ᠲᠠᠪᠤ ᠂ ᠳᠠᠮᠠᠭᠠᠳᠤ ᠴᠡᠷᠢᠭ᠌

ᠶᠡᠬᠡ ᠴᠡᠷᠢᠭ᠌ ᠡᠮᠣᠨᠠᠰᠢ ᠭᠠᠷᠣᠭᠰᠠᠨ ᠡᠴᠡ ᠬᠤᠢ᠌ᠰᠢ ᠭᠠᠶᠠ ᠦᠷᠯᠦᠬᠡ ᠪᠦᠷᠢ ᠡᠷᠳᠠ ᠪᠣᠰᠣᠮᠠᠭᠴᠠ ᠬᠡᠷ ᠤᠨ ᠡᠬᠥᠳᠡᠨ ᠲᠡᠬᠡᠷ᠎ᠡ ᠪᠠᠨ ᠵᠤᠭᠰᠣᠵᠣ᠂ ᠬᠠᠮᠠᠷ ᠲᠠᠪᠠᠭᠠᠨ ᠤ ᠣᠷᠣᠢ ᠵᠦᠭ᠌ ᠬᠠᠷᠠᠭᠣᠯᠳᠠᠨ ᠰᠢᠷᠳᠡᠳᠡᠭ ᠪᠣᠯᠪᠠ᠃ ᠨᠡᠬᠥ ᠠᠯᠢ ᠨᠢᠬᠡ ᠡᠳᠣᠷ ᠡᠷᠬᠢᠵᠣ ᠢᠷᠠᠨ᠎ᠠ ᠬᠡᠵᠦ ᠲᠠᠷᠠ ᠭᠣᠷᠢᠳᠠᠩᠭ᠋ᠣᠢ ᠬᠦᠯᠢᠶᠡᠵᠦ ᠪᠠᠢ᠌ᠯ᠎ᠠ᠃ ᠬᠡᠪᠡᠴᠦ ᠲᠠᠷᠠ ᠲᠣᠳᠣᠷ᠎ᠠ ᠪᠠᠨ ᠨᠡᠬᠥ ᠡᠷᠬᠢᠵᠣ ᠢᠷᠠᠪᠠᠯ ᠶᠠᠭᠠᠬᠢᠳᠠᠭ ᠢ ᠲᠣᠳᠣᠷᠬᠠᠢ ᠮᠡᠳᠡᠬᠥ ᠦᠭᠡᠶ᠃ ᠶᠡᠬᠡ ᠴᠡᠷᠢᠭ᠌ ᠬᠡᠭ᠍ᠰᠠᠬᠡᠷ ᠲᠡᠬᠥᠨ ᠳᠤ ᠰᠣᠭᠳᠣᠭᠰᠠᠨ ᠭᠣᠷᠪᠠᠨ ᠴᠡᠷᠢᠭ᠌ ᠪᠣᠳᠣᠭᠳᠠᠵᠣ᠂ ᠨᠢᠩᠪᠣ ᠳᠤ ᠰᠣᠮᠣ ᠪᠠᠨ ᠠᠪᠳᠠᠨ ᠨᠣᠶᠠᠨ ᠳᠠᠭᠠᠨ ᠢᠰᠬᠥᠯᠥᠭᠳᠡᠭ᠍ᠰᠡᠨ ᠡᠴᠠᠩᠬᠡᠷ ᠰᠢᠷ᠎ᠠ ᠶᠢᠨ ᠭᠣᠶ᠎ᠠ ᠪᠠᠨ ᠴᠢᠷᠣᠨ ᠲᠣᠭᠣᠯᠳᠠᠨ ᠶᠠᠪᠣᠭᠰᠠᠨ ᠪᠠᠢ᠌ᠳᠠᠯ ᠨᠢᠳᠣᠨ ᠳ᠋ᠤᠨᠢ ᠦᠵᠡᠭ᠍ᠳᠡᠬᠥ ᠰᠢᠭ᠌ ᠪᠣᠯᠣᠨ᠎ᠠ᠃ ᠢᠩᠬᠢᠬᠥᠯᠡᠷ ᠲᠠᠷᠠ ᠴᠡᠷᠢᠭ᠌ ᠡᠷᠬᠢᠵᠣ ᠢᠷᠡᠭ᠍ᠰᠡᠨ ᠤ ᠰᠡᠬᠥᠯᠡᠷ ᠨᠢᠩᠪᠣ ᠡᠴᠡ ᠦᠰᠢᠶ᠎ᠡ ᠠᠪᠳᠠᠭ ᠴᠤ ᠪᠢᠯᠠ ᠦᠦ︖ ᠬᠡᠵᠦ ᠪᠣᠳᠣᠬᠣ ᠪᠣᠯᠣᠭᠰᠠᠨ ᠪᠦᠬᠡᠥᠨ ᠲᠠᠷᠠ ᠣᠷᠣᠢ ᠨᠢᠴᠢᠭ᠍‍ᠮ᠎ᠠ ᠶᠢᠨ ᠠᠶᠣᠵᠣ ᠪᠠᠯᠠᠳᠠᠭᠰᠠᠨ ᠨᠢᠳᠣᠨ ᠡᠴᠡ ᠯᠠᠪ ᠨᠢᠬᠡᠨ ᠣᠴᠢᠷ ᠭᠠᠷᠣᠨ᠎ᠠ ᠬᠡᠵᠦ ᠮᠠᠳᠠᠵᠠᠢ᠃ ᠪᠣᠷᠭᠠᠰᠣᠨ ᠲᠣᠮᠳᠠ ᠨᠢᠩᠪᠣ ᠶᠢ ᠬᠡᠳᠡᠭ᠍ᠰᠡᠨ ᠲᠠᠷᠠ ᠡᠳᠣᠷ᠂ ᠨᠢᠭᠣᠵᠣ ᠲᠠᠯᠪᠢᠭᠰᠠᠨ ᠰᠣᠮᠣᠨ ᠡᠴᠡ ᠨᠢ ᠨᠢᠬᠡ ᠶᠢ ᠡᠪᠣᠷᠯᠠᠵᠣ ᠬᠠᠷᠢᠭᠠᠳ ᠣᠷᠣᠢ ᠨᠢ ᠬᠠᠷᠢᠨ ᠲᠠᠭ ᠮᠠᠷᠳᠠᠭᠰᠠᠨ ᠪᠠᠢ᠌ᠪᠠ᠃ ᠣᠠᠳᠠᠬᠣ ᠦᠶᠡᠰ ᠨᠢᠴᠢᠭ᠍‍ᠮ᠎ᠡ᠂ ᠭᠠᠶᠠ ᠶᠢᠨ ᠲᠠᠪᠠᠯ ᠢ ᠲᠠᠢ᠌ᠯᠠᠬᠣ ᠬᠡᠵᠦ ᠪᠦᠰᠡ ᠶᠢ ᠨᠢ ᠠᠯᠳᠠᠷᠭᠠᠳᠠᠯ᠎ᠠ ᠬᠦᠠᠵᠢᠯᠡ ᠲᠡᠬᠡᠷ᠎ᠡ ᠨᠢ ᠬᠣᠪᠠᠨ ᠰᠢᠷ᠎ᠠ ᠰᠣᠮᠣ 《ᠲᠣᠱ》 ᠬᠢᠨ ᠣᠨᠠᠵᠣ ᠢᠷᠠᠪᠠ᠃ ᠨᠢᠴᠢᠭ᠍‍ᠮ᠎ᠡ ᠮᠣᠭᠠᠢ ᠡᠴᠠ ᠠᠶᠣᠭᠰᠠᠨ ᠬᠦᠮᠥᠨ ᠰᠢᠭ᠌ ᠲᠠᠪ ᠬᠢᠨ ᠰᠣᠴᠢᠵᠣ᠂ ᠴᠢᠷᠠᠢ ᠨᠢ ᠴᠢᠯᠪᠠᠢ᠌ᠨ ᠨᠢᠳᠣ ᠨᠢ ᠲᠣᠳᠤᠢ᠌ᠪᠠ᠃ ᠭᠠᠶᠠ ᠦᠨᠡᠨ ᠳᠡᠭᠡᠨ ᠠᠪᠣ ᠶ᠋‍ᠢᠨ ᠰᠣᠮᠣ ᠡᠴᠡ ᠠᠪᠣᠭᠰᠠᠨ ᠬᠡᠵᠦ ᠬᠣᠳᠠᠯ ᠬᠡᠯᠡᠬᠥ ᠳᠤ ᠨᠢᠴᠢᠭ᠍‍ᠮ᠎ᠡ ᠢᠳᠡᠬᠡᠬᠥ ᠪᠠᠢ᠌ᠭᠰᠠᠨ ᠶᠣᠮ᠃ ᠬᠡᠳᠡᠯ᠎ᠡ ᠭᠠᠶᠠ ᠲᠡᠬᠡᠭ᠍ᠰᠡᠨ ᠦᠭᠡᠶ᠃ ᠰᠠᠷᠠ ᠲᠡᠶ ᠲᠠᠷᠠ ᠰᠦᠨᠢ᠂ ᠨᠢᠩᠪᠣ ᠨᠢᠴᠢᠭ᠍‍ᠮ᠎ᠡ ᠬᠣᠶᠠᠷ ᠤᠨ ᠨᠢᠭᠣᠴᠠ ᠪᠠᠷ ᠠᠮᠠᠷᠠᠭᠯᠠᠭᠰᠠᠨ ᠢ ᠦᠵᠡᠭ᠍ᠰᠡᠨ ᠡᠴᠡ ᠬᠤᠢ᠌ᠰᠢ ᠭᠠᠶᠠ ᠶ᠋‍ᠢᠨ ᠲᠣᠳᠣᠷ᠎ᠠ ᠨᠢᠬᠡ ᠯᠠ ᠵᠠᠩᠬᠢᠷᠠᠭᠠᠰᠣ ᠲᠡᠶ ᠪᠠᠢ᠌ᠵᠣ᠂ ᠠᠳᠠᠭ᠎ᠠ ᠬᠣᠷᠣᠰᠣᠯ ᠨᠢ ᠠᠷᠪᠠᠨ ᠬᠣᠶᠠᠷᠳᠠᠢ ᠲᠡᠬᠥᠨ ᠤ ᠵᠢᠷᠥᠬᠡ ᠶᠢ ᠪᠠᠢ᠌ᠨ ᠪᠠᠢ᠌ᠨ ᠰᠢᠪᠠᠵᠣ ᠪᠠᠢ᠌ᠵᠠᠢ᠃ ᠢᠩᠬᠢᠭ᠍ᠰᠡᠨ ᠡᠴᠡ ᠡᠳᠣᠷ ᠤᠨ ᠪᠣᠯᠣᠭᠰᠠᠨ ᠣᠴᠢᠷ ᠢ ᠲᠠᠷᠠ᠂ ᠨᠢᠴᠢᠭ᠍‍ᠮ᠎ᠡ ᠡᠴᠡ ᠨᠢᠭᠣᠭᠰᠠᠨ ᠦᠭᠡᠶ᠃ ᠨᠢᠴᠢᠭ᠍‍ᠮ᠎ᠡ ᠶ᠋‍ᠢᠨ ᠠᠶᠣᠵᠣ ᠡᠮᠢᠶᠡᠭ᠍ᠰᠡᠨ ᠲᠥᠷᠢ ᠶᠢ ᠦᠵᠡᠬᠡᠥᠨ ᠲᠠᠪᠠ ᠨᠢ ᠬᠠᠨᠣᠭᠰᠠᠨ ᠰᠢᠭ ᠰᠠᠨᠠᠭᠳᠠᠵᠣ᠂ ᠨᠢᠩᠪᠣ ᠶᠢᠨ ᠰᠣᠮᠣ ᠬᠣᠯᠠᠭᠠᠢ᠌ᠯᠠᠭᠰᠠᠨ᠂ ᠪᠣᠷᠭᠠᠰᠣᠨ ᠲᠣᠮᠳᠠ ᠨᠢᠭᠣᠵᠣ ᠲᠠᠯᠪᠢᠭᠰᠠᠨ ᠵᠠᠷᠬᠡ ᠶᠢ ᠨᠢᠬᠡᠥᠨ ᠨᠢᠬᠡ ᠪᠠᠷ ᠬᠡᠯᠡᠬᠡᠥᠨ᠄

᠊᠊᠊᠊᠊᠊᠊᠊᠊᠊᠊᠊᠊᠊᠊ ᠬᠡᠷᠪᠡ ᠴᠢ ᠨᠢᠩᠪᠣ ᠲᠡᠶ ᠲᠠᠬᠢᠵᠣ ᠨᠣᠣᠷᠠᠬᠣ ᠳᠤ ᠬᠦᠷᠪᠡᠯ ᠪᠢ ᠡᠨᠠ ᠣᠴᠢᠷ ᠢ ᠠᠪᠣ ᠳᠤ ᠬᠡᠯᠡᠨ᠎ᠡ ᠬᠡᠵᠦ ᠠᠶᠣᠯᠭᠠᠬᠣ ᠠᠶᠠᠰ ᠲ᠋ᠠᠢ ᠬᠡᠯᠡᠪᠡ᠃ ᠲᠠᠷᠠ ᠬᠡᠳᠥᠨ ᠡᠳᠣᠷ ᠨᠢᠴᠢᠭ᠍‍ᠮ᠎ᠡ ᠨᠢᠬᠡ ᠯᠠ ᠬᠥᠭ᠌ ᠤᠨ ᠦᠬᠡ ᠲᠠᠭᠣ ᠦᠭᠡᠶ ᠲᠦᠩᠰᠦᠬᠡᠷ ᠪᠠᠢ᠌ᠵᠣ᠂ ᠨᠢᠩᠪᠣ ᠶᠢ ᠦᠵᠡᠪᠡᠯ ᠬᠣᠯᠠᠭᠣᠷ ᠵᠠᠢ᠌ᠯᠠᠵᠣ ᠭᠠᠷᠬᠣ ᠪᠣᠯᠣᠭᠰᠠᠨ ᠪᠠᠢ᠌ᠪᠠ᠃ ᠬᠡᠲᠦ ᠬᠣᠨᠣᠭ ᠤᠨ ᠲᠠᠷᠠᠭ᠎ᠠ ᠭᠠᠶᠠ ᠰᠣᠮᠣ ᠪᠣᠯᠠᠵᠣ ᠲᠠᠯᠪᠢᠭᠰᠠᠨ ᠭᠠᠵᠠᠷ ᠨᠢ ᠣᠴᠢᠵᠣ ᠮᠠᠯᠳᠠᠬᠣ ᠳᠤ ᠶᠠᠭᠣ ᠴᠤ ᠪᠠᠢ᠌ᠭᠰᠠᠨ ᠦᠭᠡᠶ᠃ ᠨᠢᠴᠢᠭ᠍‍ᠮ᠎ᠡ ᠡᠴᠡ ᠰᠣᠨᠣᠰᠣᠭᠠᠳ ᠰᠣᠮᠣ ᠪᠠᠨ ᠰᠢᠯᠵᠢᠬᠥᠯᠵᠦ ᠨᠢᠭᠣᠭᠰᠠᠨ ᠪᠠᠢ᠌ᠯ ᠦᠭᠡᠶ ᠬᠡᠵᠦ ᠭᠠᠶᠠ ᠪᠣᠳᠣᠪᠠ᠃ ᠨᠢᠩᠪᠣ ᠶᠢᠨ ᠰᠡᠬᠥᠯ ᠢ ᠪᠠᠷᠢᠭᠰᠠᠨ ᠳᠠᠭᠠᠨ ᠭᠠᠶᠠ ᠶᠢᠨ ᠲᠣᠳᠣᠷ᠎ᠠ ᠣᠩᠭ᠋ᠤᠢ᠌ᠵᠣ᠂ ᠵᠠᠩᠬᠢᠷᠠᠭᠠᠰᠣ ᠨᠢ ᠠᠯᠳᠠᠷᠠᠬᠣ ᠰᠢᠭ ᠪᠣᠯᠣᠭᠰᠠᠨ ᠪᠣᠯᠪᠠᠴᠣ ᠡᠬᠥᠨ ᠤ ᠴᠠᠭᠠᠨ᠎ᠠ ᠶᠠᠮᠠᠷ ᠨᠢᠬᠡᠨ ᠠᠶᠣᠮᠰᠢᠭᠳᠣ ᠪᠠᠷᠠᠭᠠᠨ ᠰᠡᠬᠥᠳᠡᠷ ᠨᠢᠭᠣᠭᠳᠠᠵᠣ ᠪᠠᠢ᠌ᠮᠠᠷ ᠰᠠᠨᠠᠭᠳᠠᠨ᠎ᠠ᠃ ᠲ᠋ᠠᠢ᠌ᠮᠣ ᠡᠴᠡ ᠲᠠᠷᠠ ᠡᠮᠣᠨᠠᠰᠢ ᠭᠠᠷᠣᠭᠰᠠᠨ ᠶᠡᠬᠡ ᠴᠡᠷᠢᠭ᠌ ᠤᠨ ᠡᠷᠬᠢᠵᠣ ᠢᠷᠡᠬᠥ ᠶᠢ ᠬᠦᠰᠡᠨ ᠬᠦᠯᠢᠶᠡᠬᠥ ᠮᠥᠷᠳᠡᠬᠡᠨ ᠪᠠᠰᠠ ᠠᠶᠣᠩᠭ᠋ᠣᠷᠢ ᠲᠦᠷᠦᠵᠤ᠂ ᠣᠷᠣᠨ ᠭᠠᠷᠣᠨ ᠲᠣᠭᠳᠠᠭᠣᠷᠢ ᠠᠯᠳᠠᠵᠣ ᠪᠠᠢ᠌ᠪᠠ᠃

ᠭᠠᠶᠠ᠂ ᠲᠠᠷᠠ ᠰᠦᠨᠢ ᠶᠢᠨ ᠵᠠᠬᠥᠲᠦ ᠪᠠᠨ ᠪᠣᠳᠣᠬᠣ ᠡᠴᠡ ᠪᠠᠨ ᠬᠠᠯᠢᠷᠠᠨ᠎ᠠ᠃ ᠵᠠᠬᠥᠲᠦ ᠦᠨᠡᠨ ᠤ ᠬᠣᠭᠣᠷᠣᠠᠳᠣ ᠶᠠᠮᠠᠷ ᠵᠠᠭᠠᠭ ᠪᠠᠢ᠌ᠳᠠᠭ ᠢ ᠲᠠᠷᠠ ᠦᠯᠤ ᠮᠠᠳᠠᠨ᠎ᠠ ᠁

