ᠬᠠᠷᠭᠤᠢ ᠄ 《ᠵᠠᠮ ᠤᠨ ᠲᠤᠭᠤᠰᠤ》
ᠨᠢ᠋ᠮᠠ ᠂ ᠬᠢᠯᠠᠭᠠᠨ ᠦᠯᠦᠭᠴᠢᠨ

ᠪᠤᠢ᠌ᠳᠠ ᠪᠦᠭ᠍ᠯᠠᠬᠥᠤ ᠭᠠᠵᠠᠷ ᠤᠨ ᠬᠦᠮᠥᠰ ᠡᠷᠬᠢᠨ ᠲᠣᠭᠣᠷᠢᠨ ᠤ ᠠᠢ᠌ᠯ ᠬᠣᠳᠠ᠂ ᠪᠡᠯᠴᠢᠬᠡᠷ ᠣᠰᠣᠨ ᠤ ᠵᠤᠭᠣᠭ ᠡᠴᠡ ᠦᠬᠡᠷ᠎ᠡ ᠲᠠᠮᠠᠢ ᠶᠠᠭᠣᠮ᠎ᠠ ᠣᠯᠵᠣ ᠰᠣᠨᠣᠰᠳᠠᠭ ᠦᠭᠡᠶ ᠦᠯᠡᠢ ᠲᠥᠯᠡᠢ ᠶᠢᠨ ᠬᠠᠷᠠᠭ᠎ᠠ ᠪᠢᠵᠠ᠂ ᠪᠠᠭ᠎ᠠ ᠯᠠ ᠣᠴᠢᠷ ᠲᠤ ᠶᠡᠬᠡ ᠪᠠᠷ ᠲᠥᠷᠬᠢᠳᠡᠭ ᠨᠢ ᠵᠠᠩᠰᠢᠯ ᠪᠣᠯᠴᠢᠬᠠᠵᠠᠢ᠃ ᠡᠪᠣᠯ ᠤᠨ ᠡᠬᠢ ᠪᠠᠷ ᠬᠡᠨ ᠨᠢᠬᠡ ᠨᠢ ᠨᠢᠬᠡᠳᠥᠯ ᠣᠷᠣᠵᠣ ᠢᠷᠡᠬᠥ ᠳᠡᠭᠡᠨ᠄ 《ᠲᠡᠬᠡᠷ᠎ᠡ ᠡᠴᠡ ᠮᠠᠨ ᠤ ᠠᠢ᠌ᠯ ᠳᠤ ᠲᠣᠮᠣ ᠨᠣᠶᠠᠨ ᠲᠣᠮᠢᠯᠠᠵᠣ ᠢᠷᠡᠬᠦᠯᠤᠨ᠎ᠠ ᠬᠡᠨ᠎ᠡ》 ᠬᠡᠰᠡᠨ ᠴᠢᠮᠡᠬᠡ ᠶᠢ ᠠᠪᠴᠢᠷᠠᠭᠠᠳ᠂ ᠨᠠᠮ ᠵᠢᠮ ᠪᠠᠢ᠌ᠭᠰᠠᠨ ᠪᠢᠴᠢᠬᠠᠨ ᠬᠣᠳᠣᠭᠣᠷ ᠢ ᠪᠠᠰᠠ ᠨᠢᠬᠡ ᠣᠳᠠᠭ᠎ᠠ ᠲᠥᠷᠬᠢᠬᠥᠯᠪᠡ᠃ ᠣᠬᠣᠴᠢᠯᠠᠭᠠᠳ ᠢᠷᠠᠪᠠᠯ ᠡᠨᠠ ᠴᠢᠮᠡᠬᠡ ᠶᠢ ᠵᠠᠮᠪᠠᠯ ᠪᠠᠭᠰᠢ ᠠᠪᠴᠢᠷᠠᠭᠰᠠᠨ ᠪᠠᠢ᠌ᠯ᠎ᠠ᠃ ᠰᠣᠷᠭᠠᠭᠣᠯᠢ ᠶᠢᠨ ᠬᠡᠣᠬᠡᠥᠨ ᠬᠠᠯᠠᠭᠣᠨ ᠨᠠᠮᠣᠷ ᠶᠢᠠᠷ ᠣᠯᠬᠣ ᠶᠣᠰᠣᠳᠠᠢ ᠪᠠᠢ᠌ᠭᠰᠠᠨ ᠰᠢᠨ᠎ᠠ ᠲᠠᠪᠳᠠᠷ ᠶᠢᠠᠨ ᠡᠳᠣᠢ ᠪᠣᠯᠳᠠᠯ᠎ᠠ ᠣᠯᠣᠭ᠎ᠠ ᠦᠬᠡᠢ᠃ ᠬᠠᠭᠣᠴᠢᠨ ᠲᠠᠪᠳᠠᠷ ᠶᠢᠠᠨ ᠠᠷᠤ ᠦᠪᠥᠷ ᠡᠴᠡ ᠨᠢ ᠣᠷᠪᠠᠭᠣᠯᠣᠭᠰᠠᠭᠠᠷ ᠪᠠᠢ᠌ᠭᠠᠳ ᠣᠷᠠᠭᠳᠠᠬᠣ ᠨᠢ ᠣᠷᠠᠭᠳᠠᠵᠣ᠂ ᠡᠯᠡᠭ᠍ᠳᠡᠬᠥ ᠨᠢ ᠡᠯᠡᠭ᠍ᠳᠡᠬᠡᠥᠨ ᠰᠠᠯᠠᠩ ᠡᠮ᠎ᠠ ᠶᠢᠨ ᠨᠠᠭᠠᠭᠰᠠᠨ ᠴᠠᠪᠣᠭ ᠰᠢᠭ ᠶᠠᠭᠣᠮ᠎ᠠ ᠪᠣᠯᠵᠠᠢ᠃ ᠢᠩᠬᠢᠬᠡᠥᠨ ᠵᠠᠮᠪᠠᠯ ᠪᠠᠭᠰᠢ ᠲᠠᠪᠳᠠᠷ ᠤᠨ ᠣᠴᠢᠷ ᠲ᠋ᠤ ᠨᠢᠬᠡᠳᠥᠯ ᠣᠷᠣᠭᠠᠳ ᠡᠨᠠ ᠴᠢᠮᠡᠬᠡ ᠶᠢ ᠠᠪᠴᠢᠷᠠᠭᠰᠠᠨ ᠶᠣᠮ᠃ ᠲᠠᠮᠷᠢᠨ ᠱᠦᠵᠢ ᠡᠬᠥᠨ ᠢ ᠰᠣᠨᠣᠰᠣᠭᠰᠠᠨ ᠪᠣᠯᠪᠠᠴᠣ ᠶᠠᠭᠣᠮᠠᠨ ᠳᠤ ᠪᠣᠳᠣᠭᠰᠠᠨ ᠦᠭᠡᠶ᠃ ᠮᠦᠨ ᠯᠠ ᠨᠠᠪᠴᠢᠨ ᠲᠠᠮᠠᠬᠢ ᠪᠠᠨ ᠪᠦᠲᠦᠬᠥᠬᠡᠨ ᠣᠷᠢᠶᠠᠵᠣ᠄

᠊᠊᠊᠊᠊᠊᠊᠊᠊᠊᠊᠊᠊᠊᠊ ᠲᠠᠨᠣᠰ ᠪᠢᠳᠡᠬᠡᠢ ᠭᠣᠳ ᠱᠣᠳ ᠬᠡᠵᠦ ᠬᠡᠳᠡᠬᠡᠨᠡᠳᠡᠬᠡᠥᠨ ᠪᠠᠢ︕ ᠬᠡᠨ ᠢᠷᠠᠯ᠎ᠠ ᠬᠡᠥᠨ ᠪᠢᠳᠠ ᠬᠢᠬᠥ ᠪᠠᠷ ᠶᠢᠠᠨ ᠬᠢᠨ᠎ᠠ᠃ ᠰᠣᠨᠣᠰᠬᠣ ᠳᠤ ᠨᠢᠳᠣᠨᠣᠨ ᠵᠤᠨ ᠪᠠᠷᠠᠭᠣᠨ ᠠᠢ᠌ᠯ ᠳᠤ ᠪᠠᠭᠣᠭᠰᠠᠨ ᠲᠠᠷᠠ ᠨᠣᠶᠠᠨ ᠨᠢ ᠶᠠᠭᠠᠬᠢᠯ᠎ᠠ ᠬᠡᠨ᠎ᠡ︖ ᠵᠦᠪ ᠵᠦᠬᠡᠷ ᠪᠠᠢ᠌ᠭᠰᠠᠨ ᠪᠣᠬᠠᠨ ᠪᠦᠬᠡᠷ᠎ᠡ ᠵᠢ ᠠᠪᠴᠣ ᠬᠠᠶᠠᠭᠠᠳ ᠡᠬᠥᠯᠳᠡᠷ ᠰᠠᠢ᠌ᠵᠢᠷᠠᠭᠣᠯᠣᠨ᠎ᠠ ᠬᠡᠵᠦ ᠦᠨᠢᠶᠡᠨ ᠪᠥᠭ᠍ᠰᠡ ᠶᠢ ᠴᠢᠴᠢᠯᠠᠵᠣ ᠭᠣᠪᠢᠭᠰᠠᠭᠠᠷ ᠪᠠᠢ᠌ᠭᠠᠳ ᠪᠦᠬᠥᠳᠡ ᠵᠢ ᠰᠣᠪᠠᠢ᠌ᠷᠠᠭᠣᠯᠣᠭᠠᠳ ᠠᠮᠠᠷᠠᠭᠰᠠᠨ ᠬᠡᠨ᠎ᠡ᠃ ᠮᠠᠨ ᠤ ᠡ᠊ᠠᠳᠠ ᠲᠠᠢ᠌ᠮᠣ ᠨᠣᠶᠠᠨ ᠨᠢ ᠢᠷᠡᠬᠥ ᠦᠭᠡᠶ ᠪᠣᠯ ᠪᠣᠷᠬᠠᠨ ᠳᠠᠭᠠᠨ ᠵᠠᠯᠪᠠᠷᠢ ᠪᠠ︕ ᠬᠡᠵᠦ ᠣᠳᠣᠭ᠎ᠠ ᠪᠠᠭᠠᠬᠢᠭᠣᠯᠣᠨ ᠰᠠᠭᠣᠨ᠎ᠠ᠃ ᠡᠷᠬᠡ ᠬᠠᠷᠢᠨ ᠡᠨᠠ ᠴᠢᠮᠡᠬᠡ ᠶᠢ ᠰᠣᠨᠣᠰᠣᠭᠠᠳ ᠰᠠᠭᠣᠳᠠᠯ ᠦᠭᠡᠶ ᠣᠪᠣᠭᠣᠨᠠᠵᠣ᠂ ᠲᠠᠷᠠ ᠣᠷᠣᠢ ᠳᠠᠭᠠᠨ ᠵᠠᠮᠪᠠᠯ ᠪᠠᠭᠰᠢ ᠶᠢᠨ ᠪᠠᠢ᠌ᠷᠢ ᠳᠤ ᠬᠦᠶᠥᠵᠦ ᠬᠦᠷᠥᠬᠡᠥᠨ᠄

᠊᠊᠊᠊᠊᠊᠊᠊᠊᠊᠊᠊᠊᠊᠊ ᠲᠡᠬᠡᠷ᠎ᠡ ᠡᠴᠡ ᠬᠡᠨ ᠢᠷᠡᠳᠡᠭ ᠪᠣᠯ︖ ᠬᠡᠵᠦ ᠯᠠᠪᠯᠠᠪᠠ᠃

᠊᠊᠊᠊᠊᠊᠊᠊᠊᠊᠊᠊᠊᠊᠊ ᠬᠡᠨ ᠢᠷᠡᠬᠥ ᠶᠢ ᠪᠢ ᠴᠤ ᠲᠣᠳᠣᠷᠬᠠᠢ ᠮᠡᠳᠡᠬᠥ ᠦᠭᠡᠶ᠃ ᠨᠢᠬᠡᠳᠥᠯ ᠲᠡᠬᠡᠷ᠎ᠡ 《ᠨᠣ᠊ ᠱᠦᠵᠢ ᠢᠷᠠᠨ᠎ᠠ》 ᠬᠡᠵᠦ ᠬᠡᠯᠡᠯᠴᠡᠵᠦ ᠪᠠᠢ᠌ᠨ᠎ᠠ᠃ 《ᠬᠡᠨ ᠨᠢ ᠨᠣ᠊ ᠱᠦᠵᠢ ᠪᠣᠯᠴᠢᠬᠠᠪᠠ︖》 ᠬᠡᠵᠦ ᠵᠠ᠊ ᠪᠠᠭᠰᠢ ᠬᠡᠳᠡᠷᠬᠥ ᠠᠰᠠᠭᠣᠪᠠ᠃ ᠨᠢᠬᠡᠳᠥᠯ ᠤᠨ ᠬᠡᠳᠥᠨ ᠲᠠᠷᠣᠭ᠎ᠠ ᠶᠢ ᠡᠷᠬᠡ ᠪᠦᠷ ᠲᠠᠨᠢᠳᠠᠭ᠃ ᠨᠣ᠊ ᠲᠣᠯᠣᠭᠠᠢ ᠪᠠᠷ ᠡᠬᠢᠯᠡᠭ᠍ᠰᠡᠨ ᠨᠡᠷ᠎ᠡ ᠲᠡᠶ ᠬᠦᠮᠥᠨ ᠬᠡᠪᠡᠯ ᠭᠠᠭᠴᠠ ᠨᠣᠷᠵᠢᠮ᠎ᠠ ᠬᠡᠳᠡᠭ ᠡᠮᠡᠭ᠍ᠳᠡᠢ᠌ᠴᠥᠥᠨ ᠤᠨ ᠬᠣᠯᠪᠣᠭᠠᠨ ᠤ ᠡᠷᠬᠢᠯᠡᠭ᠍ᠴᠢ ᠡᠮᠡᠭ᠍ᠳᠡᠢ ᠪᠠᠢ᠌ᠳᠠᠭ᠃ ᠬᠡᠪᠡᠴᠦ ᠲᠠᠷᠠ ᠡ᠊ᠠᠳᠠ ᠢᠷᠡᠬᠥ ᠪᠣᠯᠣᠯᠴᠠᠭ᠎ᠠ ᠦᠭᠡᠶ᠃ ᠪᠠᠷᠣᠭ ᠯᠠ ᠬᠣᠰᠢᠭᠣᠨ ᠡᠴᠡ ᠲᠣᠮᠢᠯᠠᠭᠰᠠᠨ ᠨᠣᠶᠠᠨ ᠪᠠᠢ᠌ᠬ᠎ᠠ︖ ᠬᠡᠵᠦ ᠡᠷᠬᠡ ᠲᠣᠳᠣᠷ᠎ᠠ ᠪᠠᠨ ᠲᠣᠩᠭ᠋ᠠᠨ᠎ᠠ᠃

ᠡᠪᠣᠯ ᠤᠨ ᠡᠬᠢᠨ ᠤ ᠴᠠᠰᠣ ᠰᠢᠭᠣᠷᠭ᠎ᠠ ᠲᠡᠶ ᠨᠢᠬᠡ ᠡᠳᠣᠷ ᠤᠨ ᠦᠳᠡ ᠬᠡᠯᠪᠡᠢ᠌ᠬᠥ ᠦᠶ᠎ᠡ ᠪᠠᠷ ᠣᠪᠣᠭ᠎ᠠ ᠠᠢ᠌ᠯ ᠤᠨ ᠪᠠᠷᠠᠭᠣᠨ ᠡᠮᠣᠨ᠎ᠠ ᠡᠴᠡ ᠣᠷᠣᠵᠣ ᠢᠷᠡᠭ᠍ᠰᠡᠨ ᠰᠢᠷ᠎ᠠ ᠵᠠᠮ ᠶᠢᠠᠷ ᠬᠠᠷ᠎ᠠ ᠵᠢᠷᠣᠭ᠎ᠠ ᠮᠣᠷᠢ ᠣᠨᠣᠭᠰᠠᠨ ᠨᠢᠬᠡ ᠬᠦᠮᠥᠨ ᠰᠠᠯᠬᠢ ᠰᠥᠷᠥᠨ ᠵᠢᠣᠠᠬᠥᠬᠥᠯᠥᠭᠰᠠᠬᠡᠷ ᠰᠢᠭᠣᠳ ᠬᠣᠷᠠᠯ ᠤᠨ ᠬᠡᠷ ᠤᠨ ᠡᠬᠥᠳᠡᠨ ᠳᠤ ᠢᠷᠠᠵᠣ ᠪᠠᠭᠣᠪᠠ᠃ ᠦᠨᠳᠥᠷᠬᠡᠨ ᠪᠠᠶ᠎ᠠ ᠲᠡᠶ ᠲᠠᠷᠠ ᠬᠦᠮᠥᠨ ᠤ ᠨᠢᠭᠣᠷ ᠴᠢᠷᠠᠢ ᠨᠢ ᠦᠨᠡᠬᠡᠨ ᠯᠣᠪᠣᠣᠵᠠ ᠳᠤ ᠬᠠᠯᠬᠠᠯᠠᠭᠳᠠᠵᠣ᠂ ᠴᠢᠬᠢᠪᠴᠢ ᠳᠤ ᠨᠢ ᠬᠦᠷᠳᠡᠯ᠎ᠡ ᠴᠠᠢ᠌ᠷᠠᠩᠳᠣᠨ ᠴᠠᠩᠳᠣᠭᠠᠳ ᠵᠦᠪᠬᠡᠨ ᠬᠣᠷᠴᠠ ᠬᠣᠶᠠᠷ ᠨᠢᠳᠣ ᠨᠢ ᠦᠨᠳᠥᠷ ᠦᠰᠤ ᠲᠡᠶ ᠦᠨᠡᠬᠡᠨ ᠮᠠᠯᠠᠭᠠᠢ ᠶᠢᠨ ᠲᠣᠳᠣᠷ᠎ᠠ ᠡᠴᠡ ᠬᠢᠯᠠᠯᠵᠠᠵᠣ ᠪᠠᠢ᠌ᠪᠠ᠃ ᠨᠣ᠊ ᠱᠦᠵᠢ ᠦᠨᠡᠬᠡᠷ ᠢᠷᠡᠴᠢᠬᠡᠭ᠍ᠰᠡᠨ ᠪᠠᠢ᠌ᠯ᠎ᠠ᠃ ᠡᠨᠠ ᠨᠢ ᠦᠬᠡᠷ᠎ᠡ ᠬᠦᠮᠥᠨ ᠪᠢᠰᠢ ᠨᠣᠬᠠᠳᠠᠢ ᠪᠠᠢ᠌ᠯ᠎ᠠ᠃

