ᠬᠠᠷᠭᠤᠢ ᠄ 《ᠵᠠᠮ ᠤᠨ ᠲᠤᠭᠤᠰᠤ》
ᠬᠤᠶᠠᠷ ᠂ ᠨᠢᠴᠢᠭ᠍‍ᠮ᠎ᠡ

ᠨᠠᠮᠤᠷ ᠨᠢ ᠭᠡᠭᠡᠯᠳᠦᠭᠦᠯᠭᠡ ᠭᠢᠭᠦ ᠪᠠᠷ ᠪᠣᠯᠵᠤ᠂ ᠠᠢ᠌ᠯ ᠤᠨ ᠡᠮ᠎ᠡ ᠬᠤᠨᠢᠤᠨ ᠢ ᠰᠥᠷᠦᠭ᠌ ᠰᠡᠯᠭᠠᠪᠡ᠃ ᠨᠢᠭᠡᠳᠦᠯ ᠡᠴᠡ ᠶᠡᠭᠡ ᠦᠨ᠎ᠡ ᠪᠠᠷ ᠠᠪᠴᠢᠷᠠᠭᠰᠠᠨ ᠬᠤᠶᠠᠷ ᠬᠤᠴᠠ ᠦᠭ‍ᠭᠦᠭ᠍ᠰᠡᠨ ᠡᠴᠡ ᠭᠡᠭᠡᠯᠳᠦᠭᠦᠯᠭᠡ ᠭᠢᠭᠦ ᠳᠤᠰᠬᠠᠢ ᠭᠦᠷᠢᠶ᠎ᠡ ᠬᠠᠰᠢᠶ᠎ᠠ᠂ ᠲ᠋ᠤᠯᠠᠭᠠᠨ ᠫᠧᠩ ᠰᠠᠷᠠᠪᠴᠢ ᠵᠤᠬᠢᠶᠠᠭᠰᠠᠨ ᠪᠦᠭᠡᠤᠨ ᠪᠠᠰᠠ ᠬᠤᠶᠠᠷ ᠳᠠᠰᠤᠯᠭ᠎ᠠ ᠰᠢᠪᠠᠷ ᠭᠡᠷ ᠪᠠᠷᠢᠪᠡ᠃ ᠡᠨᠡ ᠣᠴᠢᠷ ᠲᠤ ᠮᠠᠯ ᠤᠨ ᠡᠮᠴᠢ ᠰᠠᠬᠠᠷᠠ ᠴᠤ ᠨᠢᠭᠡᠳᠦᠯ ᠳᠡᠭᠡᠷ᠎ᠡ ᠬᠠᠭᠠᠰ ᠰᠠᠷ᠎ᠠ ᠰᠠᠭᠤᠵᠤ᠂ ᠭᠠᠷ ᠭᠡᠭᠡᠯᠳᠦᠭᠦᠯᠭᠡ ᠭᠢᠭᠦ ᠮᠡᠷᠭᠡᠵᠢᠯ ᠢ ᠰᠤᠷᠴᠤ ᠢᠷᠡᠭ᠍ᠰᠡᠨ ᠶ‍ᠦᠮ᠃ ᠲ᠋ᠡᠭᠡᠷ᠎ᠡ ᠡᠴᠡ ᠦᠭ‍ᠭᠦᠭ᠍ᠰᠡᠨ ᠬᠤᠶᠠᠷ ᠬᠤᠴᠠ ᠨᠢ ᠠᠷᠬᠠᠢ᠌ᠭᠰᠠᠨ ᠣᠭᠠᠯᠵᠠᠨ ᠡᠪᠠᠷ ᠲᠡᠶ᠂ ᠨᠢᠳᠤ ᠨᠢ ᠬᠠᠮᠢᠭ᠎ᠠ ᠪᠠᠨ ᠪᠠᠢ᠌ᠭ᠎ᠠ ᠪᠤᠯ  ᠭᠡᠮᠡᠷ ᠠᠳᠤᠷᠢᠯᠳᠤᠭᠰᠠᠨ ᠦᠰᠦᠨ ᠳᠡᠭᠡᠨ ᠰᠢᠷᠭᠢᠭ᠍ᠰᠡᠨ ᠣᠭᠰᠠᠭᠠᠷ ᠪᠦᠳᠦᠭᠦᠨ ᠶᠠᠭᠤᠮ᠎ᠠ ᠨᠤᠭᠤᠳ ᠪᠠᠢ᠌ᠪᠠ᠃ ᠬᠤᠶᠠᠷ ᠬᠤᠴᠠ ᠶᠢᠨ ᠢᠳᠡᠭᠦ ᠶᠢ ᠮᠡᠷᠭᠡᠵᠢᠯᠳᠡᠨ ᠡᠴᠡ ᠨᠠᠷᠢᠯᠢᠭ ᠳᠤᠭᠢᠷᠠᠭᠤᠯᠤᠨ ᠥᠭ᠍ᠴᠤ᠂ ᠭᠦᠭᠡ ᠡᠪᠠᠰᠤ᠂ ᠨᠠᠷᠢᠯᠢᠭ ᠪᠣᠷᠳᠤᠭ᠎ᠠ ᠢᠳᠡᠭᠦᠯᠤᠨ᠂ ᠨᠡᠷᠢᠮᠤ ᠶᠢᠨ ᠰᠢᠩᠭᠡᠨ ᠣᠤᠭᠤᠯᠭᠠᠬᠤ ᠡᠴᠡ ᠭᠠᠳᠠᠨ᠎ᠠ ᠪᠠᠰᠠ ᠬᠣ᠊ ᠯᠤᠤᠪᠠᠩ ᠢ ᠭᠡᠷᠴᠢᠨ ᠳᠠᠭᠢᠶᠠᠨ ᠥᠡᠳᠡᠭᠡ ᠲᠡᠶ ᠵᠢᠭᠤᠷᠠᠵᠤ ᠢᠳᠡᠭᠦᠯᠳᠡᠭ᠌ ᠪᠠᠢ᠌ᠪᠠ᠃ ᠠᠢ᠌ᠯ ᠤᠨ ᠭᠦᠮᠦᠰ ᠤᠨ ᠰᠢᠯᠤᠰᠤ ᠭᠤᠭᠤᠵᠢᠵᠤ᠄ 《ᠪᠢᠳᠠ ᠭᠦᠮᠤᠨ ᠭᠡᠵᠤ ᠪᠠᠢ᠌ᠭᠠᠤᠨ ᠠᠳᠠᠭ ᠨᠢ ᠡᠨᠡ ᠬᠤᠶᠠᠷ ᠬᠤᠴᠠ ᠶᠢ ᠴᠤ ᠭᠦᠷᠭᠦ ᠦᠭᠡᠶ》 ᠭᠡᠭᠦ ᠳᠤ ᠵᠠᠷᠢᠮ ᠨᠢ ᠨᠠᠭᠠᠳᠤᠮ ᠭᠢᠵᠤ᠄

᠊᠊᠊᠊᠊᠊᠊᠊᠊᠊᠊᠊᠊᠊᠊ ᠳᠠᠷᠠᠭ᠎ᠠ ᠲᠦᠷᠦᠯ ᠳᠡᠭᠡᠨ ᠶᠠᠩ ᠬᠤᠴᠠ ᠪᠣᠯᠵᠤ ᠲᠦᠷᠦᠶ᠎ᠠ ᠭᠡᠳᠡᠭ᠌ ᠪᠠᠢ᠌ᠪᠠ᠃ ᠦᠯᠦᠨ ᠭᠡᠳᠡᠰᠤ ᠨᠢ ᠭᠤᠷᠴᠢᠭᠢᠨᠠᠵᠤ ᠪᠠᠢ᠌ᠬᠤ ᠭᠦᠮᠦᠰ ᠲᠤ ᠠᠪᠴᠤ ᠭᠡᠯᠡᠪᠠᠯ ᠡᠨᠡ ᠨᠢ ᠠᠷᠭ᠎ᠠ ᠦᠭᠡᠶ ᠦᠨᠡᠨ ᠥᠭᠡ ᠪᠠᠢ᠌ᠯ᠎ᠠ᠃ ᠬᠤᠶᠠᠷ ᠬᠤᠴᠠ ᠴᠤ ᠦᠪᠡᠷ ᠤᠨ ᠡᠨᠡᠭᠦ ᠣᠠᠴᠠᠭᠠᠢ ᠪᠠᠢ᠌ᠷᠢ ᠰᠠᠭᠤᠷᠢ ᠪᠠᠨ ᠦᠵᠡᠵᠤ ᠭᠠᠷᠤᠯ᠎ᠠ ᠭᠡᠮᠡᠷ ᠭᠦᠵᠦᠭᠦᠤ ᠣᠭᠰᠣᠢ᠌ᠯᠭᠠᠨ ᠡᠪᠠᠷ ᠠᠷᠬᠠᠢ᠌ᠯᠭᠠᠵᠤ᠂ ᠣᠯᠠᠭᠠᠨ ᠨᠤᠭᠤᠭᠠᠨ ᠬᠤᠪᠴᠠᠰᠤ ᠲᠡᠶ ᠦᠬᠢᠤᠨ ᠪᠠᠷᠢᠶᠠᠤᠨ ᠢ ᠦᠵᠡᠪᠠᠯ ᠰᠢᠷᠵᠠᠩ ᠣᠯᠠᠯᠵᠠᠭᠤᠯᠤᠨ ᠳᠠᠭᠤᠵᠤ ᠭᠦᠶ‍ᠦᠳᠡᠭ᠌᠃

᠊᠊᠊᠊᠊᠊᠊᠊᠊᠊᠊᠊᠊᠊᠊ ᠭᠡᠭᠡᠯᠳᠦᠭᠦᠯᠭᠡ ᠶᠢᠨ ᠭᠡᠷ ᠤᠨ ᠬᠤᠶᠠᠷ ᠬᠤᠴᠠ ᠭᠡᠪᠠᠯ ᠠᠢ᠌ᠯ ᠤᠨ ᠪᠠᠷᠢᠶᠠᠤᠨ ᠤᠨ ᠳᠠᠪᠣᠰᠠᠩ ᠣᠷᠤᠭᠤ ᠨᠢ ᠴᠢᠨᠤᠷᠠᠵᠤ ᠰᠢᠭᠡᠰᠤ ᠠᠯᠳᠠᠳᠠᠭ ᠭᠡᠨ᠎ᠡ ᠰᠢᠤ  ᠭᠡᠵᠤ ᠰᠠᠬᠠᠷᠠ ᠪᠦᠳᠤᠨ ᠴᠤᠬᠤᠷ ᠴᠢᠷᠠᠢ ᠪᠠᠨ ᠮᠠᠷᠰᠠᠢ᠌ᠯᠭᠠᠨ᠂ ᠬᠤᠯᠭᠢᠶ᠎ᠠ ᠥᠭᠡ ᠪᠠᠨ ᠶᠠᠷᠢᠵᠤ ᠶᠠᠪᠣᠳᠠᠭ᠃

ᠭᠡᠭᠡᠯᠳᠦᠭᠦᠯᠭᠡ ᠶᠢᠨ ᠬᠤᠨᠢ ᠶᠢ ᠬᠠᠷᠢᠭᠤᠯᠬᠤ ᠨᠢ ᠰᠤᠪᠠᠢ ᠰᠤᠪᠳᠠᠭ ᠬᠤᠨᠢ ᠲᠡᠶ ᠳᠠᠭᠠᠷᠠᠬᠤ ᠦᠭᠡᠶ᠃ ᠣᠰᠤᠯᠠᠵᠤ ᠡᠪᠠᠰᠦᠯᠡᠭᠦ ᠶᠢ ᠨᠢ ᠳᠡᠩᠴᠡᠭᠦᠯᠵᠤ᠂ ᠭᠡᠭᠡᠯ ᠳᠤᠭᠳᠠᠬᠤ ᠶᠢ ᠨᠢ ᠪᠠᠳᠤᠯᠠᠬᠤ ᠵᠡᠷᠭᠡ ᠶᠠᠷᠰᠢᠭ ᠲᠡᠶ ᠪᠠᠢ᠌ᠳᠠᠭ ᠡᠴᠡ ᠡᠨᠡ ᠠᠵᠢᠯ ᠨᠢ ᠪᠠᠰᠠ ᠴᠤ ᠭᠠᠶᠠ ᠶᠢᠨ ᠪᠠᠶ᠎ᠠ ᠳᠡᠭᠡᠷ᠎ᠡ ᠣᠨᠤᠭᠳᠠᠪᠠ᠃

