠡᠪᠦᠭᠡᠨ ᠤ ᠡᠷᠳᠡᠮ ᠠᠪᠢᠶᠠᠰ ᠦᠭᠡᠶ ᠶᠤᠮ ᠪᠣᠯ ᠮᠦᠨ ᠳᠠᠯᠭᠠᠷ ᠠᠵᠤᠭᠤ᠃

ᠨᠢᠭᠡᠨ ᠦᠳᠡᠰᠢ᠂ 《ᠵᠡᠭᠦᠨ ᠮᠤᠩᠭ᠋ᠤᠯ ᠤᠨ ᠪᠢᠴᠢᠭ᠌ ᠤᠨ ᠬᠤᠷᠢᠶ᠎ᠠ》 ᠳᠠᠭᠠᠨ ᠴᠤᠭᠯᠠᠳᠠᠭ ᠭᠡᠳᠦᠭᠦᠯᠡ ᠣᠪᠤᠨ ᠴᠤᠪᠤᠨ ᠭᠦᠷᠦᠯᠴᠡᠵᠤ ᠢᠷᠡᠭᠡᠤᠨ ᠶᠠᠭᠠᠭᠢᠪᠠᠯ ᠰᠠ‍‌ᠶᠢ ᠮᠤᠩᠭ᠋ᠤᠯ ᠰᠤᠶᠤᠯ ᠶᠢᠡᠨ ᠰᠡᠷᠭᠦᠭᠡᠨ ᠮᠠᠠᠳᠤᠭᠤᠯᠵᠤ ᠪᠣᠯᠬᠤ ᠳᠤᠬᠠᠢ ᠰᠢᠷᠦᠭᠦᠨ ᠮᠠᠷᠭᠤᠯᠳᠤᠭᠠᠨ ᠪᠣᠯᠤᠯ᠎ᠠ᠃ ᠨᠢᠭᠡ ᠪᠦᠯᠦᠭ᠌ ᠨᠢ ᠯᠤ ᠰᠢᠦ᠋ᠨ ᠤ ᠡᠮᠨᠡᠯᠭᠡ ᠶᠢᠨ ᠣᠬᠠᠭᠠᠨ ᠢ ᠳᠠᠶᠠᠭᠳᠠᠨ ᠣᠷᠠᠨ ᠵᠤᠬᠢᠶᠠᠯ ᠣᠷᠤᠯᠳᠤᠭᠰᠠᠨ ᠶᠢᠡᠷ ᠵᠢᠱᠢᠶᠠᠯᠠᠵᠤ᠂ ᠣᠷᠠᠨ ᠵᠤᠬᠢᠶᠠᠯ ᠶᠢᠡᠷ ᠦᠨᠳᠦᠰᠦᠳᠠᠨ ᠶᠢᠡᠨ ᠳᠡᠭ᠍ᠵᠢᠷᠡᠭᠦᠯᠭᠦ ᠶᠤᠮ ᠭᠡᠨ᠎ᠡ᠃ ᠨᠥᠭᠦᠭᠡ ᠪᠦᠯᠦᠭ᠌ ᠨᠢ ᠠᠩᠭ᠍ᠯᠢ ᠶᠢᠨ ᠠᠵᠤ ᠣᠢ᠌ᠯᠠᠤᠠᠪᠣᠷᠢ ᠶᠢᠨ ᠬᠤᠪᠢᠰᠬᠠᠯ ᠶᠢᠡᠷ ᠯᠤᠷᠵᠤᠤ ᠳᠠᠳᠠᠨ᠂ ᠭᠠᠭᠴᠠᠬᠦ ᠦᠨᠳᠦᠰᠦᠳᠠᠨ ᠤ ᠠᠵᠤ ᠣᠢ᠌ᠯᠠᠤᠠᠪᠣᠷᠢ ᠶᠢ ᠭᠦᠭ᠍ᠵᠢᠭᠦᠯᠪᠠᠯ ᠰᠠ‍‌ᠶᠢ ᠭᠠᠷᠬᠤ ᠵᠠᠮ ᠲᠡᠶ ᠭᠡᠨ᠎ᠡ᠃ ᠮᠠᠷᠭᠤᠯᠳᠤᠭᠠᠨ ᠢ ᠰᠤᠨᠤᠰᠴᠤ ᠬᠠᠯᠠᠰᠢᠷᠠᠭᠰᠠᠨ ᠨᠢᠭᠡ ᠨᠢ ᠳᠡᠭ᠌ ᠭᠤᠤᠯ ᠶᠢᠡᠷ ᠨᠢ ᠳᠠᠯᠪᠢᠵᠤ᠂ ᠬᠤᠶᠠᠷ ᠢ ᠵᠡᠷᠭᠡ ᠪᠠᠷ ᠭᠦᠭ᠍ᠵᠢᠭᠦᠯᠪᠠᠯ ᠵᠤᠭᠢᠨ᠎ᠠ ᠭᠡᠯ᠎ᠡ᠃ ᠪᠢ ᠶᠡᠭᠡ 《ᠨᠤᠶᠠᠨ》᠊ᠤ ᠪᠠᠢ᠌ᠷᠢ ᠪᠠᠷ ᠣᠯᠠᠨ ᠤ ᠥᠢᠮᠡᠭᠡᠨ ᠢ ᠵᠤᠭᠰᠤᠭᠠᠵᠤ᠄