ᠰᠢᠨ᠎ᠠ ᠨᠣᠶᠠᠨ ᠤ ᠭᠣᠷᠪᠠᠨ ᠰᠦᠬᠡ ᠬᠡᠳᠡᠭ ᠶᠢᠠᠷ ᠨᠣ᠊ ᠱᠦᠵᠢ ᠲᠥᠷᠣᠬᠥᠤ ᠫᠣᠤ ᠪᠠᠨ ᠶᠠᠭᠠᠬᠢᠵᠣ ᠲᠠᠯᠪᠢᠳᠠᠭ ᠪᠣᠯ︖ ᠬᠡᠵᠦ ᠠᠢ᠌ᠯ ᠤᠨ ᠬᠦᠮᠥᠰ ᠴᠢᠮᠡᠬᠡᠷᠬᠡᠵᠦ ᠪᠠᠢ᠌ᠪᠠ᠃ ᠲᠠᠮᠷᠢᠨ ᠱᠦᠵᠢ ᠠᠢ᠌ᠯ ᠤᠨ ᠶᠢᠠᠨ ᠪᠠᠢ᠌ᠳᠠᠯ ᠢ ᠨᠣ᠊ ᠱᠦᠵᠢ ᠳᠤ ᠬᠠᠷᠢᠭᠣ ᠮᠡᠳᠡᠬᠥᠯᠪᠡ᠃ ᠡᠨᠠ ᠬᠣᠭᠣᠷᠣᠠᠳᠣ ᠡ᠊ ᠡᠷᠬᠢᠯᠡᠭ᠍ᠴᠢ᠂ ᠨᠣ᠊ ᠱᠦᠵᠢ ᠶᠢ ᠰᠡᠬᠥᠳᠡᠷ ᠮᠠᠳᠣ ᠰᠠᠯᠣᠯ ᠦᠭᠡᠶ ᠲᠠᠭᠠᠵᠣ᠂ ᠦᠪᠡᠷ ᠤᠨ ᠪᠠᠶ᠎ᠠ ᠪᠠᠷ ᠶᠢᠠᠨ ᠲᠥᠯᠠᠬᠡ ᠲᠦᠯᠡᠰᠢ ᠶᠢ ᠤᠢ᠌ᠷᠠᠳᠣᠭᠣᠯᠣᠨ᠂ ᠣᠰᠣ ᠴᠠᠢ ᠪᠣᠴᠠᠯᠭᠠᠵᠣ ᠪᠥᠭ᠍ᠴᠥᠬᠡᠨᠡᠬᠡᠥᠨ ᠶᠠᠪ ᠶᠠᠭᠠᠷᠠᠤ ᠪᠠᠢ᠌ᠯ᠎ᠠ᠃

ᠪᠠᠷᠢᠭᠠᠳᠠ ᠲᠡᠬᠡᠷ᠎ᠡ 《ᠭᠠᠰᠢᠭᠣᠨ ᠶᠢᠠᠨ ᠲᠣᠭᠠᠴᠢᠬᠤ ᠬᠣᠷᠠᠯ》 ᠪᠣᠯᠪᠠ᠃ ᠡᠨᠠ ᠨᠢ ᠨᠣ᠊ ᠱᠦᠵᠢ ᠶᠢᠨ ᠲᠥᠷᠣᠬᠥᠤ ᠰᠦᠬᠡ ᠪᠠᠢ᠌ᠯ᠎ᠠ᠃ ᠬᠣᠷᠠᠯ ᠡᠬᠢᠯᠡᠮᠡᠭ᠍ᠴᠡ ᠨᠣ᠊ ᠱᠦᠵᠢ ᠥᠩᠬᠡᠷᠡᠭ᠍ᠰᠡᠨ ᠤ ᠭᠠᠰᠢᠭᠣᠨ ᠵᠤᠪᠠᠭᠣᠷᠢ᠂ ᠬᠠᠭᠣᠴᠢᠨ ᠨᠡᠢ᠌ᠬᠡᠮ ᠳᠤ ᠠᠮᠰᠠᠭᠰᠠᠨ ᠬᠠᠯᠠ ᠵᠤᠪᠠᠯᠠᠩ ᠶ᠋‍ᠢᠠᠨ ᠮᠠᠷᠳᠠᠵᠣ ᠪᠣᠯᠬᠣ ᠦᠭᠡᠶ ᠬᠡᠬᠥ ᠵᠠᠷᠬᠡ ᠪᠠᠷ ᠶᠠᠷᠢᠶ᠎ᠠ ᠲᠠᠯᠪᠢᠵᠣ᠄

᠊᠊᠊᠊᠊᠊᠊᠊᠊᠊᠊᠊᠊᠊᠊ ᠣᠳᠣ ᠶᠠᠳᠠᠭᠣ ᠮᠠᠯᠴᠢᠨ ᠤ ᠲᠥᠯᠣᠬᠡᠯᠡᠭ᠍ᠴᠢ ᠰᠠ᠊ ᠁ ᠬᠡᠥᠨ ᠲᠣᠷᠴᠢᠬᠠᠪᠠ᠃ 《ᠰᠠᠬᠠᠯᠳᠣ ᠡᠶᠢ》 ᠬᠡᠵᠦ ᠬᠡᠯᠡᠬᠥ ᠬᠡᠰᠡᠨ ᠢᠶᠡᠨ ᠨᠡᠷ᠎ᠡ ᠶᠢ ᠨᠢ ᠮᠡᠳᠡᠬᠥ ᠦᠭᠡᠶ ᠪᠤᠯᠬᠤᠷ ᠲᠣᠯᠣᠭᠠᠢ ᠲᠠᠮᠠᠷᠣᠳᠠᠪᠠ᠃ ᠨᠣ᠊ ᠱᠦᠵᠢ ᠴᠣᠮᠣ ᠲᠡᠶ ᠴᠠᠢ ᠡᠴᠡ ᠨᠢᠬᠡ ᠣᠭᠣᠴᠢᠨ᠄

᠊᠊᠊᠊᠊᠊᠊᠊᠊᠊᠊᠊᠊᠊᠊ ᠰᠠᠬᠠᠯᠳᠣ ᠡᠶᠢ ᠡᠴᠡ ᠬᠠᠭᠣᠴᠢᠨ ᠨᠡᠢ᠌ᠬᠡᠮ ᠳᠤ ᠠᠮᠰᠠᠭᠰᠠᠨ ᠬᠠᠯᠠ ᠵᠤᠪᠠᠯᠠᠩ ᠶᠢᠠᠨ ᠣᠯᠠᠨ ᠳᠤ ᠲᠣᠭᠠᠴᠢᠵᠣ ᠦᠭ᠍‍ᠬᠥᠨ᠎ᠡ︕ ᠬᠡᠪᠡ᠃ ᠬᠣᠶᠠᠷ ᠡᠷᠣᠬᠡ ᠶᠢᠨ ᠴᠡᠷᠢᠭ᠌᠂ ᠰᠠᠬᠠᠯᠳᠣ ᠡᠶᠢ ᠶᠢ ᠰᠣᠭᠣᠳᠠᠨ ᠠᠪᠴᠢᠷᠠᠭᠠᠳ ᠣᠯᠠᠨ ᠤ ᠡᠮᠣᠨ᠎ᠠ ᠲᠠᠯᠪᠢᠭᠰᠠᠨ ᠲᠥᠷᠪᠡᠯᠵᠢᠨ ᠮᠣᠳᠣᠨ ᠰᠠᠠᠳᠠᠯᠢ ᠲᠡᠬᠡᠷ᠎ᠡ ᠰᠠᠭᠣᠯᠭᠠᠪᠠ᠃ ᠰᠠᠬᠠᠯᠳᠣ ᠡᠶᠢ ᠶᠢᠨ ᠨᠢᠳᠣ ᠨᠢ ᠰᠢᠷᠬᠢᠵᠣ᠂ ᠰᠣᠷᠮᠣᠣᠰᠣ ᠦᠭᠡᠶ ᠪᠣᠯᠣᠭᠰᠠᠨ ᠬᠣᠶᠠᠷ ᠵᠤᠪᠬᠢ ᠨᠢ ᠨᠡᠬᠡᠬᠡᠭ᠍ᠳᠡᠬᠥ ᠦᠭᠡᠶ ᠪᠣᠯᠣᠭᠰᠠᠨ ᠡᠴᠡ ᠬᠠᠷᠠᠭ᠎ᠠ ᠲᠡᠶ ᠡᠰᠠᠬᠥ ᠶᠢ ᠨᠢ ᠬᠡᠨ ᠴᠤ ᠮᠡᠳᠡᠬᠥ ᠦᠭᠡᠶ᠃

᠊᠊᠊᠊᠊᠊᠊᠊᠊᠊᠊᠊᠊᠊᠊ ᠬᠡᠣᠬᠡᠥᠨ ᠡ︕ ᠬᠡᠵᠦ ᠣᠯᠠᠨ ᠤ ᠦᠬᠡᠳᠡ ᠡᠴᠡ ᠭᠠᠷ ᠵᠠᠩᠭ᠋ᠠᠬᠣ ᠬᠡᠥᠨ ᠬᠣᠭᠣᠰᠣᠨ ᠬᠡᠷᠡᠮ ᠦᠬᠡᠳᠡ ᠵᠢᠭᠠᠴᠢᠬᠠᠭᠰᠠᠨ ᠶᠢᠠᠷ ᠦᠵᠡᠬᠥ ᠳᠤ ᠠᠯᠢ ᠡᠷᠳᠠ ᠬᠠᠷᠠᠭ᠎ᠠ ᠪᠠᠨ ᠠᠯᠳᠠᠭᠰᠠᠨ ᠪᠣᠯᠣᠯᠳᠠᠢ᠃ ᠬᠣᠶᠠᠷ ᠡᠷᠣᠬᠡ ᠶᠢᠨ ᠴᠡᠷᠢᠭ᠌ ᠬᠦᠷᠴᠦ ᠢᠷᠡᠬᠡᠥᠨ ᠰᠠᠠᠳᠠᠯᠢ ᠲ᠋ᠠᠢ ᠨᠢ ᠡᠷᠬᠥᠵᠦ ᠠᠪᠣᠭᠠᠳ ᠣᠯᠠᠨ ᠤ ᠦᠬᠡᠳᠡ ᠲᠡᠭ᠍ᠰᠢ ᠬᠠᠷᠠᠭᠣᠯᠣᠨ ᠰᠠᠭᠣᠯᠭᠠᠪᠠ᠃

᠊᠊᠊᠊᠊᠊᠊᠊᠊᠊᠊᠊᠊᠊᠊ ᠮᠠᠠᠵᠣ ᠶᠢᠨ ᠦᠶ᠎ᠡ ᠶᠢᠨ ᠣᠴᠢᠷ ᠢ ᠬᠡᠯᠡᠬᠥ ᠶᠣᠮ ᠪᠣᠯ ᠡᠶᠢ ᠨᠢ ᠬᠡᠳᠥᠨ ᠰᠦᠨᠢ ᠬᠡᠳᠥᠨ ᠡᠳᠣᠷ ᠶᠠᠷᠢᠭᠠᠳ ᠪᠠᠷᠠᠬᠣ ᠦᠭᠡᠶ᠃ ᠲᠠᠷᠠ ᠦᠶ᠎ᠡ ᠳᠤ ᠪᠢ ᠲᠠᠷᠪᠠ ᠵᠠᠯᠠᠨ ᠤ ᠳᠤ ᠵᠠᠷᠣᠭᠳᠠᠵᠣ ᠪᠠᠢ᠌ᠭᠰᠠᠨ ᠶᠣᠮ᠃ ᠢᠳᠠᠵᠣ ᠡᠮᠥᠰᠬᠥ ᠳᠡᠭᠡᠨ ᠵᠦᠪ ᠦᠭᠡᠶ ᠣᠴᠢᠷ ᠡᠴᠡ ᠡᠪᠥᠬᠡᠨ ᠶᠢᠠᠨ ᠦᠬᠥᠬᠥ ᠳᠤ ᠠᠳᠠᠭ ᠨᠢ ᠡᠪᠬᠡᠬᠥ ᠴᠢᠬᠢᠷᠰᠣ ᠴᠤ ᠦᠭᠡᠶ ᠪᠠᠢ᠌ᠯ᠎ᠠ᠃ ᠲᠡᠬᠡᠬᠥ ᠳᠤ ᠲᠠᠷᠪᠠ ᠵᠠᠯᠠᠨ᠂ ᠡᠪᠥᠬᠡᠨ ᠢ ᠮᠢᠨᠢ ᠣᠷᠣᠰᠢᠭᠣᠯᠵᠣ ᠦᠭ᠍‍ᠬᠥᠭ᠍ᠰᠡᠨ ᠶᠣᠮ᠃ ᠪᠢ ᠬᠦᠮᠥᠨ ᠤ ᠰᠠᠢ᠌ᠨ ᠢ ᠮᠠᠷᠳᠠᠵᠣ ᠪᠣᠯᠬᠣ ᠦᠭᠡᠶ᠃ ᠲᠠᠷᠪᠠ ᠰᠠᠢ᠌ᠨ ᠬᠦᠮᠥᠨ ᠰᠢᠤ᠁ ᠣᠯᠠᠨ ᠤ ᠲᠣᠮᠳᠠ ᠱᠣᠣᠬᠢᠶᠠᠨ ᠡᠬᠥᠰᠴᠦ᠂ ᠵᠠᠷᠢᠮ ᠨᠢ ᠠᠮᠨ ᠪᠠᠨ ᠪᠠᠷᠢᠨ ᠢᠨᠢᠶᠡᠯᠲᠦᠬᠥ ᠳᠤ ᠨᠣ᠊ ᠱᠦᠵᠢ ᠶᠢᠨ ᠴᠢᠷᠠᠢ ᠬᠣᠵᠶ᠋‍ᠢᠰᠬᠢᠨ᠂ ᠡ᠊ ᠡᠷᠬᠢᠯᠡᠭ᠍ᠴᠢ ᠵᠢ ᠬᠦᠯᠶ᠋‍ᠢᠬᠥ ᠳᠤ ᠡᠷᠬᠡ ᠶᠢᠨ ᠨᠢᠳᠣ ᠨᠢ ᠣᠷᠣᠨ ᠲᠣᠷᠣᠨ ᠦᠭᠡᠶ ᠪᠣᠯᠵᠣ᠂ ᠶᠠᠭᠠᠬᠢᠬᠣ ᠪᠠᠨ ᠣᠯᠬᠣ ᠦᠭᠡᠶ ᠬᠣᠯᠴᠢᠭᠠᠨᠠᠪᠠ᠃ ᠨᠣ᠊ ᠱᠦᠵᠢ᠂ ᠬᠣᠶᠠᠷ ᠡᠷᠣᠬᠡ ᠶᠢᠨ ᠴᠡᠷᠢᠭ᠌ ᠤᠨ ᠵᠦᠭ᠌ ᠭᠠᠷ ᠲᠣᠬᠢᠵᠣ᠂ ᠰᠠᠬᠠᠯᠳᠣ ᠡᠶᠢ ᠶᠢᠨ ᠶᠠᠷᠢᠬᠤ ᠶᠢ ᠵᠤᠭᠰᠣᠭᠠᠪᠠ᠃