ᠨᠢᠭᠡ ᠣᠷᠤᠢ ᠭᠠᠶᠠ ᠬᠤᠨᠢ ᠪᠠᠨ ᠬᠤᠳᠠᠯᠠᠭᠠᠤᠨ ᠭᠡᠷ ᠲᠤ ᠣᠷᠤᠵᠤ ᠦᠵᠡᠪᠠᠯ ᠰᠠᠬᠠᠷᠠ ᠢᠷᠡᠭᠡᠤᠨ ᠭᠠᠭᠴᠠᠭᠠᠷ ᠰᠠᠭᠤᠵᠤ ᠪᠠᠢ᠌ᠪᠠ᠃ ᠬᠠᠪᠰᠤᠷᠤᠭᠴᠢ ᠵᠠᠯᠠᠭᠤ ᠨᠢ ᠢᠷᠡᠭ᠍ᠰᠡᠨ ᠦᠭᠡᠶ ᠪᠣᠯᠬᠤᠷ ᠭᠠᠶᠠ᠂ ᠬᠤᠨᠢ ᠭᠡᠭᠡᠯᠳᠦᠭᠦᠯᠭᠦ ᠠᠵᠢᠯ ᠳᠤ ᠬᠠᠪᠰᠤᠷᠬᠤ ᠭᠡᠷᠡᠭ᠍ᠳᠡᠢ ᠪᠤᠯᠪᠠ᠃ ᠰᠠᠬᠠᠷᠠ᠂ ᠥᠷᠭᠡᠨ ᠪᠦᠰ ᠶᠢᠡᠷ ᠬᠤᠴᠠ ᠶᠢᠨ ᠭᠢᠷᠵᠠᠩ ᠢ ᠳᠠᠷᠤᠭᠤᠯᠵᠤ ᠣᠶᠠᠭᠠᠤᠨ ᠣᠷᠤᠭ᠎ᠠ ᠣᠷᠤᠭᠰᠠᠨ ᠬᠤᠨᠢ ᠶᠢ ᠡᠷᠢᠭᠦᠯᠪᠡ᠃ ᠬᠤᠶᠠᠷ ᠬᠤᠴᠠ ᠬᠤᠨᠢᠨ ᠳᠤᠮᠳᠠᠭᠤᠷ ᠰᠦᠯᠵᠢᠯᠳᠤᠨ᠂ ᠣᠷᠤᠭᠠᠨ ᠤ ᠬᠤᠨᠢᠨ ᠳᠡᠭᠡᠷ᠎ᠡ ᠠᠪᠠᠷᠢᠪᠠᠯ ᠭᠠᠶᠠ ᠪᠠᠷᠢᠵᠤ ᠠᠪᠣᠭᠠᠤᠨ ᠵᠢᠶᠠᠰᠠᠯᠠᠵᠤ ᠳᠠᠯᠪᠢᠨ᠎ᠠ᠃ ᠶᠤᠷᠤ ᠶᠤᠷᠤ ᠪᠠᠷ ᠳᠠᠷᠠ ᠣᠷᠤᠢ ᠨᠢ ᠣᠷᠤᠭ᠎ᠠ ᠣᠷᠤᠭᠰᠠᠨ ᠬᠤᠨᠢ ᠠᠷᠪᠢᠨ ᠪᠠᠢ᠌ᠵᠤ᠂ ᠭᠠᠶᠠ ᠭᠠᠭᠴᠠᠭᠠᠷ ᠴᠢᠷᠦᠭᠡᠤᠨ ᠵᠠᠪᠳᠤᠬᠤ ᠦᠭᠡᠶ ᠪᠠᠢ᠌ᠳᠠᠯ᠎ᠠ ᠳᠠᠮᠤᠷ᠎ᠠ ᠶᠢᠨ ᠮᠤᠯᠳᠤᠭ ᠭᠦᠤ ᠶᠠᠪᠣᠵᠤ ᠪᠠᠢ᠌ᠭ᠎ᠠ ᠬᠠᠷᠠᠭᠳᠠᠪᠠ᠃ ᠭᠠᠶᠠ ᠳᠠᠷᠠ ᠭᠦᠤ ᠶᠢ ᠳᠠᠯᠠᠯᠤᠨ᠄

᠊᠊᠊᠊᠊᠊᠊᠊᠊᠊᠊᠊᠊᠊᠊ ᠪᠠᠭᠠᠳᠤᠷ ᠡ᠂ ᠡᠡᠬ᠎ᠠ ᠳᠠᠭᠠᠨ ᠬᠠᠪᠰᠤᠷᠤᠭᠠᠤᠨ ᠥᠭ᠌ ᠭᠡᠪᠡ᠃ ᠮᠤᠯᠳᠤᠭ ᠭᠦᠤ ᠳᠠᠳᠠᠨ ᠤ ᠬᠣ᠊ ᠯᠤᠤᠪᠠᠩ ᠳᠤ ᠳᠤᠷᠠᠯᠠᠭᠰᠠᠨ ᠪᠢᠵᠡ᠂ ᠭᠡᠴᠡᠭᠦᠤ ᠭᠦᠯ ᠭᠦᠩᠭᠡᠨ ᠭᠦᠶ‍ᠦᠵᠤ ᠢᠷᠠᠪᠠ᠃ ᠭᠤᠴᠢᠭᠠᠤᠨ ᠬᠤᠨᠢ ᠶᠢ ᠭᠡᠭᠡᠯᠳᠦᠭᠦᠯᠵᠤ ᠳᠠᠭᠤᠰᠳᠠᠯ᠎ᠠ ᠪᠦᠷᠦᠢ ᠳᠠᠰᠤᠷᠠᠪᠠ᠃ ᠰᠠᠬᠠᠷᠠ᠂ ᠭᠠᠶᠠ ᠬᠤᠶᠠᠭᠤᠯᠠ ᠬᠠᠠᠵᠤᠨ ᠳᠡᠭᠡᠷ᠎ᠡ ᠵᠠᠪᠢᠯᠠᠨ ᠴᠠᠢ ᠣᠤᠭᠤᠵᠤ ᠪᠠᠢ᠌ᠳᠠᠯ᠎ᠠ ᠮᠤᠯᠳᠤᠭ ᠭᠦᠤ ᠶᠠᠭᠤᠮᠠᠨ ᠳᠤ ᠳᠤᠷᠠᠯᠠᠵᠤ᠂ ᠰᠠᠬᠠᠷᠠ ᠶᠢᠨ ᠳᠤᠳᠤᠤᠠᠬᠠᠬᠤ ᠰᠢᠯ (ᠮᠢᠺᠷᠤᠰᠺᠦᠹ) ᠊ᠢ ᠦᠵᠡᠵᠤ ᠪᠠᠢ᠌ᠭᠰᠠᠨ ᠶᠢᠡᠨ ᠭᠡᠨᠡᠳᠳᠡ᠄

᠊᠊᠊᠊᠊᠊᠊᠊᠊᠊᠊᠊᠊᠊᠊ ᠭᠦᠶ‍ᠢ᠂ ᠬᠤᠷᠤᠬᠠᠢ ᠶᠠᠪᠣᠵᠤ ᠪᠠᠢ᠌ᠨ᠎ᠡ︕  ᠭᠡᠵᠤ ᠨᠢᠳᠤ ᠳᠤᠳᠣᠢ᠌ᠪᠠ᠃ ᠰᠠᠬᠠᠷᠠ ᠢᠨᠢᠶᠡᠮᠰᠦᠭᠯᠡᠨ᠄

᠊᠊᠊᠊᠊᠊᠊᠊᠊᠊᠊᠊᠊᠊᠊ ᠲ᠋ᠤᠬᠤ ᠴᠢᠨᠢ ᠬᠤᠷᠤᠬᠠᠢ᠃ ᠲ᠋ᠠᠷᠠ ᠴᠢᠨᠢ ᠢᠴᠡᠭᠡᠯ ᠦᠷ᠎ᠡ ᠪᠠᠢ᠌ᠨ᠎ᠠ᠃ ᠪᠢᠴᠢᠬᠠᠨ ᠬᠤᠷᠠᠭ᠎ᠠ ᠰᠢᠳᠠ ᠭᠡᠪᠡ᠃ ᠲ᠋ᠡᠷᠡ ᠭᠦᠤ ᠣᠬᠠᠭᠠᠨ ᠢ ᠨᠢ ᠣᠯᠤᠭᠰᠠᠨ ᠦᠭᠡᠶ ᠳᠠᠭᠢᠨ ᠮᠠᠯᠳᠠᠩ ᠮᠠᠯᠳᠠᠩ ᠬᠠᠷᠠᠭᠰᠠᠨ ᠶᠢᠡᠨ᠄

᠊᠊᠊᠊᠊᠊᠊᠊᠊᠊᠊᠊᠊᠊᠊ ᠬᠤᠷᠠᠭ᠎ᠠ ᠪᠢᠰᠢ᠂ ᠬᠤᠷᠤᠬᠠᠢ  ᠭᠡᠪᠡ᠃ ᠭᠠᠶᠡ ᠴᠤ ᠳᠠᠷᠠ ᠶᠠᠭᠤᠮ᠎ᠠ ᠶᠢ ᠨᠢ ᠥᠵᠡᠭᠡᠳᠦᠢ ᠳᠤᠯᠠ ᠳᠡᠭᠡᠷ᠎ᠡ ᠡᠴᠡ ᠨᠢ ᠨᠢᠳᠤ ᠪᠠᠨ ᠳᠠᠭᠠᠷᠠᠭᠤᠯᠤᠨ ᠰᠢᠭᠢ᠌ᠵᠤ᠄

᠊᠊᠊᠊᠊᠊᠊᠊᠊᠊᠊᠊᠊᠊᠊ ᠭᠢᠱᠢ! ᠲ᠋ᠤᠨᠤᠮᠠᠯ ᠣᠰᠤᠨ ᠳᠤ ᠪᠠᠢ᠌ᠳᠠᠭ ᠰᠢᠨᠠᠭᠠᠨ ᠬᠤᠷᠤᠬᠠᠢ ᠶᠤᠮ ᠪᠠᠢ᠌ᠨ᠎ᠡ! ᠭᠡᠪᠡ᠃

ᠰᠡᠬᠠᠷᠡ᠂ ᠡᠮᠨᠡᠯᠭᠡ ᠶᠢᠨ ᠣᠬᠠᠭᠠᠨ ᠶᠢᠡᠷ ᠪᠣᠯ ᠳᠠᠷᠠ ᠬᠤᠶᠠᠷ ᠲᠠᠭᠠᠨ ᠪᠠᠭᠰᠢᠯᠠᠵᠤ ᠪᠣᠯᠬᠤ ᠶᠤᠮ ᠪᠠᠢ᠌ᠨ᠎ᠠ᠃

᠊᠊᠊᠊᠊᠊᠊᠊᠊᠊᠊᠊᠊᠊᠊ ᠲ᠋ᠠ ᠬᠤᠶᠠᠷ ᠤᠨ ᠥᠵᠡᠭ᠍ᠰᠡᠨ ᠳᠠᠷᠠ ᠬᠤᠷᠤᠬᠠᠢ ᠴᠢᠨᠢ ᠳᠠᠷᠤᠢ ᠬᠤᠴᠠ ᠶᠢᠨ ᠥᠷ᠎ᠡ᠃ ᠡᠨᠡ ᠬᠤᠷᠤᠬᠠᠢ ᠨᠢ ᠡᠮ᠎ᠡ ᠬᠤᠨᠢᠨ ᠤ ᠥᠡᠳᠡᠭᠡ ᠲᠡᠶ ᠨᠠᠢ᠌ᠯᠠᠵᠤ᠂ ᠬᠤᠨᠢᠨ ᠤ ᠭᠡᠪᠠᠯᠢ ᠳᠤ ᠠᠭᠠᠵᠢᠮ ᠶᠢᠡᠷ ᠳᠤᠮᠤᠷᠠᠨ ᠬᠤᠷᠠᠭ᠎ᠠ ᠪᠣᠯᠳᠠᠭ ᠭᠡᠵᠤ ᠥᠯᠢᠭᠡᠷ ᠭᠡᠯᠡᠵᠤ ᠪᠠᠢ᠌ᠭ᠎ᠠ ᠰᠢᠭ ᠶᠠᠷᠢᠵᠤ ᠦᠭ‍ᠭᠦ ᠳᠤ ᠰᠤᠨᠤᠰᠤᠭᠰᠠᠨ ᠬᠤᠶᠠᠷ ᠤᠨ ᠠᠮᠠ ᠠᠩᠭ᠋ᠠᠢ᠌ᠪᠠ᠃ ᠶᠠᠷᠢᠵᠤ ᠪᠠᠷᠠᠭᠰᠠᠨ ᠤ ᠳᠠᠷᠠᠭ᠎ᠠ ᠰᠠᠬᠠᠷᠠ᠄

᠊᠊᠊᠊᠊᠊᠊᠊᠊᠊᠊᠊᠊᠊᠊ ᠭᠦᠮᠤᠨ ᠤ ᠭᠢ ᠪᠠᠰᠠ ᠠᠳᠠᠯᠢ ᠡ ᠭᠡᠪᠡ᠃ ᠲ᠋ᠡᠷᠡ ᠬᠤᠶᠠᠷ ᠨᠢ ᠢᠳᠡᠭᠡᠭᠦ ᠬᠠᠭᠠᠰ ᠢᠳᠡᠭᠡᠭᠦ ᠦᠭᠡᠶ ᠬᠠᠭᠠᠰ ᠥᠷᠴᠢᠯᠵᠡᠭᠦ ᠳᠤ ᠰᠠᠬᠠᠷᠠ᠄

᠊᠊᠊᠊᠊᠊᠊᠊᠊᠊᠊᠊᠊᠊᠊ ᠭᠠᠶᠠ ᠴᠢ ᠭᠤᠸᠠᠩᠭ᠋ᠠᠨ ᠭᠦᠮᠤᠨ᠂ ᠥᠪᠠᠷ ᠤᠨ ᠭᠢ ᠪᠠᠨ ᠭᠠᠷᠭᠠᠵᠤ ᠦᠵᠡ ᠭᠡᠪᠠᠯ ᠭᠠᠶᠠ᠄ 《ᠪᠢ ᠴᠢᠳᠠᠬᠤ ᠦᠭᠡᠶ》 ᠭᠡᠤᠨ ᠬᠤᠯᠮᠠᠯᠵᠠᠭᠠᠤᠨ ᠭᠤᠷᠢ ᠦᠭᠡᠶ᠃ ᠮᠤᠯᠳᠤᠭ ᠭᠦᠤ ᠭᠡᠨᠡᠳᠲᠡ ᠨᠢᠭᠡ ᠣᠴᠢᠷ ᠢ ᠪᠣᠳᠤᠵᠤ ᠣᠯᠤᠭᠰᠠᠨ ᠮᠠᠶ‍ᠢᠭᠳᠠᠢ ᠳᠤᠯᠤᠭᠠᠢ ᠪᠠᠨ ᠮᠠᠭᠠᠵᠢᠭᠠᠤᠨ᠄

᠊᠊᠊᠊᠊᠊᠊᠊᠊᠊᠊᠊᠊᠊᠊ ᠵᠠ᠊ ᠪᠠᠭᠰᠢ ᠢᠩᠭᠢᠭᠦ ᠶᠢ ᠴᠢᠳᠠᠨ᠎ᠠ ᠭᠡᠪᠡ᠃

᠊᠊᠊᠊᠊᠊᠊᠊᠊᠊᠊᠊᠊᠊᠊ ᠴᠢ ᠣᠯᠵᠤ ᠥᠵᠡᠭ᠍ᠰᠡᠨ ᠦᠦ︖

᠊᠊᠊᠊᠊᠊᠊᠊᠊᠊᠊᠊᠊᠊᠊ ᠪᠢ ᠢᠳᠠᠭᠤ ᠶᠢᠨ ᠣᠷᠬ᠎ᠠ ᠪᠠᠨ ᠥᠵᠡᠭᠦ ᠪᠠᠷ ᠶᠠᠰᠢᠯᠳᠤ ᠶᠢᠨ ᠭᠤᠤ ᠪᠠᠷ ᠶᠠᠪᠣᠵᠤ ᠪᠠᠢ᠌ᠳᠠᠯ᠎ᠠ ᠪᠣᠳᠠᠨ ᠤ ᠣᠭ ᠲᠤ ᠵᠠ᠊ ᠪᠠᠭᠰᠢ ᠁ ᠭᠡᠤᠨ ᠭᠡᠯᠡᠭᠦ ᠪᠠᠨ ᠪᠠᠢ᠌ᠴᠢᠬᠠᠪᠠ᠃

᠊᠊᠊᠊᠊᠊᠊᠊᠊᠊᠊᠊᠊᠊᠊ ᠵᠠᠮᠪᠠᠯ ᠶᠠᠭᠠᠬᠢᠪᠠ  ᠭᠡᠵᠤ ᠰᠠᠬᠠᠷᠠ ᠰᠢᠬᠠᠨ ᠠᠰᠠᠭᠤᠬᠤ ᠳᠤ ᠳᠠᠷᠠ ᠭᠦᠤ ᠬᠤᠯᠳᠠᠭ ᠬᠠᠯᠳᠠᠭ ᠭᠡᠤᠨ ᠭᠡᠯᠡᠭᠦ ᠦᠭᠡᠶ᠃ ᠬᠣ᠊ ᠯᠤᠤᠪᠠᠩ ᠦᠭ‍ᠭᠦᠶ᠎ᠡ ᠭᠡᠵᠤ ᠠᠷᠭᠠᠯᠠᠬᠤ ᠳᠤ ᠰᠠᠶ‍ᠢ ᠭᠡᠵᠤ ᠮᠤᠰᠢᠯᠵᠠᠭᠰᠠᠨ ᠶᠢᠡᠨ᠄

᠊᠊᠊᠊᠊᠊᠊᠊᠊᠊᠊᠊᠊᠊᠊ ᠪᠦᠭᠡᠷ᠎ᠡ ᠪᠠᠷ ᠶᠢᠡᠨ ᠨᠠᠭᠠᠤᠠᠴᠤ ᠪᠠᠢ᠌ᠭᠰᠠᠨ ᠭᠡᠵᠤ ᠲᠦᠰ ᠳᠠᠰ ᠳᠠᠯᠪᠢᠴᠢᠬᠠᠪᠠ᠃ ᠰᠠᠬᠠᠷᠠ᠂ ᠭᠠᠶᠠ ᠬᠤᠶᠠᠭᠤᠯᠠ ᠡᠯᠢᠭᠡ ᠪᠠᠨ ᠭᠦᠰᠢᠳᠡᠯ᠎ᠡ ᠢᠨᠢᠶᠡᠯᠴᠡᠭᠦ ᠳᠤ ᠪᠢᠴᠢᠬᠠᠨ ᠭᠦᠤ ᠶᠢᠨ ᠨᠢᠭᠤᠷ᠂ ᠴᠢᠭᠢᠨ ᠳᠡᠭᠡᠨ ᠳᠤᠯᠳᠠᠯ᠎ᠠ ᠣᠯᠠᠢ᠌ᠵᠤ᠄

᠊᠊᠊᠊᠊᠊᠊᠊᠊᠊᠊᠊᠊᠊᠊ ᠦᠨᠡᠨ ᠡ ᠭᠡᠪᠡ᠃ ᠰᠡᠬᠠᠷᠡ᠂ ᠲ᠋ᠦᠬᠤ ᠣᠷᠤᠭᠤ ᠨᠢ ᠫᠠᠰ ᠭᠡᠳᠡᠯ᠎ᠡ ᠠᠯᠠᠭᠠᠳᠠᠭᠠᠤᠨ᠄

᠊᠊᠊᠊᠊᠊᠊᠊᠊᠊᠊᠊᠊᠊᠊ ᠭᠦᠮᠤᠨ ᠳᠤ ᠭᠡᠯᠡᠵᠤ ᠪᠣᠯᠬᠤ ᠦᠭᠡᠶ᠂ ᠮᠠᠳᠠᠪᠠ ᠦᠦ︖ ᠭᠡᠵᠤ ᠠᠮᠠᠨ ᠥᠴᠢᠭ᠌ ᠢ ᠨᠢ ᠡᠡᠪᠴᠤ᠂ ᠭᠡᠳᠤᠨ ᠯᠤᠤᠪᠠᠩ ᠪᠠᠷᠢᠭᠤᠯᠤᠭᠠᠤᠨ᠄

᠊᠊᠊᠊᠊᠊᠊᠊᠊᠊᠊᠊᠊᠊᠊ ᠭᠡᠷ ᠲᠡᠭᠡᠨ ᠬᠠᠷᠢᠭᠠᠤᠨ ᠳᠡᠭᠦᠤ ᠨᠡᠷ ᠲᠡᠶ ᠪᠠᠨ ᠬᠤᠪᠢᠶᠠᠵᠤ ᠢᠳᠠ᠂ ᠵᠠᠮ ᠳᠠᠭᠠᠨ ᠭᠦᠮᠤᠨ ᠳᠤ ᠥᠵᠡᠭᠦᠯᠵᠤ ᠪᠣᠯᠬᠤ ᠦᠭᠡᠶ ᠭᠡᠭᠦ ᠳᠤ ᠳᠠᠷᠠ ᠭᠦᠤ ᠣᠯᠤᠭᠰᠠᠨ ᠬᠣ᠊ ᠯᠤᠤᠪᠠᠩ ᠤᠨ ᠶᠢᠡᠨ ᠨᠠᠷᠢᠨ ᠥᠵᠦᠭᠦᠷ ᠡᠴᠡ ᠨᠢᠭᠡ ᠬᠠᠵᠠᠵᠤ᠂ ᠡᠪᠦᠷ ᠲᠡᠭᠡᠨ ᠰᠢᠷᠭᠠᠭᠤᠯᠤᠭᠠᠤᠨ ᠭᠠᠷᠴᠤ ᠶᠠᠪᠣᠪᠠ᠃

ᠲ᠋ᠠᠮᠤᠷ᠎ᠠ ᠶᠢᠨ ᠭᠦᠤ ᠶᠢ ᠭᠠᠷᠤᠭᠰᠠᠨ ᠤ ᠳᠠᠷᠠᠭ᠎ᠠ ᠰᠠᠬᠠᠷᠠ᠂ ᠭᠠᠶᠠ ᠬᠤᠶᠠᠭᠤᠯᠠ ᠶᠠᠭᠠᠭᠢᠵᠤ ᠵᠠᠮᠪᠠᠯ ᠢ ᠠᠪᠴᠢᠷᠠᠭᠠᠤᠨ 《ᠬᠤᠷᠤᠬᠠᠢ》‍ ᠶᠢ ᠨᠢ ᠳᠤᠳᠤᠤᠠᠬᠠᠵᠤ ᠥᠵᠡᠭᠦ ᠠᠷᠭ᠎ᠠ ᠰᠥᠪᠠᠭ᠍ᠴᠢᠯᠡᠪᠡ᠃ 《ᠪᠣᠳᠤᠭᠠᠤᠨ ᠪᠣᠳᠤᠭᠠᠤᠨ ᠪᠣᠳᠠ ᠶᠢᠨ ᠰᠢᠭᠢᠷ᠎ᠠ ᠳᠦᠷᠪᠡ》 ᠭᠡᠳᠡᠭ᠌ ᠶᠢᠡᠷ ᠰᠠᠬᠠᠷᠠ ᠪᠠᠰᠠ ᠳᠠᠷᠠ ᠭᠦ ᠬᠠᠭᠤᠴᠢᠨ ᠠᠷᠭ᠎ᠠ ᠪᠠᠨ ᠭᠡᠷᠡᠭᠯᠡᠭᠦ ᠪᠠᠷ ᠳᠤᠭᠳᠠᠪᠠ᠃ ᠡᠨᠡ ᠨᠢ ᠳᠠᠷᠤᠢ ᠰᠫᠢᠷᠲ᠋ ᠪᠣᠯᠤᠨ᠎ᠠ᠃ ᠰᠠᠬᠠᠷᠠ᠂ ᠮᠠᠯ ᠡᠮᠨᠡᠯᠭᠡ ᠳᠤ ᠭᠡᠷᠡᠭᠯᠡᠭᠦ ᠰᠫᠢᠷᠲ᠋ ᠢ ᠣᠰᠤ ᠲᠡᠶ ᠬᠤᠯᠢᠭᠠᠤᠨ ᠠᠷᠢᠭᠢ ᠪᠣᠯᠭᠠᠨ ᠨᠠᠢ᠌ᠷᠠᠭᠤᠯᠵᠤ ᠴᠢᠳᠠᠳᠠᠭ ᠡᠴᠡ ᠠᠷᠢᠭᠢᠨ ᠳᠤ ᠳᠤᠷᠠᠳᠠᠢ ᠭᠦᠮᠤᠨ ᠤ ᠭᠤᠷᠢ ᠶᠢ ᠭᠦᠳᠡᠯᠭᠡᠳᠡᠭ᠌ ᠶ‍ᠦᠮ᠃ ᠭᠡᠪᠠᠴᠤ ᠳᠠᠷᠠ ᠶᠠᠩᠵᠤ ᠶᠢᠨ ᠰᠢᠯᠳᠠᠭ ᠭᠡᠯᠡᠵᠤ ᠪᠠᠷᠤᠭᠳᠠᠢ ᠳᠤ ᠣᠤᠭᠤᠯᠭᠠᠳᠠᠭ ᠦᠭᠡᠶ᠃ ᠠᠮᠢᠨ ᠭᠡᠷᠡᠭ᠌ ᠭᠠᠷᠬᠤ ᠡᠴᠡ ᠠᠶᠤᠬᠤ ᠮᠥᠷᠳᠡᠭᠡᠨ ᠳᠡᠭᠡᠷ᠎ᠡ ᠡᠴᠡ ᠢᠷᠡᠭᠦ ᠮᠠᠯ ᠡᠮᠨᠡᠯᠭᠡ ᠶᠢᠨ ᠰᠫᠢᠷᠲ᠋ ᠨᠢ ᠴᠤ ᠭᠡᠮᠵᠢᠶ᠎ᠡ ᠲᠡᠶ ᠳᠤᠯᠠ ᠭᠡᠨ ᠪᠣᠯᠭᠠᠨ ᠳᠤ ᠣᠤᠭᠤᠯᠭᠠᠬᠤ ᠠᠷᠢᠭᠢ ᠬᠠᠮᠢᠭ᠎ᠠ ᠪᠠᠢ᠌ᠬᠤ ᠪᠢᠯᠠ︖  ᠭᠠᠶᠠ ᠭᠠᠷᠴᠤ ᠶᠠᠪᠣᠭᠠᠤᠨ ᠳᠠᠮᠠᠢ ᠣᠳᠠᠭᠰᠠᠨ ᠦᠭᠡᠶ ᠵᠠᠮᠪᠠᠯ ᠢ ᠳᠠᠭᠠᠭᠤᠯᠤᠨ ᠣᠷᠤᠵᠤ ᠢᠷᠠᠪᠠ᠃ ᠰᠠᠬᠠᠷᠠ᠂ ᠵᠠ᠊ ᠪᠠᠭᠰᠢ ᠶᠢ ᠥᠵᠡᠭᠡᠤᠨ᠄

᠊᠊᠊᠊᠊᠊᠊᠊᠊᠊᠊᠊᠊᠊᠊ ᠵᠨ᠂ ᠵᠠᠮᠪᠠᠯ ᠡ᠂ ᠪᠢᠳᠡ ᠬᠤᠴᠠ ᠶᠢᠨ ᠪᠦᠭᠡᠷ᠎ᠡ ᠪᠠᠨ ᠠᠪᠴᠤ ᠰᠢᠷᠠᠭᠠᠤᠨ ᠴᠢᠮᠠᠶ᠋ᠢ ᠭᠦᠯᠢᠶᠡᠵᠤ ᠪᠠᠢ᠌ᠨ᠎ᠠ ᠰᠢᠤ  ᠭᠡᠪᠠᠯ ᠵᠠᠮᠪᠠᠯ᠄

᠊᠊᠊᠊᠊᠊᠊᠊᠊᠊᠊᠊᠊᠊᠊ ᠲ᠋ᠠᠷᠠ ᠬᠤᠴᠠ ᠶᠢᠨ ᠪᠦᠭᠡᠷ᠎ᠡ᠂ ᠴᠢᠨᠤ ᠳᠤᠯᠤᠭᠠᠢ ᠡᠴᠡ ᠬᠤᠯᠠ ᠦᠨᠡᠳᠠᠢ᠃ ᠴᠢᠮ᠎ᠠ ᠳᠤ ᠳᠡᠭᠦᠨ ᠢ ᠠᠪᠴᠤ ᠬᠠᠶᠠᠬᠤ ᠰᠢᠭᠡᠰᠤ ᠪᠠᠢ᠌ᠨ᠎ᠠ ᠦᠦ︖ ᠭᠡᠵᠤ ᠬᠠᠷᠢᠭᠤ ᠦᠴᠢᠨ᠎ᠠ᠃ ᠰᠠᠬᠠᠷᠠ᠂ ᠴᠤᠩᠬᠤ ᠪᠠᠨ ᠭᠦᠡᠵᠢᠯᠡ ᠪᠠᠷ ᠪᠦᠳᠡᠭᠡᠵᠤ᠂ ᠭᠡᠵᠢᠶᠡᠨ ᠤ ᠪᠠᠯᠤᠨᠭᠡᠵᠤ ᠳᠠᠯᠪᠢᠭᠰᠠᠨ ᠠᠷᠢᠭᠢ ᠪᠠᠨ ᠭᠠᠷᠭᠠᠭᠠᠤᠨ᠄

᠊᠊᠊᠊᠊᠊᠊᠊᠊᠊᠊᠊᠊᠊᠊ ᠵᠠᠪ ᠳᠠᠭᠠᠷᠠᠪᠠᠯ ᠵᠠ᠊ ᠪᠠᠭᠰᠢ ᠲᠡᠶ ᠵᠢᠭᠠᠬᠠᠨ ᠪᠠᠯᠭᠤᠶ᠎ᠠ ᠭᠡᠰᠡᠨ ᠶ‍ᠦᠮ᠃ ᠡᠨᠡ ᠬᠤᠭᠤᠷᠤᠠᠳᠤ ᠶᠠᠭ ᠴᠢᠯᠦᠭᠡ ᠭᠠᠷᠤᠭᠰᠠᠨ ᠦᠭᠡᠶ ᠭᠡᠵᠤ ᠬᠤᠯᠠᠭᠤᠷ ᠳᠤᠭᠤᠷᠢᠭᠤᠯᠤᠨ᠂ ᠭᠤᠷᠪᠠᠭᠤᠯᠠ ᠰᠢᠷᠡᠭᠡ ᠬᠠᠪᠴᠢᠨ ᠰᠠᠭᠤᠯ᠎ᠠ᠃ ᠲ᠋ᠠᠳᠠ ᠳᠤᠮᠳᠠ ᠪᠠᠨ ᠨᠢᠭᠡ ᠯᠠ ᠴᠤᠮᠤ ᠪᠠᠷ ᠳᠤᠭᠤᠢ᠌ᠯᠠᠵᠤ᠂ ᠭᠡᠯᠡᠯᠴᠡᠭᠡ ᠲᠡᠶ ᠬᠤᠶᠠᠷ ᠨᠢ ᠪᠠᠭ᠎ᠠ ᠪᠠᠭ᠎ᠠ ᠰᠢᠮᠡᠭᠡᠤᠨ ᠪᠠᠢ᠌ᠭᠰᠠᠨ ᠡᠴᠡ ᠵᠠ᠊ ᠪᠠᠭᠰᠠᠢ ᠣᠳᠠᠭᠰᠠᠨ ᠴᠤ ᠦᠭᠡᠶ ᠣᠯᠠᠭᠠᠨ ᠴᠢᠷᠠᠢ᠌ᠯᠠᠭᠠᠤᠨ ᠢᠷᠠᠪᠠ᠃ ᠣᠴᠢᠷ ᠡᠢ᠌ᠮᠤ ᠯᠠ ᠢᠯᠭᠤᠮ ᠪᠦᠳᠦᠨ᠎ᠡ ᠭᠡᠵᠤ ᠳᠠᠳᠠ ᠰᠠᠨᠠᠭᠰᠠᠨ ᠦᠭᠡᠶ᠃   ᠵᠠᠮᠪᠠᠯ᠂ ᠠᠷᠢᠭᠢᠨ ᠤ ᠬᠠᠯᠠᠭᠤᠨ ᠶᠢᠡᠷ ᠣᠯᠠᠮ ᠰᠢᠭᠤᠳ ᠰᠢᠯᠤᠭᠤᠨ ᠪᠣᠯᠵᠤ᠄ 《ᠳᠠᠷᠠ ᠴᠢᠨᠢ ᠭᠦᠮᠤᠨ ᠤ ᠪᠠᠶ᠎ᠠ ᠮᠠᠬᠠᠪᠣᠤᠨ ᠤᠨ ᠹᠢᠽᠢᠤᠯᠤᠭᠢ ᠶᠢᠨ ᠭᠡᠷᠡᠭ᠍ᠴᠡᠭᠡ ᠰᠢᠤ》 ᠭᠡᠵᠤ ᠨᠥᠭᠦᠭᠡ ᠬᠤᠶᠠᠷ ᠲᠠᠭᠠᠨ ᠮᠡᠷᠭᠡᠯᠡᠨ᠄

᠊᠊᠊᠊᠊᠊᠊᠊᠊᠊᠊᠊᠊᠊᠊ ᠠᠮᠤᠷ ᠣᠠᠳᠠᠭᠤᠯᠬᠤ ᠦᠭᠡᠶ ᠶᠤᠮ ᠴᠢᠨᠢ ᠠᠷᠭ᠎ᠠ ᠪᠠᠢ᠌ᠨ᠎ᠠ ᠦᠦ︖ ᠭᠡᠪᠡ᠃ ᠰᠡᠬᠠᠷᠡ ᠦᠨᠦᠭᠢ ᠬᠤᠴᠠ ᠶᠢᠨ ᠦᠷ᠎ᠡ ᠭᠤᠭᠤᠵᠢᠭᠤᠯᠵᠤ ᠠᠪᠳᠠᠭ ᠪᠦᠭᠡᠷᠡᠩᠭᠡᠢ ᠲᠦᠩᠰᠠ ᠶᠢ ᠦᠭ‍ᠭᠦ ᠳᠤ ᠵᠠᠮᠪᠠᠯ ᠭᠠᠳᠠᠨ᠎ᠠ ᠭᠡᠷ ᠤᠨ ᠬᠠᠷᠠᠩᠭ᠋ᠤᠢ ᠮᠤᠬᠤᠷ ᠲᠤ ᠨᠠᠯᠢᠶᠠᠤᠨ ᠣᠳᠠᠭᠠᠨ ᠪᠣᠵᠢᠭᠢᠨᠠᠭᠰᠠᠨ ᠶᠢᠡᠨ ᠪᠢᠯᠠᠷᠠᠳᠠᠯ᠎ᠠ ᠳᠦᠭᠦᠷᠭᠡᠭᠡᠤᠨ ᠠᠪᠴᠤ ᠢᠷᠠᠪᠠ᠃ ᠰᠠᠬᠠᠷᠠ ᠳᠤᠰᠴᠤ ᠠᠪᠣᠭᠠᠤᠨ᠄

᠊᠊᠊᠊᠊᠊᠊᠊᠊᠊᠊᠊᠊᠊᠊ ᠭᠡᠳᠦᠢ ᠠᠷᠪᠢᠨ ᠬᠠᠳᠠᠭᠠᠯᠠᠵᠤ ᠪᠠᠢ᠌ᠭᠰᠠᠨ ᠶ‍ᠦᠮ  ᠨᠢᠭᠡ ᠯᠠ ᠳᠤᠰᠤᠯ ᠪᠣᠯ ᠪᠣᠯᠴᠢᠬᠠᠨ᠎ᠠ ᠭᠡᠭᠦ ᠳᠤ ᠵᠠᠮᠪᠠᠯ ᠢᠨᠢᠶᠠᠳᠤ ᠠᠯᠳᠠᠨ᠄

᠊᠊᠊᠊᠊᠊᠊᠊᠊᠊᠊᠊᠊᠊᠊ ᠲ᠋ᠡᠭᠡᠪᠠᠯ ᠪᠠᠷᠭᠡᠨ ᠳᠤ ᠠᠪᠠᠴᠢᠭᠠᠤᠨ ᠥᠭ᠍ᠴᠢᠭᠡ᠂ ᠡᠮ ᠳᠠᠷᠤᠭᠤᠯᠵᠤ ᠣᠤᠭᠤ ᠭᠡ ᠭᠡᠪᠡ᠃ ᠲ᠋ᠡᠳᠡ ᠳᠤᠳᠤᠤᠠᠬᠠᠬᠤ ᠰᠢᠯ ᠳᠡᠭᠡᠷ᠎ᠡ ᠳᠠᠯᠪᠢᠭᠠᠤᠨ ᠡᠭᠡᠯᠵᠢᠯᠡᠨ ᠦᠵᠡᠨ᠎ᠠ᠃ ᠵᠠᠮᠪᠠᠯ ᠶᠡᠭᠡ ᠭᠠᠢ᠌ᠬᠠᠨ᠄

᠊᠊᠊᠊᠊᠊᠊᠊᠊᠊᠊᠊᠊᠊᠊ ᠭᠦᠶ‍ᠢ᠂ ᠶᠠᠭ ᠰᠢᠨᠠᠭᠠᠯᠵᠢ ᠰᠢᠭ ᠭᠤᠯᠪᠠᠩ ᠭᠤᠯᠪᠠᠩ ᠭᠦᠳᠡᠯᠵᠤ ᠪᠠᠢ᠌ᠨ᠎ᠠ ᠭᠡᠪᠠᠯ ᠰᠠᠬᠠᠷᠠ᠄

᠊᠊᠊᠊᠊᠊᠊᠊᠊᠊᠊᠊᠊᠊᠊ ᠭᠡᠳᠤᠨ ᠮᠢᠩᠭ᠋ᠠᠨ ᠳᠠᠭᠢᠨ ᠳᠤᠮᠤᠷᠠᠭᠤᠯᠵᠤ ᠪᠠᠢ᠌ᠨ᠎ᠠ ᠰᠢᠤ ᠭᠡᠪᠡ᠃ ᠭᠠᠶᠡ ᠳᠠᠷᠠ ᠣᠷᠤᠢ ᠶᠢᠨ ᠵᠠᠮᠪᠠᠯ ᠤᠨ ᠭᠡᠯᠡᠵᠤ ᠪᠠᠢ᠌ᠭᠰᠠᠨ ᠥᠭᠡ ᠶᠢ ᠰᠠᠨᠠᠭᠠᠨ ᠳᠤ ᠤᠷᠦᠪᠡ᠃ ᠲ᠋ᠡᠭᠡᠷ᠎ᠡ ᠣᠳᠠᠭ᠎ᠠ ᠳᠡᠭᠦᠨ ᠤ ᠪᠠᠢ᠌ᠷᠢ ᠪᠠᠷ ᠣᠷᠤᠬᠤ ᠳᠤ ᠵᠠᠮᠪᠠᠯ ᠬᠤᠪᠴᠠᠰᠤ ᠪᠠᠨ ᠣᠭᠢᠶᠠᠵᠤ ᠪᠠᠢ᠌ᠭᠠᠤᠨ᠄

᠊᠊᠊᠊᠊᠊᠊᠊᠊᠊᠊᠊᠊᠊᠊ ᠡᠭᠡ ᠶᠢ ᠴᠢᠨᠢ ᠪᠠᠰᠠ ᠣᠯᠤᠭᠠᠳᠤᠢ ᠪᠠᠢ᠌ᠬᠤ ᠳᠤ ᠨᠠᠮᠠᠶ᠋ᠢ ᠵᠤᠪᠠᠭᠠᠨ᠎ᠠ ᠭᠡᠳᠡᠭ᠌ ᠴᠢᠨᠢ  ᠲ᠋ᠠᠮᠰᠢᠭ ᠤᠳ ᠢ ᠳᠠᠩᠨᠠᠭᠠᠤᠨ ᠠᠯᠠᠴᠢᠬᠠᠶ᠎ᠠ ᠭᠡᠵᠤ ᠳᠤᠳᠤᠷ ᠦᠮᠦᠳᠦ ᠪᠠᠨ ᠳᠡᠪᠳᠦᠭᠡᠵᠤ᠂ ᠲ᠋ᠡᠭᠡᠷ᠎ᠡ ᠡᠴᠡ ᠨᠢ ᠪᠣᠴᠠᠯᠤᠭᠰᠠᠨ ᠤᠰᠤ ᠴᠢᠤᠠᠬᠤᠬᠤ ᠶᠢᠨ ᠳᠠᠭᠠᠤ ᠭᠡᠯᠡᠵᠤ ᠪᠠᠢ᠌ᠭᠰᠠᠨ ᠥᠭᠡᠨ ᠤ ᠣᠤᠠᠬ᠎ᠠ ᠶᠢ ᠰᠠᠶ‍ᠢ ᠯᠠ ᠣᠢ᠌ᠯᠠᠭᠠᠪᠠ᠃

ᠭᠤᠷᠪᠠᠭᠤᠯᠠ ᠨᠠᠷᠭᠢᠵᠤ ᠪᠠᠢ᠌ᠳᠠᠯ᠎ᠠ ᠭᠠᠳᠠᠨ᠎ᠠ ᠡᠭᠦᠳᠡ ᠪᠠᠯᠪᠠᠬᠤ ᠴᠢᠮᠡᠭᠡ ᠭᠠᠷᠪᠠ᠃ ᠲ᠋ᠠᠳᠠ ᠰᠠᠠᠳᠤᠷᠤᠨ ᠴᠤᠮᠤ ᠲᠡᠶ ᠠᠷᠢᠭᠢ ᠪᠠᠨ ᠳᠠᠯᠳᠠ ᠣᠷᠤᠭᠤᠯᠤᠭᠠᠤᠨ ᠡᠭᠦᠳᠡ ᠨᠡᠭᠡᠭᠡᠵᠤ ᠦᠭ‍ᠭᠦ ᠳᠤ ᠳᠠᠮᠷᠢᠨ ᠱᠦᠵᠢ ᠬᠤᠭᠤᠯᠠᠢ ᠵᠠᠰᠠᠭᠰᠠᠭᠠᠷ ᠣᠷᠤᠵᠤ ᠢᠷᠡᠪᠡ᠃ ᠡᠪᠦᠭᠡᠨ ᠭᠠᠵᠠᠷ ᠳᠤᠮᠳᠠ ᠵᠤᠭᠰᠤᠨ ᠡᠢ᠌ᠰᠢ ᠳᠠᠢ᠌ᠰᠢ ᠦᠨᠦᠷᠯᠠᠵᠤ᠄