《ᠭᠦᠭ᠍ᠰᠡᠵᠤ ᠪᠠᠢ᠌ᠭᠠᠤᠨ ᠭᠦᠰᠡᠭᠦᠢ᠌ᠴᠢ ᠴᠢᠨᠢ ᠭᠡᠳᠦᠷᠡᠵᠤ ᠪᠠᠢ᠌ᠨ᠎ᠠ᠃ ᠦᠨᠳᠦᠰᠦᠳᠠᠨ ᠤ ᠮᠠᠠᠳᠤᠯ ᠭᠦᠭ᠍ᠵᠢᠯ ᠳᠤ ᠣᠶᠤᠨ ᠶᠢᠡᠨ ᠰᠢᠪᠬᠠᠵᠤ ᠪᠠᠢ᠌ᠭ᠎ᠠ ᠳᠠᠨᠢ ᠰᠠᠢ᠌ᠨ ᠣᠴᠢᠷ᠃ ᠭᠡᠪᠠᠴᠤ ᠣᠯᠠᠩᠭᠢ ᠨᠢ ᠭᠡᠯᠡᠭᠡᠤᠨ ᠭᠦᠴᠦᠷᠪᠠᠴᠤ ᠭᠢᠵᠤ ᠳᠡᠢ᠌ᠯᠳᠡᠭ᠌ ᠦᠭᠡᠶ᠃ ᠮᠠᠨ ᠤ ᠦᠨᠳᠦᠰᠦᠳᠠᠨ ᠳᠤ ᠬᠤᠭᠤᠰᠤᠨ ᠣᠷᠢᠶ᠎ᠠ ᠬᠠᠭᠤᠷᠠᠢ ᠯᠤᠽᠤᠩ ᠭᠡᠷᠡᠭ᠌ ᠦᠭᠡᠶ᠂ ᠪᠢᠳᠠ ᠤ ᠭᠢᠵᠤ ᠳᠡᠢ᠌ᠯᠭᠦ ᠭᠡᠮᠵᠢᠶ᠎ᠡ ᠪᠠᠷ ᠪᠠᠭ᠎ᠠ ᠪᠣᠯᠪᠠᠴᠤ ᠪᠣᠳᠠᠳᠠᠢ ᠡᠴᠡ ᠡᠭᠢᠯᠡᠵᠤ ᠪᠠᠢ᠌ᠪᠠᠯ ᠳᠡᠭᠡᠷ᠎ᠡ ᠪᠢᠰᠢᠤ︖》 ᠭᠡᠰᠡᠨ ᠳᠤ ᠣᠯᠠᠨ ᠶᠢᠡᠷ ᠶᠢᠡᠨ ᠨᠠᠮ ᠵᠢᠮ ᠪᠣᠯᠵᠤ ᠭᠦᠨ ᠪᠣᠳᠤᠯᠭᠠᠰᠢᠷᠠᠯ᠎ᠠ᠃ ᠡᠨᠡ ᠦᠶᠡᠰ ᠨᠢᠭᠡ ᠨᠢ ᠨᠠᠮᠵᠢᠭᠤᠨ ᠢ ᠡᠪᠳᠡᠵᠤ ᠣᠷᠠᠨ ᠵᠤᠬᠢᠶᠠᠯ ᠤᠨ ᠨᠡᠢ᠌ᠭᠡᠮᠯᠢᠭ᠌ ᠪᠠᠢ᠌ᠭᠤᠯᠬᠤ ᠳᠤᠷᠠᠳᠤᠯᠭ᠎ᠠ ᠭᠠᠷᠭᠠᠭᠰᠠᠨ ᠳᠤ ᠪᠦᠭᠦᠳᠡᠭᠡᠷ ᠴᠤᠤᠷᠢᠶᠠᠳᠤᠨ ᠳᠠᠭᠠᠪᠠ᠃ ᠨᠥᠭᠦᠭᠡ ᠨᠢᠭᠡ ᠨᠢ 《ᠨᠡᠢ᠌ᠭᠡᠮᠯᠢᠭ᠌》 ᠭᠡᠪᠠᠯ ᠮᠠᠨ ᠤ ᠭᠢᠷᠢᠨ ᠡᠴᠡ ᠪᠠᠬᠠᠨ ᠠᠬᠠᠳᠠᠬᠤ ᠮᠠᠶ‍ᠢᠭ ᠲᠡᠶ ᠳᠤᠯᠠ 《ᠬᠠᠮᠳᠤᠯᠢᠭ》 ᠭᠡᠪᠠᠯ ᠣᠨᠤᠪᠴᠢᠳᠠᠢ ᠭᠡᠰᠡᠨ ᠳᠤ ᠣᠯᠠᠨ ᠶᠢᠡᠷ ᠶᠢᠡᠨ ᠰᠠᠢ᠌ᠰᠢᠶᠠᠵᠠᠢ᠃ ᠡᠨᠡ ᠦᠶᠡᠰ ᠴᠢᠯᠠᠭᠤ ᠭᠤᠸᠠᠢ ᠡᠴᠡ ᠬᠠᠮᠳᠤᠯᠢᠭ ᠪᠠᠢ᠌ᠭᠤᠯᠴᠢᠬᠠᠭᠰᠠᠨ ᠶᠤᠮ ᠴᠢᠨᠢ ᠰᠡᠳᠭᠦᠯ ᠭᠠᠷᠭᠠᠬᠤ ᠶᠤᠰᠤᠳᠠᠢ ᠭᠡᠰᠡᠨ ᠳᠤ ᠪᠦᠭᠦᠳᠡᠭᠡᠷ ᠠᠯᠠᠭ᠎ᠠ ᠳᠠᠰᠢᠪᠠᠢ᠃ ᠢᠩᠭᠢᠭᠡᠤᠨ 《ᠪᠠᠶᠠᠨ ᠠᠭᠤᠯᠠ》 ᠣᠷᠠᠨ ᠵᠤᠬᠢᠶᠠᠯ ᠤᠨ ᠬᠠᠮᠳᠤᠯᠢᠭ ᠪᠠᠢ᠌ᠭᠤᠯᠤᠭᠳᠠᠵᠤ᠂ 《ᠠᠭᠳᠠ ᠶᠢᠨ ᠳᠠᠯ᠎ᠠ》 ᠰᠡᠳᠭᠦᠯ ᠠᠩᠬᠠᠨ ᠤ ᠳ᠋ᠤᠭᠠᠷ ᠶᠢᠡᠨ ᠭᠡᠪᠯᠡᠭᠦᠯᠦᠯ᠎ᠡ᠃ ᠠᠯᠳᠠᠷᠳᠤ ᠰᠢᠯᠦᠭ᠍ᠴᠢᠨ ᠡᠷᠳᠡᠮᠳᠡᠨ ᠫᠷᠤᠹᠧᠰᠰᠤᠷ ᠬᠠ᠊·ᠳ᠋ᠠᠮᠪᠢᠵᠠᠯᠰᠠᠨ ᠭᠤᠸᠠᠢ ᠡᠨᠡ ᠴᠢᠮᠡᠭᠡ ᠶᠢ ᠰᠤᠨᠤᠰᠤᠭᠠᠤᠨ ᠡᠪᠠᠦᠡᠴᠢᠳᠡᠨ ᠤ ᠣᠷᠤ ᠳᠡᠭᠡᠷ᠎ᠡ ᠡᠮ ᠶᠡᠭᠦᠯᠡᠭᠦᠯᠵᠤ ᠪᠠᠢ᠌ᠭᠠᠤᠨ ᠰᠠᠤᠠᠭᠢᠯ ᠤᠨ ᠳᠤᠭᠳᠤᠯᠤᠯ ᠶᠢᠡᠨ ᠲ᠋ᠠᠷᠤᠵᠤ ᠶᠠᠳᠠᠨ 《ᠪᠠᠬᠠᠷᠤᠯᠳᠠᠢ ᠰᠠᠢ᠌ᠬᠠᠨ ᠠᠭᠳᠠ ᠶᠢᠨ ᠳᠠᠯ᠎ᠠ ᠳᠤ ᠪᠠᠶᠠᠰᠤᠯ ᠳᠠᠭᠤᠯᠠᠯ ᠦᠨᠢ ᠬᠠᠩᠭᠢᠨᠠᠨ᠎ᠠ》 ᠭᠡᠰᠡᠨ ᠪᠢᠴᠢᠭᠡᠰᠤ ᠪᠢᠴᠢᠵᠤ ᠦᠭ‍ᠭᠦᠭ᠍ᠰᠡᠨ ᠪᠦᠭᠡᠤᠨ᠂ ᠲᠦᠷᠦ ᠶᠢᠨ ᠱᠠᠩᠨᠠᠯᠳᠤ ᠵᠤᠬᠢᠶᠠᠯᠴᠢ ᠭ·ᠰᠢᠷᠠᠪᠵᠠᠮᠰᠤ ᠭᠤᠸᠠᠢ ᠭᠡᠪᠯᠡᠯ ᠡᠭᠢᠯᠡᠭ᠍ᠰᠡᠨ ᠪᠠᠶᠠᠷ ᠤᠨ ᠥᠭᠡ ᠪᠢᠴᠢᠵᠤ᠂ ᠰᠡᠳᠭᠦᠯ ᠤᠨ ᠠᠵᠢᠯ ᠤᠨ ᠳᠤᠬᠠᠢ ᠨᠠᠷᠢᠨ ᠵᠢᠭᠠᠪᠣᠷᠢ ᠥᠭ᠍ᠴᠡᠢ᠃ ᠢᠩᠭᠢᠭᠡᠤᠨ ᠰᠡᠳᠭᠦᠯ ᠭᠡᠪᠯᠡᠭᠦᠯᠵᠤ ᠳᠠᠷᠬᠠᠭᠠᠬᠤ ᠠᠵᠢᠯ ᠵᠢᠩᠭᠢᠨᠢ ᠪᠠᠷ ᠵᠠᠮ ᠳᠠᠭᠠᠨ ᠣᠷᠤᠭᠰᠠᠨ ᠪᠠᠢ᠌ᠵᠠᠢ᠃ ᠵᠦᠪᠯᠠᠯᠴᠠᠯ ᠡᠴᠡ ᠵᠦᠪ ᠪᠣᠳᠤᠯᠭ᠎ᠠ ᠮᠠᠠᠳᠤᠯᠠᠵᠤ᠂ ᠨᠢᠭᠳᠠᠷᠠᠯ ᠡᠴᠡ ᠠᠪᠣᠷᠭᠤ ᠭᠦᠴᠤᠨ ᠣᠠᠳᠤᠷᠤᠨ᠎ᠠ ᠭᠡᠭ᠍ᠴᠢ ᠡᠨᠡ ᠪᠣᠶᠤ᠃ ᠵᠤᠬᠢᠶᠠᠯ ᠪᠦᠳᠦᠭᠡᠯ ᠶᠢᠡᠷ ᠶᠢᠡᠨ ᠬᠤᠰᠢᠭᠤ ᠨᠤᠳᠤᠭ ᠲᠠᠭᠠᠨ ᠭᠦᠡᠳᠡᠯᠡᠨ ᠭᠢᠰᠭᠢᠵᠤ᠂ ᠵᠤᠷᠢᠭ ᠭᠦᠭᠡᠭᠡᠴᠡᠯᠳᠦᠯ ᠶᠢᠡᠷ ᠶᠢᠡᠨ ᠮᠤᠩᠭ᠋ᠤᠯ ᠤᠨ ᠥᠡᠳᠦᠷᠯᠢᠭ᠌ ᠲᠤ ᠠᠭᠰᠤᠮ ᠳᠠᠯᠪᠢᠳᠠᠭ ᠨᠢᠭᠡ ᠪᠦᠯᠦᠭ᠌ ᠰᠤᠳᠤᠨ ᠡᠷᠡᠰ᠂ ᠨᠤᠤᠷᠠᠩᠬᠠᠢ 《ᠪᠢᠴᠢᠭ᠌ ᠤᠨ ᠬᠤᠷᠢᠶ᠎ᠠ》 ᠳᠠᠭᠠᠨ ᠡᠷᠭᠢᠴᠡᠭᠦ ᠳᠤᠷᠠᠳᠠᠢ ᠪᠠᠢ᠌ᠳᠠᠭ ᠨᠢ 《ᠮᠤᠩᠭ᠋ᠤᠯ ᠰᠤᠶᠤᠯ》 ᠭᠡᠰᠡᠨ ᠣᠯᠠᠭᠠᠨ ᠰᠢᠵᠢᠮ ᠰᠠᠤᠠᠭᠢᠯ ᠢ ᠨᠢ ᠠᠷᠭᠠᠮᠵᠢᠵᠤ ᠪᠠᠢ᠌ᠭᠰᠠᠨ ᠠᠵᠢ︕