᠊᠊᠊᠊᠊᠊᠊᠊᠊᠊᠊᠊᠊᠊᠊ ᠶᠠᠭᠠᠬᠢᠴᠢᠬᠠᠪᠠ᠂ ᠠᠩᠭ᠎ᠠ ᠡ︖ ᠡᠶᠢ ᠨᠢ ᠰᠠ‍‌ᠶᠢ ᠡᠬᠢᠯᠠᠵᠣ ᠪᠠᠢ᠌ᠬᠣ ᠳᠤ︕ ᠬᠡᠵᠦ ᠰᠠᠬᠠᠯᠳᠣ ᠡᠶᠢ ᠬᠣᠪᠢᠨ ᠤ ᠪᠠᠨ ᠬᠡᠯᠡᠵᠦ ᠰᠠᠭᠣᠨ᠎ᠠ᠃ ᠰᠠᠬᠠᠯᠳᠣ ᠡᠶᠢ ᠨᠠᠰᠣᠨ ᠳᠠᠭᠠᠨ ᠲᠠᠷᠣᠭᠳᠠᠭᠠᠳ ᠣᠢ ᠣᠬᠠᠭᠠᠨ ᠨᠢ ᠬᠠᠪᠣᠷ ᠤᠨ ᠲᠡᠭ᠍ᠷᠢ ᠰᠢᠭ᠌ ᠨᠡᠬᠡᠬᠡᠬᠥ ᠲᠡᠶ ᠬᠠᠭᠠᠬᠣ ᠲᠡᠶ ᠪᠣᠯᠴᠢᠬᠠᠵᠠᠢ᠃ ᠲᠡᠬᠡᠬᠥ ᠦᠭᠡᠶ ᠪᠣᠯ ᠨᠢᠬᠡ ᠯᠠ ᠬᠣᠨᠣᠭ ᠤᠨ ᠬᠣᠭᠣᠷᠣᠠᠳᠣ ᠬᠦᠮᠥᠨ ᠤ ᠬᠡᠯᠡᠭ᠍ᠰᠡᠨ ᠦᠬᠡ ᠶᠢ ᠮᠠᠷᠳᠠᠬᠣ ᠪᠣᠯᠣᠭ᠎ᠠ ᠦᠭᠡᠶ᠃ ᠦᠴᠥᠬᠡᠳᠥᠷ ᠣᠷᠣᠢ ᠨᠣ᠊ ᠱᠦᠵᠢ᠂ ᠡᠷᠬᠡ ᠬᠣᠶᠠᠭᠣᠯᠠ ᠬᠡᠷ ᠲᠤ ᠨᠢ ᠣᠴᠢᠭᠠᠳ ᠢᠩᠬᠢᠵᠣ ᠶᠠᠷᠢ ᠲᠡᠬᠡᠵᠦ ᠬᠡᠯᠡ︕ ᠬᠡᠵᠦ ᠡᠷᠠᠤ ᠪᠠᠨ ᠶᠠᠳᠠᠳᠠᠯ᠎ᠠ ᠶᠠᠷᠢᠭᠰᠠᠨ ᠢ ᠨᠢ ᠬᠣᠭ ᠲᠠᠰᠣ ᠮᠠᠷᠳᠠᠴᠢᠬᠠᠯ᠎ᠠ ᠰᠢᠤ᠃ 《ᠲ᠋ᠨ ᠪᠣᠯ ᠬᠠᠭᠣᠴᠢᠨ ᠨᠡᠢ᠌ᠬᠡᠮ ᠢ ᠪᠠᠶ᠎ᠠ ᠪᠠᠷ ᠶᠢᠠᠨ ᠥᠩᠬᠡᠷᠡᠬᠥᠯᠥᠭᠰᠡᠨ ᠬᠦᠮᠥᠨ᠃ ᠪᠠᠶᠠᠳ ᠨᠣᠶᠠᠳ ᠡᠴᠡ ᠠᠷᠠᠳ ᠲᠥᠮᠡᠨ ᠢ ᠲᠠᠷᠣᠯᠠᠨ ᠮᠥᠯᠵᠢᠵᠦ᠂ ᠴᠢᠰᠤ ᠮᠢᠬ᠎ᠠ ᠶᠢ ᠨᠢ ᠰᠣᠷᠣᠵᠣ ᠪᠠᠢ᠌ᠭᠰᠠᠨ ᠢ ᠨᠢᠳᠣ ᠪᠠᠷ ᠶᠢᠠᠨ ᠦᠵᠡᠯ᠎ᠡ᠃ ᠡᠬᠥᠨ ᠶᠢᠠᠨ ᠮᠠᠷᠭᠠᠰᠢ ᠶᠢᠨ ᠬᠣᠷᠠᠯ ᠲᠡᠬᠡᠷ᠎ᠡ ᠣᠯᠠᠨ ᠳᠤ ᠬᠡᠯᠡᠬᠡᠥᠨ ᠦᠭ᠌》 ᠬᠡᠵᠦ ᠴᠢᠬᠢ ᠶᠢ ᠨᠢ ᠴᠣᠭᠣᠷᠠᠳᠠᠯ᠎ᠠ ᠬᠡᠯᠡᠵᠦ ᠪᠠᠢ᠌ᠮᠠᠨ ᠲᠦᠬᠥᠬᠡᠷᠡᠬᠥᠯᠵᠦ ᠠᠪᠣᠯ᠎ᠠ᠃ ᠰᠠᠬᠠᠯᠳᠣ ᠡᠶᠢ ᠴᠤ ᠵᠦᠪᠰᠢᠶᠡᠷᠠᠵᠦ ᠲᠣᠯᠣᠭᠠᠢ ᠲᠣᠬᠢᠵᠣ ᠪᠠᠢ᠌ᠭᠰᠠᠨ᠃ ᠬᠡᠳᠡᠯ᠎ᠡ ᠦᠨᠦ ᠬᠠᠷᠢᠨ 《ᠬᠡᠯᠡ︕》 ᠬᠡᠰᠡᠨ ᠢ ᠨᠢ ᠬᠡᠯᠡᠭ᠍ᠰᠡᠨ ᠦᠭᠡᠶ ᠬᠡᠲᠦ ᠪᠣᠯᠬᠣ ᠦᠭᠡᠶ ᠶᠠᠭᠣᠮ᠎ᠠ ᠶᠢ ᠨᠢ ᠠᠢ᠌ᠯᠠᠳᠣᠭᠠᠳ ᠭᠠᠷᠭᠠᠴᠢᠬᠠᠯ᠎ᠠ᠃ ᠡᠨᠠ ᠡᠶᠢ ᠵᠦᠨᠦᠴᠢᠬᠡᠵᠡᠢ᠃ ᠨᠣ᠊ ᠱᠦᠵᠢ ᠠᠷᠭ᠎ᠠ ᠪᠣᠰᠣ ᠦᠪᠡᠷ ᠶᠢᠠᠨ ᠶᠠᠷᠢᠬᠤ ᠪᠣᠯᠵᠣ᠄

᠊᠊᠊᠊᠊᠊᠊᠊᠊᠊᠊᠊᠊᠊᠊ ᠪᠢᠳᠠ ᠣᠭ ᠶᠢᠠᠨ ᠮᠠᠷᠳᠠᠬᠣ ᠦᠭᠡᠶ ᠶᠢᠨ ᠲᠥᠯᠣᠬᠡ ᠡᠨᠠ ᠡᠳᠣᠷ ᠡᠴᠡ ᠡᠬᠢᠯᠠᠨ ᠪᠠᠷᠢᠭᠠᠳᠠ ᠲᠡᠬᠡᠷ᠎ᠡ ᠴᠣᠭᠯᠠᠷᠠᠵᠣ᠂ ᠣᠠᠴᠠᠭᠠᠢ ᠣᠳᠬ᠎ᠠ ᠠᠭᠣᠯᠭ᠎ᠠ ᠲᠡᠶ ᠪᠣᠳᠠᠭ᠎ᠠ ᠢᠳᠠᠨ᠎ᠠ ᠬᠡᠪᠡ᠃ ᠬᠡᠣᠬᠡᠥᠨ᠂ ᠶᠠᠮᠠᠷ ᠰᠣᠨᠢᠨ ᠰᠠᠢ᠌ᠬᠠᠨ ᠪᠣᠳᠠᠭ᠎ᠠ ᠢᠳᠡᠬᠥ ᠪᠣᠯ︖ ᠬᠡᠵᠦ ᠬᠥᠭ᠍ᠰᠠᠵᠡᠬᠡᠨ ᠬᠡᠷ ᠲᠡᠭᠡᠨ ᠬᠦᠶᠥᠬᠡ ᠪᠠᠷ ᠬᠠᠷᠢᠵᠣ ᠠᠶᠠᠭ᠎ᠠ ᠰᠠᠪᠬ᠎ᠠ ᠪᠠᠨ ᠠᠪᠣᠮᠠᠭᠴᠠ ᠣᠷᠣᠯᠳᠣᠨ ᠬᠦᠷᠴᠦ ᠢᠷᠡᠬᠡᠥᠨ ᠶᠡᠬᠡ ᠲᠣᠭᠣᠭᠠᠨ ᠤ ᠠᠮᠠᠰᠠᠷ ᠢ ᠱᠠᠭᠠᠢ᠌ᠨ ᠵᠤᠭᠰᠣᠨ᠎ᠠ᠃ 《ᠮᠠᠩᠵᠠᠨ ᠲᠣᠭᠣᠭ᠎ᠠ》 ᠶᠢᠨ ᠦᠶ᠎ᠡ ᠳᠤ ᠵᠠᠷᠣᠵᠣ ᠪᠠᠢ᠌ᠭᠰᠠᠨ ᠶᠡᠬᠡ ᠲᠣᠭᠣᠭ᠎ᠠ ᠦᠨᠦ ᠬᠠᠷᠢᠨ ᠠᠰᠢᠭᠯᠠᠯᠳᠠ ᠳᠤ ᠣᠷᠣᠭᠰᠠᠨ ᠪᠠᠢ᠌ᠯ᠎ᠠ᠃ ᠡᠨᠠ ᠬᠥ ᠣᠠᠴᠠᠭᠠᠢ ᠣᠣᠠᠬ᠎ᠠ ᠠᠭᠣᠯᠭ᠎ᠠ ᠲᠡᠶ ᠪᠣᠳᠠᠭ᠎ᠠ ᠬᠡᠳᠡᠭ ᠨᠢ ᠡᠷᠳᠠᠨᠢ ᠰᠢᠰᠢ ᠶᠢ ᠲᠣᠯᠣᠭᠠᠢ ᠲᠡᠶ ᠨᠢ ᠪᠦᠬᠥᠯᠢ ᠪᠠᠷ ᠨᠢᠴᠠ ᠲᠠᠯᠠᠭᠳᠠᠭᠠᠳ ᠲᠠᠪᠣᠰᠣ ᠦᠭᠡᠶ ᠬᠠᠷᠠᠰᠣ ᠴᠢᠨᠠᠭᠰᠠᠨ ᠪᠣᠳᠠᠭ᠎ᠠ ᠪᠠᠢ᠌ᠯ᠎ᠠ᠃

ᠲᠥᠷᠣᠬᠥᠤ ᠡᠷᠢᠨ ᠤ ᠬᠣᠭᠣᠯᠠ ᠶᠢ ᠶᠡᠬᠡ ᠪᠠᠭ᠎ᠠ ᠬᠡᠰᠡᠨ ᠦᠭᠡᠶ ᠡᠷᠠᠬᠡᠯᠡᠯ ᠦᠭᠡᠶ ᠲᠣᠰᠬᠠᠪᠠ᠃ ᠲᠠᠷᠠᠭ᠎ᠠ ᠡᠳᠣᠷ ᠡᠴᠡ ᠨᠢ ᠡᠬᠢᠯᠡᠬᠡᠥᠨ ᠬᠦᠮᠥᠰ ᠢᠳᠡᠬᠥ ᠶᠢ ᠪᠠᠢ᠌ᠳᠣᠭᠠᠢ ᠦᠵᠡᠬᠥ ᠡᠴᠡ ᠪᠠᠨ ᠬᠠᠯᠢᠷᠠᠬᠣ ᠪᠣᠯᠪᠠ᠃ ᠢᠳᠡᠬᠥ ᠳᠤ ᠪᠣᠯ ᠶᠠᠭᠠᠬᠢᠬᠣ ᠪᠣᠢ︖ ᠨᠢᠳᠣ ᠪᠠᠨ ᠠᠨᠢᠵᠣ ᠬᠦᠷᠯᠡᠪᠡᠯ ᠪᠣᠯᠴᠢᠬᠠᠬᠣ ᠬᠡᠷᠡᠭ᠃ ᠬᠡᠳᠡᠯ᠎ᠡ ᠭᠠᠷᠭᠠᠬᠣ ᠳᠤ ᠬᠠᠷᠢᠨ ᠬᠡᠴᠡᠬᠥᠤ ᠪᠠᠢ᠌ᠯ᠎ᠠ᠃ ᠶᠡᠬᠡ ᠬᠦᠮᠥᠨ ᠪᠣᠯ ᠡᠪᠡᠣᠠᠬᠥ ᠶᠢ ᠲᠠᠰᠪᠣᠷᠢᠯᠠᠨ᠎ᠠ ᠬᠡᠬᠥ ᠳᠤ ᠬᠡᠣᠬᠡᠥᠨ ᠬᠠᠷᠢᠨ ᠡᠨᠠ ᠬᠠᠯᠠ ᠶᠢ ᠲᠠᠭᠠᠭᠠᠵᠣ ᠦᠭ᠍‍ᠬᠥ ᠦᠭᠡᠶ ᠪᠠᠢ᠌ᠪᠠ᠃ ᠬᠡᠨ ᠨᠢᠬᠡ ᠨᠢ᠄

᠊᠊᠊᠊᠊᠊᠊᠊᠊᠊᠊᠊᠊᠊᠊ ᠮᠢᠨᠣ ᠬᠦᠤ ᠶᠢᠨ ᠪᠠᠭᠠᠰᠣ ᠨᠢ ᠬᠠᠳᠠᠭᠠᠳ ᠵᠤᠪᠠᠭᠠᠵᠣ ᠪᠠᠢ᠌ᠨ᠎ᠠ᠃ ᠲᠠᠬᠢᠵᠣ ᠪᠢᠳᠡᠬᠡᠢ ᠲᠠᠷᠠ ᠪᠣᠳᠠᠭ᠎ᠠ ᠪᠠᠨ ᠴᠢᠨᠠ᠂ ᠭᠣᠶᠣᠶ᠎ᠠ︕ ᠬᠡᠵᠦ ᠨᠣ᠊ ᠱᠦᠵᠢ ᠶᠢ ᠡᠷᠢᠵᠣ ᠢᠷᠡᠬᠡᠥᠨ ᠭᠠᠰᠢᠭᠣ ᠭᠠᠩ ᠶᠢᠠᠨ ᠲᠠᠯᠪᠢᠬᠣ ᠳᠤ᠂ ᠵᠠᠷᠢᠮ ᠨᠢ᠄

᠊᠊᠊᠊᠊᠊᠊᠊᠊᠊᠊᠊᠊᠊᠊ ᠪᠢᠴᠢᠬᠠᠨ ᠬᠡᠣᠬᠡᠥᠨ ᠵᠤᠪᠠᠭᠠᠳ ᠨᠢᠬᠡ ᠰᠦᠨᠢ ᠣᠠᠳᠠᠭᠣᠯᠣᠭᠰᠠᠨ ᠦᠭᠡᠶ᠃ ᠪᠠᠭᠠᠰᠣ ᠨᠢ ᠬᠠᠳᠠᠭᠠᠳ᠂ ᠬᠣᠷᠣᠭᠣ ᠪᠠᠷ ᠶᠢᠠᠨ ᠣᠬᠣᠴᠢᠯᠠᠵᠣ ᠦᠭ᠍‍ᠬᠥ ᠲᠡᠬᠡᠷ᠎ᠡ ᠬᠦᠷᠥᠯ᠎ᠡ ᠬᠡᠨ᠎ᠡ᠃ ᠰᠣᠷᠭᠠᠭᠣᠯᠢ ᠶᠢᠨ ᠬᠡᠣᠬᠡᠥᠨ ᠤᠨ ᠴᠢᠷᠠᠢ ᠨᠢ ᠪᠦᠷ ᠴᠢᠯᠪᠠᠢ᠌ᠭᠰᠠᠨ ᠪᠠᠢ᠌ᠯ᠎ᠠ᠃ ᠢᠩᠬᠢᠭ᠍ᠰᠡᠨ ᠡᠴᠠ ᠨᠣ᠊ ᠱᠦᠵᠢ᠄ 《ᠬᠡᠣᠬᠡᠥᠨ ᠪᠣᠯ ᠬᠡᠷ ᠲᠡᠭᠡᠨ ᠶᠠᠭᠣ ᠢᠳᠡᠭ᠍ᠰᠡᠨ ᠴᠤ ᠪᠣᠯᠣᠨ᠎ᠠ᠃ ᠶᠡᠬᠡ ᠬᠦᠮᠥᠨ ᠦᠷᠬᠥᠯᠵᠢᠯᠡᠨ ᠭᠣᠷᠪᠠᠨ ᠡᠳᠣᠷ ᠢᠳᠡᠬᠥ ᠬᠡᠷᠡᠭ᠍ᠳᠡᠢ》 ᠬᠡᠰᠡᠨ ᠲᠣᠭᠳᠠᠭᠠᠯ ᠭᠠᠷᠭᠠᠪᠠ᠃

ᠶᠢᠰᠤ ᠣᠷᠣᠮᠠᠭᠴᠠ ᠡᠳᠣᠷ ᠲᠢᠰ ᠨᠢᠰ ᠬᠦᠢᠳᠡᠷᠠᠪᠡ᠃ ᠰᠠᠬᠠᠷᠠ ᠶᠢᠨ ᠦᠬᠡ ᠪᠠᠷ ᠬᠡᠯᠡᠪᠡᠯ ᠭᠣᠵᠤᠢ᠌ᠵᠣ ᠵᠤᠭᠰᠣᠭᠠᠳ ᠰᠢᠬᠡᠳᠡᠯ᠎ᠡ ᠰᠢᠬᠡᠰᠦ ᠨᠢ ᠭᠠᠵᠠᠷ ᠬᠦᠷᠬᠥ ᠡᠴᠡ ᠡᠮᠣᠨ᠎ᠠ ᠮᠣᠷᠤᠢ᠌ᠭᠠᠳ ᠬᠦᠯᠳᠡᠴᠢᠬᠡᠯ᠎ᠡ ᠬᠡᠨ᠎ᠡ᠃

᠊᠊᠊᠊᠊᠊᠊᠊᠊᠊᠊᠊᠊᠊᠊ ᠦᠵᠦᠬᠥᠷ ᠨᠢ ᠬᠠᠭᠠᠷᠢᠭᠳᠠᠴᠢᠬᠠᠭᠰᠠᠨ ᠦᠭᠡᠶ ᠦᠦ︖ ᠬᠡᠵᠦ ᠨᠢᠬᠡ ᠨᠢ ᠦᠬᠡ ᠦᠲᠦᠬᠡᠪᠡᠯ᠄

᠊᠊᠊᠊᠊᠊᠊᠊᠊᠊᠊᠊᠊᠊᠊ ᠣᠨᠠᠴᠢᠬᠠᠬᠣ ᠪᠠᠷ ᠪᠣᠳᠣᠬᠣ ᠳᠤ ᠣᠭ ᠨᠢ ᠪᠠᠰᠠ ᠭᠣᠷᠪᠠᠨ ᠬᠣᠷᠣᠭᠣ ᠦᠯᠠᠳᠡᠨ᠎ᠡ᠃ ᠵᠠᠷᠣᠭᠠᠳ ᠪᠠᠷᠠᠬᠣ ᠦᠭᠡᠶ ᠰᠢᠤ ᠬᠡᠵᠦ ᠰᠠᠬᠠᠷᠠ᠂ ᠪᠦᠳᠦᠨ᠎ᠠ ᠶᠢᠨ ᠴᠤᠬᠤᠷ ᠴᠢᠷᠠᠢ ᠪᠠᠨ ᠮᠠᠷᠰᠠᠢ᠌ᠯᠭᠠᠨ ᠢᠨᠢᠶᠠᠨ᠎ᠠ᠃ ᠲᠠᠷᠠ᠂ ᠡᠢ᠌ᠮᠣ ᠬᠣᠯᠬᠢᠶ᠎ᠠ ᠦᠬᠡ ᠶᠢ ᠭᠠᠵᠠᠷ ᠰᠢᠷᠤᠢ᠌ᠳᠠᠭᠣᠯᠬᠣ ᠦᠬᠡᠢ ᠡᠯᠬᠥᠬᠡᠥᠨ ᠠᠪᠳᠠᠭ ᠡᠷ᠎ᠠ ᠪᠢᠯᠠ᠃