᠊᠊᠊᠊᠊᠊᠊᠊᠊᠊᠊᠊᠊᠊᠊ ᠶᠠᠭᠤᠨ ᠤ ᠦᠨᠦᠷ ᠶ‍ᠦᠮ︖  ᠭᠡᠪᠡ᠃ ᠰᠡᠬᠠᠷᠡ ᠵᠠᠪᠳᠤᠨ᠄

᠊᠊᠊᠊᠊᠊᠊᠊᠊᠊᠊᠊᠊᠊᠊ ᠲ᠋ᠠᠷᠠ ᠮᠠᠭᠤ ᠬᠤᠴᠠ ᠡᠴᠡ ᠰᠢᠩᠭᠡᠭ᠌ ᠤᠨ ᠦᠨᠦᠷ ᠭᠠᠷᠳᠠᠭ ᠶ‍ᠦᠮ᠃ ᠵᠠ᠂ ᠡᠪᠦᠭᠡᠨ ᠳᠡᠭᠡᠭ᠍ᠰᠢ ᠭᠠᠷᠴᠢᠬ᠎ᠠ  ᠭᠡᠵᠤ ᠵᠠᠩ ᠤᠨ ᠥᠭᠡ ᠣᠷᠤᠰᠬᠠᠬᠤ ᠳᠤ ᠡᠪᠦᠭᠡᠨ᠂ ᠬᠠᠡᠵᠤᠨ ᠳᠡᠭᠡᠷ᠎ᠡ ᠵᠠᠪᠢᠯᠠᠨ ᠰᠠᠭᠤᠵᠤ᠄

᠊᠊᠊᠊᠊᠊᠊᠊᠊᠊᠊᠊᠊᠊᠊ ᠰᠠᠬᠠᠷᠠ᠂ ᠦᠨᠦᠭᠢ ᠭᠠᠰᠢᠭᠤᠨ ᠣᠰᠤ ᠡᠴᠡ ᠪᠠᠨ ᠨᠢᠭᠡ ᠣᠭᠤᠴᠢ ᠭᠢᠭᠡᠤᠨ ᠠᠯᠢ  ᠭᠤᠤᠯ ᠵᠢᠷᠤᠭᠠᠤᠨ ᠳᠡᠰᠭᠦ ᠪᠠᠨ ᠪᠠᠢ᠌ᠴᠢᠬᠠᠯ᠎ᠠ ᠭᠡᠵᠤ ᠡᠷᠡᠭᠡᠯᠡᠯ ᠦᠭᠡᠶ ᠭᠡᠯᠡᠪᠡ᠃ ᠰᠡᠬᠠᠷᠡ᠂ ᠡᠪᠦᠭᠡᠨ ᠤ ᠠᠷᠢᠭᠢᠨ ᠳᠤ ᠳᠤᠷᠠᠳᠠᠢ ᠶᠢ ᠣᠭ ᠡᠴᠡ ᠮᠡᠳᠡᠭᠦ ᠳᠤᠯᠠ ᠨᠠᠢ᠌ᠷᠠᠭᠤᠯᠤᠭᠰᠠᠨ ᠠᠷᠢᠭᠢᠨ ᠡᠴᠡ ᠪᠠᠨ ᠴᠤᠮᠤᠨ ᠳᠤ ᠭᠢᠵᠤ ᠡᠮᠦᠨ᠎ᠡ ᠨᠢ ᠳᠠᠯᠪᠢᠭᠠᠤᠨ ᠳᠠᠭᠢᠨ ᠬᠣ᠊ ᠯᠤᠤᠪᠠᠩ ᠭᠡᠷᠴᠢᠵᠤ ᠡᠡᠪᠴᠢᠷᠡᠪᠡ᠃ ᠡᠪᠦᠭᠡᠨ ᠱᠦᠵᠢ᠂ ᠭᠠᠷ ᠰᠠᠷᠪᠠᠢ᠌ᠨ ᠨᠢᠭᠡ ᠭᠡᠰᠡᠭ᠌ ᠠᠪᠬᠤ ᠭᠡᠰᠡᠨ ᠶᠢᠡᠨ ᠪᠣᠯᠢᠵᠤ᠄

᠊᠊᠊᠊᠊᠊᠊᠊᠊᠊᠊᠊᠊᠊᠊ ᠬᠤᠴᠠᠨ ᠤ ᠳᠠᠷᠭᠤ ᠮᠠᠭᠤᠳᠠᠵᠤ ᠥᠭᠦᠪᠠᠯ ᠮᠢᠨᠤ ᠮᠠᠭᠤ ᠬᠠᠯᠵᠠᠨ ᠳᠤᠯᠤᠭᠠᠢ ᠮᠤᠯᠭᠤ ᠤᠴᠢᠨ᠎ᠡ᠃ ᠡᠨᠡ ᠭᠠᠰᠢᠭᠤᠨ ᠣᠰᠤ ᠴᠢᠨᠢ ᠨᠠᠳᠠ ᠪᠣᠯᠴᠢᠬᠠᠨ᠎ᠠ ᠭᠡᠤᠨ ᠠᠶᠠᠭ᠎ᠠ ᠲᠡᠶ ᠯᠤᠤᠪᠠᠩ ᠢ ᠬᠤᠷᠢᠶᠠᠯᠭᠠᠪᠠ᠃ ᠡᠪᠦᠭᠡᠨ ᠤ ᠰᠠᠷᠭᠢᠨᠠᠭ ᠨᠢ ᠬᠠᠳᠠᠵᠤ ᠰᠠᠮᠰᠠ ᠣᠷᠤᠭᠤ ᠨᠢ ᠭᠤᠪᠣᠭᠠᠨᠠᠭᠠᠤᠨ ᠢᠷᠠᠪᠠᠯ ᠰᠠᠬᠠᠷᠠ ᠶᠢ ᠡᠷᠢᠵᠤ ᠢᠷᠡᠭᠡᠤᠨ᠂ ᠰᠫᠢᠷᠲ᠋ ᠶᠢᠡᠷ ᠨᠠᠢ᠌ᠷᠠᠭᠤᠯᠤᠭᠰᠠᠨ ᠠᠷᠢᠭᠢ ᠪᠠᠷ ᠨᠢ ᠬᠤᠷᠤᠬᠠᠢ ᠪᠠᠨ ᠳᠠᠷᠤᠭᠠᠤᠨ ᠶᠠᠪᠣᠳᠠᠭ ᠶᠤᠮ᠃ ᠵᠠᠷᠢᠮ ᠳᠠᠭᠠᠨ ᠳᠡᠭᠡᠷ᠎ᠡ ᠬᠠᠯᠠᠰᠳᠠᠯ᠎ᠠ ᠠᠪᠴᠢᠬᠠᠭᠠᠤᠨ ᠨᠢᠷᠤᠭᠤ ᠪᠠᠨ ᠡᠭᠦᠷᠤᠨ ᠳᠠᠭᠤᠤ ᠭᠢᠩᠰᠢᠭ᠍ᠰᠡᠭᠡᠷ ᠬᠠᠷᠢᠳᠠᠭ᠃ ᠵᠠᠮᠪᠠᠯ ᠭᠠᠷᠴᠤ ᠶᠠᠪᠣᠪᠠ᠃ ᠭᠠᠶᠠ ᠴᠤ ᠬᠠᠷᠢᠬᠤ ᠪᠠᠷ ᠪᠣᠰᠳᠠᠯ᠎ᠠ ᠳᠠ᠊ ᠱᠦᠵᠢ ᠬᠠᠠᠴᠤᠢ ᠡᠴᠡ ᠨᠢ ᠳᠠᠳᠠᠵᠤ᠄

᠊᠊᠊᠊᠊᠊᠊᠊᠊᠊᠊᠊᠊᠊᠊ ᠰᠠᠭᠤᠵᠤ ᠪᠠᠢ᠂ ᠶᠠᠭᠤ ᠶᠡᠭᠠᠷᠡᠬᠤ  ᠭᠡᠨ᠎ᠡ᠃

ᠡᠪᠦᠭᠡᠨ᠂ ᠡᠨᠡ ᠣᠷᠤᠢ ᠨᠠᠯᠢᠶᠠᠤᠨ ᠶᠠᠪᠣᠭᠤᠯᠴᠢᠬᠠᠭᠠᠤᠨ ᠠᠷᠠᠤᠨ ᠤᠨ ᠳᠠᠭᠤᠤ ᠭᠢᠩᠰᠢᠵᠤ ᠡᠭᠢᠯᠡᠪᠡ᠃

᠊᠊᠊᠊᠊᠊᠊᠊᠊᠊᠊᠊᠊᠊᠊ ᠠᠪᠣ ᠡ᠂ ᠲ᠋ᠦᠦᠷ᠎ᠡ ᠳᠠᠭᠤ ᠪᠠᠷ︕ ᠭᠡᠵᠤ ᠳᠠᠳᠠ ᠬᠤᠶᠠᠭᠤᠯᠠ ᠢᠤᠠᠬᠠᠬᠤ ᠳᠤ ᠡᠪᠦᠭᠡᠨ ᠣᠯᠠᠮ ᠵᠥᠷᠢᠭᠦᠦᠡᠯᠡᠨ᠄

᠊᠊᠊᠊᠊᠊᠊᠊᠊᠊᠊᠊᠊᠊᠊ ᠲ᠋ᠠᠭᠤᠯᠠᠬᠤ ᠦᠭᠡᠶ ᠶᠠᠭᠠᠭᠢᠨ᠎ᠠ  ᠠᠪᠣ ᠨᠢ ᠵᠠᠯᠠᠭᠤ ᠳᠠᠭᠠᠨ ᠰᠠᠢ᠌ᠨ ᠳᠠᠭᠤᠯᠠᠵᠤ ᠪᠠᠢ᠌ᠭᠰᠠᠨ᠃ 《ᠭᠠᠳᠠ ᠮᠠᠢ᠌ᠷᠠᠨ》‍ ᠊ᠢ ᠨᠢᠭᠡ ᠳᠠᠭᠤᠯᠠᠴᠢᠬᠠᠶ᠎ᠠ᠄

ᠣᠷᠳᠤ ᠵᠥᠭ᠌ ᠡᠴᠡ ᠨᠢᠰᠦᠭᠡᠤᠨ ᠢᠷᠡᠭᠦ ᠁

᠊᠊᠊᠊᠊᠊᠊᠊᠊᠊᠊᠊᠊᠊᠊ ᠭᠦᠶ‍ᠢ ᠠᠪᠣ ᠡ᠂ ᠭᠦᠮᠤᠨ ᠰᠤᠨᠤᠰᠪᠠᠯ ᠪᠣᠯᠠᠢ ᠪᠣᠯᠤᠨ᠎ᠠ᠃

᠊᠊᠊᠊᠊᠊᠊᠊᠊᠊᠊᠊᠊᠊᠊ ᠲ᠋ᠤᠬᠤ ᠳᠤᠯᠤᠭᠠᠢ ᠴᠢᠨᠢ᠂ ᠲ᠋ᠠᠨᠤᠰ ᠨᠠᠮᠠᠶᠢ ᠰᠤᠷᠭᠠᠬᠤ ᠪᠣᠯᠵᠠᠢ ᠦᠦ︖ ᠥᠴᠦᠭᠡᠳᠦᠷ ᠤᠨ ᠥᠡᠳᠡᠭᠡ ᠦᠨᠦᠳᠤᠷ ᠤᠨ ᠵᠤᠯᠵᠠᠭ᠎ᠠ ᠪᠠᠢ᠌ᠭᠠᠤᠨ ᠁ ᠣᠷᠳᠤ ᠵᠥᠭ᠌ ᠡᠴᠡ᠁ ᠭᠡᠵᠤ ᠰᠡᠭᠦᠵᠢ ᠪᠠᠷ ᠶᠢᠡᠨ ᠨᠠᠢ᠌ᠭᠤᠨ᠎ᠠ᠃ ᠲ᠋ᠠᠳᠠ ᠬᠤᠶᠠᠭᠤᠯᠠ ᠴᠤᠩᠬᠤ ᠡᠭᠦᠳᠡ ᠪᠠᠨ ᠳᠠᠭ ᠳᠡᠷᠦᠪᠡ᠃ ᠡᠪᠦᠭᠡᠨ ᠳᠠᠭᠤᠯᠠᠬᠤ ᠪᠠᠨ ᠪᠠᠢ᠌ᠴᠢᠬᠠᠭᠠᠤᠨ ᠭᠠᠶᠠ ᠶᠢᠨ ᠮᠦᠷᠤ ᠶᠢ ᠳᠠᠪᠰᠢᠨ᠄