ᠶᠡᠬᠡ ᠴᠡᠷᠢᠭ᠌ ᠵᠠᠯᠠᠨ ᠤ ᠬᠣᠳᠠ ᠶᠢ ᠰᠠᠯᠬᠢ ᠨᠡᠪᠳᠡᠷᠠᠬᠥ ᠵᠠᠢ ᠦᠭᠡᠶ ᠪᠣᠯᠳᠠᠯ᠎ᠠ ᠪᠦᠰᠡᠯᠡᠪᠡ᠃ ᠡᠮᠣᠨ᠎ᠠ ᠪᠠᠨ ᠶᠡᠬᠡ ᠫᠣᠤ ᠭᠣᠵᠤᠢ᠌ᠯᠭᠠᠭᠰᠠᠨ ᠲᠠᠩᠺ ᠨᠣᠭᠣᠳ ᠵᠢᠠᠠᠰᠠᠵᠣ᠂ ᠫᠣᠤ ᠶᠢᠨ ᠠᠮᠨ ᠨᠢ ᠬᠠᠷᠠᠯᠠᠨ ᠦᠵᠡᠭ᠍ᠳᠡᠨ᠎ᠡ᠃ ᠠᠷᠤ ᠳ᠋ᠤᠨᠢ ᠫᠦᠯᠧᠮᠶᠥᠲ᠋ ᠶᠠᠪᠠᠭᠠᠨ ᠫᠣᠤ ᠪᠠᠨ ᠣᠨᠢᠯᠠᠵᠣ᠂ ᠵᠢᠳᠠ ᠰᠠᠯᠠᠮ᠎ᠠ ᠠᠷᠬᠠᠢ᠌ᠯᠭᠠᠭᠰᠠᠨ ᠴᠡᠷᠢᠭ᠌ ᠤᠨ ᠵᠢᠠᠠᠰᠠᠭᠠᠯ ᠵᠠᠯᠠᠨ ᠤ ᠬᠣᠳᠠ ᠶᠢ ᠦᠨᠡᠰᠥᠨ ᠲᠣᠪᠷᠠᠭ ᠪᠣᠯᠭᠠᠬᠣ ᠳᠤ ᠪᠡᠯᠡᠬᠡᠨ ᠪᠣᠯᠣᠭᠠᠳ ᠪᠠᠢ᠌ᠯ᠎ᠠ᠃ ᠵᠢᠠᠠᠰᠠᠭᠠᠯ ᠲᠣᠳᠣᠷ᠎ᠠ ᠡᠴᠡ ᠭᠣᠷᠪᠠᠨ ᠴᠡᠷᠢᠭ᠌ ᠭᠠᠷᠴᠣ ᠢᠷᠡᠬᠡᠥᠨ ᠰᠢᠭᠣᠳ ᠵᠠᠯᠠᠨ ᠤ ᠬᠢ ᠵᠢ ᠴᠢᠭ᠍ᠯᠠᠨ ᠢᠷᠠᠪᠠ᠃ ᠲᠠᠳᠠᠨ ᠤ ᠳᠤ ᠠᠷᠢᠬᠢ ᠣᠣᠭᠣᠵᠣ ᠰᠣᠭᠳᠣᠭᠰᠠᠨ ᠭᠣᠷᠪᠠᠨ ᠴᠡᠷᠢᠭ᠌ ᠪᠣᠯᠬᠣ ᠶᠢ ᠭᠠᠶᠠ ᠬᠠᠮᠣᠭ ᠲᠥᠷᠣᠬᠥᠤ ᠲᠠᠨᠢᠵᠣ᠂ ᠠᠪᠣ ᠪᠠᠨ ᠬᠠᠷᠠᠵᠣ ᠦᠵᠡᠪᠡᠯ ᠵᠠᠯᠠᠨ ᠤ ᠨᠢᠳᠣ ᠨᠢ ᠬᠦᠷᠯᠡᠢ᠌ᠵᠦ᠂ ᠴᠢᠷᠠᠢ ᠨᠢ ᠵᠠᠪᠡᠬᠡᠢ ᠴᠠᠢ᠌ᠭᠰᠠᠨ ᠪᠠᠢ᠌ᠪᠠ᠃ ᠨᠢᠩᠪᠣ ᠬᠠᠷᠢᠨ ᠠᠵᠢᠭ ᠴᠣ ᠦᠭᠡᠶ ᠵᠤᠭᠰᠣᠵᠣ᠂ ᠦᠬᠡᠳᠡ ᠡᠴᠡ ᠨᠢ ᠢᠷᠡᠬᠥ ᠭᠣᠷᠪᠠᠨ ᠴᠡᠷᠢᠭ᠌ ᠢ ᠠᠯᠳᠠᠯ ᠦᠭᠡᠶ ᠬᠠᠷᠠᠨ᠎ᠠ᠃ ᠭᠣᠷᠪᠠᠨ ᠴᠡᠷᠢᠭ᠌ ᠦᠬᠡ ᠲᠣᠣᠭᠠᠷᠣᠭᠰᠠᠨ ᠦᠬᠡᠢ᠂ ᠰᠢᠭᠣᠳ ᠢᠷᠡᠬᠡᠥᠨ ᠨᠢᠩᠪᠣ ᠶᠢ ᠠᠳᠣᠷᠢᠳᠠᠯ᠎ᠠ ᠬᠦᠯᠢᠵᠦ᠂ ᠵᠠᠬᠥᠨ ᠬᠤᠢ᠌ᠳᠣ ᠰᠢᠯᠢ ᠲᠡᠬᠡᠷ᠎ᠡ ᠲᠥᠯᠬᠢᠨ ᠠᠪᠠᠴᠢᠪᠠ᠃ ᠲᠠᠠᠳᠠ ᠬᠡᠳᠥᠨ ᠴᠡᠷᠢᠭ᠌ ᠬᠦᠷᠵᠡ ᠠᠳᠬᠣᠵᠣ᠂ ᠬᠦᠮᠥᠨ ᠪᠠᠭᠳᠠᠬᠣ ᠬᠢᠷᠢ ᠨᠦᠬᠡ ᠠᠭᠣᠳᠠᠯᠣᠭᠠᠳ ᠬᠦᠯᠢᠶᠡᠵᠦ ᠪᠠᠢ᠌ᠭᠰᠠᠨ ᠠᠵᠠᠢ᠃ ᠨᠢᠩᠪᠣ ᠶᠢ ᠬᠦᠯᠢᠶᠡᠰᠤ ᠲᠡᠶ ᠨᠢ ᠨᠦᠬᠡᠨ ᠠᠮᠠᠰᠠᠷ ᠰᠦᠭᠦᠳᠬᠡᠬᠥ ᠬᠡᠬᠥ ᠳᠤ ᠲᠠᠷᠠ ᠲᠡᠯᠴᠢᠯᠡᠬᠡᠥᠨ ᠬᠡᠳᠥᠨ ᠴᠡᠷᠢᠭ᠌ ᠢ ᠰᠠᠵᠢᠵᠣ ᠶᠠᠪᠣᠭᠣᠯᠪᠠ᠃ ᠰᠣᠮᠣ ᠪᠠᠨ ᠠᠪᠳᠠᠭᠰᠠᠨ ᠡᠴᠠᠩᠬᠡᠢ ᠰᠢᠷ᠎ᠠ ᠫᠣᠤ ᠪᠠᠨ ᠠᠪᠴᠣ ᠣᠨᠢᠯᠠᠨ ᠬᠤᠢ᠌ᠰᠢ ᠣᠬᠣᠷᠢᠪᠠ᠃ ᠨᠢᠩᠪᠣ ᠶᠠᠮᠠᠷ ᠬᠡᠷᠡᠭ ᠭᠠᠷᠭᠠᠴᠢᠬᠠᠪᠠ︖ ᠬᠡᠵᠦ ᠵᠠᠯᠠᠨ ᠤ ᠬᠣᠳᠠ ᠶᠢᠨ ᠬᠢᠨ ᠵᠢᠷᠥᠬᠡ ᠪᠠᠨ ᠭᠠᠷ ᠲᠠᠭᠠᠨ ᠪᠠᠷᠢᠨ ᠠᠯᠮᠠᠢ᠌ᠷᠠᠵᠠᠭᠠᠨ᠎ᠠ᠃ ᠡᠬᠡ ᠨᠢ ᠲᠠᠠᠳᠠ ᠮᠠᠨᠠᠷᠠᠵᠣ ᠲᠣᠨᠣᠷᠠᠨ ᠣᠬᠢᠯᠠᠵᠣ ᠪᠣᠢ᠃ ᠡᠴᠠᠩᠬᠡᠢ ᠰᠢᠷ᠎ᠠ ᠲᠣᠭᠣᠯᠠᠩ ᠬᠦᠯ ᠶᠢᠠᠨ ᠨᠢᠬᠡ ᠨᠢᠬᠡ ᠪᠠᠷ ᠵᠦᠬᠡᠬᠡᠨ ᠬᠤᠢ᠌ᠰᠢ ᠣᠬᠣᠷᠢᠭᠰᠠᠭᠠᠷ᠂ ᠬᠣᠷᠢᠨ ᠠᠯᠬᠤᠮ ᠤᠨ ᠴᠠᠭᠠᠨ᠎ᠠ ᠣᠴᠢᠵᠣ ᠵᠤᠭᠰᠣᠨ ᠫᠣᠣᠳᠠᠬᠣ ᠪᠠᠷ ᠪᠡᠯᠡᠳᠬᠡᠪᠡ᠃ ᠶᠠᠭ ᠡᠨᠠ ᠭ᠍ᠱᠡᠨ ᠳᠤ ᠮᠣᠷᠢᠨ ᠲᠦᠪᠡᠷᠬᠡᠨ ᠰᠣᠨᠣᠰᠳᠠᠨ᠂ ᠨᠢᠩᠪᠣ ᠶᠢᠨ ᠴᠠᠪᠢᠳᠠᠷ ᠬᠡᠬᠡᠷ ᠢ ᠣᠨᠣᠭᠰᠠᠨ ᠨᠢᠬᠡ ᠬᠦᠮᠥᠨ ᠪᠣᠷᠭᠠᠰᠣᠨ ᠲᠣᠮᠳᠠ ᠡᠴᠡ ᠬᠠᠷᠪᠣᠭᠰᠠᠨ ᠰᠣᠮᠣ ᠰᠢᠭ ᠰᠣᠮᠣᠳᠠᠨ ᠭᠠᠷᠴᠣ ᠢᠷᠠᠪᠠ᠃ ᠯᠠᠪᠯᠠᠨ ᠦᠵᠡᠪᠡᠯ ᠬᠦᠬᠡ ᠲᠣᠷᠭᠠᠨ ᠴᠠᠮᠴᠠ ᠡᠮᠣᠰᠴᠣ᠂ ᠣᠯᠠᠭᠠᠨ ᠲᠣᠷᠳᠣᠩ ᠠᠯᠴᠢᠭᠣᠷ ᠪᠣᠭᠣᠭᠰᠠᠨ ᠨᠢᠴᠢᠭ᠍‍ᠮ᠎ᠡ ᠪᠠᠢ᠌ᠯ᠎ᠠ᠃ ᠴᠠᠪᠢᠳᠠᠷ ᠬᠡᠬᠡᠷ ᠬᠡᠲᠦᠬᠡᠨ ᠬᠠᠷᠠᠢ᠌ᠮᠠᠭᠴᠠ ᠨᠦᠬᠡᠨ ᠤ ᠵᠠᠬ᠎ᠠ ᠳᠤ ᠬᠦᠷᠴᠦ ᠵᠢᠯᠣᠭᠣ ᠲᠠᠳᠠᠬᠣ ᠶᠢᠨ ᠬᠣᠭᠣᠷᠣᠠᠳᠣ ᠨᠢᠩᠪᠣ ᠭᠣᠰ ᠦᠰᠥᠷᠥᠨ ᠨᠢᠴᠢᠭ᠍‍ᠮ᠎ᠡ ᠶᠢᠨ ᠠᠷᠤ ᠳᠤ ᠨᠠᠭᠠᠯᠳᠣᠵᠣ ᠵᠠᠪᠳᠤᠪᠠ᠃ ᠲᠠᠷᠠ ᠮᠣᠷᠢ ᠲᠠᠬᠢᠨ ᠣᠬᠣᠰᠬᠢᠨ ᠬᠠᠷᠠᠢ᠌ᠳᠠᠯ᠎ᠠ ᠫᠣᠤ ᠴᠤ ᠲᠣᠣᠭᠠᠷᠣᠯ᠎ᠠ᠃ ᠭᠠᠶᠠ ᠶᠢᠨ ᠨᠢᠳᠣᠨ ᠳᠤ ᠣᠯᠠᠭᠠᠨ ᠶᠠᠭᠣᠮ᠎ᠠ ᠲᠠᠷᠪᠠᠰᠬᠢᠨ ᠦᠵᠡᠭ᠍ᠳᠡᠭ᠍ᠰᠡᠨ ᠨᠢ ᠨᠢᠩᠪᠣ ᠶᠢᠨ ᠭᠣᠣᠯ ᠤᠨ ᠴᠢᠰᠤ ᠶᠣᠮ ᠦᠦ᠂ ᠨᠢᠴᠢᠭ᠍‍ᠮ᠎ᠡ ᠶᠢᠨ ᠣᠯᠠᠭᠠᠨ ᠲᠣᠷᠳᠣᠩ ᠠᠯᠴᠢᠭᠣᠷ ᠶᠣᠮ ᠤᠤ︖ ᠢᠯᠭᠠᠬᠣ ᠶᠢᠨ ᠵᠠᠪ ᠪᠠᠢ᠌ᠭᠰᠠᠨ ᠦᠭᠡᠶ᠃ ᠭᠠᠶᠠ ᠰᠠᠠᠳᠣᠷᠴᠣ ᠬᠤᠢ᠌ᠨ᠎ᠠ ᠡᠴᠡ ᠨᠢ᠄ 《ᠨᠢᠴᠢᠭ᠍‍ᠮ᠎ᠡ︕》 ᠬᠡᠵᠦ ᠴᠢᠨᠡᠬᠡ ᠮᠠᠳᠠᠨ ᠪᠠᠷᠬᠢᠷᠠᠬᠣ ᠬᠡᠰᠡᠨ ᠴᠤ ᠬᠣᠭᠣᠯᠠᠢ ᠳ᠋ᠤᠨᠢ ᠶᠠᠭᠣᠮ᠎ᠠ ᠲᠣᠷᠣᠭᠰᠠᠨ ᠰᠢᠭ ᠲᠠᠭᠣ ᠨᠢ ᠭᠠᠷᠣᠭᠰᠠᠨ ᠦᠭᠡᠶ᠃ ᠪᠠᠴᠢᠮᠳᠠᠬᠣ ᠳᠠᠭᠠᠨ ᠬᠦᠶᠥᠬᠥ ᠬᠡᠰᠡᠨ ᠶᠢᠠᠨ ᠣᠷᠣᠭᠰᠢ ᠱᠣᠩᠭ᠋ᠣᠴᠢᠨ ᠣᠨᠠᠪᠠ ᠁  ᠭᠠᠶᠠ ᠠᠶᠣᠮᠰᠢᠭᠳᠣ ᠵᠠᠬᠥᠳᠥᠨ ᠡᠴᠡ ᠪᠠᠨ ᠰᠣᠴᠢᠨ ᠰᠠᠷᠠᠪᠠ᠃ ᠪᠦᠬᠥ ᠪᠠᠶ᠎ᠠ ᠡᠴᠡ ᠨᠢ ᠬᠦᠢᠳᠡᠨ ᠬᠦᠯᠥᠰᠤ ᠴᠢᠬᠢᠭ᠍ᠯᠠᠵᠣ᠂ ᠵᠢᠷᠥᠬᠡ ᠨᠢ ᠵᠢᠮ ᠶᠢᠠᠨ ᠠᠯᠳᠠᠨ ᠲᠥᠭ᠍ᠰᠢᠵᠦ ᠪᠠᠢ᠌ᠪᠠ᠃ ᠬᠠᠷᠠᠩᠭ᠋ᠣᠢ ᠶᠢᠨ ᠲᠣᠮᠳᠠ ᠲᠠᠮᠳᠠᠷᠢᠵᠣ ᠦᠵᠡᠪᠡᠯ ᠨᠢᠴᠢᠭ᠍‍ᠮ᠎ᠡ ᠬᠠᠵᠠᠭᠣ ᠳ᠋ᠤᠨᠢ ᠨᠠᠮ ᠣᠠᠳᠠᠵᠣ᠂ ᠵᠢᠭ᠍ᠳᠡᠬᠡᠨ ᠠᠮᠢᠰᠭᠣᠨ᠎ᠠ᠃ ᠬᠠᠭᠠᠰ ᠨᠡᠬᠡᠬᠡᠯᠳᠡᠳᠡᠢ ᠲᠣᠭᠣᠨᠣ ᠪᠠᠷ ᠰᠡᠢ᠌ᠷᠡᠭ ᠣᠳᠣ ᠲᠡᠭ᠍ᠷᠢ ᠶᠢᠨ ᠲᠠᠩᠨᠠᠢ ᠳᠤ ᠠᠨᠢᠪᠴᠢᠵᠣ᠂ ᠲᠡᠭ᠍ᠷᠢ ᠶᠢᠨ ᠣᠶᠣᠳᠠᠯ ᠮᠡᠳᠡᠭ᠍ᠳᠡᠮ᠎ᠡ ᠴᠠᠢ᠌ᠷᠠᠵᠣ ᠬᠠᠷᠠᠭᠳᠠᠨ᠎ᠠ᠃ ᠭᠠᠳᠠᠨ᠎ᠠ ᠨᠠᠮ ᠶ᠋‍ᠢᠮ᠃ ᠡᠨᠠ ᠬᠥ ᠨᠠᠮ ᠲᠠᠢ᠌ᠪᠣᠩ ᠰᠦᠨᠢ ᠶᠢᠨ ᠣᠷᠴᠢᠨ ᠲᠣᠭᠣᠷᠢᠨ ᠨᠢ ᠬᠠᠷᠢᠨ ᠭᠠᠶᠠ ᠳᠤ ᠡᠯᠠᠢ ᠬᠣᠯᠠᠢ᠂ ᠠᠶᠣᠮᠰᠢᠭᠳᠠᠢ ᠰᠠᠨᠠᠭᠳᠠᠵᠣ᠂ ᠶᠡᠬᠡ ᠴᠡᠷᠢᠭ᠌ ᠢᠷᠡᠬᠡᠥᠨ ᠬᠡᠷ ᠢ ᠨᠢ ᠪᠦᠰᠡᠯᠠᠴᠢᠬᠡᠭ᠍ᠰᠡᠨ ᠰᠢᠭ᠌᠂ ᠨᠢᠩᠪᠣ ᠭᠠᠳᠠᠨ᠎ᠠ ᠨᠢ ᠢᠷᠡᠬᠡᠥᠨ ᠨᠢᠴᠢᠭ᠍‍ᠮ᠎ᠡ ᠶᠢ ᠬᠦᠯᠢᠶᠡᠵᠦ ᠪᠠᠢ᠌ᠭ᠎ᠠ ᠴᠣ ᠶᠣᠮ ᠰᠢᠭ ᠣᠯᠠᠨ ᠰᠡᠵᠢᠭ᠌ ᠲᠥᠷᠣᠬᠥᠯᠦᠨ᠎ᠠ᠃ ᠬᠠᠷ᠎ᠠ ᠲᠠᠷᠣᠭᠰᠠᠨ ᠡᠴᠡ ᠪᠣᠯᠵᠣ ᠦᠰᠥᠨ ᠭᠣᠣᠷᠰᠣ ᠪᠣᠰᠣᠮᠠᠷ ᠠᠶᠣᠮᠰᠢᠭᠳᠣ ᠵᠦᠢᠯ ᠤᠳ ᠲᠠᠷᠢᠬᠢᠨ ᠳ᠋ᠣᠨᠢ ᠡᠷᠬᠢᠯᠲᠦᠬᠥ ᠳᠤ ᠲᠠᠷᠠ ᠨᠢᠴᠢᠭ᠍‍ᠮ᠎ᠡ ᠶᠢᠨ ᠬᠦᠠᠵᠢᠯᠡ ᠶᠢ ᠢᠷᠠᠵᠣ ᠡᠪᠣᠷ ᠲᠣᠨᠢ ᠰᠢᠷᠭᠣᠪᠠ᠃ ᠨᠢᠴᠢᠭ᠍‍ᠮ᠎ᠡ ᠨᠤᠢ᠌ᠷᠮᠣᠭ ᠪᠠᠢ᠌ᠪᠠᠴᠣ ᠲᠠᠳᠣᠭᠰᠠᠨ ᠬᠦᠳᠡᠯᠬᠡᠬᠡᠨ ᠶᠢᠠᠷ ᠭᠠᠷ ᠶᠢᠠᠨ ᠶᠠᠪᠣᠭᠣᠯᠵᠣ᠂ ᠭᠠᠶᠠ ᠶᠢᠨ ᠬᠦᠠᠵᠢᠯᠡ ᠶᠢ ᠬᠣᠴᠢᠵᠣ ᠦᠭ᠍‍ᠬᠥᠬᠡᠥᠨ ᠦᠷᠬᠥᠯᠵᠢᠯᠡᠨ ᠨᠤᠢ᠌ᠷ ᠠᠪᠣᠨ᠎ᠠ᠃ ᠭᠠᠶᠠ ᠶᠢᠨ ᠨᠤᠢ᠌ᠷ ᠬᠣᠯᠵᠢᠪᠠ᠃ ᠲᠠᠷᠠ ᠬᠠᠷᠠᠩᠭ᠋ᠣᠢ ᠶᠢᠨ ᠲᠣᠮᠳᠠ ᠮᠠᠯᠳᠠᠩ ᠮᠠᠯᠳᠠᠩ ᠨᠢᠳᠣ ᠪᠠᠨ ᠴᠠᠪᠴᠢᠯᠠᠵᠣ᠂ ᠭᠠᠳᠠᠨ᠎ᠠ ᠵᠢᠷᠬᠢᠬᠥ ᠭᠣᠯᠢᠶ᠎ᠠ ᠶᠢᠨ ᠲᠠᠭᠣ ᠶᠢ ᠴᠢᠩᠨᠠᠨ ᠬᠡᠪᠳᠡᠨ᠎ᠡ᠃ ᠨᠢᠴᠢᠭ᠍‍ᠮ᠎ᠡ ᠶᠢᠨ ᠡᠪᠣᠷ ᠲᠤ ᠪᠠᠢ᠌ᠬᠣ ᠡᠴᠡ ᠲᠡᠬᠥᠨ ᠤ ᠵᠢᠷᠥᠬᠡ ᠲᠥᠭ᠍ᠰᠢᠬᠥ ᠨᠢ ᠨᠠᠮᠳᠠᠵᠣ ᠲᠣᠳᠣᠷ᠎ᠠ ᠨᠢ ᠣᠩᠭ᠋ᠤᠢ᠌ᠪᠠ᠃ ᠦᠶ᠎ᠡ ᠦᠶ᠎ᠡ ᠰᠡᠪᠢᠯᠵᠡᠬᠥ ᠰᠠᠯᠬᠢᠨ ᠳᠤ ᠨᠠᠯᠢᠶᠠᠳ ᠵᠠᠢ᠌ᠳᠠᠭᠣ ᠪᠠᠢ᠌ᠭ᠎ᠠ ᠰᠢᠷᠭᠠᠯ ᠤᠨ ᠪᠣᠷᠭᠠᠰᠣᠨ ᠤ ᠦᠶᠡᠯᠵᠡᠨ ᠱᠣᠣᠬᠢᠬᠣ ᠴᠢᠮᠡᠬᠡ ᠰᠣᠨᠣᠰᠳᠠᠨ᠎ᠠ᠃ ᠭᠠᠶᠠ ᠮᠦᠨ ᠰᠠ‍‌ᠶᠢ ᠶᠢᠨ ᠵᠠᠬᠥᠲᠦ ᠪᠠᠨ ᠡᠷᠬᠢᠴᠡᠬᠥᠯᠵᠦ ᠪᠠᠢ᠌ᠭᠰᠠᠭᠠᠷ 《ᠲᠠᠮᠠᠭᠠᠳᠣ ᠴᠡᠷᠢᠭ᠌》 ᠢ ᠪᠣᠳᠣᠵᠣ ᠣᠯᠪᠠ᠃ ᠡᠳᠣᠷ ᠨᠢ ᠲᠠᠮᠠᠭᠠᠳᠣ ᠴᠡᠷᠢᠭ᠌ ᠢᠷᠠᠯ᠎ᠠ ᠬᠡᠵᠦ ᠡᠴᠢᠬᠡ ᠨᠢ ᠰᠣᠨᠣᠰᠣᠭᠠᠳ ᠬᠣᠨᠢ ᠮᠠᠯ ᠶ᠋‍ᠢᠠᠨ ᠪᠣᠷᠭᠠᠰᠣᠨ ᠲᠦᠩ ᠳᠤ ᠣᠷᠣᠭᠣᠯᠵᠣ ᠴᠡᠷᠢᠭ᠌ ᠤᠨ ᠬᠦᠯ ᠡᠴᠡ ᠵᠠᠢ᠌ᠳᠠᠭᠣᠯᠬᠣ ᠪᠠᠷ ᠠᠯᠪᠠᠳᠣ ᠨᠡᠷ ᠲᠠᠭᠠᠨ ᠵᠠᠬᠢᠵᠣ ᠪᠠᠢ᠌ᠭᠰᠠᠨ ᠢ ᠭᠠᠶᠠ ᠰᠣᠨᠣᠰᠣᠭᠰᠠᠨ ᠶᠣᠮ᠃ 《ᠲᠠᠮᠠᠭᠠᠳᠣ ᠴᠡᠷᠢᠭ᠌》 ᠬᠡᠳᠡᠭ ᠨᠢ ᠶᠠᠮᠠᠷ ᠴᠡᠷᠢᠭ᠌ ᠪᠠᠢ᠌ᠳᠠᠭ ᠪᠣᠯ︖ ᠨᠡᠬᠥ ᠲᠡᠶ ᠠᠳᠠᠯᠢ ᠪᠣᠯ ᠦᠦ︖ ᠡᠰᠠᠬᠥᠯ᠎ᠡ ᠨᠢᠴᠢᠭ᠍‍ᠮ᠎ᠡ ᠶᠢᠨ ᠶᠠᠷᠢᠳᠠᠭ ᠪᠠᠢ᠌ᠭᠰᠠᠨ ᠨᠠᠷᠠᠨ ᠴᠡᠷᠢᠭ᠌ ᠲᠡᠶ ᠲᠥᠰᠳᠡᠢ ᠪᠣᠯ ᠦᠦ︖ ᠬᠡᠵᠦ ᠲᠠᠷᠠ ᠪᠣᠳᠣᠨ᠎ᠠ᠃ ᠨᠢᠴᠢᠭ᠍‍ᠮ᠎ᠡ ᠲᠦᠷᠬᠦᠮ ᠳᠡᠭᠡᠨ ᠪᠠᠢ᠌ᠬᠣ ᠦᠶᠡᠰ ᠨᠠᠷᠠᠨ ᠬᠦᠮᠥᠨ ᠢ ᠣᠯᠠᠨ ᠦᠵᠡᠭ᠍ᠰᠡᠨ ᠬᠡᠨ᠎ᠡ᠃ ᠨᠢᠴᠢᠭ᠍‍ᠮ᠎ᠡ ᠶᠢᠨ ᠡᠴᠢᠬᠡ ᠨᠢ ᠵᠠᠬᠥᠨ ᠭᠠᠷ ᠵᠠᠷᠣᠳ ᠤᠨ ᠶᠣ᠋ ᠱᠢᠵᠠᠩ ᠤᠨ ᠲᠥᠷᠥᠯ ᠤᠨ ᠲᠡᠬᠥᠤ ᠪᠣᠯᠬᠣ ᠣᠴᠢᠷ ᠡᠴᠡ ᠲᠠᠳᠠ ᠱᠢᠵᠠᠩ ᠤᠨ ᠶᠡᠬᠡ ᠬᠦᠷᠢᠶᠡᠨ ᠳᠤ ᠰᠠᠭᠣᠳᠠᠭ ᠶᠣᠮ᠃ ᠲᠠᠠᠳᠠ ᠶᠠᠫᠣᠨ ᠴᠡᠷᠢᠭ᠌ ᠦᠷᠬᠥᠯᠵᠢ ᠣᠷᠣᠵᠣ ᠭᠠᠷᠳᠠᠭ ᠪᠠᠢ᠌ᠭᠰᠠᠨ ᠪᠦᠬᠡᠥᠨ ᠬᠦᠮᠥᠰ ᠲᠠᠳᠠᠨ ᠢ ᠨᠠᠷᠠᠨ ᠬᠦᠮᠥᠨ ᠬᠡᠵᠦ ᠲᠠᠭᠣᠳᠠᠨ᠎ᠠ᠃ ᠨᠠᠷᠠᠨ ᠬᠦᠮᠥᠨ ᠨᠡᠬᠥ ᠰᠢᠭ᠌ ᠦᠨᠳᠥᠷ ᠭᠣᠬᠢᠷ ᠬᠠᠮᠠᠷ᠂ ᠲᠣᠮᠣ ᠪᠠᠶᠠᠳᠠᠢ ᠪᠢᠰᠢ᠂ ᠪᠣᠭᠣᠨᠢᠬᠠᠨ ᠪᠠᠶ᠎ᠠ ᠳᠡᠭᠡᠨ ᠴᠡᠷᠢᠭ᠌ ᠤᠨ ᠲᠥᠷᠢᠮᠲᠦ ᠬᠣᠪᠴᠠᠰᠣ ᠪᠠᠨ ᠡᠮᠥᠰᠣᠬᠡᠥᠨ ᠲ᠋ᠥᠷᠪᠡᠯᠵᠢᠨ ᠠᠯᠬᠣᠳᠠᠭ᠃ ᠰᠡᠬᠥᠵᠢᠨ ᠲᠡᠬᠡᠷ᠎ᠡ ᠪᠠᠨ ᠰᠠᠯᠠᠮ᠎ᠠ ᠰᠤᠢ᠌ᠷᠠᠨ ᠶᠠᠪᠣᠵᠣ᠂ ᠨᠣᠶᠠᠨ ᠤ ᠪᠠᠨ ᠡᠮᠣᠨ᠎ᠠ ᠬᠡᠵᠢᠶᠡᠳᠡ 《ᠬᠠᠢ᠌ᠳ᠋》 ᠬᠡᠳᠡᠭ ᠬᠡᠵᠦ ᠨᠢᠴᠢᠭ᠍‍ᠮ᠎ᠡ᠂ ᠭᠠᠶᠠ ᠶᠢᠨ ᠡᠮᠣᠨ᠎ᠠ ᠶᠠᠫᠣᠨ ᠬᠦᠮᠥᠨ ᠤ ᠶᠣᠰᠣ ᠬᠢᠬᠥ ᠶᠢ ᠲᠠᠭᠣᠷᠢᠶᠠᠵᠣ ᠦᠭ᠍‍ᠬᠥᠭ᠍ᠰᠡᠨ ᠶᠣᠮ᠃ ᠨᠠᠷᠠᠨ ᠴᠡᠷᠢᠭ᠌ ᠢᠷᠡᠭ᠍ᠰᠡᠨ ᠡᠴᠠ ᠬᠤᠢ᠌ᠰᠢ ᠰᠣᠷᠭᠠᠭᠣᠯᠢ ᠳᠤ ᠨᠠᠷᠠᠨ ᠪᠢᠴᠢᠭ᠌ ᠵᠢᠭᠠᠬᠣ ᠪᠣᠯᠣᠭᠰᠠᠨ ᠪᠦᠬᠡᠥᠨ ᠦᠷᠯᠦᠬᠡ ᠪᠦᠷᠢ ᠰᠣᠷᠭᠠᠭᠣᠯᠢ ᠶᠢᠨ ᠬᠡᠣᠬᠡᠥᠨ ᠢ ᠨᠠᠷᠠ ᠭᠠᠷᠬᠣ ᠵᠦᠭ᠌ ᠲᠤ ᠬᠠᠠᠳᠣᠭᠣᠯᠣᠨ ᠮᠥᠷᠬᠥᠬᠥᠯᠦᠨ᠎ᠠ᠃ ᠡᠨᠠ ᠨᠢ ᠲᠠᠳᠠᠨ ᠤ ᠣᠯᠣᠰ ᠪᠣᠯ ᠨᠠᠷᠠ ᠭᠠᠷᠬᠣ ᠵᠦᠭ᠌ ᠲᠤ ᠪᠠᠢ᠌ᠳᠠᠭ ᠪᠦᠬᠡᠥᠨ ᠨᠠᠷᠠᠨ ᠬᠠᠭᠠᠨ ᠳᠠᠭᠠᠨ ᠰᠢᠳᠣᠷᠭᠣ ᠪᠠᠨ ᠬᠦᠢᠴᠡᠳᠬᠡᠵᠦ ᠪᠠᠢ᠌ᠭ᠎ᠠ ᠬᠡᠷᠡᠭ ᠶᠣᠮ ᠬᠡᠨ᠎ᠡ᠃