ᠨᠣ᠊ ᠱᠦᠵᠢ ᠢᠷᠡᠭ᠍ᠰᠡᠨ ᠡᠴᠡ ᠬᠣᠷᠠᠯ ᠨᠠᠩ ᠠᠷᠪᠢᠳᠠᠭᠰᠠᠨ ᠪᠠᠢ᠌ᠯ᠎ᠠ᠃ ᠬᠦᠮᠥᠰ ᠡᠳᠣᠷ ᠤᠨ ᠠᠵᠢᠯ ᠶᠢᠠᠨ ᠲᠠᠭᠣᠰᠬᠠᠵᠣ᠂ ᠰᠠᠩᠳᠠ ᠮᠠᠩᠳᠠ ᠢᠳᠡᠮᠡᠭ᠍ᠴᠡ ᠲᠣᠩ ᠤᠨ ᠲᠠᠭᠣᠨ ᠶᠢᠠᠷ ᠬᠣᠷᠠᠯ ᠤᠨ ᠬᠡᠷ ᠣᠷᠣᠭᠣ ᠴᠣᠪᠣᠵᠠᠭᠠᠳᠠᠭ᠃ ᠬᠣᠪᠢᠰᠬᠠᠯ ᠡᠬᠢᠯᠠᠯ᠎ᠠ᠃ ᠶᠠᠪᠣᠭᠰᠠᠭᠠᠷ ᠪᠠᠢ᠌ᠭᠠᠳ ᠬᠣᠪᠢᠰᠬᠠᠯ ᠤᠨ ᠵᠢᠳᠠᠨ ᠦᠵᠦᠬᠥᠷ ᠭᠣᠷᠪᠠᠬᠠᠨ ᠬᠦᠮᠥᠨ ᠤ ᠲᠡᠬᠡᠷ᠎ᠡ ᠲᠦᠪᠯᠡᠷᠠᠪᠡ᠃ ᠬᠠᠮᠣᠭ ᠲᠥᠷᠣᠬᠥᠨ ᠳᠤ ᠣᠨᠣᠭᠳᠠᠬᠣ ᠨᠢ ᠶᠠᠷᠢᠶᠠᠨ ᠦᠭᠡᠶ ᠲᠠᠷᠪᠠ ᠵᠠᠯᠠᠨ ᠤ ᠭᠠᠭᠴᠠ ᠬᠦᠤ ᠭᠠᠶᠠ ᠪᠠᠢ᠌ᠯ᠎ᠠ᠃ ᠲᠠᠷᠠᠭ᠎ᠠ ᠨᠢ ᠡᠪᠥᠬᠡᠨ ᠱᠦᠵᠢ ᠲᠠᠮᠷᠢᠨ ᠣᠨᠣᠭᠳᠠᠪᠠ᠃ ᠬᠠᠮᠣᠭ ᠰᠡᠬᠥᠯ ᠳᠤ ᠨᠢ ᠬᠦᠬᠡᠷᠥᠬᠥᠢ ᠊᠊᠊᠊᠊᠊᠊᠊᠊᠊᠊᠊᠊᠊᠊ ᠨᠠᠰᠣ ᠪᠠᠨ ᠲᠠᠭᠠᠭᠠᠬᠣ ᠦᠭᠡᠶ ᠪᠣᠯᠣᠭᠰᠠᠨ ᠰᠠᠬᠠᠯᠳᠣ ᠡᠶᠢ ᠴᠤ ᠬᠣᠪᠢᠰᠬᠠᠯ ᠤᠨ ᠡᠰᠡᠷᠬᠥᠤ ᠪᠣᠯᠴᠢᠬᠠᠪᠠ᠃ ᠨᠢᠬᠡ ᠰᠠᠢ᠌ᠨ ᠨᠢ ᠰᠠᠠᠬᠠᠯᠳᠣ ᠡᠶᠢ ᠲᠡᠬᠥᠨ ᠢ ᠨᠢ ᠮᠡᠳᠡᠬᠥ ᠴᠤ ᠦᠭᠡᠶ᠂ ᠰᠣᠭᠣᠳᠠᠵᠣ ᠠᠪᠴᠢᠷᠠᠭᠠᠳ ᠬᠠᠭᠠᠰ ᠡᠳᠣᠷ ᠪᠣᠷᠣᠭᠣᠰᠢᠶᠠᠨ ᠰᠢᠬᠥᠮᠵᠢᠯᠡᠬᠥ ᠳᠤ᠄

᠊᠊᠊᠊᠊᠊᠊᠊᠊᠊᠊᠊᠊᠊᠊ ᠡᠨᠠ ᠬᠦᠤ ᠶᠠᠭᠣ ᠶᠠᠷᠢᠪᠠ᠂ ᠪᠦᠬᠡᠷ᠎ᠡ ᠡ︖ ᠬᠡᠵᠦ ᠬᠠᠵᠠᠭᠣ ᠶᠢᠨ ᠬᠦᠮᠥᠨ ᠡᠴᠡ ᠪᠠᠨ ᠠᠰᠠᠭᠣᠨ᠎ᠠ᠃ ᠬᠡᠯᠡᠯᠴᠡᠬᠥ ᠡᠴᠡ ᠬᠡᠳᠥᠨ ᠬᠣᠷᠣᠭᠣ ᠬᠡᠳᠥᠷᠠᠵᠡᠢ︕ ᠡᠨᠠ ᠡᠶᠢ᠃ ᠵᠠᠷᠢᠮ ᠨᠢ ᠰᠡᠬᠥᠯ ᠨᠢ ᠴᠠᠢ᠌ᠭᠰᠠᠨ ᠬᠤᠢ᠌ᠯᠣᠭ ᠣᠪᠯᠠᠵᠣ ᠪᠠᠢ᠌ᠯᠬᠦᠢ︕ ᠬᠡᠯᠴᠡᠨ᠎ᠡ᠃ ᠨᠢᠬᠡ ᠣᠷᠣᠢ ᠭᠠᠶᠠ᠂ ᠪᠦᠷᠬᠥᠯᠵᠡᠬᠥ ᠡᠴᠡ ᠡᠮᠣᠨᠡᠬᠡᠨ ᠬᠣᠨᠢ ᠪᠠᠨ ᠬᠣᠳᠠᠯᠠᠵᠣ᠂ ᠢᠩ ᠤᠨ ᠬᠡᠷ ᠲᠡᠭᠡᠨ ᠣᠷᠣᠵᠣ ᠢᠷᠡᠬᠡᠥᠨ ᠬᠠᠯᠠᠰᠬᠣ ᠡᠴᠡ ᠡᠮᠣᠨ᠎ᠠ ᠪᠠᠷᠢᠭᠠᠳᠠ ᠲᠡᠬᠡᠷ᠎ᠡ ᠲᠠᠭᠣᠳᠠᠯᠭ᠎ᠠ ᠢᠷᠠᠪᠠ᠃ ᠡᠨᠠ ᠣᠳᠠᠭ᠎ᠠ ᠨᠢ ᠥᠩᠬᠡᠷᠡᠭ᠍ᠰᠡᠨ ᠤ ᠠᠯᠢ ᠴᠤ ᠣᠳᠠᠭ᠎ᠠ ᠲᠡᠶ ᠲᠠᠭᠠᠷᠠᠬᠣ ᠦᠭᠡᠶ᠂ ᠪᠠᠢ᠌ᠳᠠᠯ ᠨᠠᠯᠢᠶᠠᠳ ᠬᠦᠠᠲᠦ ᠪᠣᠯᠣᠭᠰᠠᠨ ᠮᠠ‍‌ᠶᠢᠭᠳᠠᠢ ᠪᠠᠢ᠌ᠪᠠ᠃ ᠲᠡᠬᠥᠨ ᠤ ᠲᠣᠯᠣᠭᠠᠢ ᠶᠢ ᠨᠢ ᠪᠦᠬᠦᠢᠢᠯᠬᠡᠵᠦ ᠠᠪᠴᠣ ᠣᠷᠣᠬᠣ ᠳᠤ ᠲᠠᠷᠠ ᠬᠦᠵᠦᠬᠥᠤ ᠬᠢᠯᠵᠶ᠋‍ᠢᠯᠬᠡᠨ ᠡᠷᠬᠢᠨ ᠲᠣᠭᠣᠷᠢᠨ ᠶᠢᠠᠨ ᠬᠠᠷᠠᠪᠠᠯ ᠨᠣ᠊ ᠱᠦᠵᠢ᠂ ᠡᠷᠬᠡ ᠬᠣᠶᠠᠭᠣᠯᠠ ᠶᠢᠨ ᠲᠣᠣᠷᠠᠬᠢ ᠣᠷᠪᠠᠯᠭ᠎ᠠ ᠭᠠᠷᠭᠠᠭᠴᠢᠳ ᠪᠠᠢ᠌ᠪᠠ᠃ ᠵᠠᠷᠢᠮ ᠢ ᠨᠢ ᠭᠠᠶᠠ ᠲᠠᠨᠢᠵᠣ ᠪᠠᠢ᠌ᠨ᠎ᠠ᠃ ᠬᠡᠨᠡᠳᠳᠡ ᠪᠠᠢ᠌ᠭᠰᠠᠭᠠᠷ ᠶᠠᠭᠠᠬᠢᠭᠠᠳ ᠡᠢ᠌ᠮᠣ ᠣᠯᠠᠨ ᠣᠷᠪᠠᠯᠭ᠎ᠠ ᠭᠠᠷᠭᠠᠭᠴᠢᠳ ᠭᠠᠷᠣᠭᠠᠳ ᠢᠷᠡᠴᠢᠬᠡᠪᠡ︖ ᠲᠠᠳᠠ ᠭᠠᠶᠠ ᠶᠢ ᠴᠣᠬᠢᠵᠣ᠂ ᠨᠦᠲᠦᠵᠦ᠂ ᠦᠴᠢᠭ᠍ᠯᠠᠬᠥᠯᠵᠦ᠂ ᠡᠯᠳᠡᠬᠡᠥᠨ ᠮᠤᠬᠤᠯ᠎ᠠ ᠪᠣᠯᠣᠯᠳᠠᠢ᠂ ᠨᠠᠮ ᠵᠢᠮ ᠪᠣᠯᠪᠠ᠃ ᠲᠠᠷᠠ ᠬᠣᠭᠣᠷᠣᠠᠳᠣ ᠭᠠᠶᠠ ᠰᠡᠬᠡᠰᠬᠢᠵᠦ ᠬᠦᠠᠳᠥᠷᠥᠭᠰᠡᠨ ᠲᠣᠯᠣᠭᠠᠢ ᠪᠠᠨ ᠠᠭᠠᠵᠢᠮ ᠬᠦᠳᠡᠯᠬᠡᠨ ᠲᠠᠯᠵᠶ᠋‍ᠢᠵᠣ ᠦᠵᠡᠪᠡᠯ ᠬᠠᠵᠠᠭᠣ ᠳᠤ ᠨᠢ ᠡᠪᠥᠬᠡᠨ ᠱᠦᠵᠢ ᠲᠡᠬᠡᠷ᠎ᠡ ᠲᠡᠬᠡᠷ᠎ᠡ ᠠᠮᠢᠰᠬᠣᠴᠢᠬᠠᠭᠰᠠᠨ ᠠᠭᠣᠷᠳᠠᠢ ᠵᠤᠭᠰᠣᠵᠣ ᠪᠠᠢ᠌ᠪᠠ᠃ 《ᠡᠴᠢᠬᠡ ᠶᠢᠨ ᠴᠢᠨᠢ ᠲᠣᠬᠣ︕》 ᠬᠡᠵᠦ ᠲᠡᠬᠥᠨ ᠤ ᠬᠠᠷᠢᠶᠠᠯ ᠲᠠᠯᠪᠢᠬᠣ ᠰᠣᠨᠣᠰᠳᠠᠨ᠎ᠠ᠃ 《ᠡᠠᠢ︕ ᠡᠨᠠ ᠠᠪᠣ᠂ ᠪᠠᠢ᠌ᠴᠢᠬ᠎ᠠ ᠬᠡᠵᠦ ᠪᠠᠢ᠌ᠳᠠᠯ᠎ᠠ ᠵᠠᠪᠠᠯ ᠭᠠᠩᠷᠠᠢ ᠶᠢ ᠨᠠᠳᠠ ᠬᠡᠯᠡᠯᠴᠡᠵᠦ ᠦᠭ᠍‍ᠬᠥ ᠶᠣᠮ ᠬᠡᠨ᠎ᠡ᠃ ᠣᠳᠣ ᠶᠠᠭᠠᠬᠢᠯ᠎ᠠ︖ ᠡᠷᠬᠡ ᠶᠢᠨ ᠬᠣᠣᠷ ᠢ ᠠᠮᠰᠠᠯ᠎ᠠ ᠪᠢᠰᠢ ᠦᠦ︖》 ᠬᠡᠵᠦ ᠭᠠᠶᠠ ᠲᠣᠳᠣᠷ᠎ᠠ ᠪᠠᠨ ᠪᠣᠳᠣᠨ᠎ᠠ᠃ ᠬᠡᠪᠡᠴᠦ ᠲᠠᠳᠠᠨ ᠤ ᠠᠮᠠᠨ ᠳᠤ ᠭᠠᠩᠷᠠᠢ ᠶᠢᠨ ᠨᠡᠷ᠎ᠡ ᠲᠣᠷᠠᠳᠣᠭᠳᠠᠭᠰᠠᠨ ᠦᠭᠡᠶ ᠬᠠᠷᠢᠨ 《ᠭᠠᠳᠠ ᠮᠠᠢ᠌ᠷᠠᠨ》 ᠬᠡᠬᠥ ᠨᠡᠷ᠎ᠡ ᠭᠠᠷᠴᠣ ᠢᠷᠠᠪᠠ᠃ 《ᠣ᠂ ᠯᠠᠪ ᠲᠠᠭᠣᠤ ᠲᠠᠭᠣᠯᠠᠭᠰᠠᠨ ᠲᠡᠶ ᠬᠣᠯᠪᠣᠭ᠎ᠠ ᠲᠡᠶ᠃ ᠨᠠᠮᠣᠷ ᠬᠡᠬᠡᠯᠲᠦᠬᠥᠯᠬᠡ ᠶᠢᠨ ᠬᠡᠷ ᠲᠤ ᠡᠪᠥᠬᠡᠨ 〈ᠭᠠᠳᠠ ᠮᠠᠢ᠌ᠷᠠᠨ〉 ᠢ ᠲᠠᠭᠣᠯᠠᠭᠰᠠᠨ᠃ ᠬᠡᠪᠡᠴᠦ ᠡᠨᠠ ᠣᠴᠢᠷ ᠢ ᠰᠠᠬᠠᠷᠠ ᠪᠢᠳᠠ ᠬᠣᠶᠠᠷ ᠡᠴᠡ ᠦᠬᠡᠷ᠎ᠡ ᠮᠡᠳᠡᠬᠥ ᠬᠦᠮᠥᠨ ᠦᠭᠡᠶ᠃ ᠰᠠᠬᠠᠷᠠ ᠬᠣᠪᠴᠢᠯᠠᠯ᠎ᠠ ᠬᠡᠵᠦ ᠦᠦ᠂ ᠦᠭᠡᠶ ᠪᠠᠢ᠌ᠬ᠎ᠠ︖ ᠰᠠᠬᠠᠷᠠ ᠲᠠᠢ᠌ᠮᠣ ᠬᠦᠮᠥᠨ ᠪᠢᠰᠢ᠁》 ᠬᠡᠵᠦ ᠭᠠᠶᠠ ᠡᠷᠬᠢᠴᠡᠬᠥᠯᠵᠦ ᠪᠠᠢ᠌ᠪᠠ᠃ ᠲᠠᠷᠠ ᠣᠳᠠᠭ᠎ᠠ ᠬᠡᠬᠡᠯᠲᠦᠬᠥᠯᠬᠡ ᠶᠢᠨ ᠬᠡᠷ ᠲ᠋ᠤ ᠲᠠᠳᠠᠨ ᠢ ᠤᠢ᠌ᠮᠠᠵᠣ ᠪᠠᠢ᠌ᠬᠣ ᠬᠣᠭᠣᠷᠣᠠᠳᠣ ᠡᠷᠬᠡ᠂ ᠬᠠᠷᠠᠩᠭ᠋ᠣᠢ ᠲᠣᠳᠣᠷ᠎ᠠ ᠬᠣᠯᠣᠭᠠᠨ᠎ᠠ ᠰᠠᠬᠢᠬᠣ ᠮᠣᠣᠷ ᠰᠢᠭ ᠭᠠᠳᠠᠨ᠎ᠠ ᠨᠢ ᠬᠡᠳᠡᠵᠦ ᠪᠠᠢ᠌ᠭᠰᠠᠨ ᠢ ᠲᠠᠳᠠ ᠮᠡᠳᠡᠭ᠍ᠰᠡᠨ ᠦᠭᠡᠶ᠃ ᠡᠨᠠ ᠣᠴᠢᠷ ᠮᠠᠷᠭᠠᠰᠢ ᠨᠢ ᠲᠠᠷᠣᠢ ᠨᠢᠬᠡᠳᠥᠯ ᠲᠡᠬᠡᠷ᠎ᠡ ᠬᠦᠷᠦᠨ᠎ᠠ ᠬᠡᠵᠦ ᠵᠠᠬᠥᠳᠥᠯᠡᠭ᠍ᠰᠡᠨ ᠴᠣ ᠦᠭᠡᠶ᠃ ᠨᠦᠬᠥᠬᠡ ᠲᠠᠯ᠎ᠠ ᠳᠤ ᠨᠢ ᠪᠠᠰᠠ ᠨᠢᠬᠡ ᠬᠦᠮᠥᠨ ᠫᠥᠭ᠍ᠰᠢᠨ ᠬᠠᠨᠢᠶᠠᠯᠭᠠᠬᠣ ᠳᠤ ᠭᠠᠶᠠ ᠨᠢᠳᠣ ᠰᠡᠢ᠌ᠮᠡᠢ᠌ᠯᠬᠡᠵᠦ ᠦᠵᠡᠪᠡᠯ ᠰᠠᠬᠠᠯᠳᠣ ᠡᠶᠢ ᠲᠠᠶᠠᠭ ᠲᠣᠯᠣᠭᠠᠳ ᠵᠤᠭᠰᠣᠵᠣ ᠪᠠᠢ᠌ᠪᠠ᠃ ᠰᠠᠬᠠᠯᠳᠣ ᠡᠶᠢ ᠬᠡᠰᠡᠭ ᠵᠤᠭᠰᠣᠭᠰᠠᠨ ᠶᠢᠠᠨ᠄