ᠡᠳᠡᠭᠡᠷ ᠣᠯᠤᠰ ᠤᠳ ᠪᠣᠯ ᠪᠦᠷ ᠯᠠ ᠪᠠᠶᠠᠠᠭᠭᠤᠯᠠ ᠶᠢᠨ ᠬᠤᠳᠤᠭᠤᠷ ᠡᠴᠡ ᠪᠠᠨ ᠵᠠᠢ᠌ᠳᠠᠭ᠎ᠠ ᠦᠭᠡᠶ ᠵᠢᠵᠢᠭ᠌ ᠠᠯᠪᠠᠳᠠᠤᠨ ᠪᠣᠶᠤ ᠬᠤᠳᠠ ᠲᠡᠶ ᠮᠠᠯ ᠡᠴᠡ ᠪᠠᠨ ᠬᠤᠯᠠᠳᠠᠭ᠎ᠠ ᠦᠭᠡᠶ ᠨᠤᠮᠤᠬᠠᠨ ᠮᠠᠯᠴᠢᠳ᠃ ᠳᠡᠭᠡᠯ᠎ᠡ ᠴᠤ ᠳᠠᠳᠠᠨᠤᠰ ᠶᠠᠭᠤᠨ ᠤ ᠳᠦᠯᠦᠭᠡ ᠠᠮᠢᠳᠤᠷᠠᠵᠤ ᠶᠠᠭᠠᠭᠢᠵᠤ ᠶᠠᠪᠣᠪᠠᠯ ᠵᠤᠭᠢᠬᠤ ᠪᠠᠨ ᠣᠬᠠᠮᠰᠠᠷᠠᠴᠢᠬᠠᠭᠰᠠᠨ ᠪᠣᠯᠬᠤᠷ᠂ ᠦᠵᠡᠯᠳᠠ ᠵᠤᠷᠢᠯᠳᠠ ᠪᠠᠨ ᠣᠯᠤᠰ ᠣᠷᠤᠨ ᠤ ᠭᠦᠭ᠍ᠵᠢᠯ᠂ ᠦᠨᠳᠦᠰᠦᠳᠠᠨ ᠶᠠᠰᠤᠳᠠᠨ ᠤ ᠪᠠᠳᠠᠷᠠᠯ ᠤᠨ ᠦᠨᠳᠦᠷ ᠬᠠᠷᠠᠭᠠᠰᠤᠨ ᠳᠤ ᠳᠠᠯᠪᠢᠭᠰᠠᠨ ᠶᠢᠡᠷ᠂ ᠭᠦᠮᠤᠨ ᠲᠦᠷᠦᠯᠭᠢᠳᠠᠨ ᠤ ᠠᠰᠢᠭᠳᠠᠢ ᠣᠢ᠌ᠯᠠᠰ ᠲᠤ ᠦᠪᠡᠷ ᠤᠨ ᠨᠢᠭᠡ ᠮᠦᠷᠤᠨ ᠤ ᠭᠦᠴᠤ ᠪᠠᠨ ᠡᠷᠭᠦᠳᠡᠭ᠌ ᠯᠠ ᠪᠣᠯ ᠭᠦᠰᠡᠯ ᠵᠤᠷᠢᠯᠳᠠ ᠨᠢ ᠭᠦᠢᠴᠡᠴᠢᠭᠡᠳᠡᠭ᠌ ᠭᠠᠢ᠌ᠬᠠᠯ ᠤᠳ ᠡ᠃ ᠡᠨᠡ ᠴᠤᠬᠤᠮ ᠭᠦ 《ᠶᠡᠭᠡ ᠣᠢ᠌ᠯᠠᠰ ᠢ ᠪᠦᠳᠦᠭᠡᠭᠦ ᠵᠤᠷᠢᠭ ᠶᠢᠡᠷ ᠪᠠᠭ᠎ᠠ ᠶᠠᠪᠣᠳᠠᠯ ᠡᠴᠡ ᠭᠠᠷᠳᠠᠵᠤ ᠭᠢᠨ᠎ᠠ》 ᠭᠡᠭ᠍ᠴᠢ ᠪᠣᠯᠠᠢ᠃

ᠵᠤᠬᠢᠶᠠᠭᠴᠢ᠄ ᠨᠣ᠋·ᠪᠠᠭᠠᠳᠤᠷ
ᠳᠠᠷᠤᠮ᠄ 5792
ᠴᠠᠭ᠄ 2009 ᠤᠨ ᠤ 04 ᠰᠠᠷ᠎ᠠ ᠶᠢᠨ 29

ᠡᠮᠦᠨᠡᠬᠢ   ᠳᠠᠷᠠᠭᠠᠬᠢ

ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