᠊᠊᠊᠊᠊᠊᠊᠊᠊᠊᠊᠊᠊᠊᠊ ᠴᠢ ᠲᠡᠬᠡᠬᠡᠥᠨ ᠨᠠᠷᠠᠨ ᠦᠬᠡ ᠮᠡᠳᠡᠳᠡᠭ ᠦᠦ︖ ᠬᠡᠵᠦ ᠭᠠᠶᠠ᠂ ᠨᠢᠴᠢᠭ᠍‍ᠮ᠎ᠡ ᠡᠴᠡ ᠠᠰᠠᠭᠣᠬᠣ ᠳᠤ ᠲᠠᠷᠠ ᠬᠡᠰᠡᠭ ᠪᠣᠳᠣᠯᠬᠢᠯᠠᠭᠰᠠᠨ ᠶ᠋‍ᠢᠠᠨ᠄

᠊᠊᠊᠊᠊᠊᠊᠊᠊᠊᠊᠊᠊᠊᠊ ᠣᠯᠠᠩᠬᠢ ᠶᠢ ᠨᠢ ᠮᠠᠷᠳᠠᠴᠢᠬᠠᠵᠠᠢ︕ ᠬᠡᠪᠡ᠃

᠊᠊᠊᠊᠊᠊᠊᠊᠊᠊᠊᠊᠊᠊᠊ ᠪᠢ ᠬᠡᠳᠡᠭ ᠢ︖

᠊᠊᠊᠊᠊᠊᠊᠊᠊᠊᠊᠊᠊᠊᠊ ᠊ᠧᠠᠲ᠋ᠡᠰᠢᠧᠨ᠃

᠊᠊᠊᠊᠊᠊᠊᠊᠊᠊᠊᠊᠊᠊᠊ ᠴᠢ ᠬᠡᠪᠡᠯ︖

᠊᠊᠊᠊᠊᠊᠊᠊᠊᠊᠊᠊᠊᠊᠊ ᠠᠨᠡᠲ᠋ᠡᠧᠨ᠃

᠊᠊᠊᠊᠊᠊᠊᠊᠊᠊᠊᠊᠊᠊᠊ ᠵᠠ ᠪᠠᠢ᠌ᠵᠠ᠂ ᠪᠣᠳᠠᠭ᠎ᠠ ᠢᠳᠠᠨ᠎ᠠ ᠬᠡᠳᠡᠭ ᠢ ᠨᠠᠷᠠᠨ ᠶᠢᠠᠷ ᠶᠠᠭᠣ ᠬᠡᠵᠦ ᠬᠡᠯᠡᠨ᠎ᠡ︖ ᠬᠡᠪᠡᠯ ᠨᠢᠴᠢᠭ᠍‍ᠮ᠎ᠡ ᠶᠠᠭᠠᠬᠢᠵᠣ ᠪᠣᠳᠣᠭᠰᠠᠨ ᠴᠣ ᠪᠣᠳᠣᠵᠣ ᠣᠯᠣᠭᠰᠠᠨ ᠦᠭᠡᠶ ᠲᠣᠯᠣᠭᠠᠢ ᠰᠡᠭ᠍ᠰᠥᠷᠪᠡ᠃

ᠨᠠᠷᠠᠨ ᠬᠦᠮᠥᠨ ᠪᠠᠰᠠ ᠣᠣᠭᠣᠬᠣ ᠡᠮ ᠬᠡᠳᠡᠯ᠎ᠡ ᠲᠠᠷᠢᠯᠭ᠎ᠠ ᠶᠢᠨ ᠡᠮ ᠬᠡᠵᠦ ᠬᠠᠢ᠌ᠷᠴᠠᠭ ᠬᠠᠢ᠌ᠷᠴᠠᠭ ᠶᠢᠠᠷ ᠠᠪᠴᠢᠷᠠᠳᠠᠭ ᠪᠠᠢ᠌ᠪᠠ᠃ ᠬᠡᠪᠡᠴᠦ ᠶᠣ᠋ ᠱᠢᠵᠠᠩ ᠨᠠᠷᠠᠨ ᠬᠦᠮᠥᠨ ᠢ ᠢᠳᠡᠬᠡᠬᠥ ᠦᠭᠡᠶ ᠣᠴᠢᠷ ᠡᠴᠡ ᠲᠡᠳᠡᠬᠡᠷ ᠡᠮ ᠢ ᠬᠡᠷᠩᠯᠠᠬᠥ ᠶᠢ ᠵᠦᠪᠰᠢᠶᠡᠷᠠᠬᠥ ᠦᠭᠡᠶ᠃ ᠨᠠᠷᠠᠨ ᠬᠦᠮᠥᠨ ᠢ ᠶᠠᠪᠣᠭᠰᠠᠨ ᠤ ᠬᠤᠢ᠌ᠨ᠎ᠠ ᠨᠢ ᠬᠡᠷᠡᠮ ᠤᠨ ᠪᠣᠯᠣᠩ ᠳᠤ ᠪᠣᠯᠠᠬᠣ ᠶᠢ ᠨᠢ ᠪᠣᠯᠠᠵᠣ᠂ ᠠᠷᠪᠢᠨ ᠢ ᠨᠢ ᠠᠭᠣᠯᠠᠨ ᠭᠣᠤ ᠳᠤ ᠠᠪᠠᠴᠢᠭᠠᠳ ᠰᠠᠴᠣᠴᠢᠬᠠᠳᠠᠭ ᠪᠠᠢ᠌ᠪᠠ᠃ ᠨᠢᠬᠡ ᠣᠳᠠᠭ᠎ᠠ ᠨᠢᠴᠢᠭ᠍‍ᠮ᠎ᠡ ᠶᠢᠨ ᠪᠠᠶ᠎ᠠ ᠨᠢ ᠬᠠᠯᠠᠭᠣᠷᠠᠵᠣ᠂ ᠲᠣᠯᠣᠭᠠᠢ ᠨᠢ ᠲᠤᠢ᠌ᠷᠠᠨ ᠲᠠᠮᠢᠷᠳᠠᠭᠠᠳ ᠬᠡᠪᠳᠡᠯᠬᠡ ᠳᠤ ᠣᠷᠣᠭᠰᠠᠨ ᠳᠤ ᠠᠪᠣ ᠨᠢ ᠰᠠᠠᠳᠣᠷᠴᠣ ᠰᠦᠮ᠎ᠡ ᠶᠢᠨ ᠯᠠᠮᠠ ᠪᠠᠷ ᠨᠣᠮ ᠬᠦᠷᠢᠮ ᠬᠢᠯᠬᠡᠭ᠍ᠰᠡᠨ ᠪᠣᠯᠪᠠᠴᠣ ᠲᠣᠰᠠ ᠪᠣᠯᠣᠭᠰᠠᠨ ᠦᠬᠡᠢ᠃ ᠣᠷᠣᠢ ᠪᠣᠯᠬᠣ ᠳᠤ ᠬᠠᠯᠠᠭᠣᠨ ᠨᠢ ᠣᠯᠠᠮ ᠠᠬᠠᠳᠠᠵᠣ᠂ ᠰᠣᠯᠢᠶ᠎ᠠ ᠶᠠᠷᠢᠬᠤ ᠪᠣᠯᠪᠠ᠃ ᠬᠠᠷᠠᠩᠭ᠋ᠣᠢ ᠪᠣᠯᠣᠭᠰᠠᠨ ᠤ ᠲᠠᠷᠠᠭ᠎ᠠ ᠠᠪᠣ ᠨᠢ ᠭᠠᠷᠴᠣ ᠶᠠᠪᠣᠭᠠᠳ ᠬᠠᠠᠴᠣᠢ ᠲᠣᠳᠣᠷ᠎ᠠ ᠪᠠᠨ ᠵᠢᠵᠢᠭ᠌ ᠴᠠᠭᠠᠨ ᠦᠷᠢᠯ ᠤᠳ ᠪᠠᠭᠯᠠᠨ ᠠᠪᠴᠢᠷᠠᠪᠠ᠃ ᠲᠡᠬᠡᠬᠡᠥᠨ ᠵᠢᠵᠢᠭ᠌ ᠴᠠᠭᠠᠨ ᠦᠷᠢᠯ ᠶᠢᠠᠨ ᠨᠢᠴᠢᠭ᠍‍ᠮ᠎ᠡ ᠶᠢᠨ ᠠᠮᠠᠨ ᠳᠤ ᠬᠢᠵᠣ ᠲᠡᠬᠡᠷ᠎ᠡ ᠡᠴᠡ ᠨᠢ ᠣᠰᠣ ᠣᠭᠣᠴᠢᠭᠣᠯᠪᠠ᠃ ᠰᠦᠨᠢ ᠲᠣᠮᠳᠠ ᠪᠠᠷ ᠶᠡᠬᠡ ᠬᠦᠯᠥᠰᠤ ᠭᠠᠷᠣᠭᠰᠠᠨ ᠡᠴᠡ ᠨᠢᠴᠢᠭ᠍‍ᠮ᠎ᠡ ᠶᠢᠨ ᠬᠠᠯᠠᠭᠣᠨ ᠨᠢ ᠪᠠᠭᠣᠷᠠᠵᠣ᠂ ᠠᠮᠢᠰᠭᠣᠯ ᠨᠢ ᠴᠤ ᠲᠡᠭ᠍ᠰᠢᠷᠡᠪᠡ᠃ ᠢᠩᠬᠢᠵᠣ ᠬᠡᠲᠦ ᠣᠳᠠᠭ᠎ᠠ ᠣᠣᠭᠣᠯᠭᠠᠭᠰᠠᠨ ᠳᠤ ᠬᠠᠯᠠᠭᠣᠨ ᠨᠢ ᠬᠣᠭ ᠲᠠᠰᠣ ᠠᠷᠢᠯᠵᠣ ᠪᠠᠶ᠎ᠠ ᠨᠢ ᠡᠷᠠᠬᠥᠯᠵᠢᠪᠡ᠃ ᠡᠴᠢᠬᠡ ᠨᠢ ᠪᠠᠶᠠᠷᠯᠠᠵᠣ᠄