᠊᠊᠊᠊᠊᠊᠊᠊᠊᠊᠊᠊᠊᠊᠊ ᠠᠢ  ᠴᠢ ᠮᠦᠨ ᠣᠢ᠌ᠯᠠ ᠲᠡᠶ ᠭᠦᠮᠤᠨ᠃ ᠡᠡᠪᠦ ᠨᠢ ᠳᠠᠷᠠ ᠦᠶᠡᠰ ᠳᠦᠭᠦᠭᠡ ᠦᠭᠡᠶ᠂ ᠶᠠᠭᠤ ᠭᠡᠵᠤ ᠴᠢᠨᠤ ᠭᠡᠷ ᠤᠨ ᠭᠠᠷᠤᠯ ᠢ  《ᠪᠠᠶᠠᠨ ᠮᠠᠯᠴᠢᠨ》 ᠭᠡᠵᠤ ᠭᠦᠰᠦᠨᠦᠭ᠍ᠳᠤ ᠳᠠᠭᠯᠠᠪᠠ  ᠲ᠋ᠡᠭᠡᠭ᠍ᠰᠡᠨ ᠦᠭᠡᠶ ᠪᠣᠯ ᠭᠦᠮᠦᠰ ᠴᠢᠨᠤ ᠭᠠᠷᠤᠯ ᠢ ᠮᠡᠳᠡᠭᠦ ᠦᠭᠡᠶ ᠴᠤ ᠪᠠᠢ᠌ᠵᠤ ᠮᠠᠳᠠᠨ᠎ᠠ ᠭᠡᠵᠤ ᠬᠠᠷᠠᠮᠰᠠᠨ ᠭᠡᠯᠡᠨ᠎ᠡ᠃

᠊᠊᠊᠊᠊᠊᠊᠊᠊᠊᠊᠊᠊᠊᠊ ᠠᠪᠣ ᠡ᠂ ᠡᠨᠡ ᠴᠢᠨᠤ ᠪᠣᠷᠤᠭᠤ ᠪᠢᠰᠢ᠃ ᠥᠭᠡᠷ᠎ᠡ ᠭᠡᠨ ᠢ ᠮᠡᠳᠡᠭᠦ ᠦᠭᠡᠶ ᠳᠤ ᠵᠠᠯᠠᠨ ᠶᠠᠪᠣᠭᠰᠠᠨ ᠠᠪᠣ ᠶᠢ ᠮᠢᠨᠢ ᠭᠡᠨ ᠮᠡᠳᠡᠭᠦ ᠦᠭᠡᠶ ᠪᠣᠢ

᠊᠊᠊᠊᠊᠊᠊᠊᠊᠊᠊᠊᠊᠊᠊ ᠭᠠᠶᠠ᠂ ᠴᠢ ᠣᠳᠤ ᠭᠤᠴᠢ ᠭᠠᠷᠤᠯ᠎ᠠ᠃ ᠠᠪᠣ ᠨᠢ ᠴᠢᠮ᠎ᠠ ᠳᠤ ᠪᠠᠷᠢ ᠭᠡᠯᠡᠯᠴᠡᠵᠤ ᠦᠭ‍ᠭᠦᠶ᠎ᠡ᠃ ᠨᠡᠰᠤ ᠪᠠᠷ ᠶᠢᠡᠨ ᠭᠤᠤᠨᠢ ᠶᠠᠪᠣᠨ᠎ᠠ ᠦᠦ ᠳ᠋ᠡ  ᠭᠡᠭᠦ ᠳᠤ ᠰᠠᠬᠠᠷᠠ ᠳᠠᠳᠠ ᠬᠤᠶᠠᠭᠤᠯᠠ   《ᠭᠡᠨ ᠢ︖》 ᠭᠡᠰᠡᠨ ᠮᠠᠶ‍ᠢᠭᠳᠠᠢ ᠡᠪᠦᠭᠡᠨ ᠢ ᠴᠢᠷᠠᠢ᠌ᠳᠠᠪᠠ᠃

᠊᠊᠊᠊᠊᠊᠊᠊᠊᠊᠊᠊᠊᠊᠊ ᠭᠠᠩᠷᠠᠢ᠂ ᠭᠠᠩᠷᠠᠢ ᠶᠢ ᠭᠡᠯᠡᠯᠴᠡᠵᠤ ᠦᠭ‍ᠭᠦᠶ᠎ᠡ᠃

᠊᠊᠊᠊᠊᠊᠊᠊᠊᠊᠊᠊᠊᠊᠊ ᠁

᠊᠊᠊᠊᠊᠊᠊᠊᠊᠊᠊᠊᠊᠊᠊ ᠶᠠᠭᠤ ᠨᠢ ᠮᠡᠯᠡᠷᠡᠴᠢᠭᠡᠭ᠍ᠰᠡᠨ ᠶᠤᠮ  ᠪᠠᠯᠠᠨ ᠡᠮ᠎ᠡ ᠭᠡᠵᠤ ᠭᠤᠯᠤᠵᠤ ᠪᠠᠢ᠌ᠨ᠎ᠠ ᠦᠦ︖ ᠪᠠᠯᠠᠨ ᠪᠣᠯᠪᠠᠴᠤ ᠭᠠᠷᠤᠯ ᠨᠢ ᠰᠠᠢ᠌ᠨ᠃

᠊᠊᠊᠊᠊᠊᠊᠊᠊᠊᠊᠊᠊᠊᠊ ᠠᠪᠣ ᠡ᠂ ᠪᠢ ᠁ ᠭᠤᠯᠤᠵᠤ ᠪᠠᠢ᠌ᠭ᠎ᠠ ᠪᠢᠰᠢ ᠁ ᠪᠢᠳᠠ ᠬᠤᠶᠠᠷ ᠤᠨ ᠵᠠᠩ ᠳᠠᠭᠠᠷᠠᠬᠤ ᠦᠭᠡᠶ᠃

᠊᠊᠊᠊᠊᠊᠊᠊᠊᠊᠊᠊᠊᠊᠊ ᠬᠠᠢ᠂ ᠶᠠᠭᠤᠨ ᠤ ᠭᠢᠨᠢ ᠪᠠᠰᠠ ᠵᠠᠩ ᠮᠠᠩ ᠲᠡᠶ᠂ ᠭᠠᠩᠷᠠᠢ ᠵᠢᠭᠠᠬᠠᠨ ᠬᠤᠩᠰᠢᠶᠠᠷ ᠳᠦᠷᠭᠡᠨ ᠵᠠᠩ ᠪᠣᠰᠢᠭᠤ ᠭᠦᠮᠤᠨ ᠰᠢᠳᠡ᠃ ᠡᠮ᠎ᠡ ᠭᠦᠮᠤᠨ ᠠᠯᠢ ᠨᠢ ᠶᠠᠷᠢᠶ᠎ᠠ ᠪᠢᠰᠢ ᠶᠤᠮ  ᠠᠷᠭᠠᠯᠠᠭᠠᠤᠨ ᠠᠮᠢᠳᠤᠷᠠᠪᠠᠯ ᠪᠦᠷ ᠪᠣᠯᠴᠢᠬᠠᠨ᠎ᠠ᠃ ᠪᠢ ᠳᠠᠷᠠ ᠡᠵᠢ ᠲᠡᠶ ᠴᠢᠨᠢ ᠬᠤᠷᠢᠮᠯᠠᠬᠤ ᠳᠤ ᠵᠢᠰᠤ ᠶᠢ ᠨᠢ ᠪᠠᠰᠠ ᠣᠯᠵᠤ ᠥᠵᠡᠭ᠍ᠰᠡᠨ ᠦᠭᠡᠶ᠂ ᠪᠣᠯᠵᠤ ᠯᠠ ᠪᠠᠢ᠌ᠬᠤ ᠪᠢᠰᠢ ᠦᠦ︖ ᠭᠡᠨ᠎ᠡ᠃ ᠭᠡᠯᠡᠭ᠍ᠰᠡᠭᠡᠷ ᠪᠠᠢ᠌ᠭᠠᠤᠨ ᠡᠪᠦᠭᠡᠨ ᠤ ᠠᠷᠢᠭᠢ ᠨᠢ ᠰᠠᠭᠭᠠᠵᠤ᠂   ᠵᠠᠪᠠᠯ ᠡᠨᠡ ᠣᠷᠤᠢ ᠳᠠᠭᠠᠨ ᠭᠠᠩᠷᠠᠢ ᠶᠢ ᠭᠠᠶᠠ ᠳᠤ ᠣᠷᠤᠭ ᠭᠡᠯᠡᠯᠴᠡᠵᠤ ᠦᠭ‍ᠭᠦ ᠭᠡᠵᠤ ᠵᠢᠦᠡᠭᠦᠭᠡᠤᠨ ᠪᠠᠢ᠌ᠬᠤᠯᠠᠷ ᠰᠠᠬᠠᠷᠠ᠂ ᠭᠠᠶᠠ ᠬᠤᠶᠠᠭᠤᠯᠠ ᠡᠪᠦᠭᠡᠨ ᠢ ᠰᠤᠭᠤᠳᠠᠭᠠᠤᠨ ᠭᠡᠷ ᠳᠤᠨᠢ ᠭᠦᠷᠭᠡᠵᠤ ᠥᠭ᠍ᠪᠡ᠃

ᠭᠠᠶᠠ ᠢᠩ ᠤᠨ ᠭᠡᠷ ᠲᠡᠭᠡᠨ ᠢᠷᠡᠭᠡᠤᠨ ᠪᠣᠳᠤᠯ ᠪᠣᠯᠵᠤ ᠭᠡᠪᠳᠡᠨ᠎ᠡ᠃ 《ᠭᠠᠩᠷᠠᠢ ᠶᠢ ᠭᠡᠯᠡᠯᠴᠡᠵᠤ ᠦᠭ‍ᠭᠦᠶ᠎ᠡ》 ᠭᠡᠰᠡᠨ ᠡᠪᠦᠭᠡᠨ ᠱᠦᠵᠢ ᠶᠢᠨ ᠥᠭᠡᠨ ᠡᠴᠡ ᠳᠠᠷᠠ ᠥᠭᠡᠷ᠎ᠡ ᠨᠢᠭᠡᠨ ᠭᠦᠮᠤᠨ ᠢ ᠪᠣᠳᠤᠵᠤ ᠣᠯᠪᠠ᠃ ᠲ᠋ᠠᠷᠠ ᠨᠢ ᠳᠡᠭᠦᠨ ᠤ ᠪᠠᠭ᠎ᠠ ᠨᠠᠰᠤᠨ ᠤ ᠦᠶ᠎ᠡ ᠳᠤ ᠲᠤᠬᠢᠶᠠᠯᠳᠤᠭᠰᠠᠨ ᠣᠴᠢᠷ ᠶᠤᠮᠰᠠᠨ᠃


ᠨᠠᠮᠠᠶ᠋ᠢ ᠠᠷᠪᠠᠨ ᠬᠤᠶᠠᠷᠳᠠᠢ ᠳᠠᠷᠠ ᠵᠢᠯ᠂ ᠲ᠋ᠠᠳᠠ ᠨᠠᠳᠠ ᠪᠠᠷᠢ ᠠᠪᠴᠤ ᠥᠭ᠍ᠪᠡ᠃ ᠡᠨᠡ ᠨᠢ ᠶᠠᠷᠢᠶᠠᠨ ᠦᠭᠡᠶ ᠡᠵᠢ ᠶᠢᠨ ᠰᠠᠨᠠᠭ᠎ᠠ ᠶ‍ᠦᠮ᠃ ᠡᠪᠦᠯ ᠤᠨ ᠨᠢᠭᠡ ᠡᠳᠦᠷ ᠠᠪᠣ ᠶᠠᠪᠣᠭᠠᠤᠨ ᠭᠤᠷᠪᠠ ᠬᠤᠨᠤᠭ ᠤᠨ ᠳᠠᠷᠠᠭ᠎ᠠ ᠶᠡᠭᠡ ᠪᠠᠶᠠᠷᠳᠠᠢ ᠬᠠᠷᠢᠵᠤ ᠢᠷᠡᠪᠡ᠃ ᠲ᠋ᠡᠭᠡᠭᠡᠤᠨ ᠯᠠ ᠳᠠᠮᠠᠢ ᠣᠳᠠᠭᠰᠠᠨ ᠦᠭᠡᠶ ᠮᠢᠨᠤ ᠬᠤᠷᠢᠮ ᠤᠨ ᠡᠳᠦᠷ ᠪᠣᠯᠴᠢᠬᠠᠭᠰᠠᠨ ᠶᠤᠮ᠃ ᠬᠤᠯᠠ ᠣᠢ᠌ᠷ᠎ᠠ ᠶᠢᠨ ᠪᠠᠶᠠᠤᠨ ᠨᠤᠶᠠᠤᠨ᠂   ᠵᠠᠯᠠᠨ ᠵᠠᠩᠭᠢ ᠭᠡᠤᠨ ᠣᠯᠠᠨ ᠭᠦᠮᠤᠨ ᠴᠤᠭᠯᠠᠷᠠᠵᠤ᠂ ᠲ᠋ᠤᠯᠤᠭᠠᠨ ᠬᠤᠨᠤᠭ ᠥᠷᠭᠦᠯᠵᠢᠯᠡᠭ᠍ᠰᠡᠨ ᠬᠤᠷᠢᠮ ᠨᠢ ᠬᠤᠳᠤᠭᠤᠷ ᠳᠦᠭᠦᠷᠡᠩ ᠶᠠᠰᠤ ᠴᠠᠢ᠌ᠷᠠᠵᠤ᠂ ᠬᠣᠢ᠌ᠮᠤᠷ ᠤᠨ ᠢᠰᠡᠭᠡᠢ ᠠᠷᠢᠭᠢᠨ ᠳᠤ ᠳᠡᠪᠳᠦᠭᠡᠤᠨ ᠰᠠᠶ‍ᠢ ᠰᠡᠭᠦᠯ ᠬᠤᠷᠢᠶᠠᠭᠰᠠᠨ᠃