ᠶᠣ᠊᠂ ᠶᠣᠬᠣ᠂ ᠡᠮᠠᠬᠡ ᠨᠢ ᠬᠠᠠᠵᠣᠨ ᠲᠡᠬᠡᠷ᠎ᠡ ᠭᠠᠷᠴᠣ ᠵᠢᠭᠠᠬᠠᠨ ᠬᠠᠵᠠᠭᠣᠯᠠᠭᠠᠳ ᠠᠪᠣᠶ᠎ᠠ᠂ ᠬᠦᠯ ᠨᠢᠷᠣᠭᠣ ᠣᠠᠳᠠᠷᠠᠭᠠᠳ ᠬᠡᠷᠡᠭ︕ ᠬᠡᠵᠦ ᠬᠠᠠᠵᠣᠨ ᠢᠷᠮᠡᠭ ᠣᠷᠣᠭᠣ ᠮᠠᠴᠣᠬᠣ ᠬᠡᠳᠡᠯ᠎ᠡ ᠨᠢᠬᠡ ᠣᠯᠠᠭᠠᠨ ᠬᠠᠮᠠᠭᠠᠯᠠᠬᠣ ᠴᠡᠷᠢᠭ᠌ ᠢᠷᠡᠬᠡᠥᠨ᠄

᠊᠊᠊᠊᠊᠊᠊᠊᠊᠊᠊᠊᠊᠊᠊ ᠴᠢ ᠬᠡᠨ ᠳᠤ ᠡᠮᠠᠬᠡ ᠰᠠᠭᠣᠬᠣ ᠰᠠᠨᠠᠭ᠎ᠠ ᠲᠡᠶ ᠪᠣᠢ︖ ᠬᠣᠪᠢᠰᠬᠠᠯ ᠤᠨ ᠡᠮᠠᠬᠡ ᠪᠣᠯᠴᠢᠬᠠᠪᠠ ᠦᠦ︖ ᠬᠦᠤ ᠴᠢᠨᠢ ᠬᠠᠯᠬ᠎ᠠ ᠳᠤ ᠲᠣᠳᠠᠭᠠᠭᠰᠠᠨ᠃ ᠣᠯᠣᠰ ᠡᠴᠡ ᠣᠷᠪᠠᠭᠴᠢ︕ ᠬᠡᠵᠦ ᠡᠮᠣᠨ᠎ᠠ ᠨᠢ ᠬᠡᠷᠥᠨ ᠵᠤᠭᠰᠣᠪᠠ ᠁ 《ᠨᠢᠩᠪᠣ ᠶᠢ ᠬᠡᠯᠡᠵᠦ ᠪᠠᠢ᠌ᠨ᠎ᠠ᠃ ᠨᠢᠴᠢᠭ᠌‍ᠮ᠎ᠠ ᠶᠢ ᠠᠪᠣᠭᠠᠳ ᠲᠣᠳᠠᠭᠠᠭᠰᠠᠨ ᠨᠢᠩᠪᠣ᠃ ᠲᠠᠷᠠ ᠭᠠᠢ᠌ᠬᠠᠯ ᠢ ᠬᠠᠷᠢᠨ ᠰᠠᠬᠠᠯᠳᠣ ᠡᠶᠢ ᠶᠢᠨ ᠣᠷᠣᠨ ᠳᠤ ᠵᠤᠭᠰᠣᠭᠠᠵᠣ ᠪᠣᠯᠬᠣ ᠶᠣᠮ》 ᠬᠡᠵᠦ ᠭᠠᠶᠠ ᠪᠣᠳᠣᠨ᠎ᠠ᠃ ᠰᠠᠬᠠᠯᠳᠣ ᠡᠶᠢ᠂ ᠲᠠᠷᠠ ᠣᠯᠠᠭᠠᠨ ᠬᠠᠮᠠᠭᠠᠯᠠᠬᠣ ᠴᠡᠷᠢᠭ᠌ ᠤᠨ ᠲᠣᠯᠣᠭᠠᠢ ᠲᠡᠬᠡᠬᠥᠷ ᠲᠠᠶᠠᠭ ᠡᠷᠬᠢᠬᠥᠯᠥᠨ ᠨᠣ᠊ ᠱᠦᠵᠢ ᠵᠢ ᠵᠢᠭᠠᠵᠣ᠄

᠊᠊᠊᠊᠊᠊᠊᠊᠊᠊᠊᠊᠊᠊᠊ ᠨᠣᠬᠠᠳᠠᠢ ᠴᠢ ᠪᠠᠶ᠎ᠠ ᠪᠠᠨ ᠮᠠᠳᠠ︕ ᠲᠡᠬᠡᠵᠦ ᠬᠡᠯᠡᠬᠥ ᠶᠣᠮ ᠪᠣᠯ ᠴᠢᠨᠣ ᠡᠴᠢᠬᠡ ᠴᠢᠨᠢ ᠨᠠᠷᠠᠨ ᠴᠡᠷᠢᠭ᠌ ᠲᠤ ᠶᠠᠪᠣᠭᠰᠠᠨ᠃ ᠲᠠᠷᠠ ᠨᠢ ᠶᠠᠯ᠎ᠠ ᠪᠢᠰᠢ ᠶᠣᠮ ᠦᠦ︖ ᠬᠡᠨ᠎ᠡ᠃ ᠨᠠᠷᠠᠨ ᠴᠡᠷᠢᠭ᠌ ᠬᠡᠳᠡᠭ ᠨᠢ ᠬᠠᠭᠣᠷᠮᠠᠭ ᠮᠠᠠᠵᠣ ᠶᠢᠨ ᠴᠡᠷᠢᠭ᠌ ᠢ ᠬᠡᠯᠡᠵᠦ ᠪᠠᠢ᠌ᠨ᠎ᠠ᠃ ᠮᠡᠭ᠍ᠵᠢᠬᠡᠷ ᠡᠪᠥᠬᠡᠨ ᠤ ᠬᠦᠤ ᠨᠢ ᠬᠠᠭᠣᠷᠮᠠᠭ ᠮᠠᠠᠵᠣ ᠶᠢᠨ ᠴᠡᠷᠢᠭ᠌ ᠲᠤ ᠲᠠᠳᠠᠭᠳᠠᠨ ᠶᠠᠪᠣᠭᠠᠳ ᠡᠷᠬᠢᠵᠣ ᠢᠷᠡᠭ᠍ᠰᠡᠨ ᠦᠭᠡᠶ᠃ ᠣᠯᠠᠨ ᠤ ᠴᠢᠷᠠᠢ ᠬᠣᠪᠢᠷᠠᠵᠣ᠂ ᠨᠣ᠊ ᠱᠦᠵᠢ ᠪᠠ ᠰᠠᠬᠠᠯᠳᠣ ᠡᠶᠢ ᠶᠢ ᠡᠬᠡᠯᠵᠢᠯᠡᠨ ᠬᠠᠷᠠᠨ᠎ᠠ᠃ ᠡᠨᠠ ᠡᠶᠢ ᠴᠣᠬᠣᠮ ᠵᠦᠨᠥᠭᠷᠡᠴᠢᠬᠡᠵᠡᠢ᠃

᠊᠊᠊᠊᠊᠊᠊᠊᠊᠊᠊᠊᠊᠊᠊ ᠬᠡᠷ ᠲᠤ ᠨᠢ ᠬᠠᠷᠢᠭᠣᠯᠴᠢᠬ᠎ᠠ︕ ᠬᠡᠵᠦ ᠨᠣ᠊ ᠱᠦᠵᠢ ᠬᠡᠯᠡᠪᠡ᠃ ᠰᠠᠬᠠᠯᠳᠣ ᠡᠶᠢ ᠲᠠᠩᠰᠠᠨ ᠲᠠᠶᠠᠭ ᠶᠢᠡᠷ ᠶᠢᠠᠨ ᠭᠠᠵᠠᠷ ᠲᠣᠭᠰᠢᠵᠣ᠄

᠊᠊᠊᠊᠊᠊᠊᠊᠊᠊᠊᠊᠊᠊᠊ ᠭᠠᠶᠠ ᠴᠢᠨᠣ ᠲᠡᠬᠥᠤ ᠴᠢᠨᠢ᠃ ᠡᠴᠢᠬᠡ ᠦᠬᠡᠷ᠎ᠡ ᠪᠣᠯᠪᠠᠴᠣ ᠨᠢᠬᠡ ᠡᠬᠡ ᠶᠢᠨ ᠬᠡᠪᠡᠯᠢ ᠳᠤ ᠵᠠᠶᠠᠭᠠᠭᠰᠠᠨ ᠰᠢᠤ᠂ ᠶᠢᠰᠣᠨ ᠪᠣᠯᠠᠭ ᠤᠨ ᠲᠣᠣᠷ᠎ᠠ ᠪᠠᠢ᠌ᠭ᠎ᠠ ᠡᠬᠡ ᠪᠠᠨ ᠪᠣᠳᠣᠪᠠᠯ ᠲᠡᠬᠥᠤ ᠪᠠᠨ ᠴᠢ ᠦᠨᠦᠳᠥᠷ ᠢᠩᠬᠢᠵᠣ ᠬᠠᠷᠠᠳᠠᠵᠣ ᠪᠣᠯᠬᠣ ᠦᠭᠡᠶ︕ ᠬᠡᠪᠡ᠃ ᠨᠣ᠊ ᠱᠦᠵᠢ ᠭᠠᠷ ᠲᠣᠬᠢᠬᠣ ᠳᠤ ᠬᠣᠶᠠᠷ ᠣᠯᠠᠭᠠᠨ ᠬᠠᠮᠠᠭᠠᠯᠠᠬᠣ ᠴᠡᠷᠢᠭ᠌ ᠢᠷᠡᠬᠡᠥᠨ ᠰᠠᠬᠠᠯᠳᠣ ᠡᠶᠢ ᠶᠢ ᠴᠢᠷᠴᠣ ᠭᠠᠷᠪᠠ᠃ ᠰᠠᠬᠠᠯᠳᠣ ᠡᠶᠢ ᠶᠢᠨ ᠠᠮᠨ ᠵᠦᠭᠡᠷ ᠪᠠᠢ᠌ᠭᠰᠠᠨ ᠦᠭᠡᠶ᠄

᠊᠊᠊᠊᠊᠊᠊᠊᠊᠊᠊᠊᠊᠊᠊ ᠮᠠᠭᠣ ᠨᠣᠬᠠᠳᠠᠢ ᠴᠢ᠂ ᠨᠣᠬᠠᠢ ᠶᠢᠨ ᠰᠢᠬᠡᠰᠦ︕ ᠰᠠᠢ᠌ᠨ ᠶᠢᠠᠷ ᠦᠬᠥᠬᠥ ᠦᠭᠡᠶ᠁ ᠬᠡᠵᠦ ᠬᠠᠷᠢᠶᠠᠯ ᠲᠠᠯᠪᠢᠨ᠎ᠠ᠃

ᠮᠡᠳᠡᠬᠡ ᠣᠷᠣᠬᠣ ᠳᠤ ᠨᠢᠭᠣᠷ ᠭᠠᠷ ᠨᠢ ᠵᠢᠮᠵᠢᠬᠢᠨᠠᠨ᠂ ᠮᠥᠰᠥᠨ ᠲᠡᠬᠡᠷ᠎ᠡ ᠬᠡᠪᠳᠡᠵᠦ ᠪᠠᠢ᠌ᠭ᠎ᠠ ᠰᠢᠭ ᠲᠣᠣᠷ᠎ᠠ ᠡᠴᠡ ᠨᠢ ᠶᠠᠰᠣ ᠶᠠᠩᠬᠢᠨᠠᠮ᠎ᠠ ᠬᠠᠭᠠᠷᠢᠨ᠎ᠠ᠃ ᠭᠠᠶᠠ ᠭᠠᠷ ᠶᠢᠠᠨ ᠬᠦᠳᠡᠯᠬᠡᠵᠦ ᠦᠵᠡᠬᠥ ᠳᠤ ᠬᠦᠯᠢᠬᠡᠷ ᠴᠢᠯᠠᠭᠣ ᠲᠡᠮᠳᠡᠷᠢᠭ᠍ᠳᠡᠪᠡ᠃ ᠡᠨᠠ ᠴᠢᠨᠢ ᠢᠩ ᠪᠠᠢ᠌ᠨ᠎ᠠ᠃ ᠲᠠᠳᠠ ᠭᠠᠶᠠ ᠶᠢ ᠡᠯᠳᠠᠵᠣ ᠮᠣᠬᠣᠭᠠᠳ ᠢᠩ ᠤᠨ ᠬᠡᠷ ᠲᠤ ᠨᠢ ᠠᠪᠴᠢᠷᠠᠵᠣ᠂ ᠢᠩ ᠤᠨ ᠲᠠᠢ᠌ᠰᠠᠨ ᠲᠡᠬᠡᠷ᠎ᠡ ᠡᠯᠢᠬᠡ ᠲᠥᠷᠣᠬᠥᠯᠥᠨ ᠬᠡᠪᠳᠡᠬᠥᠯᠵᠦ ᠬᠠᠶᠠᠭᠰᠠᠨ ᠪᠠᠢ᠌ᠪᠠ᠃ ᠭᠠᠶᠠ ᠮᠥᠯᠬᠥᠵᠦ ᠮᠠᠭᠠᠵᠢᠭᠰᠠᠭᠠᠷ ᠪᠠᠷᠠᠭᠣᠨ ᠲᠠᠰᠣᠯᠭᠠᠨ ᠳᠠᠭᠠᠨ ᠣᠷᠣᠵᠣ᠂ ᠬᠠᠠᠵᠣᠨ ᠲᠡᠬᠡᠷ᠎ᠡ ᠪᠠᠨ ᠭᠠᠷᠬᠣ ᠬᠡᠰᠡᠨ ᠶᠢᠠᠨ ᠭᠠᠷᠴᠣ ᠴᠢᠳᠠᠭᠰᠠᠨ ᠦᠭᠡᠶ ᠲᠠᠬᠢᠨ ᠮᠠᠨᠠᠷᠠᠪᠠ᠃