᠊᠊᠊᠊᠊᠊᠊᠊᠊᠊᠊᠊᠊᠊᠊ ᠨᠠᠷᠠᠨ ᠤ ᠲᠠᠷᠠ ᠴᠠᠭᠠᠨ ᠦᠷᠢᠯ ᠴᠢᠨᠢ ᠰᠥᠷᠠᠬᠡᠢ ᠡᠳ᠋ ᠶᠣᠮ ᠪᠠᠢ᠌ᠨ᠎ᠠ ᠬᠡᠪᠡᠯ ᠡᠬᠡ ᠨᠢ ᠨᠢᠳᠣ ᠬᠦᠯᠶ᠋‍ᠢᠵᠦ᠄

᠊᠊᠊᠊᠊᠊᠊᠊᠊᠊᠊᠊᠊᠊᠊ ᠲᠠᠷᠠ ᠴᠢᠨᠢ ᠬᠣᠣᠷ ᠰᠢᠤ᠂ ᠶᠠᠭᠣᠨ ᠳᠤ ᠮᠢᠨᠣ ᠦᠬᠢᠨ ᠳᠤ ᠣᠣᠭᠣᠯᠭᠠᠪᠠ︖ ᠬᠡᠪᠡᠯ᠄

᠊᠊᠊᠊᠊᠊᠊᠊᠊᠊᠊᠊᠊᠊᠊ ᠬᠣᠣᠷ ᠢ ᠬᠣᠣᠷ ᠶᠢᠠᠷ ᠬᠡᠳᠡᠭ ᠪᠢᠰᠢ ᠦᠦ︖ ᠬᠡᠵᠦ ᠡᠴᠢᠬᠡ ᠨᠢ ᠬᠣᠪᠢᠨ ᠤ ᠪᠠᠨ ᠬᠡᠯᠡᠵᠦ ᠰᠠᠭᠣᠨ᠎ᠠ ᠁

ᠡᠮᠣᠨᠠᠰᠢ ᠭᠠᠷᠣᠭᠰᠠᠨ ᠴᠡᠷᠢᠭ᠌ ᠨᠢ᠋ᠮᠠᠨ ᠰᠠᠷ᠎ᠠ ᠶᠢᠨ ᠬᠣᠷᠢᠳ ᠶᠢᠠᠷ ᠡᠷᠬᠢᠵᠣ᠂ ᠬᠤᠢ᠌ᠰᠢ ᠪᠠᠨ ᠴᠣᠪᠣᠬᠣ ᠪᠣᠯᠪᠠ᠃ ᠲᠠᠳᠠ ᠨᠠᠷᠠᠨ ᠢ ᠬᠦᠬᠡᠬᠡᠵᠦ ᠶᠠᠪᠣᠭᠣᠯᠣᠭᠠᠳ ᠢᠯᠠᠯᠳᠠᠳᠠᠢ ᠪᠣᠴᠠᠵᠣ ᠶᠠᠪᠣᠭ᠎ᠠ ᠨᠢ ᠡᠨᠠ ᠶᠣᠮ ᠪᠠᠢ᠌ᠨ᠎ᠠ᠃ ᠰᠣᠨᠣᠰᠭᠣᠯ᠎ᠠ ᠲᠠᠳᠠ ᠪᠠᠢ᠌ᠯᠳᠣᠭᠰᠠᠨ ᠴᠣ ᠦᠭᠡᠶ ᠪᠠᠷ ᠲᠠᠭᠳᠠᠭ ᠨᠠᠷᠠᠨ ᠪᠠᠭᠣᠭᠠᠳ ᠦᠭᠴᠢᠬᠡᠯ᠎ᠡ ᠬᠡᠬᠥ ᠶᠣᠮ᠃ ᠨᠠᠮᠣᠷ ᠤᠨ ᠡᠮᠠᠬᠡᠨ ᠨᠠᠷᠠ ᠭᠠᠵᠠᠷ ᠲᠡᠯᠠᠬᠡᠢ ᠶᠢ ᠰᠢᠷᠠᠵᠣ᠂ ᠲᠠᠷᠠᠰᠣᠨ ᠨᠠᠮᠠᠭ᠎ᠠ ᠵᠠᠰ ᠭᠠᠣᠯᠢ ᠰᠢᠭ ᠬᠠᠳᠠᠵᠣ ᠬᠣᠷᠪᠤᠢ᠌ᠨ᠂ ᠠᠳᠣᠭᠣᠰᠣ ᠠᠮᠢᠳᠠᠨ ᠬᠦᠷᠳᠡᠯ᠎ᠡ ᠬᠠᠭᠣᠷᠠᠢ ᠪᠠᠷ ᠠᠮᠢᠰᠬᠣᠭᠰᠠᠨ ᠭᠠᠩ ᠨᠠᠮᠣᠷ ᠤᠨ ᠨᠢᠬᠡᠨ ᠡᠳᠣᠷ᠂ ᠡᠮᠣᠨ᠎ᠠ ᠬᠠᠮᠠᠷ ᠲᠠᠪᠠᠭᠠᠨ ᠤ ᠲᠣᠣᠷ᠎ᠠ ᠡᠴᠡ ᠦᠯᠥᠨ ᠲᠣᠭᠣᠰᠣ ᠲᠡᠭ᠍ᠳᠡᠵᠦ᠂ ᠶᠡᠬᠡ ᠴᠡᠷᠢᠭ᠌ ᠮᠦᠨ ᠢᠷᠡᠭ᠍ᠰᠡᠨ ᠲᠠᠷᠠ ᠴᠢᠭ᠌ ᠢᠶᠡᠷ ᠶᠢᠠᠨ ᠱᠥᠷᠬᠥᠯᠴᠡᠨ ᠠᠢ᠌ᠰᠣᠢ᠃

ᠶᠡᠬᠡ ᠴᠡᠷᠢᠭ᠌ ᠬᠣᠶᠠᠷ ᠡᠳᠣᠷ ᠴᠣᠪᠣᠭᠠᠳ ᠰᠡᠬᠥᠯ ᠰᠢᠪᠳᠣᠷᠠᠯ᠎ᠠ ᠬᠡᠵᠦ ᠪᠣᠳᠣᠵᠣ ᠪᠠᠢ᠌ᠳᠠᠯ᠎ᠠ ᠠᠷᠤ ᠡᠴᠡ ᠨᠢ ᠪᠠᠰᠠ ᠨᠢᠬᠡ ᠪᠦᠯᠥᠭ ᠴᠡᠷᠢᠭ᠌ ᠶᠠᠪᠣᠵᠣ ᠪᠠᠢ᠌ᠪᠠ᠃ ᠡᠨᠠ ᠰᠡᠬᠥᠯ ᠤᠨ ᠪᠦᠯᠥᠭ ᠴᠡᠷᠢᠭ᠌ ᠨᠢ ᠬᠠᠷᠢᠨ ᠬᠣᠪᠢ ᠪᠠᠨ ᠰᠠᠬᠢᠭᠰᠠᠨ ᠨᠣᠮᠣᠬᠠᠨ ᠪᠠᠠᠳᠠᠢ ᠨᠣᠭᠣᠳ ᠪᠢᠰᠢ ᠪᠠᠢ᠌ᠵᠣ᠂ ᠵᠠᠮ ᠤᠨ ᠬᠦᠨᠡᠰᠤ ᠵᠢᠭᠠᠬᠠᠨ ᠠᠪᠬᠣ ᠨᠡᠷ᠎ᠡ ᠪᠠᠷ ᠲᠠᠭᠠᠷᠠᠭᠰᠠᠨ ᠮᠠᠯ ᠬᠣᠨᠢ ᠶᠢ ᠰᠥᠷᠥᠭ ᠶᠢᠠᠷ ᠨᠢ ᠲᠠᠭᠣᠬᠣ ᠪᠣᠯᠪᠠ᠃ ᠲᠡᠬᠡᠬᠥ ᠳᠤ ᠢᠩᠬᠢᠵᠣ ᠠᠭᠠᠰᠢᠯᠠᠵᠣ ᠪᠠᠢ᠌ᠭ᠎ᠠ ᠨᠢ ᠵᠢᠩᠬᠢᠨᠢ ᠴᠡᠷᠢᠭ᠌ ᠪᠢᠰᠢ᠂ ᠬᠠᠷᠢᠨ ᠭᠧᠷᠮᠡᠨ ᠹᠠᠱᠢᠰ ᠡᠴᠡ ᠣᠷᠣᠭᠣᠯᠵᠣ ᠠᠪᠣᠭᠰᠠᠨ ᠴᠡᠷᠢᠭ᠌ ᠠᠵᠠᠢ︕ ᠡᠳᠡᠬᠡᠷ ᠴᠡᠷᠢᠭ᠌ ᠤᠨ ᠮᠠᠩᠨᠠᠢ᠂ ᠬᠠᠴᠠᠷ ᠲᠡᠬᠡᠷ᠎ᠡ ᠨᠢ ᠬᠠᠭᠠᠷᠢᠭᠣᠯ ᠲᠠᠮᠠᠭᠠᠳᠠᠢ ᠣᠴᠢᠷ ᠡᠴᠡ ᠬᠦᠮᠥᠰ 《ᠲᠠᠮᠠᠭᠠᠳᠣ ᠴᠡᠷᠢᠭ᠌》 ᠬᠡᠵᠦ ᠨᠠᠷᠠᠯᠠᠪᠠ᠃ ᠲᠠᠮᠠᠭᠠᠳᠣ ᠴᠡᠷᠢᠭ᠌ ᠢᠷᠠᠯ᠎ᠠ ᠬᠡᠵᠦ ᠰᠣᠨᠣᠰᠣᠭᠠᠳ ᠵᠠᠮ ᠲᠠᠭᠠᠭᠰᠠᠨ ᠠᠢ᠌ᠯ ᠤᠳ ᠰᠦᠨᠡᠰᠤ ᠪᠠᠨ ᠭᠠᠷᠳᠠᠯ᠎ᠠ ᠠᠶᠣᠵᠣ᠂ ᠴᠢᠮᠡᠬᠡ ᠶᠢ ᠨᠢ ᠰᠣᠨᠣᠰᠣᠮᠠᠭᠴᠠ ᠬᠣᠨᠢ ᠮᠠᠯ ᠶᠢᠠᠨ ᠲᠠᠭᠣᠵᠣ ᠬᠦᠨ ᠵᠢᠯᠠᠭ᠎ᠠ ᠢᠭᠴᠣ ᠰᠢᠭᠣᠢ ᠳᠤ ᠰᠢᠷᠭᠣᠨ᠂ ᠴᠡᠷᠢᠭ᠌ ᠤᠨ ᠬᠦᠯ ᠡᠴᠡ ᠵᠠᠢ᠌ᠯᠠᠵᠣ ᠪᠠᠢ᠌ᠪᠠ᠃

ᠨᠢᠩᠪᠣ᠂ ᠲᠠᠷᠠ ᠡᠳᠣᠷ ᠨᠢ ᠡᠪᠠᠰᠣ ᠬᠠᠳᠣᠵᠣ ᠪᠠᠢ᠌ᠭᠠᠳ ᠵᠠᠬ᠎ᠠ ᠳ᠋ᠤᠨᠢ ᠬᠦᠮᠥᠨ ᠢᠷᠡᠭ᠍ᠰᠡᠨ ᠢ ᠮᠡᠳᠡᠭ᠍ᠰᠡᠨ ᠦᠭᠡᠶ᠃ ᠬᠡᠨᠡᠳᠳᠡ ᠡᠪᠠᠰᠣ ᠱᠠᠷᠴᠢᠬᠢᠨᠠᠨ ᠬᠦᠯ ᠤᠨ ᠴᠢᠮᠡᠬᠡ ᠭᠠᠷᠬᠣ ᠪᠠᠷ ᠲᠣᠯᠣᠭᠠᠢ ᠡᠷᠬᠥᠵᠦ ᠦᠵᠡᠪᠡᠯ ᠬᠣᠶᠠᠷ ᠴᠡᠷᠢᠭ᠌ ᠶᠠᠭ ᠵᠠᠬ᠎ᠠ ᠳ᠋ᠤᠨᠢ ᠢᠷᠠᠵᠣ᠂ ᠣᠯᠠᠭᠠᠨ ᠨᠢᠭᠣᠷ ᠶᠢᠠᠷ ᠬᠠᠯᠵᠠ ᠲᠣᠯᠭᠠᠷᠠᠭᠰᠠᠨ ᠪᠠᠢ᠌ᠪᠠ᠃ ᠢᠷᠡᠭ᠍ᠰᠡᠨ ᠬᠣᠶᠠᠷ ᠴᠡᠷᠢᠭ᠌ ᠪᠦᠷ ᠪᠣᠷᠵᠢᠬᠢᠷ ᠰᠢᠷ᠎ᠠ ᠦᠰᠣᠳᠡᠢ᠂ ᠰᠶ᠋‍ᠢᠬᠢᠬᠡᠷ ᠨᠢᠳᠣ ᠭᠣᠬᠢᠷ ᠬᠣᠨᠢᠨ ᠬᠠᠮᠠᠷ ᠲᠡᠶ ᠪᠦᠬᠡᠥᠨ ᠪᠠᠰᠠ ᠦᠨᠳᠡᠬᠡᠨ ᠬᠠᠴᠠᠷ ᠲᠡᠬᠡᠷ᠎ᠡ ᠪᠠᠨ ᠲᠠᠮᠠᠭᠠᠳᠠᠢ ᠪᠠᠢ᠌ᠪᠠ᠃ ᠲᠠᠮᠠᠭᠠᠳᠣ ᠴᠡᠷᠢᠭ᠌︕ ᠨᠢᠩᠪᠣ ᠶᠢᠨ ᠲᠣᠳᠣᠷ᠎ᠠ 《ᠵᠢᠷ》 ᠬᠡᠵᠦ᠂ ᠴᠢᠳᠬᠥᠷ ᠦᠵᠡᠭ᠍ᠰᠡᠨ ᠰᠢᠭ᠌ ᠬᠤᠢ᠌ᠰᠢ ᠬᠡᠳᠥᠨ ᠠᠯᠬᠤᠮ ᠣᠬᠣᠷᠢᠪᠠ᠃ ᠬᠣᠶᠠᠷ ᠲᠠᠮᠠᠭᠠᠳᠣ ᠴᠡᠷᠢᠭ᠌ ᠨᠢᠩᠪᠣ ᠳᠤ ᠫᠣᠤ ᠬᠦᠳᠡᠯᠬᠡᠭ᠍ᠰᠡᠨ ᠦᠭᠡᠶ᠃ ᠣᠷᠣᠢ ᠡᠴᠡ ᠨᠢ ᠣᠯᠠ ᠳ᠋ᠤᠨᠢ ᠲᠣᠯᠳᠠᠯ᠎ᠠ ᠰᠢᠨᠵᠢᠵᠣ᠂ ᠨᠢᠬᠡ ᠨᠢᠬᠡᠨ ᠳᠡᠭᠡᠨ ᠨᠢᠲᠦ ᠵᠠᠷᠣᠨ ᠵᠠᠯᠢᠷᠬᠠᠭ ᠢᠨᠢᠶᠡᠭ᠍ᠰᠡᠨ ᠶᠢᠠᠨ ᠨᠢᠩᠪᠣ ᠶᠢ ᠡᠵᠠᠨ ᠲᠣᠯᠣᠭᠠᠢ ᠮᠡᠳᠡᠬᠥᠯᠥᠯ ᠦᠭᠡᠶ ᠬᠣᠳᠣᠭᠣᠷ ᠣᠷᠣᠭᠣ ᠲᠠᠮᠨᠠᠵᠣ ᠠᠪᠠᠴᠢᠪᠠ᠃ ᠨᠢᠩᠪᠣ᠂ ᠣᠬᠠᠭᠠᠨ ᠬᠦᠯ ᠢ ᠨᠢ ᠣᠯᠣᠭᠰᠠᠨ ᠦᠭᠡᠶ᠂ ᠠᠶᠣᠬᠣ ᠳᠠᠭᠠᠨ ᠣᠷᠢᠯᠠᠵᠣ ᠲᠡᠯᠴᠢᠯᠡᠬᠥ ᠲᠠᠩᠬᠡᠬᠡ ᠴᠤ ᠪᠠᠢ᠌ᠭᠰᠠᠨ ᠦᠭᠡᠶ᠃ ᠬᠣᠶᠠᠷ ᠴᠡᠷᠢᠭ᠌ ᠲᠡᠬᠥᠨ ᠢ ᠬᠣᠳᠣᠭᠣᠷ ᠲᠤ ᠲᠠᠮᠨᠠᠵᠣ ᠣᠷᠣᠭᠠᠳ ᠲᠠᠷᠣᠵᠣ ᠣᠨᠠᠭᠠᠮᠠᠭᠴᠠ ᠦᠮᠣᠲᠦ ᠶᠢ ᠨᠢ ᠰᠢᠪᠳᠣᠯᠵᠣ ᠦᠵᠡᠬᠡᠥᠨ ᠮᠡᠯᠡᠷᠠᠴᠢᠬᠡᠪᠡ᠃ ᠣᠣᠯ ᠨᠢ ᠦᠨᠦᠬᠢ ᠬᠣᠶᠠᠷ ᠬᠠᠷᠢᠨ ᠦᠨᠳᠥᠷ ᠲᠠᠪᠠᠯ ᠡᠮᠣᠰᠴᠣ ᠣᠷᠳᠣ ᠦᠰᠤ ᠲᠠᠯᠪᠢᠭᠰᠠᠨ ᠨᠢᠩᠪᠣ ᠶᠢ ᠡᠮ᠎ᠠ ᠬᠦᠮᠥᠨ ᠬᠡᠵᠦ ᠪᠣᠳᠣᠭᠰᠠᠨ ᠪᠠᠢ᠌ᠵᠠᠢ᠃ ᠦᠮᠣᠲᠦ ᠶᠢ ᠨᠢ ᠰᠢᠪᠳᠣᠯᠣᠭᠠᠳ ᠡᠷ᠎ᠠ ᠪᠣᠯᠬᠣ ᠶᠢ ᠨᠢ ᠮᠡᠳᠡᠮᠡᠭ᠍ᠴᠡ ᠠᠭᠣᠷ ᠨᠢ ᠬᠦᠷᠴᠦ᠂ ᠫᠣᠤ ᠶᠢᠨ ᠲᠣᠬᠣ ᠪᠠᠷ ᠶᠢᠠᠨ ᠪᠥᠭ᠍ᠰᠡ ᠣᠷᠣᠭᠣ ᠨᠢ ᠬᠡᠲᠦ ᠨᠦᠲᠦᠬᠡᠥᠨ ᠬᠦᠬᠡᠬᠡᠨ ᠶᠠᠪᠣᠭᠣᠯᠪᠠ᠃ ᠨᠢᠩᠪᠣ᠂ ᠦᠷᠬᠡᠨ ᠵᠠᠬ᠎ᠠ ᠲᠡᠶ ᠦᠮᠣᠲᠦ ᠪᠠᠨ ᠵᠦᠷᠢᠬᠥᠤ ᠲᠠᠳᠠᠭᠰᠠᠭᠠᠷ ᠭᠣᠤ ᠰᠣᠵᠠᠭ ᠶᠢᠠᠷ ᠲᠠᠯᠳᠠᠯᠠᠨ ᠣᠮ ᠬᠣᠮ ᠦᠭᠡᠶ ᠬᠠᠷᠠᠢ᠌ᠯᠭᠠᠪᠠ᠃ ᠠᠷᠤ ᠡᠴᠡ ᠨᠢ ᠭᠠᠭᠴᠠᠬᠠᠨ ᠫᠣᠣᠳᠠᠴᠢᠬᠠᠬᠣ ᠪᠣᠯ ᠦᠦ︖ ᠬᠡᠵᠦ ᠪᠣᠳᠣᠪᠠᠯ ᠨᠢᠳᠣ ᠨᠢ ᠬᠠᠷᠠᠯᠠᠵᠣ᠂ ᠨᠢᠷᠣᠭᠣᠨ ᠭᠣᠣᠯ ᠡᠴᠡ ᠨᠢ ᠬᠦᠢᠳᠡᠨ ᠬᠦᠯᠥᠰᠤ ᠭᠠᠷᠣᠨ᠎ᠠ᠃ ᠲᠠᠷᠠ ᠨᠠᠯᠢᠶᠠᠳ ᠬᠣᠯᠠ ᠭᠠᠷᠳᠠᠯ᠎ᠠ ᠬᠦᠶᠥᠵᠦ᠂ ᠠᠷᠤ ᠳ᠋ᠤᠨᠢ ᠴᠢᠮᠡᠬᠡ ᠢᠮᠡᠬᠡ ᠦᠭᠡᠶ ᠪᠣᠯᠬᠣᠯᠠᠷ ᠬᠠᠢ᠌ᠯᠠᠰᠣᠨ ᠪᠣᠳᠠᠨ ᠤ ᠲᠠᠯᠳᠠ ᠣᠷᠣᠵᠣ ᠵᠤᠭᠰᠤᠪᠠ᠃ ᠬᠣᠶᠠᠷ ᠭᠠᠢ᠌ᠬᠠᠯ ᠤᠨ ᠪᠠᠷ᠎ᠠ ᠬᠠᠷᠠᠭᠳᠠᠬᠣ ᠦᠭᠡᠶ ᠪᠣᠯᠣᠭᠰᠠ ᠪᠠᠢ᠌ᠯ᠎ᠠ᠃