ᠮᠢᠨᠤ ᠠᠪᠣᠭᠰᠠᠨ ᠪᠠᠷᠢ ᠨᠢᠴᠢᠭ᠍‍ᠮ᠎ᠡ ᠭᠡᠳᠡᠭ᠌ ᠨᠠᠷ᠎ᠠ ᠲᠡᠶ ᠶᠢ ᠪᠢ ᠬᠤᠷᠢᠮᠯᠠᠭᠰᠠᠨ ᠤ ᠳᠠᠷᠠᠭ᠎ᠠ ᠡᠳᠦᠷ ᠨᠢ ᠰᠠᠶ‍ᠢ ᠮᠡᠳᠡᠭ᠍ᠰᠡᠨ ᠶ‍ᠦᠮ᠃ ᠳᠦᠷᠯᠡᠭᠡᠷ ᠬᠠᠷ᠎ᠠ ᠨᠢᠳᠤ ᠲᠡᠶ᠂ ᠳᠦᠩᠭᠦᠢᠭ᠍ᠰᠡᠨ ᠴᠡᠭᠡᠵᠢ ᠲᠡᠶ ᠳᠤᠮᠤ ᠦᠬᠢᠨ ᠪᠠᠢ᠌ᠭᠰᠠᠨ᠃ ᠬᠤᠷᠢᠮᠯᠠᠭᠰᠠᠨ ᠳᠠᠷᠠ ᠰᠦᠨᠢ ᠳᠡᠭᠦᠨ ᠢ ᠮᠢᠨᠤ ᠵᠠᠬᠠᠭᠤᠷ ᠤᠨᠳᠠᠭᠤᠯᠪᠠ᠃ ᠲ᠋ᠡᠭᠦᠨ ᠤ ᠪᠠᠶ᠎ᠠ ᠡᠴᠡ ᠰᠤᠳᠤᠨ ᠦᠨᠦᠷ ᠭᠠᠷᠴᠤ᠂ ᠴᠡᠭᠡᠵᠢᠮᠡᠭ᠌ ᠡᠴᠡ ᠨᠢ ᠳᠡᠭᠡᠭᠦᠷ ᠢᠯᠠ ᠭᠠᠷᠤᠭᠰᠠᠨ ᠭᠦᠵᠦᠭᠦᠤ᠂ ᠮᠥᠷᠤ ᠨᠢ ᠬᠠᠰ ᠴᠠᠭᠠᠨ ᠬᠠᠷᠠᠭᠳᠠᠨ᠎ᠠ᠃ ᠰᠦᠨᠢ ᠳᠤᠮᠳᠠᠯᠠᠵᠤ ᠭᠦᠮᠤᠨ ᠠᠮᠢᠳᠠᠨ ᠤ ᠭᠦᠯ ᠬᠤᠷᠢᠶᠠᠭᠰᠠᠨ ᠤ ᠬᠣᠢ᠌ᠨ᠎ᠠ ᠳᠠᠷᠠ᠂ ᠮᠢᠨᠤ ᠭᠦᠡᠵᠢᠯᠡ ᠳᠤᠤᠭᠤᠷ ᠭᠠᠷ ᠶᠢᠡᠨ ᠶᠠᠪᠣᠭᠤᠯᠵᠤ᠂ ᠭᠠᠷ ᠢ ᠠᠤᠠᠬᠤᠭᠰᠠᠨ ᠳᠤ ᠪᠢ ᠢᠳᠠᠪ ᠭᠡᠵᠤ ᠴᠤ ᠭᠦᠳᠡᠯᠦᠭ᠍ᠰᠡᠨ ᠦᠭᠡᠶ᠃ ᠪᠠᠷᠢ ᠠᠪᠬᠤ ᠨᠢ ᠨᠠᠳᠠ ᠲᠡᠶ ᠳᠠᠮᠠᠢ ᠬᠠᠮᠢᠶ᠎ᠠ ᠦᠭᠡᠶ ᠰᠢᠭ᠌ ᠯᠠ ᠪᠣᠳᠤᠭᠳᠠᠨ᠎ᠠ᠃ ᠪᠠᠰᠠ ᠨᠢᠭᠡ ᠰᠠᠨᠠᠭ᠎ᠠ ᠠᠮᠤᠷ ᠣᠴᠢᠷ ᠨᠢ ᠪᠢ ᠨᠤᠬᠠᠳᠠᠢ ᠰᠢᠭ ᠣᠷᠤᠨ ᠳᠠᠭᠠᠨ ᠰᠢᠭᠡᠳᠡᠭ᠌ ᠦᠭᠡᠶ᠃ ᠠᠷᠪᠠᠨ ᠨᠢ᠋ᠮᠠᠳᠠᠢ ᠪᠣᠰᠤᠭ᠎ᠠ ᠦᠬᠢᠨ ᠤ ᠵᠠᠬ᠎ᠠ ᠳᠤ ᠨᠢᠭᠤᠷ ᠶᠢᠡᠨ ᠪᠠᠷᠠᠬᠤ ᠣᠴᠢᠷ ᠦᠭᠡᠶ ᠳᠤᠯᠠ ᠵᠠᠬᠠᠭᠤᠷ ᠣᠠᠳᠠᠬᠤ ᠪᠠᠷ ᠶᠢᠡᠨ ᠤᠨᠳᠠᠭ᠃ ᠥᠷᠯᠦᠭᠡ ᠪᠣᠰᠬᠤ ᠳ᠋ᠤᠨᠢ ᠳᠡᠭᠦᠨ ᠤ ᠳᠠᠷ᠎ᠠ ᠳᠡᠪᠳᠦᠭ᠍ᠰᠡᠨ ᠢ ᠪᠢ ᠬᠠᠷᠠᠭᠰᠠᠨ᠃ ᠦᠶ᠎ᠡ ᠶᠢᠨ ᠭᠦᠦᠴᠦᠦᠯ ᠨᠠᠳᠠ ᠡᠴᠡ 《ᠪᠠᠷᠢ ᠠᠪᠬᠤ ᠰᠠᠢ᠌ᠬᠠᠨ ᠦᠦ︖》 ᠭᠡᠵᠤ ᠠᠰᠠᠭᠤᠳᠠᠭ ᠨᠢ ᠨᠠᠳᠠ ᠪᠠᠷ ᠳᠤᠭᠤᠭᠢ ᠭᠢᠵᠤ ᠪᠠᠢ᠌ᠬᠤ ᠶᠢ ᠪᠢ ᠮᠠᠳᠠᠨ᠎ᠠ᠃ ᠨᠠᠳᠠ ᠠᠪᠴᠤ ᠭᠡᠯᠡᠪᠠᠯ ᠪᠠᠷᠢ ᠠᠪᠬᠤ ᠨᠢ ᠨᠤᠬᠠᠳᠠᠢ ᠶᠢ ᠳᠦᠷᠪᠡᠨ ᠮᠥᠴᠢᠯᠡᠭᠦᠯᠵᠤ ᠮᠤᠷᠢ ᠪᠣᠯᠭᠠᠵᠤ ᠣᠨᠤᠬᠤ ᠶᠢ ᠭᠦᠷᠭᠦ ᠦᠭᠡᠶ᠃ ᠨᠤᠬᠠᠳᠠᠢ ᠨᠠᠳᠠ ᠡᠴᠡ ᠬᠤᠶᠠᠷ ᠠᠬ᠎ᠠ᠃ ᠪᠢ ᠥᠷᠭᠦᠯᠵᠢ ᠳᠡᠭᠦᠨ ᠢ ᠮᠤᠷᠢ ᠪᠣᠯᠭᠠᠵᠤ ᠣᠨᠤᠳᠠᠭ᠃

ᠵᠤᠨ ᠤ ᠨᠠᠮᠤᠭᠤᠬᠠᠨ ᠦᠳᠡᠰᠢ ᠪᠠᠢ᠌ᠯ᠎ᠠ᠃ ᠪᠢᠳᠠ ᠳᠠᠷᠠ ᠦᠶᠡᠰ ᠵᠤᠰᠠᠯᠠᠩ ᠳᠤ ᠭᠠᠷᠤᠭᠠᠤᠨ ᠪᠠᠢ᠌ᠭᠰᠠᠨ ᠶᠤᠮ᠃ ᠲ᠋ᠤᠭᠤᠨᠤ ᠪᠠᠷ ᠰᠠᠷᠠᠨ ᠤ ᠭᠡᠷᠡᠯ ᠳᠤᠨᠤᠯᠵᠡᠵᠤ᠂ ᠭᠦᠨ ᠴᠡᠩᠭᠡᠷ ᠣᠭᠳᠠᠷᠭᠤᠢ ᠳᠤ ᠣᠳᠤᠳ ᠡᠡᠨᠢᠪᠠᠯᠵᠡᠨ᠎ᠡ᠃ ᠭᠡᠨᠡᠳᠳᠡ ᠪᠠᠢ᠌ᠭᠰᠠᠭᠠᠷ ᠠᠯᠢ ᠨᠢᠭᠡ ᠣᠳᠤ ᠨᠢ ᠵᠢᠷᠤᠰᠭᠢᠨ᠂ ᠣᠭᠳᠠᠷᠭᠤᠢ ᠶᠢ ᠬᠠᠭ᠎ᠠ ᠵᠦᠰᠤᠨ ᠭᠢᠯᠠᠰᠴᠤ ᠣᠳᠤᠨ᠎ᠠ᠃ ᠪᠢ ᠳᠡᠭᠡᠭ᠍ᠰᠢ ᠬᠠᠷᠠᠨ ᠭᠡᠪᠳᠡᠭᠡᠤᠨ ᠣᠳᠤ ᠳᠤᠭᠠᠯᠠᠵᠤ ᠪᠠᠢ᠌ᠳᠠᠯ᠎ᠠ ᠨᠢᠴᠢᠭ᠍‍ᠮ᠎ᠡ ᠭᠠᠳᠠᠨ᠎ᠠ ᠡᠴᠡ ᠣᠷᠤᠵᠤ ᠢᠷᠡᠯ᠎ᠡ᠃ ᠲ᠋ᠡᠭᠦᠨ ᠢ ᠣᠷᠤᠵᠤ ᠢᠷᠡᠮᠡᠭ᠍ᠴᠡ ᠭᠡᠷ ᠲᠤ ᠰᠠᠭᠠᠯᠢ ᠶᠢᠨ ᠰᠠᠩᠭᠢᠨᠠᠮ᠎ᠠ ᠥᠨᠦᠷ᠂ ᠭᠡᠭᠡᠷ᠎ᠡ ᠶᠢᠨ ᠡᠪᠠᠰᠤ ᠴᠡᠴᠡᠭ᠌ ᠤᠨ ᠰᠤᠳᠤᠨ ᠦᠨᠦᠷ ᠬᠤᠯᠢᠯᠳᠤᠨ ᠬᠠᠮᠠᠷ ᠢ ᠴᠤᠷᠭᠢᠨ᠎ᠠ᠃ ᠪᠢ ᠨᠢᠴᠢᠭ᠍‍ᠮ᠎ᠡ ᠲᠡᠶ ᠳᠠᠰᠤᠯᠴᠠᠨ᠂ ᠴᠤᠭ ᠣᠠᠳᠠᠬᠤ ᠪᠣᠯᠤᠭᠰᠠᠨ ᠶᠤᠮ᠃ ᠲ᠋ᠠᠷᠠ ᠨᠢᠭᠤᠷ ᠭᠠᠷ ᠶᠢᠡᠨ ᠣᠭᠢᠶᠠᠨ ᠣᠷᠤ ᠳᠡᠯᠭᠡᠵᠤ᠂ ᠮᠢᠨᠤ ᠬᠤᠪᠴᠠᠰᠤ ᠶᠢ ᠳᠠᠢ᠌ᠴᠢᠵᠤ ᠭᠡᠪᠳᠡᠭᠦᠯᠪᠡ᠃ ᠪᠢ ᠮᠦᠨ ᠬᠤᠷᠤᠭᠤ ᠭᠤᠵᠣᠢ᠌ᠯᠭᠠᠨ ᠣᠳᠤ ᠳᠤᠭᠠᠯᠠᠵᠤ ᠪᠠᠢ᠌ᠪᠡ᠃ ᠨᠢᠴᠢᠭ᠍‍ᠮ᠎ᠡ᠄

᠊᠊᠊᠊᠊᠊᠊᠊᠊᠊᠊᠊᠊᠊᠊ ᠪᠢ ᠭᠠᠷᠴᠤ ᠡᠷᠦᠭᠡ ᠶᠢ ᠳᠠᠷᠤᠶ᠎ᠠ᠂ ᠰᠦᠨᠢ ᠵᠢᠩᠭᠢᠨᠡᠭᠦ ᠪᠠᠢ᠌ᠬ᠎ᠠ︖ ᠭᠡᠪᠡ᠃ ᠪᠢ ᠳᠡᠭᠦᠨ ᠤ ᠭᠠᠷ ᠡᠴᠡ ᠳᠠᠳᠠᠵᠤ᠄

᠊᠊᠊᠊᠊᠊᠊᠊᠊᠊᠊᠊᠊᠊᠊ ᠴᠢ ᠳᠡᠳᠡᠭᠡᠷ ᠣᠳᠤᠨ ᠤ ᠨᠠᠷ᠎ᠠ ᠶᠢ ᠪᠦᠷ ᠮᠡᠳᠡᠭᠦ ᠦᠦ︖ ᠭᠡᠪᠡ᠃ ᠨᠢᠴᠢᠭ᠍‍ᠮ᠎ᠡ ᠮᠢᠨᠤ ᠭᠠᠷ ᠢ ᠢᠯᠪᠢᠵᠤ᠂ ᠲ᠋ᠤᠯᠤᠭᠠᠢ ᠰᠡᠭ᠍ᠰᠦᠷᠦᠭᠡᠤᠨ᠄