ᠴᠢᠬᠢ ᠨᠢ ᠬᠦᠪᠥᠬᠡᠨᠡᠵᠦ᠂ ᠵᠢᠰ ᠵᠠᠰ ᠲᠠᠭᠣᠨ ᠭᠠᠷᠬᠣ ᠪᠠᠷ ᠭᠠᠶᠠ ᠨᠢᠳᠣ ᠪᠠᠨ ᠵᠠᠪᠰᠠᠷᠯᠠᠵᠣ ᠦᠵᠡᠪᠡ᠃ ᠬᠡᠳᠥᠨ ᠬᠣᠯᠣᠭᠠᠨ᠎ᠠ ᠲᠣᠯᠣᠭᠠᠢ ᠶᠢ ᠨᠢ ᠲᠣᠭᠣᠷᠢᠨ ᠲᠣᠭᠯᠠᠵᠣ᠂ ᠲᠣᠬᠣ ᠦᠭᠡᠶ ᠲᠣᠩᠬᠣᠯᠵᠠᠵᠣ ᠪᠠᠢ᠌ᠨ᠎ᠠ᠃ ᠬᠠᠠᠳᠠᠯ᠎ᠠ ᠲᠣᠭᠯᠠᠭᠠᠳ ᠲᠠᠳᠠ᠂ ᠭᠠᠶᠠ ᠶᠢᠨ ᠲᠣᠮᠳᠠᠭᠣᠷ ᠣᠭᠣᠳᠠ ᠲᠡᠶ ᠪᠣᠳᠠᠭ᠎ᠠ ᠶᠢ ᠴᠣᠭᠣᠯᠵᠣ ᠨᠦᠬᠡ ᠣᠷᠣᠭᠣ ᠪᠠᠨ ᠵᠦᠬᠡᠬᠡᠵᠦ ᠪᠠᠢ᠌ᠭᠠᠳ ᠬᠡᠷᠡᠬᠥᠯ ᠪᠣᠯᠴᠢᠬᠠᠪᠠ᠃ ᠪᠠᠷᠠᠭᠣᠨ ᠡᠮᠣᠨ᠎ᠠ ᠪᠣᠯᠣᠩ ᠳᠤ ᠨᠦᠬᠡ ᠲᠡᠶ ᠬᠣᠯᠣᠭᠠᠷ ᠬᠠᠷ᠎ᠠ ᠶᠢᠨ ᠪᠦᠯᠥᠭ ᠪᠠ ᠬᠠᠠᠵᠣᠨ ᠬᠣᠭᠣᠯᠠᠢ ᠡᠴᠡ ᠭᠠᠷᠴᠣ ᠢᠷᠡᠭ᠍ᠰᠡᠨ ᠣᠭᠣᠳᠣᠩ ᠴᠠᠭᠠᠨ ᠤ ᠠᠢ᠌ᠮᠠᠭ ᠬᠣᠭᠣᠷᠣᠠᠳᠣ ᠪᠠᠨ ᠭᠠᠯ ᠣᠰᠣ ᠪᠣᠯᠵᠣ ᠰᠢᠷᠥᠬᠥᠨ ᠦᠵᠡᠯᠴᠡᠬᠡᠨ ᠪᠣᠯᠪᠠ᠃ ᠬᠣᠯᠣᠭᠠᠷ ᠬᠠᠷ᠎ᠠ ᠰᠡᠬᠡᠷ ᠪᠣᠰᠬᠠᠨ ᠬᠣᠷᠴᠠ ᠬᠢᠮᠣᠰᠣ ᠪᠠᠨ ᠠᠷᠵᠠᠢ᠌ᠯᠭᠠᠬᠣ ᠳᠤ ᠣᠭᠣᠳᠣᠩ ᠴᠠᠭᠠᠨ ᠴᠤ ᠬᠢᠷᠢ ᠳᠠᠷᠤᠭᠳᠠᠬᠤ ᠮᠠ‍‌ᠶᠢᠭ ᠦᠭᠡᠶ᠂ ᠬᠣᠶᠠᠭᠣᠯᠠ ᠲᠡᠬᠡᠷ᠎ᠡ ᠲᠣᠣᠷ᠎ᠠ ᠪᠠᠨ ᠭᠠᠷᠣᠨ ᠬᠡᠰᠡᠭ ᠨᠣᠴᠣᠯᠳᠣᠪᠠ᠃ ᠣᠭᠣᠳᠣᠩ ᠴᠠᠭᠠᠨ ᠤ ᠮᠤᠬᠤᠷ ᠰᠡᠬᠥᠯ ᠤᠨ ᠦᠵᠦᠬᠥᠷ ᠡᠴᠡ ᠴᠢᠰᠤ ᠭᠠᠷᠣᠯ᠎ᠠ᠃ ᠴᠢᠰᠤ ᠪᠠᠨ ᠦᠵᠡᠭ᠍ᠰᠡᠨ ᠣᠭᠣᠳᠣᠩ ᠴᠠᠭᠠᠨ ᠣᠯᠠᠩᠭ᠋ᠠᠰᠣᠨ ᠲᠠᠭᠠᠷᠢᠵᠣ᠂ ᠬᠣᠯᠣᠭᠠᠷ ᠬᠠᠷ᠎ᠠ ᠶᠢ ᠭᠠᠭᠴᠠᠬᠠᠨ ᠰᠠᠪᠠᠷᠳᠠᠬᠣ ᠪᠠᠷ ᠦᠰᠥᠷᠣᠬᠡᠥᠨ ᠣᠴᠢᠪᠠ᠃ ᠬᠡᠳᠡᠯ᠎ᠡ ᠬᠣᠯᠣᠭᠠᠷ ᠬᠠᠷ᠎ᠠ ᠨᠢ ᠵᠠᠯᠢᠳᠠᠢ ᠠᠮᠢᠳᠠᠨ ᠪᠠᠢ᠌ᠵᠣ᠂ ᠬᠡᠯᠪᠡᠰᠬᠢᠨ ᠵᠠᠢ᠌ᠯᠠᠬᠣ ᠳᠤ ᠣᠭᠣᠳᠣᠩ ᠴᠠᠭᠠᠨ ᠮᠡᠬᠡᠨ ᠳᠤ ᠣᠨᠣᠭᠳᠠᠵᠣ᠂ ᠴᠢᠯᠠᠭᠣᠨ ᠲᠡᠬᠡᠷ᠎ᠡ ᠲᠣᠯᠣᠭᠠᠢ ᠪᠠᠷ ᠶᠢᠠᠨ ᠮᠥᠷᠬᠥᠨ ᠨᠠᠢ᠌ᠭᠣᠵᠣ ᠰᠡᠯᠳᠥᠷᠬᠢᠯᠡᠭ᠍ᠰᠠᠬᠡᠷ ᠬᠠᠠᠵᠣᠨ ᠬᠣᠭᠣᠯᠠᠢ ᠳᠠᠭᠠᠨ ᠲᠣᠳᠠᠭᠠᠨ ᠣᠷᠣᠪᠠ᠃ ᠲᠡᠢ᠌ᠯᠥᠭᠰᠡᠨ ᠬᠣᠯᠣᠭᠠᠷ ᠬᠠᠷ᠎ᠠ ᠣᠯᠠᠮ ᠰᠣᠷᠳᠣᠭᠣᠯᠠᠵᠣ᠂ ᠱᠠᠯᠠ ᠲᠡᠬᠡᠬᠥᠷ ᠲᠥᠷᠪᠡᠯᠵᠢᠯᠡᠨ ᠠᠯᠬᠤᠨ᠎ᠠ᠃ ᠡᠨᠠ ᠦᠶᠡᠰ ᠵᠤᠣᠬᠠᠨ ᠲᠣᠣᠷ᠎ᠠ ᠡᠴᠡ ᠪᠠᠰᠠ ᠨᠢᠬᠡ ᠲᠣᠯᠣᠭᠠᠢ ᠴᠤᠬᠤᠢ᠌ᠪᠠ᠃ ᠬᠣᠯᠣᠭᠠᠷ ᠬᠠᠷ᠎ᠠ ᠲᠠᠢ᠌ᠰᠣᠨ ᠢᠷᠡᠬᠥ ᠶᠢ ᠮᠠᠳᠠᠵᠣ᠂ ᠪᠡᠯᠡᠳᠬᠡᠯ ᠶᠢᠠᠨ ᠪᠦᠷᠢᠨ ᠬᠢᠵᠣ ᠵᠠᠪᠳᠣᠪᠠ᠃ ᠬᠡᠳᠡᠯ᠎ᠡ ᠡᠨᠠ ᠭᠠᠷᠴᠣ ᠢᠷᠡᠭ᠍ᠰᠡᠨ ᠨᠢ ᠭᠣᠯᠪᠠᠢ᠌ᠭᠰᠠᠨ ᠰᠠᠢ᠌ᠬᠠᠨ ᠦᠰᠤ ᠲᠡᠶ᠂ ᠭᠣᠰᠢᠯᠵᠠᠭᠰᠠᠨ ᠨᠠᠷᠢᠨ ᠨᠢᠷᠣᠭᠣ ᠲᠡᠶ ᠪᠠᠢ᠌ᠳᠠᠰᠣᠨ ᠬᠣᠯᠣᠭᠠᠨ᠎ᠠ ᠪᠠᠢ᠌ᠭᠰᠠᠨ ᠠᠵᠠᠢ︕ ᠳᠤᠶ‍ᠢᠯᠵᠠᠭᠰᠠᠨ ᠣᠷᠳᠣ ᠰᠡᠬᠥᠯ ᠶᠢᠠᠨ ᠭ᠍ᠬᠢᠷ ᠲᠣᠭᠣᠰᠣ ᠬᠦᠷᠬᠥ ᠡᠴᠡ ᠬᠢᠴᠢᠶᠡᠭ᠍ᠰᠡᠨ ᠪᠣᠯᠣᠯᠳᠠᠢ᠂ ᠨᠢᠷᠣᠭᠣᠨ ᠲᠡᠬᠡᠷ᠎ᠡ ᠪᠠᠨ ᠠᠴᠢᠵᠣ ᠨᠠᠬᠢᠰ ᠨᠣᠬᠢᠰ ᠠᠯᠬᠤᠨ᠎ᠠ᠃ ᠬᠣᠯᠣᠭᠠᠷ ᠬᠠᠷ᠎ᠠ ᠦᠵᠡᠮᠡᠭ᠍ᠴᠡ ᠲᠣᠰᠴᠣ ᠣᠴᠢᠭᠠᠳ ᠬᠤᠢ᠌ᠭᠣᠷ ᠣᠷᠳᠣᠭᠣᠷ ᠨᠢ ᠰᠢᠩᠰᠢᠯᠠᠵᠣ ᠦᠨᠥᠷᠯᠡᠨ ᠪᠢᠯᠭᠣᠷᠳᠠᠪᠠ᠃ ᠪᠠᠢ᠌ᠳᠠᠰᠣᠨ ᠬᠣᠯᠣᠭᠠᠨ᠎ᠠ ᠣᠯᠠᠮ ᠭᠠᠩᠬᠣᠯᠵᠠᠨ ᠡᠷᠬᠡᠯᠡᠵᠦ᠂ ᠬᠢᠯᠦᠬᠡᠷ ᠴᠢᠯᠠᠭᠣᠨ ᠲᠡᠬᠡᠷ᠎ᠡ ᠰᠠᠭᠣᠭᠠᠳ ᠦᠰᠤ ᠵᠢᠰᠣ ᠪᠠᠨ ᠵᠠᠰᠠᠨ᠎ᠠ᠃ ᠬᠣᠯᠣᠭᠠᠷ ᠬᠠᠷ᠎ᠠ ᠰᠣᠭᠣ ᠴᠠᠪᠢ ᠪᠠᠷ ᠨᠢ ᠦᠨᠥᠷᠯᠡᠵᠦ ᠯᠠ ᠪᠠᠢ᠌ᠪᠠ᠃

ᠭᠠᠶᠠ ᠵᠢᠮᠵᠢᠬᠢᠨᠠᠨ ᠡᠪᠠᠳᠴᠣ ᠪᠠᠢ᠌ᠭ᠎ᠠ ᠬᠦᠯ ᠶᠢᠠᠨ ᠲᠠᠳᠠᠬᠣ ᠳᠤ ᠬᠣᠯᠣᠭᠠᠨ᠎ᠠ ᠨᠣᠭᠣᠳ ᠶᠢᠰᠣᠨ ᠲᠠᠢ᠌ᠰᠢ ᠪᠣᠳᠠᠷᠠᠨ᠂ ᠨᠦᠬᠡᠨ ᠳᠡᠭᠡᠨ ᠰᠢᠷᠭᠣᠪᠠ᠃ ᠬᠠᠴᠠᠷ ᠢ ᠨᠢ ᠬᠦᠩᠬᠡᠬᠡᠨ ᠢᠯᠪᠢᠵᠣ ᠪᠠᠢ᠌ᠨ᠎ᠠ᠃ ᠬᠠᠪ ᠬᠠᠯᠠᠭᠣᠬᠠᠨ ᠭᠠᠷ︖ ᠭᠠᠷ ᠪᠢᠰᠢ᠂ ᠬᠠᠪ ᠬᠠᠯᠠᠭᠣᠬᠠᠨ ᠶᠠᠭᠣ ᠪᠣᠯ︖ ᠭᠠᠶᠠ ᠰᠡᠷᠬᠥᠵᠦ ᠨᠢᠳᠣ ᠪᠠᠨ ᠨᠡᠬᠡᠬᠡᠵᠦ ᠦᠵᠡᠪᠡᠯ ᠲᠣᠩ ᠴᠠᠭᠠᠨ ᠶᠠᠭᠣᠮ᠎ᠠ ᠬᠠᠷᠠᠭᠳᠠᠪᠠ᠃ ᠭᠠᠶᠠ ᠰᠣᠴᠢᠰᠬᠢᠨ ᠦᠨᠳᠡᠢ᠌ᠳᠡᠯ᠎ᠡ ᠲᠠᠷᠠ ᠪᠣᠰᠣᠭ᠎ᠠ ᠴᠠᠭᠠᠨ ᠶᠠᠭᠣᠮ᠎ᠠ ᠴᠣᠩᠬᠤ ᠪᠠᠷ ᠴᠠᠢ᠌ᠯᠠᠰᠬᠢᠨ ᠦᠰᠥᠷᠴᠦ ᠭᠠᠷᠤᠭᠠᠳ ᠬᠠᠷᠠᠩᠭ᠋ᠣᠢ ᠶᠢᠨ ᠲᠣᠮᠳᠠ ᠠᠯᠠᠭ᠎ᠠ ᠪᠣᠯᠪᠠ᠃ ᠴᠠᠭᠠᠨ ᠨᠣᠬᠠᠢ︖ ᠡ᠊ᠠᠳᠠᠬᠢ ᠬᠦᠮᠥᠰ ᠴᠠᠭᠠᠨ ᠥᠩᠬᠡ ᠶᠢ ᠴᠡᠬᠡᠷᠯᠡᠵᠦ ᠬᠢᠯᠠᠭᠠᠨ ᠬᠡᠵᠦ ᠬᠡᠯᠡᠳᠡᠭ ᠵᠠᠩ ᠲᠡᠶ᠃ ᠬᠢᠯᠠᠭᠠᠨ ᠦᠯᠥᠭᠴᠢᠨ︖ ᠭᠠᠶᠠ ᠬᠣᠩᠰᠢᠶᠠᠷ ᠣᠯᠠᠭᠠᠨ ᠬᠢᠯᠠᠭᠠᠨ ᠦᠯᠥᠭᠴᠢᠨ ᠤ ᠲᠣᠬᠠᠢ ᠦᠯᠢᠬᠡᠷ ᠢ ᠣᠯᠠᠨ ᠰᠣᠨᠣᠰᠴᠣ ᠥᠩᠬᠡᠷᠡᠭ᠍ᠰᠡᠨ ᠶᠣᠮ᠃

ᠡᠷᠳᠠ ᠳᠤ ᠨᠢᠬᠡ ᠪᠠᠶᠠᠨ ᠤ ᠬᠣᠩᠰᠢᠶᠠᠷ ᠣᠯᠠᠭᠠᠨ ᠬᠢᠯᠠᠭᠠᠨ ᠦᠯᠥᠭᠴᠢᠨ ᠲᠡᠶ ᠪᠠᠢ᠌ᠪᠠ ᠬᠡᠨ᠎ᠡ᠃ ᠲᠠᠷᠠ ᠦᠯᠥᠭᠴᠢᠨ ᠨᠢ ᠰᠦᠨᠢ ᠪᠦᠷᠢ ᠠᠢ᠌ᠯ ᠤᠨ ᠡᠯᠵᠢᠬᠡ ᠶᠢ ᠪᠠᠷᠢᠵᠣ ᠠᠪᠣᠭᠠᠳ ᠬᠤᠢ᠌ᠰᠢ ᠬᠠᠷᠠᠨ ᠣᠨᠣᠵᠣ᠂ ᠰᠡᠬᠥᠯ ᠢᠶᠡᠷ ᠶᠢᠠᠨ ᠵᠠᠯᠠᠭᠠᠳ ᠲᠣᠭᠣᠷᠢᠵᠣ ᠶᠠᠪᠣᠬᠣ ᠶᠢ ᠬᠦᠮᠥᠰ ᠣᠯᠵᠣ ᠦᠵᠡᠬᠡᠥᠨ᠄