ᠵᠠᠯᠠᠨ ᠤ ᠬᠣᠳᠠ ᠶᠢᠨ ᠬᠢᠨ ᠲᠠᠮᠠᠭᠠᠳᠣ ᠴᠡᠷᠢᠭ᠌ ᠤᠨ ᠦᠢᠮᠡᠬᠡᠨ ᠡᠴᠡ ᠵᠠᠢ᠌ᠯᠠᠬᠣ ᠪᠠᠷ ᠵᠦᠭ᠌ ᠵᠦᠭ᠌ ᠲᠡᠭᠡᠨ ᠶᠠᠭᠠᠷᠠᠯᠳᠣᠨ᠎ᠠ᠃ ᠠᠯᠪᠠᠳᠣ ᠨᠡᠷ ᠤᠨ ᠵᠠᠷᠢᠮ ᠨᠢ ᠬᠣᠨᠢ ᠮᠠᠯ ᠶᠢᠠᠨ ᠬᠣᠮᠢᠨ ᠪᠣᠷᠭᠠᠰᠣᠨ ᠲᠦᠩ ᠳᠤ ᠣᠷᠣᠭᠣᠯᠵᠣ᠂ ᠨᠢᠬᠡ ᠪᠦᠯᠥᠭ ᠨᠢ ᠶᠡᠬᠡ ᠴᠡᠷᠢᠭ᠌  ᠤᠨ ᠬᠦᠯ ᠡᠴᠡ ᠵᠠᠢ᠌ᠳᠠᠭᠣ ᠭᠠᠵᠠᠷ ᠪᠠᠭᠣᠬᠣ ᠪᠠᠷ ᠵᠠᠯᠠᠨ ᠤ ᠬᠡᠷ ᠲᠡᠷᠬᠡ ᠶᠢ ᠠᠭᠤᠢ᠌ᠯᠠᠨ᠂ ᠭᠠᠵᠠᠷ ᠤᠨ ᠬᠠᠷ᠎ᠠ ᠰᠢᠷᠭᠣᠯᠵᠢ ᠰᠢᠭ ᠨᠠᠭᠠᠰᠢ ᠴᠠᠭᠠᠰᠢ ᠵᠦᠷᠢᠯᠳᠦᠨ᠎ᠠ᠃ ᠨᠢᠬᠡ ᠵᠤᠨ ᠬᠣᠷ ᠶᠠᠪᠣᠭᠠᠳ ᠲᠡᠷᠬᠡᠨ ᠠᠷᠠᠯ ᠪᠠᠭᠳᠠᠮ᠎ᠠ ᠦᠭᠡᠶ ᠪᠣᠯᠳᠠᠯ᠎ᠠ ᠲᠣᠰᠣᠨ ᠲᠠᠷᠭᠣ ᠠᠪᠣᠭᠰᠠᠨ ᠦᠬᠡᠷ ᠤᠳ ᠬᠡᠨᠡᠳᠳᠡ ᠡᠪᠠᠷ ᠲᠣᠨᠢ ᠲᠡᠬᠡᠰᠦ ᠣᠷᠣᠬᠣᠯᠠᠷ ᠲᠤᠷ᠎ᠠ ᠦᠭᠡᠶ ᠨᠢ ᠬᠦᠷᠴᠦ ᠪᠠᠷᠢᠶ᠎ᠠ ᠪᠠᠨ ᠲᠠᠰᠣᠯᠣᠨ ᠬᠦᠶᠥᠬᠥ ᠦᠭᠡᠶ ᠪᠣᠯ ᠲ᠋ᠡᠷᠬᠡᠨ ᠠᠷᠠᠯ ᠳᠤ ᠣᠷᠣᠵᠣ ᠦᠭ᠍‍ᠬᠥ ᠦᠭᠡᠶ ᠬᠦᠭ᠍ᠯᠠᠵᠦ ᠰᠦᠢᠳ ᠪᠣᠯᠵᠠᠭᠠᠨ᠎ᠠ᠃ ᠭᠣᠨ᠎ᠠ ᠦᠬᠡᠷ ᠢ ᠪᠠᠢ᠌ᠳᠣᠭᠠᠢ ᠣᠭ ᠡᠴᠡ ᠬᠦᠯᠥᠭᠰᠠᠬᠡᠷ ᠢᠷᠡᠭ᠍ᠰᠡᠨ ᠪᠦᠲᠦᠬᠥᠨ ᠦᠭᠡᠷ ᠴᠤ ᠣᠶᠠᠭ᠎ᠠ ᠦᠭᠡᠶ ᠪᠤᠯᠬᠤᠷ ᠭᠣᠳ ᠰᠢᠩᠬᠡᠨ ᠶᠢᠠᠷ ᠪᠠᠭᠠᠵᠣ᠂ ᠲᠡᠷᠬᠡᠨ ᠰᠡᠬᠥᠯ ᠬᠦᠷᠳᠡᠯ᠎ᠡ ᠭᠣᠰᠬᠢᠨᠠᠭᠣᠯᠵᠣ ᠪᠠᠢ᠌ᠪᠠ᠃ ᠬᠡᠪᠡᠴᠦ ᠰᠠᠠᠳᠣᠷᠣᠭᠰᠠᠨ ᠬᠦᠮᠥᠰ ᠡᠳᠡᠬᠡᠷ ᠢ ᠬᠠᠮᠢᠶᠠᠷᠬᠣ ᠵᠠᠪ ᠪᠠᠢ᠌ᠭᠰᠠᠨ ᠦᠭᠡᠶ᠃ ᠲᠠᠮᠠᠭᠠᠳᠣ ᠴᠡᠷᠢᠭ᠌ ᠲᠠᠭᠠᠷᠠᠭᠰᠠᠨ ᠪᠦᠬᠥᠨ ᠶᠢᠠᠨ ᠴᠥᠯᠪᠡᠵᠦ ᠲᠠᠭᠣᠭᠠᠳ ᠶᠠᠪᠣᠴᠢᠬᠠᠳᠠᠭ ᠬᠡᠵᠦ ᠰᠣᠨᠣᠰᠣᠭᠠᠳ ᠭᠠᠢ᠌ᠬᠠᠰᠢ ᠠᠯᠳᠠᠨ᠎ᠠ᠄

᠊᠊᠊᠊᠊᠊᠊᠊᠊᠊᠊᠊᠊᠊᠊ ᠨᠡᠬᠥ ᠮᠠᠨ ᠢ ᠬᠠᠪᠰᠣᠷᠬᠣ ᠪᠠᠷ ᠢᠷᠠᠯ᠎ᠠ ᠬᠡᠰᠡᠨ ᠪᠢᠰᠢ ᠦᠦ︖ ᠶᠠᠭᠣᠨ ᠳᠤ ᠬᠣᠳᠠ ᠶᠢ ᠬᠣᠭᠣᠰᠣᠯᠠᠬᠣ ᠶᠣᠮ︖ ᠬᠡᠵᠦ ᠢᠳᠡᠬᠡᠵᠦ ᠶᠠᠳᠠᠬᠣ ᠳᠤ ᠵᠠᠷᠢᠮ ᠨᠢ᠄

᠊᠊᠊᠊᠊᠊᠊᠊᠊᠊᠊᠊᠊᠊᠊ ᠲᠠᠳᠠ ᠪᠣᠯ ᠣᠷᠣᠰ ᠴᠡᠷᠢᠭ᠌ ᠪᠢᠰᠢ᠂ ᠬᠠᠷᠢᠨ ᠲᠥᠷᠢᠮᠡᠬᠡᠢ ᠣᠯᠣᠰ ᠡᠴᠡ ᠣᠷᠣᠭᠣᠯᠵᠣ ᠠᠪᠣᠭᠰᠠ ᠣᠷᠣᠭᠣᠯ ᠴᠡᠷᠢᠭ᠌ ᠶᠣᠮ ᠬᠡᠨ᠎ᠡ᠃ ᠰᠣᠷ ᠢᠳᠡᠭ᠍ᠰᠡᠨ ᠨᠣᠬᠠᠢ ᠵᠠᠩ ᠶᠢᠠᠨ ᠬᠡᠬᠡᠬᠥ ᠦᠭᠡᠶ ᠬᠡᠳᠡᠭ ᠪᠢᠰᠢ ᠦᠦ︖ ᠬᠡᠬᠥ ᠮᠠᠳᠣ ᠪᠠᠷ ᠶᠠᠷᠢᠯᠴᠠᠨ᠎ᠠ᠃

ᠲᠠᠳᠠ ᠢᠩᠬᠢᠵᠣ ᠨᠠᠯᠢᠶᠠᠳ ᠪᠣᠵᠢᠬᠢᠨᠠᠯᠳᠣᠭᠰᠠᠨ ᠶᠢᠠᠨ ᠶᠠᠭᠣ ᠴᠤ ᠬᠡᠰᠡᠨ ᠨᠡᠬᠥᠳᠡᠯ ᠤᠨ ᠴᠣᠪᠣᠭ᠎ᠠ ᠬᠦᠳᠡᠯᠥᠨ ᠭᠠᠷᠣᠯ᠎ᠠ᠃ ᠵᠠᠯᠠᠨ᠂ ᠬᠠᠷ᠎ᠠ ᠮᠣᠷᠢ ᠪᠠᠨ ᠣᠨᠣᠵᠣ ᠲᠥᠷᠣᠬᠥᠤ ᠲᠡᠷᠬᠡ ᠶᠢᠨ ᠬᠠᠵᠠᠭᠣ ᠳᠤ ᠶᠠᠪᠣᠨ᠎ᠠ᠃ ᠠᠷᠤ ᠡᠴᠡ ᠨᠢ ᠶᠡᠬᠡ ᠪᠠᠭ᠎ᠠ ᠬᠠᠳᠣᠨ ᠤ ᠬᠠᠮ ᠲ᠋ᠡᠷᠬᠡ᠂ ᠭᠠᠶᠠ ᠨᠢᠴᠢᠭ᠍‍ᠮ᠎ᠡ ᠶᠢᠨ ᠰᠠᠭᠣᠭᠰᠠᠨ ᠬᠠᠮ ᠲᠡᠷᠬᠡ ᠬᠤᠢ᠌ᠨ᠎ᠠ ᠬᠤᠢ᠌ᠨ᠎ᠠ ᠡᠴᠡ ᠪᠠᠨ ᠱᠥᠷᠬᠥᠯᠴᠡᠨ᠂ ᠲᠡᠷᠬᠡ ᠪᠠᠷᠢᠭᠴᠢ ᠵᠠᠷᠣᠴᠠ ᠨᠠᠷ 《ᠬᠦᠥᠭ ᠊᠊᠊᠊᠊᠊᠊᠊᠊᠊᠊᠊᠊᠊᠊ ᠬᠦᠥᠭ》 ᠬᠡᠵᠦ ᠣᠷᠳᠣᠯᠠᠭᠣᠯᠣᠨ ᠵᠠᠮ ᠳᠠᠭᠠᠨ ᠣᠷᠣᠯ᠎ᠠ᠃ ᠲᠠᠳᠠ ᠴᠢᠨ᠋ᠸ᠎ᠠ ᠶᠢᠨ ᠬᠦᠳᠥᠯ ᠢ ᠲᠠᠪᠠᠵᠣ ᠦᠷᠡᠯᠲᠦ ᠶᠢᠨ ᠬᠠᠪᠴᠢᠯ ᠳᠤ ᠣᠷᠣᠬᠣ ᠪᠠᠷ ᠪᠣᠯᠪᠠ᠃ ᠭᠠᠩ ᠤᠨ ᠨᠠᠷᠠᠨ ᠳᠤ ᠬᠠᠭᠰᠠᠭᠰᠠᠨ ᠲᠡᠷᠬᠡ ᠨᠣᠭᠦᠳ ᠤᠨ ᠮᠦᠬᠡᠷ ᠨᠢ ᠣᠨᠠᠬᠣ ᠦᠭᠡᠶ ᠪᠣᠯ ᠬᠡᠬᠡᠬᠡᠰᠦ ᠨᠢ ᠰᠣᠭᠣᠷᠠᠵᠣ ᠨᠡᠬᠥᠳᠡᠯ ᠤᠨ ᠴᠣᠪᠣᠭ᠎ᠠ ᠪᠠᠢ᠌ᠨ ᠪᠠᠢ᠌ᠨ ᠵᠤᠭᠰᠣᠬᠣ ᠲᠣᠯᠠ ᠵᠠᠯᠠᠨ ᠤ ᠠᠭᠣᠷ ᠬᠦᠷᠴᠦ ᠮᠣᠷᠢ ᠪᠠᠨ ᠲᠠᠪᠢᠷᠠᠬᠣ ᠳᠤ ᠲᠣᠰᠣ ᠲᠣᠰᠣᠯᠠᠮ᠎ᠠ ᠬᠦᠯᠳᠡᠬᠡᠨᠡᠭ᠍ᠰᠡᠨ ᠲᠠᠰᠣ ᠬᠠᠷ᠎ᠠ ᠮᠣᠷᠢ ᠭᠠᠵᠠᠷ ᠦᠬᠡᠳᠡ ᠣᠬᠣᠰᠬᠢᠨ᠂ ᠨᠢᠬᠡ ᠯᠠ ᠠᠮᠢᠰᠭᠣᠭ᠎ᠠ ᠪᠠᠷ ᠴᠢᠨ᠋ᠸ᠎ᠠ ᠶᠢᠨ ᠬᠦᠳᠥᠯ ᠤᠨ ᠣᠷᠣᠢ ᠳᠤ ᠭᠠᠷᠪᠠ᠃

ᠬᠦᠳᠥᠯ ᠤᠨ ᠦᠯᠮᠡᠢ ᠡᠴᠡ ᠴᠢᠨᠠᠭᠰᠢᠯᠠᠭᠰᠠᠨ ᠠᠷᠤ ᠬᠦᠠᠳᠡᠯᠡᠨ ᠤ ᠦᠷᠬᠡᠨ ᠲᠠᠯ᠎ᠠ ᠡ᠊ᠩ ᠳᠡᠭᠡᠨ ᠨᠠᠯᠤᠢ᠌ᠵᠣ᠂ ᠲᠠᠯ᠎ᠠ ᠲᠦᠬᠥᠷᠠᠩ ᠪᠡᠯᠴᠢᠳᠡᠭ ᠪᠠᠢ᠌ᠭᠰᠠᠨ ᠠᠳᠣᠭᠣ ᠮᠠᠯ ᠭᠠᠵᠠᠷ ᠲᠤ ᠰᠢᠷᠭᠣᠴᠢᠬᠠᠪᠠ ᠦᠦ︖ ᠬᠡᠮᠡᠷ ᠦᠷᠬᠡᠨ ᠲᠠᠯ᠎ᠠ ᠡᠯᠠᠢ ᠬᠣᠯᠠᠢ ᠬᠠᠩᠭ᠋ᠠᠢ᠌ᠷᠠᠨ᠎ᠠ᠃ ᠣᠭᠳᠠᠷᠭᠣᠢ ᠳᠤ ᠰᠥᠷᠥᠭ ᠲᠣᠭᠣᠷᠣᠤ 《ᠭᠣ᠋᠂ ᠭᠠ》 ᠲᠡᠬᠡᠰᠥᠯᠡᠨ ᠨᠢᠰᠴᠣ᠂ ᠪᠠᠭᠣᠬᠣ ᠭᠠᠵᠠᠷ ᠶᠢᠠᠨ ᠣᠯ ᠶᠠᠳᠠᠭᠰᠠᠨ ᠰᠢᠭ ᠡᠷᠬᠢᠴᠠᠨ᠎ᠠ᠃ ᠲᠠᠷᠪᠠ ᠵᠠᠯᠠᠨ ᠮᠣᠷᠢᠨ ᠤ ᠪᠠᠨ ᠣᠯᠣᠩ ᠢ ᠴᠢᠩᠭ᠋ᠠᠯᠠᠬᠣ ᠬᠡᠬᠥ ᠳᠤ ᠮᠣᠷᠢ ᠨᠢ ᠤᠢ᠌ᠷᠠᠳᠣᠭᠣᠯᠵᠣ ᠦᠭ᠍‍ᠬᠥ ᠦᠭᠡᠶ ᠪᠠᠶ᠎ᠠ ᠶᠢ ᠨᠢ ᠲᠣᠭᠣᠷᠢᠵᠣ ᠡᠷᠬᠢᠬᠡᠥᠨ ᠴᠢᠬᠢ ᠬᠠᠢ᠌ᠴᠢᠯᠠᠨ ᠰᠣᠷᠳᠣᠯᠵᠠᠨ᠎ᠠ᠃ ᠵᠠᠯᠠᠨ ᠰᠠᠵᠢᠭ᠍ᠯᠠᠵᠣ ᠡᠷᠬᠢᠨ ᠲᠣᠭᠣᠷᠢᠨ ᠶᠢᠠᠨ ᠰᠢᠷᠪᠢᠨ ᠬᠠᠷᠠᠪᠠ᠃ ᠬᠦᠳᠥᠯ ᠤᠨ ᠲᠣᠣᠷ᠎ᠠ ᠡᠴᠠ ᠰᠢᠩᠬᠡᠨ ᠣᠳᠣᠭ᠎ᠠ ᠰᠣᠭᠣᠨᠠᠭᠯᠠᠵᠣ ᠪᠠᠢ᠌ᠭᠰᠠᠨ ᠶᠢᠠᠨ ᠣᠯᠠᠮ ᠶᠢᠠᠷ ᠦᠳᠬᠡᠷᠡᠵᠦ ᠡᠠᠰ ᠲᠡᠬᠡᠭ᠍ᠰᠢ ᠪᠠᠨ ᠴᠣᠷᠤᠢ᠌ᠪᠠ᠃ ᠬᠡᠲᠦ ᠠᠯᠬᠣᠭᠠᠳ ᠥᠩᠬᠡᠶ᠋‍ᠢᠵᠦ ᠦᠵᠡᠪᠡᠯ ᠶᠠᠭ ᠬᠦᠯ ᠲᠣᠣᠷ᠎ᠠ ᠨᠢ ᠴᠡᠷᠢᠭ᠌ ᠤᠨ ᠮᠠᠢ᠌ᠬᠠᠨ ᠪᠠᠢ᠌ᠯ᠎ᠠ᠃ ᠬᠦᠳᠥᠯ ᠤᠨ ᠣᠷᠣᠢ ᠲᠡᠬᠡᠷᠡᠬᠢ ᠮᠣᠷᠢᠳᠠᠨ ᠢ ᠦᠵᠡᠬᠡᠥᠨ ᠲᠣᠣᠷ᠎ᠠ ᠡᠴᠡ ᠬᠡᠳᠥᠨ ᠴᠡᠷᠢᠭ᠌ ᠭᠠᠷᠴᠣ ᠢᠷᠠᠪᠠ᠃ ᠲᠠᠷᠪᠠ᠂ ᠮᠣᠷᠢᠨ ᠳᠠᠭᠠᠨ ᠮᠣᠷᠳᠠᠵᠣ ᠲᠣᠳᠠᠭᠠᠶ᠎ᠠ ᠬᠡᠰᠡᠨ ᠴᠤ ᠨᠢᠬᠡᠠᠳᠡ ᠣᠷᠤᠢ᠌ᠳᠠᠵᠠᠢ᠃ ᠬᠡᠳᠥᠨ ᠴᠡᠷᠢᠭ᠌ ᠲᠠᠷᠪᠠ ᠶᠢᠨ ᠵᠠᠮ ᠢ ᠬᠡᠷᠥᠪᠡ᠃ ᠬᠠᠴᠠᠷ ᠨᠢᠭᠣᠷ ᠲᠡᠬᠡᠷ᠎ᠡ ᠪᠠᠨ ᠴᠤᠬᠤᠷ ᠲᠠᠮᠠᠭ᠎ᠠ ᠲᠡᠶ ᠬᠦᠮᠥᠰ ᠢ ᠦᠵᠡᠬᠡᠥᠨ ᠲᠠᠷᠪᠠ ᠶ᠋‍ᠢᠨ ᠨᠢᠳᠣ ᠬᠠᠷᠠᠯᠠᠵᠣ᠂ 《ᠦᠰᠢᠶ᠎ᠡ ᠲᠡᠶ ᠬᠦᠮᠥᠨ ᠲᠠᠪᠠᠭᠠᠨ ᠲᠡᠬᠡᠷ᠎ᠡ》 ᠬᠡᠳᠡᠭ ᠡᠨᠠ ᠪᠡᠯᠳᠡᠷᠬᠡ ᠨᠣᠭᠦᠳ ᠲᠤ ᠪᠠᠷᠢᠭᠳᠠᠪᠠᠯ ᠰᠠᠢ᠌ᠨ ᠶ᠋‍ᠢᠠᠨ ᠦᠵᠡᠬᠥ ᠦᠭᠡᠶ ᠪᠠᠢ᠌ᠬᠣ︖ ᠬᠡᠵᠦ ᠪᠣᠳᠣᠪᠠ᠃ ᠲᠠᠳᠠ ᠡᠮᠣᠨ᠎ᠠ ᠨᠢ ᠢᠷᠠᠵᠣ ᠱᠣᠯᠣᠭᠠᠨᠠᠭᠰᠠᠨ ᠪᠣᠯᠪᠠᠴᠣ ᠲᠠᠷᠪᠠ ᠲᠡᠬᠥᠨ ᠢ ᠨᠢ ᠲᠦᠬᠥᠬᠡᠷᠡᠭ᠍ᠰᠡᠨ ᠦᠬᠡᠢ᠃ ᠨᠢᠬᠡ ᠨᠢ ᠰᠢᠭᠣᠳ ᠢᠷᠡᠬᠡᠥᠨ ᠮᠣᠷᠢᠨ ᠴᠣᠯᠪᠣᠭᠣᠷ ᠢ ᠨᠢ ᠰᠣᠭᠣ ᠲᠠᠳᠠᠨ ᠠᠪᠣᠪᠠ᠃ ᠮᠣᠠᠳᠠᠭ᠎ᠠ ᠶᠢ ᠨᠢ ᠢᠯᠢᠬᠥ ᠬᠡᠵᠦ ᠣᠷᠣᠯᠳᠣᠬᠣ ᠳᠤ ᠲᠠᠷᠠ ᠮᠣᠷᠢ ᠦᠰᠤ ᠵᠢᠰᠣ ᠨᠢ ᠪᠠᠢ᠌ᠳᠣᠭᠠᠢ ᠦᠨᠥᠷ ᠨᠢ ᠴᠤ ᠡᠳᠡᠬᠡᠥᠨ ᠬᠡᠰᠡᠨ ᠮᠠ‍‌ᠶᠢᠭᠳᠠᠢ ᠬᠦᠮᠥᠨ ᠦᠬᠡᠷᠡᠬᠡᠯᠡᠵᠦ᠂ ᠬᠠᠮᠠᠷ ᠲᠣᠣᠭᠠᠷᠭᠠᠨ ᠬᠤᠢ᠌ᠰᠢ ᠣᠬᠣᠷᠢᠨ᠎ᠠ᠃ ᠬᠠᠷ᠎ᠠ ᠮᠣᠷᠢ ᠶᠢ ᠪᠠᠬᠠᠷᠠᠴᠢᠬᠠᠭᠰᠠᠨ ᠯᠦᠳ ᠪᠠᠢ᠌ᠵᠠᠢ᠃ ᠦᠬᠡᠷ᠎ᠡ ᠬᠦᠮᠥᠨ ᠳᠤ ᠪᠣᠯᠣᠭᠰᠠᠨ ᠪᠣᠯ ᠲᠠᠷᠪᠠ ᠵᠠᠯᠠᠨ ᠬᠡᠵᠢᠶᠡᠨ ᠤ ᠣᠷᠣᠢ ᠣᠷᠣᠭᠣ ᠨᠢ ᠰᠣᠮᠣᠨ ᠲᠠᠰᠢᠭᠣᠷ ᠪᠠᠭᠣᠯᠭᠠᠬᠣ ᠪᠠᠢ᠌ᠭᠰᠠᠨ᠃ ᠬᠡᠳᠡᠯ᠎ᠡ ᠦᠨᠦ ᠬᠠᠷᠢᠨ ᠬᠦᠢᠳᠡᠨ ᠫᠣᠤ ᠶᠢᠨ ᠠᠮᠠᠨ ᠡᠴᠡ ᠵᠢᠷᠥᠬᠡᠰᠢᠶᠡᠬᠥ ᠳᠡᠭᠡᠨ ᠪᠦᠬᠡᠷ᠎ᠡ ᠪᠠᠨ ᠠᠪᠳᠠᠭᠰᠠᠨ ᠪᠢᠷᠠᠭᠣ ᠰᠢᠭ ᠨᠣᠮᠣᠬᠠᠷᠠᠵᠣ᠂ ᠬᠠᠰᠠ ᠶᠢᠨ ᠮᠢᠬ᠎ᠠ ᠨᠢ ᠲᠠᠭ ᠲ᠋ᠠᠭ ᠴᠠᠴᠠᠷᠠᠵᠣ ᠪᠠᠢ᠌ᠪᠠ᠃ 《ᠬᠠᠷ᠎ᠠ ᠨᠣᠬᠠᠢ ᠶᠢᠨ ᠠᠮᠠᠨ ᠵᠦᠭ᠌ ᠭᠠᠷᠣᠯ᠎ᠠ ᠳ᠋‍ᠠ》 ᠬᠡᠵᠦ ᠲᠠᠷᠠ ᠲᠣᠳᠣᠷ᠎ᠠ ᠪᠠᠨ ᠬᠠᠷᠠᠮᠰᠠᠨ᠎ᠠ᠃

ᠲᠣᠣᠷ᠎ᠠ ᠡᠴᠡ ᠪᠠᠰᠠ ᠬᠣᠶᠠᠷ ᠬᠦᠮᠥᠨ ᠭᠠᠷᠴᠣ ᠢᠷᠠᠪᠠ᠃ ᠨᠢᠬᠡ ᠨᠢ ᠳᠠᠪᠬᠤᠷ ᠡᠷᠠᠤ᠂ ᠶᠣᠯᠬᠣᠭᠣᠷ ᠭᠡᠳᠡᠰᠤ ᠲᠠᠢ᠃ ᠨᠦᠬᠥᠬᠡ ᠨᠢ ᠨᠠᠮᠬᠠᠨ ᠨᠢᠷᠣᠭᠣ ᠦᠨᠳᠥᠷ ᠰᠠᠯᠳᠠᠭ᠎ᠠ ᠲᠡᠶ᠃ ᠵᠠᠯᠠᠨ ᠦᠵᠡᠬᠡᠥᠨ ᠮᠡᠯᠡᠷᠠᠴᠢᠬᠡᠪᠡ᠃ 《ᠶᠠᠪᠣᠬᠣ ᠦᠭᠡᠶ ᠵᠠᠮ ᠶᠢᠠᠷ ᠭᠣᠷᠪᠠ ᠶᠠᠪᠣᠵᠣ ᠠᠭᠣᠯᠵᠠᠬᠣ ᠦᠭᠡᠶ ᠬᠦᠮᠥᠨ ᠲᠡᠶ ᠭᠣᠷᠪᠠ ᠠᠭᠣᠯᠵᠠᠨ᠎ᠠ》 ᠬᠡᠳᠡᠭ ᠶᠢᠠᠷ ᠢᠷᠡᠬᠥ ᠳᠡᠭᠡᠨ ᠲᠠᠭᠠᠷᠠᠭᠰᠠᠨ ᠭᠣᠷᠪᠠ ᠶᠢᠨ ᠬᠣᠶᠠᠷ ᠨᠢ ᠪᠣᠳᠠ ᠪᠠᠶ᠎ᠠ ᠪᠠᠷ ᠶᠢᠠᠨ ᠮᠦᠨ ᠪᠠᠢ᠌ᠯ᠎ᠠ᠃ ᠲᠠᠷᠠ ᠬᠣᠶᠠᠷ ᠨᠢ ᠴᠤ ᠡᠨᠠ ᠬᠥ ᠠᠷᠢᠬᠢᠨ ᠡᠠᠬ᠎ᠠ ᠲᠡᠬᠥᠤ ᠪᠠᠨ ᠦᠵᠡᠮᠡᠭ᠍ᠴᠡ ᠲᠠᠨᠢᠪᠠ᠃ ᠲᠠᠳᠠ᠂ ᠵᠠᠯᠠᠨ ᠢ ᠮᠠᠢ᠌ᠬᠠᠨ ᠣᠷᠣᠭᠣ ᠪᠠᠨ ᠠᠪᠴᠣ ᠶᠠᠪᠣᠪᠠ᠃ ᠮᠠᠢ᠌ᠬᠠᠨ ᠤ ᠤᠢ᠌ᠷᠠᠯᠴᠠᠭ᠎ᠠ ᠬᠡᠳᠥᠨ ᠴᠡᠷᠢᠭ᠌ ᠮᠣᠳᠣᠨ ᠡᠴᠡ ᠬᠣᠨᠢᠨ ᠲᠣᠯᠣᠭᠠᠢ ᠲᠡᠬᠥᠵᠢᠯᠡᠬᠡᠥᠨ ᠫᠠᠢ ᠬᠠᠷᠪᠣᠨ ᠨᠠᠭᠠᠳᠴᠣ᠂ ᠵᠠᠷᠢᠮ ᠨᠢ ᠦᠬᠡᠷ ᠤᠨ ᠮᠢᠬ᠎ᠠ ᠲᠣᠶᠠᠴᠢᠭᠠᠳ ᠰᠡᠪᠢᠬᠡᠨᠡᠨ᠎ᠡ᠃ ᠴᠢᠰᠣᠨ ᠤ ᠨᠢᠯᠣᠭᠣᠨ ᠦᠨᠥᠷ ᠬᠠᠮᠠᠷ ᠭᠠᠳᠠᠵᠣ᠂ ᠲᠣᠯᠣᠭᠠᠢ ᠰᠢᠬᠢᠷ᠎ᠠ ᠬᠡᠳᠡᠰᠤ ᠲᠣᠳᠣᠷ ᠢ ᠨᠢ ᠰᠣᠯᠠ ᠬᠠᠶᠠᠭᠰᠠᠨ ᠡᠴᠡ ᠲᠡᠬᠡᠷ᠎ᠡ ᠨᠢ ᠦᠳᠥᠨ ᠤ ᠨᠣᠭᠣᠭᠠᠨ ᠢᠯᠠᠭ᠎ᠠ ᠰᠢᠪᠠᠯᠳᠣᠭᠠᠳ᠂ ᠦᠮᠠᠬᠡᠶ᠋‍ᠢᠷᠡᠵᠦ ᠡᠬᠢᠯᠡᠭ᠍ᠰᠡᠨ ᠳ᠋ᠤᠨᠢ ᠴᠠᠭᠠᠨ ᠦᠲᠦ ᠠᠪᠠᠭᠠᠨᠠᠵᠣ ᠪᠠᠢ᠌ᠪᠠ᠃ ᠵᠠᠯᠠᠨ ᠦᠵᠡᠬᠡᠥᠨ ᠵᠢᠪᠡᠬᠥᠷᠡᠨ ᠬᠠᠠᠴᠣᠢ ᠪᠠᠷ ᠠᠮᠨ ᠬᠠᠮᠠᠷ ᠶᠢᠠᠨ ᠪᠢᠳᠡᠬᠥᠯᠡᠪᠡ᠃ ᠮᠠᠢ᠌ᠬᠠᠨ ᠳᠤ ᠣᠷᠣᠭᠠᠳ ᠵᠠᠯᠠᠨ᠄ 《ᠪᠠᠰᠠ ᠯᠠ ᠠᠷᠢᠬᠢ ᠬᠡᠵᠦ ᠵᠢᠭᠣᠷᠠᠳᠠᠭ ᠣᠯᠣᠰ ᠪᠢᠯᠠ ᠦᠦ︖》 ᠬᠡᠵᠦ ᠰᠣᠪᠢᠵᠣ ᠰᠠᠭᠣᠪᠠ᠃ ᠲᠠᠳᠠ ᠠᠷᠢᠬᠢ ᠭᠠᠷᠭᠠᠭᠰᠠᠨ ᠦᠭᠡᠶ᠃ ᠲᠠᠷᠪᠠ ᠡᠴᠡ ᠡᠨᠠ ᠲᠠᠷᠠ ᠠᠰᠠᠭᠣᠵᠣ ᠵᠢᠭᠠᠵᠣ ᠲᠣᠬᠢᠬᠣ ᠳᠤ ᠲᠠᠷᠠ ᠲᠦᠬᠥᠬᠡᠷᠡᠬᠥ ᠦᠭᠡᠶ ᠬᠡᠵᠦ ᠲᠣᠯᠣᠭᠠᠢ ᠰᠠᠵᠢᠨ᠂ ᠪᠣᠯᠣᠩ ᠣᠷᠣᠭᠣ ᠪᠠᠭ᠎ᠠ ᠪᠠᠭ᠎ᠠ ᠶᠣᠭᠣᠨ᠎ᠠ᠃ ᠪᠠᠢ᠌ᠳᠠᠯ ᠡᠴᠡ ᠨᠢ ᠦᠵᠡᠪᠡᠯ ᠬᠡᠨ ᠨᠢᠬᠡ ᠬᠦᠮᠥᠨ ᠢ ᠡᠷᠢᠵᠣ ᠪᠠᠢ᠌ᠭ᠎ᠠ ᠲᠥᠯᠥᠪ ᠲᠡᠶ᠃ ᠡᠳᠠᠨ ᠤ ᠲᠣᠮᠳᠠ ᠦᠨᠦᠬᠢ ᠰᠣᠭᠳᠣᠵᠣ ᠣᠨᠠᠭᠰᠠᠨ ᠡᠴᠠᠩᠬᠡᠢ ᠰᠢᠷ᠎ᠠ ᠨᠢ ᠪᠠᠢ᠌ᠬᠣ ᠦᠬᠡᠢ ᠶᠢ ᠵᠠᠯᠠᠨ ᠠᠩᠵᠠᠭᠠᠷᠠᠪᠠ᠃ ᠶᠣᠯᠬᠣᠭᠣᠷ ᠬᠡᠳᠡᠰᠣᠲᠦ᠂ ᠫᠣᠤ ᠡᠴᠡ ᠪᠠᠨ ᠨᠢᠬᠡ ᠰᠣᠮᠣ ᠭᠠᠷᠭᠠᠵᠣ ᠡᠮᠣᠨ᠎ᠠ ᠨᠢ ᠲᠠᠯᠪᠢᠪᠠ᠃ 《ᠫᠣᠣᠳᠠᠵᠣ ᠮᠥᠷᠦᠢᠴᠡᠬᠥ ᠬᠡᠵᠦ ᠪᠠᠢ᠌ᠭ᠎ᠠ︖》 ᠬᠡᠵᠦ ᠪᠣᠳᠣᠭᠠᠳ ᠵᠠᠯᠠᠨ ᠲᠣᠯᠣᠭᠠᠢ ᠰᠡᠭ᠍ᠰᠥᠷᠪᠡ᠃ 《ᠨᠡᠬᠥᠳᠡᠯ ᠤᠨ ᠬᠢᠨ ᠳᠡᠭᠡᠨ ᠴᠢᠮᠡᠬᠡ ᠦᠭᠴᠦ ᠠᠮᠵᠢᠭᠰᠠᠨ ᠦᠬᠡᠢ᠃ ᠡᠨᠠ ᠦᠶᠡᠰ ᠪᠠᠷᠣᠭ ᠯᠠ ᠬᠦᠳᠥᠯ ᠤᠨ ᠣᠷᠣᠢ ᠲᠡᠬᠡᠷ᠎ᠡ ᠭᠠᠷᠣᠭᠠᠳ ᠢᠷᠡᠴᠢᠬᠡᠭ᠍ᠰᠡᠨ ᠪᠠᠢ᠌ᠯ ᠦᠭᠡᠶ》 ᠬᠡᠵᠦ ᠰᠠᠠᠳᠣᠷᠣᠭᠰᠠᠨ ᠡᠴᠠ ᠪᠥᠭ᠍ᠰᠡ ᠨᠢ ᠦᠳᠥᠭᠰᠡᠨ ᠢᠮᠠᠭ᠎ᠠ ᠰᠢᠭ ᠰᠠᠭᠣᠳᠠᠯ ᠦᠭᠡᠶ ᠣᠪᠣᠭᠣᠨᠠᠵᠣ᠂ ᠭᠠᠳᠠᠭᠰᠢ ᠵᠢᠭᠠᠵᠣ ᠶᠠᠪᠣᠬᠣ ᠪᠠᠨ ᠢᠯᠡᠳᠬᠡᠪᠡ᠃