᠊᠊᠊᠊᠊᠊᠊᠊᠊᠊᠊᠊᠊᠊᠊ ᠪᠠᠶᠠᠨ ᠤ ᠬᠢᠯᠠᠭᠠᠨ ᠦᠯᠥᠭᠴᠢᠨ ᠪᠣᠭ ᠪᠦᠲᠦᠵᠡᠢ ᠬᠡᠵᠦ ᠬᠡᠯᠡᠯᠴᠡᠬᠥ ᠪᠣᠯᠪᠠ᠃ ᠡᠨᠠ ᠦᠬᠡ ᠨᠢ ᠪᠠᠶᠠᠨ ᠤ ᠴᠢᠬᠢᠨ ᠳᠤ ᠬᠦᠷᠬᠥ ᠳᠤ ᠪᠠᠶᠠᠨ ᠠᠭᠣᠷᠯᠠᠵᠣ᠂ ᠨᠣᠬᠠᠢ ᠪᠠᠨ ᠠᠯᠠᠬᠣ ᠪᠠᠷ ᠪᠣᠯᠪᠠ᠃ ᠬᠡᠳᠡᠯ᠎ᠡ ᠨᠣᠬᠠᠢ ᠨᠢ ᠡᠬᠥᠨ ᠢ ᠨᠢ ᠮᠡᠳᠡᠴᠢᠬᠡᠬᠡᠥᠨ ᠬᠡᠳᠥᠨ ᠡᠳᠣᠷ ᠬᠡᠷ ᠲᠡᠭᠡᠨ ᠢᠷᠡᠭ᠍ᠰᠡᠨ ᠦᠭᠡᠶ᠃ ᠪᠠᠶᠠᠨ ᠬᠣᠷᠳᠣᠨ ᠮᠣᠷᠢ ᠪᠠᠨ ᠣᠨᠣᠵᠣ᠂ ᠪᠠᠰᠠ ᠨᠢᠬᠡ ᠬᠦᠳᠥᠯᠣᠬᠡ ᠮᠣᠷᠢ ᠲᠡᠶ ᠮᠣᠷᠳᠠᠨ ᠬᠢᠯᠠᠭᠠᠨ ᠦᠯᠥᠭᠴᠢᠨ ᠢ ᠨᠡᠬᠡᠨ ᠠᠯᠠᠬᠣ ᠪᠠᠷ ᠪᠣᠯᠪᠠ᠃ ᠡᠷᠢᠯ ᠰᠣᠷᠠᠭ ᠶᠢᠠᠷ ᠬᠡᠳᠥᠨ ᠡᠳᠣᠷ ᠪᠣᠯᠵᠣ᠂ ᠬᠢᠯᠠᠭᠠᠨ ᠦᠯᠥᠭᠴᠢᠨ ᠢ ᠣᠯᠵᠣ ᠠᠪᠣᠭᠠᠳ ᠬᠤᠢ᠌ᠨ᠎ᠠ ᠡᠴᠠ ᠨᠢ ᠲᠠᠭᠣᠪᠠᠯ ᠲᠠᠷᠠ ᠨᠣᠬᠠᠢ ᠬᠣᠯᠠᠳᠬᠣ ᠴᠤ ᠦᠭᠡᠶ᠂ ᠤᠢ᠌ᠷᠠᠳᠬᠣ ᠴᠤ ᠦᠭᠡᠶ ᠡᠮᠣᠨ᠎ᠠ ᠨᠢ ᠬᠦᠶᠥᠵᠦ᠂ ᠬᠦᠨ ᠵᠢᠯᠠᠭ᠎ᠠ ᠢᠭᠴᠣ ᠰᠢᠭᠣᠢ ᠳᠤ ᠣᠷᠣᠪᠠ᠃ ᠪᠠᠶᠠᠨ ᠠᠭᠣᠷᠯᠠᠵᠣ ᠮᠣᠷᠢᠨ ᠳᠠᠭᠠᠨ ᠲᠠᠰᠢᠭᠣᠷ ᠦᠭ᠍‍ᠬᠥᠨ ᠨᠠᠯᠢᠶᠠᠳ ᠤᠢ᠌ᠷᠠᠳᠣᠭᠠᠳ ᠨᠣᠮᠣ ᠰᠣᠮᠣ ᠪᠠᠨ ᠲᠠᠯᠠᠳᠠᠯ᠎ᠠ ᠮᠣᠷᠢ ᠲᠡᠶ ᠬᠦᠮᠥᠨ ᠲᠡᠶ ᠪᠠᠨ ᠬᠦᠨ ᠨᠦᠬᠡᠨ ᠳᠤ ᠲᠣᠩᠭ᠋ᠣᠷᠴᠠᠭᠯᠠᠨ ᠣᠷᠣᠪᠠ᠃ ᠣᠣᠯ ᠨᠢ ᠲᠠᠷᠠ ᠨᠣᠬᠠᠢ᠂ ᠪᠠᠶᠠᠨ ᠢ ᠬᠠᠭᠣᠷᠴᠣ ᠬᠡᠬᠡᠷ᠎ᠡ ᠶᠢᠨ ᠭᠠᠬᠠᠢ ᠪᠠᠷᠢᠬᠤ ᠪᠠᠷ ᠠᠭᠣᠳᠠᠯᠣᠭᠰᠠᠨ ᠬᠦᠨ ᠣᠨᠠᠭᠣᠯᠢ ᠳᠤ ᠣᠨᠠᠭᠠᠭᠰᠠᠨ ᠪᠠᠢ᠌ᠵᠠᠢ᠃ ᠪᠠᠶᠠᠨ᠂ ᠬᠡᠷ ᠤᠨ ᠬᠦᠮᠥᠰ ᠲᠡᠭᠡᠨ᠄ 《ᠡᠬᠥᠨ ᠡᠴᠡ ᠬᠤᠢ᠌ᠰᠢ ᠦᠶ᠎ᠡ ᠶᠢᠨ ᠦᠶ᠎ᠡ ᠳᠡᠭᠡᠨ ᠣᠯᠠᠭᠠᠨ ᠬᠣᠩᠰᠢᠶᠠᠷᠳᠠᠢ ᠬᠢᠯᠠᠭᠠᠨ ᠦᠯᠥᠭᠴᠢᠨ ᠲᠡᠵᠢᠬᠡᠵᠦ ᠪᠣᠯᠬᠣ ᠦᠭᠡᠶ》 ᠬᠡᠵᠦ ᠬᠡᠷᠢᠶᠡᠰᠥᠯᠠᠬᠡᠥᠨ ᠠᠮᠢᠰᠭᠣᠭ᠎ᠠ ᠬᠤᠷᠢᠶᠠᠭᠰᠠᠨ ᠬᠡᠨ᠎ᠡ᠁

ᠭᠠᠶᠠ ᠶᠢᠨ ᠨᠢᠷᠣᠭᠣ ᠨᠢ ᠱᠠᠷᠬᠢᠷᠠᠨ ᠡᠪᠠᠳᠴᠣ ᠬᠦᠷᠪᠡᠬᠥ ᠳᠤ ᠭᠠᠷ ᠲᠤ ᠨᠢ ᠵᠦᠬᠡᠯᠡᠨ ᠶᠠᠭᠣᠮ᠎ᠠ ᠪᠠᠷᠢᠭᠳᠠᠪᠠ᠃ ᠪᠠᠵᠠᠵᠣ ᠠᠪᠣᠭᠠᠳ ᠨᠢᠳᠣᠨ ᠲᠣᠣᠷ᠎ᠠ ᠪᠠᠨ ᠠᠪᠴᠢᠷᠠᠵᠣ ᠦᠵᠡᠪᠡᠯ ᠦᠬᠥᠭ᠍ᠰᠡᠨ ᠲᠠᠣᠯᠠᠢ ᠪᠠᠢ᠌ᠯ᠎ᠠ᠃ ᠲᠠᠮᠣᠷ᠎ᠠ ᠶᠢᠨ ᠮᠣᠯᠳᠣᠭ ᠬᠦᠤ ᠲᠠᠣᠯᠠᠢ ᠶᠢᠨ ᠣᠷᠠᠬ᠎ᠠ ᠲᠠᠯᠪᠢᠳᠠᠭ ᠶᠣᠮ᠃ ᠲᠠᠷᠠ ᠬᠦᠤ ᠠᠪᠴᠢᠷᠠᠭᠠᠳ ᠬᠠᠶᠠᠭᠰᠠᠨ ᠬᠡᠵᠦ ᠦᠦ︖ ᠣᠷᠠᠬᠠᠨ ᠳᠤ ᠣᠨᠠᠭᠰᠠᠨ ᠲᠠᠣᠯᠠᠢ ᠪᠣᠯ ᠬᠦᠯᠳᠡᠴᠢᠬᠥ ᠶᠣᠮ᠃ ᠬᠡᠳᠡᠯ᠎ᠡ ᠡᠨᠠ ᠲᠠᠣᠯᠠᠢ ᠬᠠᠪ ᠬᠠᠯᠠᠭᠣᠨ ᠢᠶᠡᠷ ᠢᠶᠡᠨ᠃ ᠬᠦᠵᠦᠬᠥᠨ ᠳᠤ ᠨᠢ ᠣᠷᠠᠬ᠎ᠠ ᠦᠭᠡᠶ᠃ ᠬᠢᠯᠠᠭᠠᠨ ᠦᠯᠥᠭᠴᠢᠨ ᠠᠪᠴᠢᠷᠠᠵᠣ ᠦᠭ᠍‍ᠬᠥᠭ᠍ᠰᠡᠨ ᠶᠣᠮ ᠪᠠᠢ᠌ᠨ᠎ᠠ᠃

ᠮᠠᠷᠭᠠᠰᠢ ᠨᠢ ᠭᠠᠶᠠ ᠮᠦᠨ ᠬᠦᠳᠡᠯᠵᠦ ᠴᠢᠳᠠᠭᠰᠠᠨ ᠦᠭᠡᠶ᠃ ᠦᠳᠡ ᠪᠣᠯᠬᠣ ᠬᠢᠷᠢ ᠪᠠᠷ ᠨᠢᠬᠡ ᠬᠦᠮᠥᠨ ᠢᠩ ᠤᠨ ᠬᠡᠷ ᠲᠤ ᠣᠷᠣᠵᠣ ᠢᠷᠡᠬᠥ ᠳᠤ ᠭᠠᠶᠠ ᠰᠠᠠᠳᠣᠷᠣᠨ ᠲᠠᠷᠠ ᠲᠠᠣᠯᠠᠢ ᠶᠢ ᠴᠢᠯᠠᠭᠣᠨ ᠵᠠᠪᠰᠠᠷ ᠨᠢᠭᠣᠵᠣ ᠲᠠᠯᠪᠢᠪᠠ᠃ ᠪᠠᠷᠠᠭᠣᠨ ᠲᠠᠰᠣᠯᠭᠠᠨ ᠤ ᠬᠢᠨᠢ ᠡᠬᠥᠳᠡ ᠨᠡᠬᠡᠬᠡᠭ᠍ᠳᠡᠬᠡᠥᠨ ᠣᠷᠢᠳ ᠶᠢᠠᠷ ᠲᠠᠶᠠᠭ ᠤᠨ ᠦᠵᠦᠬᠥᠷ ᠴᠤᠬᠤᠢ᠌ᠨ ᠲᠠᠷᠠᠭ᠎ᠠ ᠨᠢ ᠰᠠᠬᠠᠯᠳᠣ ᠡᠶᠢ ᠠᠮᠢᠰᠬᠣᠭᠠᠳᠠᠭᠰᠠᠭᠠᠷ ᠣᠷᠣᠵᠣ ᠢᠷᠠᠪᠠ᠃ ᠲᠠᠷᠠ᠂ ᠦᠬᠡ ᠲᠣᠣᠭᠠᠷᠣᠯ ᠦᠭᠡᠶ ᠬᠠᠢ᠌ᠪᠠᠭᠠᠨᠠᠵᠣ ᠲᠠᠢ᠌ᠪᠠᠭᠠᠨᠠᠭᠰᠠᠭᠠᠷ ᠵᠤᠣᠬᠠᠨ ᠳᠤ ᠨᠢ ᠭᠠᠯ ᠨᠣᠴᠣᠭᠠᠵᠣ᠂ ᠰᠡᠳᠡᠷᠬᠡᠢ ᠰᠢᠷᠠᠮᠣᠨ ᠲᠣᠭᠣᠭᠠᠨ ᠳᠤ ᠨᠢ ᠣᠰᠣ ᠬᠢᠵᠣ ᠲᠠᠯᠪᠢᠭᠠᠳ᠄

᠊᠊᠊᠊᠊᠊᠊᠊᠊᠊᠊᠊᠊᠊᠊ ᠲᠠᠣᠯᠠᠢ ᠴᠢᠨᠢ ᠬᠠᠮᠢᠭ᠎ᠠ ᠪᠠᠢ᠌ᠨ᠎ᠠ︖ ᠬᠡᠪᠡ᠃ ᠡᠨᠠ ᠡᠶᠢ ᠶᠠᠭᠠᠬᠢᠵᠣ ᠮᠠᠳᠠᠪᠠ︖ ᠬᠡᠵᠦ ᠭᠠᠶᠠ ᠭᠠᠢ᠌ᠬᠠᠭᠰᠠᠨ ᠴᠤ ᠨᠢᠭᠣᠯ ᠦᠭᠡᠶ ᠭᠠᠷᠭᠠᠵᠣ ᠦᠭ‍ᠪᠡ᠃ ᠬᠥᠭ᠍ᠰᠢᠨ᠂ ᠲᠠᠣᠯᠠᠢ ᠶᠢᠨ ᠠᠷᠠᠰᠣ ᠶᠢ ᠱᠠᠭᠠᠯᠵᠣ᠂ ᠲᠣᠭᠣᠭᠠᠨ ᠲᠣᠳᠣᠷ᠎ᠠ ᠬᠢᠪᠠ᠃ ᠣᠳᠠᠭᠰᠠᠨ ᠴᠤ ᠦᠭᠡᠶ ᠮᠢᠬ᠎ᠠ ᠪᠣᠯᠬᠣ ᠳᠤ ᠰᠠᠬᠠᠯᠳᠣ ᠡᠶᠢ ᠲᠠᠣᠯᠠᠢ ᠶᠢᠨ ᠮᠢᠬ᠎ᠠ ᠶᠢ ᠭᠠᠶᠠ ᠶᠢᠨ ᠡᠮᠣᠨ᠎ᠠ ᠲᠠᠯᠪᠢᠵᠣ᠂ ᠦᠪᠡᠷ ᠶᠢᠠᠨ ᠱᠥᠯᠥᠨ ᠡᠴᠡ ᠨᠢ ᠨᠢᠬᠡ ᠠᠶᠠᠭ᠎ᠠ ᠣᠭᠣᠴᠢᠵᠣ᠄

᠊᠊᠊᠊᠊᠊᠊᠊᠊᠊᠊᠊᠊᠊᠊ ᠬᠦᠮᠥᠨ ᠤ ᠮᠠᠳᠠᠯ ᠲᠡᠶ ᠠᠳᠣᠭᠣᠰᠣ ᠡ︕ ᠬᠡᠵᠦ ᠬᠡᠯᠡᠬᠡᠥᠨ ᠭᠠᠷᠴᠣ ᠶᠠᠪᠣᠪᠠ᠃ ᠬᠢᠯᠠᠭᠠᠨ ᠦᠯᠥᠭᠴᠢᠨ ᠢ ᠬᠡᠯᠡᠭ᠍ᠰᠡᠨ ᠪᠣᠯ ᠦᠦ︖ ᠪᠦᠤ ᠮᠠᠳᠠ᠃ ᠲᠠᠷᠠᠭ᠎ᠠ ᠡᠳᠣᠷ ᠨᠢ ᠬᠦᠮᠥᠨ ᠠᠮᠢᠳᠠᠨ ᠤ ᠬᠦᠯ ᠬᠣᠷᠢᠶᠠᠭᠳᠠᠭᠰᠠᠨ ᠤ ᠲᠠᠷᠠᠭ᠎ᠠ ᠲᠠᠷᠠ ᠨᠣᠬᠠᠢ ᠴᠢᠮᠡᠬᠡ ᠭᠠᠷᠭᠠᠯ ᠦᠭᠡᠶ ᠡᠬᠥᠳᠡᠨ ᠵᠠᠪᠰᠠᠷ ᠶᠢᠠᠷ ᠭᠣᠯᠭᠣᠨ ᠣᠷᠣᠵᠣ ᠢᠷᠠᠪᠠ᠃

ᠦᠨᠡᠬᠡᠷ ᠣᠯᠠᠭᠠᠨ ᠬᠣᠩᠰᠢᠶᠠᠷ ᠲᠡᠶ ᠬᠢᠯᠠᠭᠠᠨ ᠦᠯᠥᠭᠴᠢᠨ ᠪᠠᠢ᠌ᠯ᠎ᠠ᠃ ᠬᠢᠯᠠᠭᠠᠨ ᠦᠯᠥᠭᠴᠢᠨ ᠬᠣᠶᠠᠷ ᠢᠳᠠᠭᠣ ᠵᠠᠭᠣᠭᠰᠠᠨ ᠪᠦᠬᠡᠥᠨ ᠢᠳᠠᠭᠣᠨ ᠤ ᠬᠦᠯ ᠳᠤ ᠬᠢᠯᠠᠭᠠᠰᠣᠨ ᠣᠷᠠᠬ᠎ᠠ ᠲᠡᠬᠥᠵᠢᠯᠡᠭ᠍ᠳᠡᠵᠦ ᠪᠠᠢ᠌ᠪᠠ᠃ ᠲᠠᠮᠣᠷ᠎ᠠ ᠶᠢᠨ ᠬᠦᠤ ᠶᠢᠨ ᠣᠷᠠᠬᠠᠨ ᠳᠤ ᠣᠨᠠᠭᠰᠠᠨ ᠢᠳᠠᠭᠣ ᠶᠢ ᠰᠢᠬᠥᠷᠡᠬᠡᠥᠨ ᠠᠪᠴᠢᠷᠠᠭᠰᠠᠨ ᠶᠣᠮ ᠪᠠᠢ᠌ᠨ᠎ᠠ ᠬᠡᠵᠦ ᠭᠠᠶᠠ ᠪᠣᠳᠣᠪᠠ᠃ ᠲᠠᠷᠠ ᠦᠨᠳᠡᠢ᠌ᠨ ᠪᠣᠰᠴᠣ᠄