ᠨᠡᠬᠥᠳᠡᠯ ᠤᠨ ᠴᠣᠪᠣᠭ᠎ᠠ ᠬᠦᠳᠥᠯ ᠤᠨ ᠣᠷᠣᠢ ᠲᠡᠬᠡᠷ᠎ᠡ ᠵᠠᠯᠠᠨ ᠢ ᠬᠦᠯᠢᠶᠡᠵᠦ ᠪᠠᠢ᠌ᠪᠠ᠃ ᠲᠠᠮᠠᠭᠠᠳᠣ ᠴᠡᠷᠢᠭ᠌ ᠢᠷᠡᠮᠡᠭ᠍ᠴᠡ ᠬᠠᠮ ᠲᠡᠷᠬᠡᠨ ᠳᠤ ᠪᠠᠢ᠌ᠭᠰᠠᠨ ᠬᠦᠮᠥᠰ ᠢ ᠪᠦᠬᠥᠨ ᠢ ᠬᠦᠬᠡᠬᠡᠨ ᠪᠠᠭᠣᠯᠭᠠᠵᠣ᠂ ᠶᠣᠯᠬᠣᠭᠣᠷ ᠬᠡᠳᠡᠰᠣᠲᠦ᠂ ᠦᠨᠳᠥᠷ ᠰᠠᠯᠳᠠᠭᠠᠳᠣ ᠬᠣᠶᠠᠷ ᠵᠠᠬ᠎ᠠ ᠲᠠᠷᠠᠭᠠᠯᠠᠨ ᠦᠵᠡᠭ᠍ᠰᠡᠨ ᠪᠣᠯᠪᠠᠴᠣ ᠡᠷᠢᠵᠣ ᠪᠠᠢ᠌ᠭ᠎ᠠ ᠬᠦᠮᠥᠨ ᠶᠢᠠᠨ ᠣᠯᠣᠭᠰᠠᠨ ᠦᠭᠡᠶ᠃ ᠦᠨᠳᠥᠷ ᠰᠠᠯᠳᠠᠭᠠᠳᠣ ᠶᠢᠨ ᠮᠤᠬᠤᠷ ᠠᠭᠠᠰᠢ ᠨᠢ ᠬᠦᠳᠡᠯᠵᠦ᠂ ᠫᠣᠤ ᠪᠠᠨ ᠠᠪᠣᠮᠠᠭᠴᠠ ᠴᠠᠭᠠᠳᠣ ᠬᠢᠷ᠎ᠠ ᠲᠡᠬᠡᠬᠥᠷ ᠬᠦᠶᠥᠵᠦ ᠪᠠᠢ᠌ᠭᠰᠠᠨ ᠨᠣᠬᠠᠢ ᠶᠢ ᠵᠢᠭᠠᠵᠣ ᠭᠣᠬᠠᠳᠠᠬᠣ ᠶᠢᠨ ᠭ᠍ᠱᠡᠨ ᠳᠤ ᠬᠠᠯᠳᠠᠷ ᠦᠯᠥᠭᠴᠢᠨ ᠭᠠᠰᠠᠯᠬᠣ ᠶᠢᠨ ᠵᠠᠪ ᠭᠠᠷᠣᠭᠰᠠᠨ ᠦᠭᠡᠶ ᠮᠠᠯᠠᠭᠠᠢ ᠬᠡᠶ᠋‍ᠢᠰᠴᠦ ᠣᠨᠠᠭᠰᠠᠨ ᠰᠢᠭ ᠨᠠᠪᠳᠠᠰᠬᠢᠨ ᠣᠨᠠᠪᠠ᠃ ᠵᠠᠯᠠᠨ ᠤ ᠴᠢᠷᠠᠢ ᠨᠢ ᠬᠣᠵᠶ᠋‍ᠢᠰᠬᠢᠨ ᠲᠠᠭᠵᠢᠵᠣ ᠠᠪᠣᠯ᠎ᠠ᠃ ᠦᠨᠳᠥᠷ ᠰᠠᠯᠳᠠᠭᠠᠳᠣ ᠫᠣᠤ ᠶᠢᠨ ᠠᠮᠨ ᠪᠠᠨ ᠵᠠᠯᠠᠨ ᠤ ᠡᠰᠡᠷᠬᠥ ᠬᠠᠠᠳᠣᠭᠣᠯᠵᠣ᠂ ᠠᠯᠬᠤᠮ ᠠᠯᠬᠤᠮ  ᠶᠢᠠᠷ ᠤᠢ᠌ᠷᠠᠳᠣᠨ ᠣᠴᠢᠪᠠ᠃ ᠲᠡᠬᠡᠳᠡᠯ᠎ᠡ ᠭᠠᠶᠠ᠄

᠊᠊᠊᠊᠊᠊᠊᠊᠊᠊᠊᠊᠊᠊᠊ ᠡᠳᠠ᠂ ᠨᠢᠩᠪᠣ ᠶᠢ ᠡᠷᠢᠵᠣ ᠪᠠᠢ᠌ᠨ᠎ᠠ ᠬᠡᠪᠡ᠃ ᠲᠠᠷᠠ ᠴᠡᠷᠢᠭ᠌ ᠣᠷᠪᠠᠵᠣ ᠬᠠᠠᠳᠣᠭᠠᠳ ᠭᠠᠶᠠ ᠶᠢ ᠬᠠᠷᠠᠨ᠎ᠠ᠃

᠊᠊᠊᠊᠊᠊᠊᠊᠊᠊᠊᠊᠊᠊᠊ ᠴᠢ ᠶᠠᠭᠠᠬᠢᠵᠣ ᠮᠠᠳᠠᠪᠠ︖ ᠬᠡᠵᠦ ᠡᠴᠢᠬᠡ ᠨᠢ ᠰᠠᠠᠳᠣᠷᠣᠨ ᠠᠰᠠᠭᠣᠪᠠ᠃ ᠭᠠᠶᠠ ᠲᠠᠬᠢᠨ ᠠᠮᠨ ᠨᠡᠬᠡᠬᠡᠬᠥ ᠬᠡᠳᠡᠯ᠎ᠡ ᠨᠢᠴᠢᠭ᠍‍ᠮ᠎ᠡ ᠠᠷᠤ ᠡᠴᠡ ᠨᠢ ᠲᠠᠳᠠᠪᠠ᠃ ᠲᠡᠬᠥᠨ ᠤ ᠨᠢᠳᠣᠨ ᠡᠴᠡ ᠠᠶᠣᠭᠰᠠᠨ᠂ ᠭᠣᠶᠣᠭᠰᠠᠨ ᠬᠠᠷᠠᠴᠠ ᠢᠯᠠᠷᠠᠵᠣ ᠪᠠᠢ᠌ᠯ᠎ᠠ᠃ ᠭᠠᠶᠠ ᠲᠡᠬᠡᠨᠡᠯᠵᠡᠪᠡ᠃ 《ᠴᠢ ᠨᠠᠮᠢ᠋ᠢ ᠰᠠᠨᠠᠬᠣ ᠦᠦ︖》 ᠬᠡᠵᠦ ᠭᠣᠣᠯ ᠤᠨ ᠡᠷᠬᠢᠨ ᠲᠡᠬᠡᠷ᠎ᠡ ᠨᠢᠴᠢᠭ᠍‍ᠮ᠎ᠡ ᠶᠢᠨ ᠠᠰᠠᠭᠣᠵᠣ ᠪᠠᠢ᠌ᠭᠰᠠ ᠪᠣᠳᠣᠭᠳᠠᠨ᠎ᠠ᠃ ᠲᠡᠬᠡᠳᠡᠯ᠎ᠡ ᠪᠠᠰᠠ ᠰᠠᠷᠠ ᠲᠡᠶ ᠰᠦᠨᠢ ᠨᠢᠴᠢᠭ᠍‍ᠮ᠎ᠡ᠂ ᠨᠢᠩᠪᠣ ᠶᠢᠨ ᠡᠯᠢᠬᠡᠨ ᠳᠤ ᠪᠠᠢ᠌ᠭᠰᠠᠨ ᠲᠥᠷᠢ ᠨᠢᠳᠣᠨ ᠳ᠋ᠤᠨᠢ ᠦᠵᠡᠭ᠍ᠳᠡᠵᠦ᠂ ᠭᠠᠶᠠ ᠶᠢᠨ ᠵᠢᠷᠥᠬᠡ ᠵᠢ  ᠰᠢᠪᠡᠬᠡᠥᠨ ᠠᠪᠬᠣ ᠰᠢᠭ ᠪᠣᠯᠪᠠ᠃

᠊᠊᠊᠊᠊᠊᠊᠊᠊᠊᠊᠊᠊᠊᠊ ᠨᠢᠩᠪᠣ᠂ ᠰᠣᠭᠳᠣᠭᠰᠠᠨ ᠴᠡᠷᠢᠭ᠌ ᠤᠨ ᠰᠣᠮᠣ ᠶᠢ ᠠᠪᠣᠭᠰᠠᠨ ᠶᠣᠮ︕ ᠬᠡᠵᠦ ᠭᠠᠶᠠ ᠠᠵᠢᠭ ᠴᠤ ᠦᠭᠡᠶ ᠬᠠᠷᠢᠭᠣᠯᠪᠠ᠃ ᠡᠨᠠ ᠦᠶᠡᠰ ᠬᠦᠮᠥᠰ ᠰᠠ‍‌ᠶᠢ ᠡᠪᠠᠰᠣᠨ ᠳᠤ ᠶᠠᠪᠣᠭᠰᠠᠨ ᠨᠢᠩᠪᠣ ᠶᠢ ᠦᠬᠡᠶ᠋‍ᠢᠯᠡᠪᠡ᠃ ᠲᠠᠳᠠ ᠬᠦᠳᠥᠯ ᠤᠨ ᠲᠣᠣᠷ᠎ᠠ ᠲᠡᠷᠬᠡ ᠪᠠᠨ ᠪᠠᠭᠣᠯᠭᠠᠵᠣ ᠨᠠᠷᠠ ᠰᠢᠩᠬᠡᠳᠡᠯ᠎ᠡ ᠬᠦᠯᠢᠶᠡᠭ᠍ᠰᠡᠨ ᠪᠣᠯᠪᠠᠴᠣ ᠨᠢᠩᠪᠣ ᠪᠠᠷ᠎ᠠ ᠦᠭᠡᠶ᠃ ᠡᠨᠠ ᠬᠣᠭᠣᠷᠣᠠᠳᠣ ᠨᠢᠴᠢᠭ᠍‍ᠮ᠎ᠡ ᠠᠯᠠᠭ᠎ᠠ ᠪᠣᠯᠣᠭᠰᠠᠨ ᠢ ᠬᠡᠨ ᠴᠤ ᠣᠪᠠᠢ᠌ᠯᠠᠭᠰᠠᠨ ᠦᠬᠡᠢ ᠪᠠᠢ᠌ᠯ᠎ᠠ᠃

ᠪᠦᠷᠥᠢ ᠪᠣᠯᠬᠣ ᠬᠢᠷᠢ ᠪᠠᠷ ᠨᠢᠩᠪᠣ ᠨᠢᠴᠢᠭ᠍‍ᠮ᠎ᠡ ᠬᠣᠶᠠᠭᠣᠯᠠ ᠰᠢᠷᠭᠠᠯ ᠤᠨ ᠪᠣᠷᠭᠠᠰᠣᠨ ᠳᠤ ᠨᠢᠭᠣᠭᠳᠠᠨ ᠬᠠᠷᠠᠩᠭ᠋ᠣᠢ ᠪᠣᠯᠬᠣ ᠶᠢ ᠬᠦᠯᠢᠶᠡᠪᠡ᠃ ᠬᠡᠬᠡ ᠲᠡᠶ ᠳ᠋ᠤᠨᠢ ᠨᠢᠩᠪᠣ᠂ ᠲᠠᠮᠠᠭᠠᠳᠣ ᠴᠡᠷᠢᠭ᠌ ᠤᠨ ᠪᠠᠭᠣᠳᠠᠯᠯᠠᠭᠰᠠᠨ ᠭᠠᠵᠠᠷ ᠤᠨ ᠪᠠᠢ᠌ᠴᠠ ᠶᠢ ᠯᠠᠪᠯᠠᠭᠰᠠᠨ ᠪᠦᠬᠡᠥᠨ ᠠᠳᠣᠭᠣ ᠬᠣᠷᠢᠵᠣ ᠪᠠᠢ᠌ᠭ᠎ᠠ ᠬᠠᠰᠢᠯᠭ᠎ᠠ ᠡᠴᠡ ᠤᠢ᠌ᠷᠠᠬᠠᠨ ᠡᠮᠠᠬᠡᠯ ᠶᠢᠠᠨ ᠡᠬᠥᠷᠴᠦ ᠠᠪᠠᠴᠢᠭᠠᠳ ᠨᠢᠭᠣᠵᠣ ᠲᠠᠯᠪᠢᠭᠰᠠᠨ ᠪᠠᠢ᠌ᠪᠠ᠃

ᠰᠦᠨᠢ ᠶᠢᠨ ᠬᠦᠰᠢᠬᠡ ᠠᠯᠭᠣᠷ ᠪᠠᠭᠣᠪᠠ᠃ ᠴᠡᠷᠢᠭ᠌ ᠤᠳ ᠢᠯᠨ ᠭᠠᠯ ᠶᠢᠠᠨ ᠲᠣᠭᠣᠷᠢᠨ ᠠᠷᠢᠬᠢᠳᠠᠵᠣ᠂  ᠡᠷᠢᠶᠠᠨ ᠰᠠᠭᠠᠷᠠᠯ ᠣᠷᠢᠯᠠᠨ ᠬᠠᠰᠬᠢᠷᠣᠨ᠎ᠠ᠃ ᠨᠢᠩᠪᠣ᠂ ᠨᠢᠴᠢᠭ᠍‍ᠮ᠎ᠡ ᠶᠢ ᠪᠣᠳᠠᠨ ᠲᠠᠯᠳᠠ ᠨᠢᠭᠣᠯᠭᠠᠵᠣ᠂ ᠦᠪᠡᠷ ᠶᠢᠠᠨ ᠮᠥᠯᠬᠥᠵᠦ ᠣᠴᠢᠭᠠᠳ ᠮᠣᠷᠢ ᠪᠠᠨ ᠭᠠᠷᠭᠠᠵᠣ ᠠᠪᠬᠣ ᠪᠠᠷ ᠪᠣᠯᠪᠠ᠃ ᠨᠢᠩᠪᠣ ᠶᠢᠨ ᠴᠠᠪᠢᠳᠠᠷ ᠬᠡᠬᠡᠷ ᠪᠠᠰᠠ ᠡ᠊ᠠᠳᠠ ᠬᠣᠷᠢᠭᠳᠠᠵᠣ ᠪᠠᠢ᠌ᠬᠣ ᠠᠵᠠᠢ᠃ ᠨᠢᠩᠪᠣ᠂ ᠮᠢᠷᠢᠶᠠᠵᠣ ᠮᠥᠯᠬᠥᠭ᠍ᠰᠠᠬᠡᠷ ᠲ᠋ᠡᠷᠬᠡᠨ ᠲᠣᠣᠷ᠎ᠠ ᠨᠢ ᠰᠢᠷᠭᠣᠵᠣ ᠯᠠᠪᠯᠠᠨ ᠦᠵᠡᠪᠡᠯ ᠬᠡᠳᠥᠨ ᠮᠠᠰᠢᠨ ᠢ ᠪᠥᠭ᠍ᠰᠡ ᠪᠠᠷ ᠨᠢ ᠰᠢᠭᠠᠵᠣ ᠲᠣᠭᠤᠢ᠌ᠯᠠᠨ ᠲᠠᠯᠪᠢᠭᠠᠳ ᠲᠣᠳᠣᠷ᠎ᠠ ᠨᠢ ᠬᠣᠨᠢ ᠬᠣᠷᠢᠵᠣ ᠲᠠᠯᠪᠢᠭᠰᠠᠨ ᠪᠠᠢ᠌ᠪᠠ᠃ ᠬᠡᠳᠥᠨ ᠬᠣᠨᠢ ᠶᠢ ᠲᠡᠷᠬᠡᠨ ᠲᠣᠣᠭᠣᠷ ᠴᠢᠷᠴᠣ ᠭᠠᠷᠭᠠᠭᠠᠳ ᠴᠢᠨᠠᠭᠰᠢ ᠬᠦᠬᠡᠬᠡᠭ᠍ᠰᠡᠨ ᠪᠣᠯᠪᠠᠴᠣ ᠬᠠᠷᠠᠩᠭ᠋ᠣᠢ ᠳᠤ ᠬᠣᠨᠢ ᠪᠦᠬᠡᠮᠨᠡᠷᠠᠬᠡᠥᠨ ᠶᠠᠪᠣᠵᠣ ᠦᠭ᠍‍ᠬᠥᠭ᠍ᠰᠡᠨ ᠦᠭᠡᠶ ᠲᠠᠬᠢᠭᠠᠳ ᠪᠣᠴᠠᠨ ᠢᠷᠡᠭ᠍ᠰᠡᠨ ᠳᠤ ᠲᠠᠷᠠ᠂ ᠬᠣᠨᠢ ᠶᠢ ᠬᠠᠶᠠᠵᠣ ᠴᠢᠨᠠᠭᠰᠢ ᠮᠥᠯᠬᠥᠨ ᠶᠠᠪᠣᠯ᠎ᠠ᠃ ᠨᠠᠯᠢᠶᠠᠳ ᠵᠠᠢ᠌ᠳᠠᠭᠣ ᠭᠠᠵᠠᠷ ᠪᠣᠯᠠᠭ᠎ᠠ ᠪᠣᠯᠠᠵᠣ ᠬᠦᠠᠳᠡᠯᠡᠨ ᠮᠣᠳᠣ ᠪᠠᠷ ᠬᠠᠰᠢᠭᠠᠳ ᠠᠳᠣᠭᠣ ᠬᠣᠷᠢᠵᠣ ᠪᠠᠢ᠌ᠪᠠ᠃ ᠡᠵᠠᠨ ᠤ ᠪᠠᠨ ᠢᠰᠬᠡᠷᠬᠥ ᠶᠢ ᠰᠣᠨᠣᠰᠪᠠᠯ ᠴᠠᠪᠢᠳᠠᠷ ᠬᠡᠬᠡᠷ ᠨᠢ ᠵᠠᠬ᠎ᠠ ᠳ᠋ᠤᠨᠢ ᠬᠦᠷᠥᠬᠡᠥᠨ ᠢᠷᠡᠳᠡᠭ ᠶᠣᠮ᠃ ᠬᠡᠪᠡᠴᠦ ᠬᠠᠷᠠᠭᠣᠯ ᠤᠨ ᠴᠡᠷᠢᠭ᠌ ᠤᠢ᠌ᠷᠬᠠᠨ ᠪᠠᠢ᠌ᠭ᠎ᠠ ᠲᠣᠯᠠ ᠢᠰᠬᠡᠷᠴᠦ ᠪᠣᠯᠬᠣ ᠦᠭᠡᠶ᠃ ᠬᠦᠠᠳᠡᠯᠡᠨ ᠮᠣᠳᠣᠨ ᠡᠴᠡ ᠲᠠᠳᠠᠵᠣ ᠦᠵᠡᠬᠥ ᠳᠤ ᠲᠠᠮᠣᠷ ᠰᠠᠷᠠᠯᠵᠢ ᠪᠠᠷ ᠡᠷᠡᠭ᠍ᠰᠡᠨ ᠪᠠᠢ᠌ᠪᠠ᠃ ᠲᠠᠷᠠ᠂ ᠲᠠᠮᠣᠷ ᠰᠠᠷᠠᠯᠵᠢ ᠶᠢᠨ ᠱᠣᠷᠣ ᠨᠣᠭᠣᠳ ᠢ ᠡᠷᠠᠬᠡᠢ ᠬᠣᠷᠣᠭᠣ ᠪᠠᠷ ᠶᠢᠠᠨ ᠨᠢᠳᠠᠷᠠᠨ ᠣᠶᠠᠭᠠᠰᠣ ᠵᠢ ᠠᠯᠳᠠᠷᠠᠭᠠᠵᠣ ᠬᠣᠷᠢᠶᠠᠨ ᠳᠤ ᠣᠷᠣᠪᠠ᠃ ᠠᠳᠣᠭᠣᠨ ᠲᠣᠮᠳᠠ ᠰᠡᠮᠠᠬᠡᠷ ᠰᠢᠷᠭᠣᠨ ᠨᠠᠮ ᠲᠠᠭᠣ ᠪᠠᠷ ᠢᠰᠬᠡᠷᠬᠥ ᠳᠤ ᠴᠠᠪᠢᠳᠠᠷ ᠬᠡᠬᠡᠷ ᠨᠢ ᠡᠵᠠᠨ ᠤ ᠪᠠᠨ ᠲᠠᠭᠣ ᠶᠢ ᠲᠠᠨᠢᠵᠣ ᠬᠠᠮᠠᠷ ᠶᠢᠠᠨ ᠬᠦᠬᠥᠲᠦᠨᠡᠭ᠍ᠰᠠᠬᠡᠷ ᠵᠠᠬ᠎ᠠ ᠳ᠋ᠤᠨᠢ ᠢᠷᠠᠵᠣ ᠬᠠᠠᠴᠣᠢ ᠬᠣᠷᠮᠣᠢ ᠶᠢ ᠨᠢ ᠦᠨᠥᠷᠯᠡᠬᠥ ᠨᠢ ᠶᠠᠭ 《ᠴᠢ ᠶᠠᠭᠠᠬᠢᠭᠠᠳ ᠰᠠ‍‌ᠶᠢ ᠢᠷᠠᠪᠠ︖》 ᠬᠡᠵᠦ ᠡᠷᠬᠡᠯᠡᠵᠦ ᠪᠠᠢ᠌ᠬᠣ ᠰᠢᠭ ᠪᠠᠢ᠌ᠯ᠎ᠠ᠃ ᠨᠢᠩᠪᠣ᠂ ᠮᠣᠷᠢ ᠪᠠᠨ ᠰᠡᠮᠠᠬᠡᠷ ᠬᠦᠳᠥᠯᠵᠦ ᠭᠠᠷᠣᠭᠠᠳ ᠡᠮᠠᠬᠡᠯ ᠨᠢᠭᠣᠵᠣ ᠲᠠᠯᠪᠢᠭᠰᠠᠨ ᠭᠠᠵᠠᠷ ᠶᠢᠠᠨ ᠢᠷᠠᠵᠣ ᠮᠣᠷᠢ ᠪᠠᠨ ᠡᠮᠠᠬᠡᠯᠯᠡᠪᠡ᠃ ᠭᠠᠨᠵᠣᠭ᠎ᠠ ᠶᠢ ᠨᠢ ᠡᠮᠠᠬᠡᠯ ᠲᠡᠬᠡᠬᠥᠷ ᠶ᠋‍ᠢᠠᠨ ᠬᠣᠯᠪᠣᠨ ᠣᠶᠠᠵᠣ ᠴᠢᠮᠡᠬᠡ ᠭᠠᠷᠭᠠᠬᠣ ᠦᠭᠡᠶ ᠶᠢ ᠬᠢᠴᠢᠶᠡᠬᠥ ᠳᠤ ᠮᠣᠷᠢ ᠨᠢ ᠴᠤ ᠰᠠᠨᠠᠭ᠎ᠠ ᠶᠢ ᠨᠢ ᠮᠡᠳᠡᠭ᠍ᠰᠡᠨ ᠰᠢᠭ᠌ ᠠᠮᠠᠭᠠᠢ ᠪᠠᠨ ᠲᠠᠰᠣ ᠵᠠᠭᠣᠵᠣ ᠬᠠᠵᠠᠭᠠᠷ ᠶᠢᠠᠨ ᠬᠠᠩᠬᠢᠯᠵᠠᠭᠣᠯᠬᠣ ᠦᠭᠡᠶ ᠶᠠᠪᠣᠨ᠎ᠠ᠃ ᠨᠢᠴᠢᠭ᠍‍ᠮ᠎ᠡ ᠦᠬᠡᠳᠡ ᠡᠴᠡ ᠨᠢ ᠲᠣᠰᠴᠣ ᠢᠷᠠᠪᠠ᠃

ᠰᠠᠷᠠ ᠲᠡᠭ᠍ᠳᠡᠯ᠎ᠡ᠃ ᠬᠣᠶᠠᠭᠣᠯᠠ ᠪᠣᠷᠭᠠᠰᠣᠨ ᠲᠣᠮᠳᠠ ᠨᠠᠯᠢᠶᠠᠳ ᠰᠠᠭᠣᠪᠠ᠃ ᠠᠶᠣᠵᠣ ᠪᠠᠯᠠᠳᠠᠭᠰᠠᠨ ᠡᠴᠡ ᠪᠣᠯᠵᠣ ᠨᠢᠴᠢᠭ᠍‍ᠮ᠎ᠡ ᠶ᠋‍ᠢᠨ ᠪᠠᠶ᠎ᠠ ᠨᠢ ᠴᠠᠴᠠᠷᠬᠢᠯᠠᠵᠣ᠂ ᠶᠠᠭᠠᠬᠢᠬᠣ ᠪᠠᠨ ᠣᠯᠬᠣ ᠦᠭᠡᠶ ᠰᠠᠮᠠᠭᠠᠷᠳᠠᠵᠣ ᠪᠠᠢ᠌ᠪᠠ᠃

᠊᠊᠊᠊᠊᠊᠊᠊᠊᠊᠊᠊᠊᠊᠊ ᠨᠢᠩᠪᠣ᠂ ᠪᠢᠳᠠ ᠶᠠᠭᠠᠬᠢᠳᠠᠭ ᠪᠢᠯᠠ︖ ᠨᠢᠩᠪᠣ᠂ ᠰᠠᠷᠠᠨ ᠤ ᠴᠡᠬᠡᠨ ᠲᠣᠶᠠᠭᠠᠨ ᠳᠤ ᠪᠦᠷᠳᠥᠯᠵᠡᠨ ᠬᠠᠷᠠᠭᠳᠠᠬᠣ ᠪᠠᠶᠠᠠᠴᠠᠭᠠᠨ ᠤ ᠣᠷᠣᠢ ᠶᠢ ᠰᠢᠷᠳᠠᠵᠣ ᠬᠡᠰᠡᠭ ᠵᠤᠭᠰᠣᠭᠰᠠᠨ ᠶᠢᠠᠨ ᠨᠢᠴᠢᠭ᠍‍ᠮ᠎ᠡ ᠶᠢᠨ ᠮᠥᠷᠤ ᠪᠠᠷ ᠲᠠᠪᠠᠷᠢᠨ᠄

᠊᠊᠊᠊᠊᠊᠊᠊᠊᠊᠊᠊᠊᠊᠊ ᠬᠣᠶᠠᠭᠣᠯᠠ ᠶᠠᠪᠣᠶ᠎ᠠ︕ ᠬᠡᠯ᠎ᠡ᠃

᠊᠊᠊᠊᠊᠊᠊᠊᠊᠊᠊᠊᠊᠊᠊ ᠬᠠᠮᠢᠭ᠎ᠠ ᠶᠠᠪᠣᠳᠠᠭ ᠪᠢᠯᠠ︖

᠊᠊᠊᠊᠊᠊᠊᠊᠊᠊᠊᠊᠊᠊᠊ ᠭᠠᠵᠠᠷ ᠲᠡᠯᠠᠬᠡᠢ ᠠᠭᠣᠳᠠᠮ ᠶᠣᠮ᠃ ᠮᠠᠨ ᠢ ᠪᠠᠭᠳᠠᠭᠠᠬᠣ ᠭᠠᠵᠠᠷ ᠯᠠᠪ ᠪᠠᠢ᠌ᠨ᠎ᠠ︕ ᠬᠡᠪᠡ᠃ ᠨᠢᠴᠢᠭ᠍‍ᠮ᠎ᠡ ᠦᠬᠡ ᠲᠣᠣᠭᠠᠷᠣᠭᠰᠠᠨ ᠦᠬᠡᠢ᠃ ᠨᠢᠩᠪᠣ ᠶᠢᠨ ᠡᠯᠢᠬᠡᠨ ᠳᠤ ᠨᠠᠭᠠᠯᠳᠣᠨ ᠬᠦᠩᠬᠡᠨ ᠰᠠᠨᠠᠭ᠎ᠠ ᠠᠯᠳᠠᠭᠰᠠᠨ ᠨᠢ 《ᠴᠢ ᠯᠠ ᠮᠠᠳᠠ ᠳ᠋‍ᠠ》 ᠬᠡᠰᠡᠨ ᠰᠢᠭ᠌ ᠪᠠᠢ᠌ᠯ᠎ᠠ᠃ ᠬᠣᠶᠠᠭᠣᠯᠠ ᠮᠣᠷᠢᠨ ᠳᠠᠭᠠᠨ ᠮᠣᠷᠳᠠᠪᠠ᠃ ᠨᠢᠴᠢᠭ᠍‍ᠮ᠎ᠡ ᠶᠢ ᠡᠮᠠᠬᠡᠯ ᠲᠡᠬᠡᠷ᠎ᠡ ᠪᠠᠨ ᠰᠠᠭᠣᠯᠭᠠᠵᠣ᠂ ᠦᠪᠡᠷ ᠶᠢᠠᠨ ᠠᠷᠤ ᠳ᠋ᠤᠨᠢ ᠰᠣᠠᠳᠠᠯᠠᠭᠰᠠᠨ ᠶᠢᠠᠨ ᠴᠠᠪᠢᠳᠠᠷ ᠬᠡᠬᠡᠷ ᠤᠨ ᠲᠠᠰᠢᠶᠠᠨ ᠲᠡᠬᠡᠷ᠎ᠡ ᠰᠣᠮᠣᠨ ᠲᠠᠰᠢᠭᠣᠷ ᠪᠠᠭᠣᠯᠭᠠᠬᠣ ᠳᠤ ᠮᠣᠷᠢ ᠣᠬᠣᠰᠬᠢᠨ ᠲᠡᠪᠬᠡᠷᠡᠯ᠎ᠡ᠃

ᠪᠣᠷᠭᠠᠰᠣᠨ ᠲᠣᠮᠳᠠ ᠡᠴᠡ ᠬᠡᠨᠡᠳᠳᠡ ᠮᠣᠷᠢ ᠰᠣᠠᠳᠠᠯᠠᠭᠰᠠᠨ ᠬᠣᠶᠠᠷ ᠬᠦᠮᠥᠨ ᠰᠣᠮᠣᠳᠠᠨ ᠭᠠᠷᠴᠣ ᠢᠷᠡᠬᠡᠥᠨ 《ᠬᠦᠶ‍ᠢ᠂ ᠬᠠᠢ》 ᠬᠡᠵᠦ ᠬᠠᠰᠬᠢᠷᠬᠣ ᠳᠤ ᠬᠣᠷᠢᠵᠣ ᠪᠠᠢ᠌ᠭᠰᠠᠨ ᠮᠣᠷᠢᠳ ᠨᠠᠳᠭᠣᠨ ᠦᠷᠬᠥᠵᠦ᠂ ᠲᠣᠭᠰᠢᠨ ᠦᠶᠡᠷ ᠰᠢᠭ᠌ ᠮᠣᠳᠣᠨ ᠬᠠᠰᠢᠯᠭ᠎ᠠ ᠶᠢ ᠢᠪ ᠲᠠᠷᠣᠨ ᠭᠠᠷᠴᠣ ᠲᠣᠭᠣᠰᠣ ᠪᠣᠵᠢᠬᠢᠨᠠᠭᠣᠯᠣᠨ ᠲᠠᠪᠬᠢᠯ᠎ᠠ᠃ ᠡᠨᠠ ᠬᠥ ᠬᠡᠨᠡᠳᠳᠡ ᠶᠢᠨ ᠲᠥᠷᠬᠢᠶᠡᠨ ᠳᠤ ᠨᠤᠢ᠌ᠷᠮᠣᠭᠯᠠᠵᠣ ᠪᠠᠢ᠌ᠭᠰᠠᠨ ᠬᠠᠷᠠᠭᠣᠯ ᠤᠨ ᠴᠡᠷᠢᠭ᠌ ᠰᠣᠴᠢᠨ ᠰᠠᠷᠠᠵᠣ᠂ ᠲᠣᠬᠢᠶᠠᠨ ᠫᠣᠤ ᠶᠢ ᠵᠠᠯᠭᠠᠪᠠᠷ ᠬᠡᠲᠦ ᠫᠣᠣᠳᠠᠬᠣ ᠳᠤ ᠨᠠᠮ ᠵᠢᠮ ᠪᠠᠢ᠌ᠭᠰᠠᠨ ᠰᠦᠨᠢ ᠶᠢᠨ ᠣᠭᠳᠠᠷᠭᠣᠢ ᠳᠤ ᠠᠶᠣᠩᠭ᠎ᠠ ᠨᠢᠷᠬᠡᠭ᠍ᠰᠡᠨ ᠰᠢᠭ᠌ ᠲᠣᠯᠬᠢᠰᠣᠯ᠎ᠠ᠃ ᠮᠠᠢ᠌ᠬᠠᠨ ᠳᠤ ᠪᠠᠢ᠌ᠭᠰᠠᠨ ᠴᠡᠷᠢᠭ᠌ ᠤᠳ ᠬᠣᠪᠬᠣ ᠦᠰᠥᠷᠥᠨ ᠪᠣᠰᠴᠣ ᠫᠣᠤ ᠪᠠᠨ ᠰᠢᠬᠥᠷᠡᠨ᠂ ᠮᠣᠷᠢᠳ ᠫᠠᠴᠢᠬᠢᠨᠠᠯᠳᠣᠭᠰᠠᠨ ᠵᠦᠭ᠌ ᠫᠦᠯᠧᠮᠶᠥᠲ᠋ ᠶᠢᠠᠷ ᠰᠥᠷᠴᠢᠬᠥ ᠳᠤ ᠪᠣᠷᠭᠠᠰᠣᠨ ᠨᠠᠮᠠᠭ᠎ᠠ ᠬᠠᠢ᠌ᠴᠢᠨ ᠳᠤ ᠬᠡᠷᠴᠢᠭ᠍ᠳᠡᠭ᠍ᠰᠡᠨ ᠰᠢᠭ᠌ ᠬᠡᠷᠪᠢᠭ᠍ᠳᠡᠨ ᠣᠨᠠᠵᠣ ᠪᠠᠢ᠌ᠯ᠎ᠠ᠃ ᠲᠠᠳᠠ ᠮᠣᠲ᠋ᠣᠷ ᠤᠨ ᠳ᠋ᠸᠩ ᠬᠢᠯᠠᠯᠵᠠᠭᠣᠯᠣᠨ ᠮᠠᠢ᠌ᠬᠠᠨ ᠤ ᠭᠠᠳᠠᠭᠣᠷ ᠡᠷᠬᠢᠯᠳᠣᠨ᠂ ᠨᠠᠳᠤᠢ᠌ᠨ ᠬᠠᠷᠠᠯᠠᠭᠰᠠᠨ ᠪᠣᠷᠭᠠᠰᠣᠨ ᠲᠦᠩ ᠣᠷᠣᠭᠣ ᠰᠣᠮᠣᠨ ᠮᠥᠨᠳᠥᠷ ᠣᠷᠣᠭᠣᠯᠵᠣ ᠣᠷᠣᠭᠣᠯᠣᠭᠠᠳ ᠵᠤᠭᠰᠣᠬᠣ ᠳᠤ ᠠᠭᠣᠯᠠ ᠬᠠᠳᠠᠨ ᠤ ᠲᠣᠮᠳᠠ ᠣᠰᠣᠨ ᠤ ᠲᠣᠯᠬᠢᠶ᠎ᠠ ᠰᠢᠭ ᠴᠣᠣᠷᠢᠶ᠎ᠠ ᠲᠠᠳᠠᠭᠰᠠᠨ ᠶᠢᠠᠨ ᠠᠭᠠᠵᠢᠮ ᠵᠠᠮᠬᠠᠷᠠᠯ᠎ᠠ᠃ ᠮᠣᠷᠢᠳ ᠲᠠᠴᠢᠬᠢᠨᠠᠨ ᠠᠭᠣᠯᠠᠨ ᠬᠢᠷ᠎ᠠ ᠲᠠᠪᠠᠪᠠ᠃

ᠵᠤᠬᠢᠶᠠᠭᠴᠢ᠄ ᠬᠠᠷᠭᠤᠢ
ᠳᠠᠷᠤᠮ᠄ 21741
ᠴᠠᠭ᠄ 2005 ᠤᠨ ᠤ 08 ᠰᠠᠷ᠎ᠠ ᠶᠢᠨ 08
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