᠊᠊᠊᠊᠊᠊᠊᠊᠊᠊᠊᠊᠊᠊᠊ ᠨᠢᠰᠬᠡ︕ ᠬᠡᠵᠦ ᠲᠣᠣᠭᠠᠷᠬᠣ ᠳᠤ ᠲᠠᠷᠠ ᠨᠣᠬᠠᠢ 《ᠲ᠋ᠠᠪ》 ᠬᠡᠵᠦ ᠠᠪᠣᠭᠰᠠᠨ ᠪᠣᠯᠪᠠᠴᠣ ᠲᠣᠳᠠᠭᠠᠭᠰᠠᠨ ᠦᠭᠡᠶ᠃ ᠦᠬᠡᠳᠡ ᠡᠴᠡ ᠨᠢ ᠬᠠᠷᠠᠵᠣ ᠰᠡᠬᠥᠯ ᠰᠢᠷᠪᠠᠪᠠ᠃ ᠬᠣᠨᠢᠴᠢᠨ ᠡᠪᠥᠬᠡᠨ ᠤ ᠬᠢᠯᠠᠭᠠᠨ ᠦᠯᠥᠭᠴᠢᠨ ᠶᠠᠭ ᠮᠦᠨ ᠬᠡᠵᠦ ᠭᠠᠶᠠ ᠲᠠᠨᠢᠯ᠎ᠠ᠃ ᠡᠨᠠ ᠠᠢ᠌ᠯ ᠳᠤ ᠬᠣᠨᠢᠴᠢᠨ ᠡᠪᠥᠬᠡᠨ ᠤ ᠬᠣᠩᠰᠢᠶᠠᠷ ᠣᠯᠠᠭᠠᠨ ᠬᠢᠯᠠᠭᠠᠨ ᠦᠯᠥᠭᠴᠢᠨ ᠲᠡᠶ ᠪᠠᠢ᠌ᠭᠰᠠᠨ ᠶᠣᠮ᠃ ᠰᠦᠨᠢ ᠪᠣᠯᠪᠠᠯ ᠰᠥᠷᠥᠭ ᠬᠣᠨᠢᠨ ᠤ ᠪᠠᠨ ᠭᠠᠳᠠᠭᠣᠷ ᠡᠷᠬᠢᠴᠠᠵᠣ᠂ ᠬᠣᠳᠠᠨ ᠳᠠᠭᠠᠨ ᠶᠠᠭᠣ ᠴᠤ ᠤᠢ᠌ᠷᠠᠳᠣᠭᠣᠯᠳᠠᠭ ᠦᠭᠡᠶ ᠰᠣᠷᠮᠠᠭᠠᠢ ᠠᠮᠢᠳᠠᠨ ᠪᠦᠬᠡᠥᠨ ᠨᠢᠰᠬᠥ ᠵᠢᠬᠥᠷᠳᠡᠨ ᠡᠴᠠ ᠣᠠᠳᠣᠤ ᠶᠠᠭᠣᠮ᠎ᠠ ᠶᠢ ᠡᠮᠣᠨ᠎ᠠ ᠪᠠᠨ ᠭᠠᠷᠭᠠᠳᠠᠭ ᠦᠭᠡᠶ ᠬᠣᠷᠳᠣᠨ ᠨᠣᠬᠠᠢ ᠪᠠᠢ᠌ᠯ᠎ᠠ᠃ ᠬᠣᠨᠢᠴᠢᠨ ᠡᠪᠥᠬᠡᠨ᠂ ᠨᠣᠬᠠᠢ ᠪᠠᠨ ᠬᠠᠢ᠌ᠷᠠᠯᠠᠵᠣ᠂ ᠬᠦᠵᠦᠬᠥᠨ ᠳᠤ ᠨᠢ ᠣᠯᠠᠭᠠᠨ ᠵᠠᠯᠠᠭ᠎ᠠ ᠵᠠᠬᠥᠯᠬᠡᠭ᠍ᠰᠡᠨ ᠪᠠᠢ᠌ᠪᠠ᠃ ᠬᠡᠳᠥᠨ ᠵᠢᠯ ᠤᠨ ᠡᠮᠣᠨ᠎ᠠ ᠡᠪᠥᠬᠡᠨ ᠤ ᠵᠦᠪ ᠵᠦᠬᠡᠷ ᠬᠦᠶᠥᠵᠦ ᠪᠠᠢ᠌ᠭᠰᠠᠨ ᠪᠢᠴᠢᠬᠠᠨ ᠬᠦᠤ ᠨᠢ ᠬᠡᠨᠡᠳᠳᠡ ᠶᠢᠨ ᠡᠪᠠᠳᠴᠢᠨ ᠶᠢᠠᠷ ᠬᠡᠯᠡᠬᠡᠢ᠌ᠷᠡᠵᠦ᠂ ᠡᠮ ᠲᠠᠩ ᠬᠡᠴᠢᠨᠡᠬᠡᠨ ᠣᠣᠭᠣᠭᠰᠠᠨ ᠴᠤ ᠲᠣᠰᠠ ᠪᠣᠯᠣᠭᠰᠠᠨ ᠦᠭᠡᠶ᠃ ᠡᠪᠥᠬᠡᠨ ᠠᠷᠭ᠎ᠠ ᠪᠠᠨ ᠪᠠᠷᠠᠵᠣ᠂ ᠦᠵᠡᠬᠡᠴᠢ ᠳᠤ ᠣᠴᠢᠵᠣ ᠦᠵᠡᠬᠥᠯᠥᠭᠰᠡᠨ ᠳᠤ᠄

᠊᠊᠊᠊᠊᠊᠊᠊᠊᠊᠊᠊᠊᠊᠊ ᠬᠣᠩᠰᠢᠶᠠᠷ ᠣᠯᠠᠭᠠᠨ ᠴᠠᠭᠠᠨ ᠦᠯᠥᠭᠴᠢᠨ ᠲᠡᠵᠢᠬᠡᠵᠦ ᠪᠠᠢ᠌ᠬᠣ ᠶᠢᠨ ᠢᠷᠸ᠎ᠠ ᠡ︕ ᠬᠡᠵᠦ ᠠᠢ᠌ᠯᠠᠳᠪᠠ᠃ ᠬᠣᠨᠢᠴᠢᠨ ᠡᠪᠥᠬᠡᠨ ᠬᠠᠷᠢᠵᠣ ᠢᠷᠡᠮᠡᠭ᠍ᠴᠡ ᠨᠣᠬᠠᠢ ᠪᠠᠨ ᠪᠣᠯᠠᠭᠠᠨ ᠲᠡᠬᠡᠷ᠎ᠡ ᠡᠴᠡ ᠲᠡᠬᠥᠵᠢᠯᠡᠵᠦ᠂ ᠨᠠᠪᠰᠢᠷᠠᠳᠠᠯ᠎ᠠ ᠴᠣᠬᠢᠭᠠᠳ ᠠᠭᠣᠯᠠᠨ ᠭᠣᠤ ᠳᠤ ᠠᠪᠠᠴᠢᠵᠣ ᠬᠠᠶᠠᠪᠠ᠃ ᠭᠣᠷᠪᠠ ᠬᠣᠨᠣᠭ ᠤᠨ ᠲᠠᠷᠠᠭ᠎ᠠ ᠲᠠᠷᠠ ᠨᠣᠬᠠᠢ ᠨᠠᠢ᠌ᠭᠣᠵᠣ ᠲᠠᠢ᠌ᠭᠣᠭᠰᠠᠭᠠᠷ ᠠᠢ᠌ᠯ ᠲᠣᠮᠳᠠ ᠣᠷᠣᠵᠣ ᠢᠷᠡᠭ᠍ᠰᠡᠨ ᠳᠤ ᠬᠦᠮᠥᠰ ᠴᠢᠳᠬᠥᠷ ᠦᠵᠡᠭ᠍ᠰᠡᠨ ᠰᠢᠭ᠌ ᠡᠬᠥᠳᠡᠨ ᠳᠡᠭᠡᠨ ᠤᠢ᠌ᠷᠠᠳᠣᠭᠣᠯᠣᠭᠰᠠᠨ ᠦᠭᠡᠶ᠂ ᠮᠣᠳᠣ ᠴᠢᠯᠠᠭᠣ ᠣᠷᠣᠭᠣᠯᠵᠣ ᠬᠣᠯᠠ ᠬᠦᠬᠡᠬᠡᠨ ᠶᠠᠪᠣᠭᠣᠯᠪᠠ᠃ ᠲᠡᠬᠥᠨ ᠡᠴᠡ ᠬᠤᠢ᠌ᠰᠢ ᠠᠢ᠌ᠯ ᠲᠣᠮᠳᠠ ᠬᠢᠯᠠᠭᠠᠨ ᠦᠯᠥᠭᠴᠢᠨ ᠤ ᠪᠠᠷ᠎ᠠ ᠬᠠᠷᠠᠳᠠᠭᠰᠠᠨ ᠦᠭᠡᠶ᠃

ᠭᠠᠶᠠ᠂ ᠦᠴᠥᠬᠡᠳᠥᠷ ᠤᠨ ᠴᠢᠨᠠᠭᠰᠠᠨ ᠲᠠᠣᠯᠠᠢ ᠶᠢᠨ ᠮᠢᠬ᠎ᠠ ᠶᠢᠨ ᠬᠠᠭᠠᠰ ᠢ ᠪᠦᠰ ᠶᠢᠠᠷ ᠪᠠᠭᠯᠠᠵᠣ᠄

᠊᠊᠊᠊᠊᠊᠊᠊᠊᠊᠊᠊᠊᠊᠊ ᠨᠢᠰᠬᠡ᠂ ᠡᠬᠥᠨ ᠢ ᠰᠠᠬᠠᠯᠳᠣ ᠡᠶᠢ ᠳᠤ ᠠᠪᠠᠴᠢᠵᠣ ᠦᠭ᠌︕ ᠬᠡᠵᠦ ᠵᠤ᠋ ᠶᠢ ᠨᠢ ᠢᠯᠪᠢᠨ ᠬᠡᠯᠡᠬᠥ ᠳᠤ ᠲᠠᠷᠠ ᠨᠣᠬᠠᠢ ᠪᠣᠭᠣᠳᠠᠯ ᠢ ᠵᠠᠭᠣᠮᠠᠭᠴᠠ ᠡᠬᠥᠳᠡᠨ ᠵᠠᠪᠰᠠᠷ ᠶᠢᠠᠷ ᠴᠠᠢ᠌ᠯᠠᠰᠬᠢᠨ ᠭᠠᠷᠴᠣ ᠴᠢᠮᠡᠬᠡ ᠦᠭᠡᠶ ᠪᠣᠯᠪᠠ᠃

ᠮᠠᠷᠭᠠᠰᠢ ᠨᠢ ᠭᠠᠶᠠ ᠪᠣᠰᠣᠭᠠᠳ ᠬᠣᠶᠠᠷ ᠢᠳᠠᠭᠣ ᠪᠠᠨ ᠴᠢᠨᠠᠬᠣ ᠬᠡᠰᠡᠨ ᠳᠤ ᠣᠰᠣ ᠪᠠᠢ᠌ᠭᠰᠠᠨ ᠦᠭᠡᠶ᠃ ᠬᠦᠯ ᠨᠢ ᠬᠠᠪᠣᠳᠣᠭᠠᠳ ᠠᠯᠬᠣᠵᠣ ᠲᠡᠢ᠌ᠯᠬᠥ ᠦᠭᠡᠶ ᠪᠣᠯᠣᠭᠰᠠᠨ ᠡᠴᠡ ᠰᠢᠷᠠᠵᠣ ᠢᠳᠡᠬᠥ ᠯᠠ ᠬᠡᠷᠡᠭ ᠪᠣᠯᠵᠠᠢ᠃ ᠭᠠᠶᠠ ᠵᠤᠣᠬᠠᠨ ᠳᠠᠭᠠᠨ ᠶᠣᠭᠣᠵᠣ ᠣᠴᠢᠭᠠᠳ ᠭᠠᠯ ᠶᠢᠠᠨ ᠨᠣᠴᠣᠭᠠᠨ ᠬᠣᠶᠠᠷ ᠢᠳᠠᠭᠣ ᠪᠠᠨ ᠲᠡᠬᠡᠷ᠎ᠡ ᠨᠢ ᠲᠠᠯᠪᠢᠪᠠ᠃

ᠢᠩ ᠤᠨ ᠬᠡᠷ᠂ ᠰᠣᠷᠭᠠᠭᠣᠯᠢ ᠶᠢᠨ ᠵᠠᠬᠥᠨ ᠬᠤᠢ᠌ᠳᠣ ᠦᠨᠴᠥᠭ ᠲᠤ ᠤᠢ᠌ᠷᠬᠠᠨ ᠪᠠᠢ᠌ᠳᠠᠭ᠃ ᠦᠳᠡ ᠶᠢᠨ ᠰᠣᠷᠭᠠᠭᠣᠯᠢ ᠲᠠᠷᠠᠬᠣ ᠳᠣ ᠬᠡᠣᠬᠡᠥᠨ᠂ ᠬᠡᠷ ᠡᠴᠡ ᠪᠠᠨ ᠴᠢᠬᠢᠯᠴᠢᠨ ᠭᠠᠷᠴᠣ ᠢᠷᠠᠪᠠ᠃ ᠰᠢᠷᠠᠭᠰᠠᠨ ᠮᠢᠬᠠᠨ ᠤ ᠦᠨᠥᠷ ᠰᠠᠮᠰᠠ ᠳᠤ ᠨᠢ ᠣᠷᠣᠵᠣ᠂ ᠬᠣᠭᠣᠯᠠᠢ ᠭᠣᠪᠣᠭᠣᠨᠠᠭᠣᠯᠬᠣ ᠳᠤ ᠲᠠᠳᠠ᠄

᠊᠊᠊᠊᠊᠊᠊᠊᠊᠊᠊᠊᠊᠊᠊ ᠬᠠᠮᠢᠭ᠎ᠠ ᠡᠴᠡ ᠡᠢ᠌ᠮᠣ ᠰᠠᠢ᠌ᠬᠠᠨ ᠦᠨᠥᠷ ᠭᠠᠷᠴᠣ ᠪᠠᠢ᠌ᠬᠣ ᠪᠣᠢ︖ ᠬᠡᠵᠦ ᠱᠣᠣᠬᠢᠯᠳᠣᠨ᠂ ᠰᠠᠯᠬᠢ ᠦᠬᠡᠳᠡ ᠦᠨᠥᠷᠯᠡᠨ ᠵᠤᠭᠰᠣᠵᠠᠭᠠᠪᠠ᠃ ᠨᠢᠬᠡ ᠪᠢᠴᠢᠬᠠᠨ ᠬᠦᠤ ᠰᠠᠯᠬᠢ ᠦᠬᠡᠳᠡ ᠶᠠᠪᠣᠭᠰᠠᠭᠠᠷ ᠢᠩ ᠤᠨ ᠬᠡᠷ ᠤᠨ ᠡᠬᠥᠳᠡᠨ ᠳᠤ ᠢᠷᠡᠬᠡᠥᠨ᠄

᠊᠊᠊᠊᠊᠊᠊᠊᠊᠊᠊᠊᠊᠊᠊ ᠡ᠊ᠠᠳᠠ ᠡᠴᠡ ᠭᠠᠷᠴᠣ ᠪᠠᠢ᠌ᠨ᠎ᠠ︕ ᠬᠡᠪᠡ᠃ ᠠᠷᠪᠠᠭᠠᠳ ᠬᠡᠣᠬᠡᠥᠨ ᠦᠪᠥᠬᠡᠷᠡᠯᠳᠥᠨ ᠢᠷᠠᠵᠣ ᠴᠣᠩᠬᠤ ᠪᠠᠷ ᠲᠣᠳᠣᠭᠰᠢ ᠱᠠᠭᠠᠢ᠌ᠨ᠎ᠠ᠃ ᠵᠠᠷᠢᠮ ᠨᠢ ᠴᠣᠩᠬᠣᠨ ᠴᠠᠭᠠᠰᠣ ᠶᠢ ᠬᠣᠷᠣᠭᠣ ᠪᠠᠷ ᠶᠢᠠᠨ ᠴᠢᠴᠢᠵᠣ ᠴᠣᠭᠣᠯᠣᠨ᠂ ᠨᠢᠳᠣ ᠪᠠᠨ ᠲᠠᠭᠠᠷᠠᠭᠣᠯᠵᠣ ᠦᠵᠡᠬᠡᠥᠨ᠄

᠊᠊᠊᠊᠊᠊᠊᠊᠊᠊᠊᠊᠊᠊᠊ ᠬᠦᠶᠢ᠂ ᠭᠠᠶᠠ ᠰᠢᠷᠠᠵᠣ ᠪᠠᠢ᠌ᠨ᠎ᠠ︕ ᠬᠡᠪᠡ᠃ ᠨᠢᠬᠡ ᠬᠦᠤ ᠰᠢᠯᠣᠰᠣ ᠪᠠᠨ ᠭᠦᠳ ᠬᠡᠳᠡᠯ᠎ᠡ ᠵᠠᠯᠬᠢᠭᠠᠳ᠄

᠊᠊᠊᠊᠊᠊᠊᠊᠊᠊᠊᠊᠊᠊᠊ ᠪᠢᠳᠠ ᠵᠠ᠊ ᠪᠠᠭᠰᠢ ᠳᠤ ᠵᠠᠭᠠᠯᠳᠣᠶ᠎ᠠ︕ ᠬᠡᠪᠡᠯ ᠪᠠᠰᠠ ᠨᠢᠬᠡ ᠨᠢ᠄

᠊᠊᠊᠊᠊᠊᠊᠊᠊᠊᠊᠊᠊᠊᠊ ᠲᠠᠬᠢᠶ᠎ᠠ ᠪᠢᠰᠢ᠃ ᠲᠠᠢ᠌ᠮᠣ ᠵᠢᠭᠠᠬᠠᠨ ᠲᠠᠬᠢᠶ᠎ᠠ ᠬᠡᠵᠦ ᠬᠠᠮᠢᠭ᠎ᠠ ᠪᠠᠢ᠌ᠭᠰᠠᠨ ᠪᠣᠢ︖ ᠢᠳᠠᠭᠣ︕ ᠬᠡᠪᠡ᠃ ᠪᠦᠬᠥᠳᠡᠬᠡᠷ ᠢᠩ ᠤᠨ ᠬᠡᠷ ᠤᠨ ᠡᠮᠣᠨ᠎ᠠ ᠴᠢᠬᠢᠯᠳᠣᠵᠣ ᠪᠠᠢ᠌ᠭᠰᠠᠨ ᠶᠢᠠᠨ᠄

ᠢᠩ ᠤᠨ ᠬᠡᠷ ᠤᠨ ᠰᠠᠬᠢᠭᠣᠯ ᠭᠠᠶᠠ

ᠶᠠᠪᠣᠳᠠᠯ ᠪᠦᠬᠥᠨ ᠤ ᠪᠣᠭᠣᠯ ᠭᠠᠶᠠ

ᠲᠠᠷᠪᠠ ᠵᠠᠯᠠᠨ ᠤ ᠬᠦᠤ ᠭᠠᠶᠠ

ᠲᠠᠰᠢᠶ᠎ᠠ ᠪᠠᠨ ᠲᠡᠪᠡᠷᠢᠭᠰᠡᠨ ᠭᠤᠸᠠᠩᠭ᠋ᠠᠨ ᠭᠠᠶᠠ︕ ᠬᠡᠵᠦ ᠬᠣᠭᠣᠯᠠᠢ ᠨᠡᠢ᠌ᠯᠡᠬᠥᠯᠥᠨ ᠡᠠᠶ᠎ᠠ ᠳ᠋ᠠᠩ ᠲᠡᠶ ᠬᠠᠰᠬᠢᠷᠠᠯᠳᠣᠭᠠᠳ ᠬᠡᠷ ᠬᠡᠷ ᠵᠦᠭ᠌ ᠶᠢᠠᠨ ᠪᠣᠳᠠᠷᠠᠨ ᠲᠠᠷᠠᠵᠠᠭᠠᠪᠠ᠃

ᠵᠤᠬᠢᠶᠠᠭᠴᠢ᠄ ᠬᠠᠷᠭᠤᠢ
ᠳᠠᠷᠤᠮ᠄ 18705
ᠴᠠᠭ᠄ 2005 ᠤᠨ ᠤ 08 ᠰᠠᠷ᠎ᠠ ᠶᠢᠨ 09

ᠡᠮᠦᠨᠡᠬᠢ ᠳᠠᠷᠠᠭᠠᠬᠢ

ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