᠊᠊᠊᠊᠊᠊᠊᠊᠊᠊᠊᠊᠊᠊᠊ ᠤᠨᠳᠡᠴᠢᠬ᠎ᠠ  ᠭᠡᠪᠡ᠃ ᠨᠢᠴᠢᠭ᠍‍ᠮ᠎ᠡ ᠮᠦᠨ ᠨᠣᠢ᠌ᠷ ᠬᠤᠯᠵᠢᠭᠠᠤᠨ ᠣᠠᠳᠠᠵᠤ ᠣᠷᠤᠬᠤ ᠦᠭᠡᠶ ᠪᠠᠢ᠌ᠭ᠎ᠠ ᠪᠣᠯᠤᠯᠳᠠᠢ᠂ ᠣᠷᠪᠠᠨ ᠭᠦᠷᠪᠠᠵᠤ ᠪᠠᠢ᠌ᠪᠠ᠃ ᠪᠢ ᠴᠡᠭᠡᠵᠢᠨ ᠳᠡᠭᠡᠷ᠎ᠡ ᠨᠢ ᠭᠠᠷ ᠶᠢᠡᠨ ᠳᠠᠯᠪᠢᠵᠤ ᠥᠵᠡᠭᠦ ᠳᠤ ᠵᠢᠷᠦᠭᠡ ᠨᠢ ᠳᠦᠷᠭᠡᠨ ᠳᠦᠭ᠍ᠰᠢᠵᠤ᠂ ᠠᠮᠢᠰᠬᠤᠯ ᠶᠢᠡᠨ ᠳᠠᠷᠤᠬᠤ ᠳ᠋ᠤᠨᠢ ᠪᠠᠶ᠎ᠠ ᠨᠢ ᠦᠯᠦ ᠮᠡᠳᠡᠭ᠌ ᠴᠠᠴᠠᠷᠭᠢᠯᠠᠵᠤ ᠪᠠᠢ᠌ᠯ᠎ᠠ᠃ ᠪᠢ ᠳᠡᠭᠦᠨ ᠤ ᠳᠤᠬᠤᠢ ᠶᠢ ᠨᠢ ᠳᠡᠷᠡᠯᠡᠭᠡᠤᠨ ᠣᠳᠤ ᠳᠤᠭᠠᠯᠠᠵᠤ ᠪᠠᠢ᠌ᠭᠰᠠᠭᠠᠷ ᠵᠡᠭᠦᠷᠮᠡᠭᠯᠡᠵᠤ ᠡᠭᠢᠯᠡᠳᠡᠯ᠎ᠡ ᠡᠭᠦᠳᠡ 《ᠲᠤᠷ》 ᠭᠢᠨ ᠨᠡᠭᠡᠭᠡᠭ᠍ᠳᠡᠵᠤ᠂ ᠴᠤᠪᠠ ᠨᠥᠮᠦᠷᠦᠭ᠍ᠰᠡᠨ ᠭᠠᠷᠴᠤ ᠶᠠᠪᠣᠬᠤ ᠨᠢ ᠬᠠᠯᠳᠤ ᠬᠠᠷᠠᠭᠳᠠᠪᠠ᠃ ᠪᠢ ᠨᠢᠳᠤ ᠪᠠᠨ ᠨᠡᠭᠡᠭᠡᠵᠤ ᠦᠵᠡᠪᠠᠯ ᠨᠢᠴᠢᠭ᠍‍ᠮ᠎ᠡ ᠶᠢᠨ ᠣᠷᠤ ᠬᠤᠭᠤᠰᠤᠨ ᠪᠠᠢ᠌ᠯ᠎ᠠ᠃ ᠬᠠᠷᠠᠩᠭ᠋ᠤᠢ ᠳᠤᠳᠤᠷ᠎ᠠ ᠪᠢ ᠭᠠᠭᠴᠠᠭᠠᠷ ᠶᠢᠡᠨ ᠭᠦᠡᠵᠢᠯᠡ ᠪᠠᠨ ᠣᠷᠢᠶᠠᠨ ᠰᠡᠭᠦᠵᠤ᠂ ᠨᠢᠴᠢᠭ᠍‍ᠮ᠎ᠡ ᠶᠢᠨ ᠣᠷᠤᠵᠤ ᠢᠷᠡᠭᠦ ᠶᠢ ᠭᠦᠯᠢᠶᠡᠪᠡ᠃ ᠭᠡᠳᠡᠯ᠎ᠡ ᠨᠠᠯᠢᠶᠠᠤᠨ ᠣᠳᠠᠬᠤ ᠳᠤ ᠳᠠᠷᠠ ᠮᠦᠨ ᠣᠷᠤᠵᠤ ᠢᠷᠡᠭ᠍ᠰᠡᠨ ᠦᠭᠡᠶ᠃ ᠭᠡᠷ ᠤᠨ ᠠᠷᠤ ᠳᠤ ᠬᠤᠶᠠᠷ ᠭᠦᠮᠤᠨ ᠤ ᠭᠦᠯ ᠤᠨ ᠴᠢᠮᠡᠭᠡ ᠭᠠᠷᠴᠤ᠂ ᠲ᠋ᠠᠭᠢᠨ ᠨᠠᠮ ᠵᠢᠮ ᠪᠣᠯᠬᠤ ᠳ᠋ᠤᠨᠢ ᠪᠢ ᠠᠷᠭ᠎ᠠ ᠪᠣᠳᠤᠵᠤ᠄

᠊᠊᠊᠊᠊᠊᠊᠊᠊᠊᠊᠊᠊᠊᠊ ᠪᠢ ᠰᠢᠭᠡᠨ᠎ᠡ  ᠭᠡᠵᠤ ᠬᠠᠰᠭᠢᠷᠪᠠ᠃ ᠮᠢᠨᠤ ᠣᠷᠢᠯᠠᠯᠳᠠ ᠳᠠᠷᠠ ᠳᠤᠤᠷ᠎ᠠ ᠨᠢ ᠣᠢ᠌ᠯᠠᠳᠤᠯ ᠥᠵᠡᠭᠦᠯᠦᠭ᠍ᠰᠡᠨ ᠪᠠᠢ᠌ᠪᠡ᠃ ᠨᠢᠴᠢᠭ᠍‍ᠮ᠎ᠡ ᠶᠠᠭᠠᠷᠠᠤ ᠰᠠᠠᠳᠤᠷᠤᠤ ᠣᠷᠤᠵᠤ ᠢᠷᠡᠭᠡᠤᠨ᠄

᠊᠊᠊᠊᠊᠊᠊᠊᠊᠊᠊᠊᠊᠊᠊ ᠴᠢ ᠰᠢᠭᠡᠭᠦ ᠦᠦ︖ ᠭᠡᠵᠤ ᠠᠰᠠᠭᠤᠬᠤ ᠶᠢᠨ ᠳᠠᠭᠠᠤ ᠳᠠᠪᠠᠯ ᠢ ᠨᠥᠮᠦᠷᠭᠡᠨ ᠭᠦᠳᠦᠯᠵᠤ ᠭᠠᠷᠤᠭᠠᠤᠨ ᠦᠮᠦᠳᠦ ᠶᠢ ᠰᠢᠪᠳᠤᠯᠵᠤ ᠥᠭ᠍ᠪᠡ᠃ ᠮᠢᠨᠤ ᠰᠢᠭᠡᠰᠤ ᠭᠦᠷᠴᠤ ᠦᠭᠡᠶ ᠪᠠᠢ᠌ᠭᠰᠠᠨ ᠡᠴᠡ ᠰᠢᠬᠠᠭᠰᠠᠭᠠᠷ ᠪᠠᠢ᠌ᠵᠤ ᠭᠡᠳᠤᠨ ᠳᠤᠰᠤᠯ ᠣᠨᠠᠭᠠᠬᠤ ᠶᠢᠨ ᠳᠠᠭᠠᠤ ᠡᠢ᠌ᠰᠢ ᠳᠠᠢ᠌ᠰᠢ ᠬᠠᠷᠡᠪᠠᠯ᠂ ᠭᠡᠷ ᠤᠨ ᠠᠷᠤ ᠳᠤ ᠳᠠᠮᠠᠢ ᠬᠤᠯᠠ ᠦᠭᠡᠶ ᠨᠢᠭᠡ ᠭᠦᠮᠤᠨ ᠵᠤᠭᠰᠤᠵᠤ ᠪᠠᠢ᠌ᠬᠤ ᠨᠢ ᠰᠠᠷᠠᠨ ᠤ ᠭᠡᠷᠡᠯ ᠳᠤ ᠪᠦᠷᠳᠡᠯᠵᠡᠨ ᠥᠵᠡᠭ᠍ᠳᠡᠪᠡ᠃ ᠪᠢ ᠬᠤᠷᠤᠭᠤ ᠪᠠᠨ ᠭᠤᠵᠣᠢ᠌ᠯᠭᠠᠵᠤ᠄

᠊᠊᠊᠊᠊᠊᠊᠊᠊᠊᠊᠊᠊᠊᠊ ᠲ᠋ᠠᠠᠳᠠ ᠭᠦᠮᠤᠨ ᠪᠠᠢ᠌ᠨ᠎ᠠ ᠭᠡᠭᠦ ᠳᠤ ᠨᠢᠴᠢᠭ᠍‍ᠮ᠎ᠡ ᠡᠭ᠌ ᠮᠡᠭ᠌ ᠭᠡᠭ᠍ᠰᠡᠭᠡᠷ᠄

᠊᠊᠊᠊᠊᠊᠊᠊᠊᠊᠊᠊᠊᠊᠊ ᠬᠤᠨᠢᠨ ᠮᠠᠨᠠᠭᠠᠨ ᠤ ᠭᠦᠮᠤᠨ ᠪᠠᠢ᠌ᠬ᠎ᠠ  ᠬᠤᠶᠠᠭᠤᠯᠠ ᠭᠡᠷ ᠲᠡᠭᠡᠨ ᠣᠷᠤᠶ᠎ᠠ᠂ ᠵᠢᠩᠭᠢᠨᠠᠵᠤ ᠮᠠᠳᠠᠨ᠎ᠠ ᠭᠡᠪᠡ᠃

ᠪᠢ ᠨᠢᠳᠤ ᠪᠠᠨ ᠠᠨᠢᠨ ᠭᠡᠪᠳᠡᠭ᠍ᠰᠡᠭᠡᠷ ᠪᠠᠢ᠌ᠪᠡ᠃ ᠨᠢᠴᠢᠭ᠍‍ᠮ᠎ᠡ ᠪᠠᠢ᠌ᠨ ᠪᠠᠢ᠌ᠨ ᠰᠠᠨᠠᠭ᠎ᠠ ᠠᠯᠳᠠᠬᠤ ᠳᠤ ᠪᠢ ᠰᠡᠵᠢᠭᠯᠡᠨ᠂   ᠤᠨᠳᠠᠭᠰᠡᠨ ᠶᠢᠡᠷ ᠣᠪᠯᠠᠵᠤ ᠬᠠᠮᠠᠷ ᠳᠠᠳᠠᠵᠤ ᠡᠭᠢᠯᠡᠪᠡ᠃ ᠨᠠᠯᠢᠶᠠᠤᠨ ᠣᠳᠠᠭᠠᠤᠨ ᠨᠢᠴᠢᠭ᠍‍ᠮ᠎ᠡ ᠭᠠᠷ ᠶᠢᠡᠨ ᠰᠡᠮᠡᠭᠡᠷ ᠳᠠᠳᠠᠨ ᠠᠪᠴᠤ᠂ ᠴᠠᠮᠴᠠ ᠪᠠᠨ ᠨᠥᠮᠦᠷᠦᠭᠡᠤᠨ ᠭᠠᠷᠪᠠ᠃ ᠲ᠋ᠠᠷᠠ ᠰᠠᠮ ᠠᠯᠬᠤᠭᠰᠠᠭᠠᠷ ᠭᠡᠷ ᠤᠨ ᠠᠷᠤ ᠳᠤ ᠭᠠᠷᠬᠤ ᠳᠤ ᠴᠠᠭᠠᠨ᠎ᠠ ᠡᠴᠡ ᠨᠢ ᠪᠠᠰᠠ ᠨᠢᠭᠡ ᠭᠦᠮᠤᠨ ᠤ ᠭᠦᠯ ᠤᠨ ᠴᠢᠮᠡᠭᠡ ᠣᠢ᠌ᠷᠠᠳᠤᠨ ᠢᠷᠡᠭᠦ ᠨᠢ ᠰᠤᠨᠤᠰᠳᠠᠪᠠ᠃ ᠪᠢ ᠳᠠᠭᠤ ᠴᠢᠮᠡᠭᠡ ᠭᠠᠷᠭᠠᠯ ᠦᠭᠡᠶ ᠮᠥᠯᠭᠦᠭ᠍ᠰᠡᠭᠡᠷ ᠬᠣᠢ᠌ᠳᠤ ᠬᠠᠨ᠎ᠠ ᠶᠢᠨ ᠣᠭ ᠲᠤ ᠭᠦᠷᠴᠤ᠂ ᠢᠰᠡᠭᠡᠢ ᠪᠦᠷᠢᠶᠡᠰᠤ ᠶᠢᠨ ᠳᠤᠤᠭᠤᠷ ᠭᠠᠷ ᠶᠢᠡᠨ ᠶᠠᠪᠣᠭᠤᠯᠵᠤ ᠵᠠᠪᠰᠠᠷᠯᠠᠭᠠᠤᠨ ᠬᠠᠨ᠎ᠠ ᠶᠢᠨ ᠨᠢᠳᠤ ᠪᠠᠷ ᠱᠠᠭᠠᠢ᠌ᠪᠠ᠃ ᠬᠤᠶᠠᠷ ᠭᠦᠮᠤᠨ ᠳᠠᠪᠠᠷᠢᠯᠳᠤᠨ ᠵᠤᠭᠰᠤᠬᠤ ᠨᠢ ᠰᠠᠷᠠᠨ ᠤ ᠭᠡᠷᠡᠯ ᠳᠤ ᠳᠤᠳᠤᠬᠠᠨ ᠬᠠᠷᠠᠭᠳᠠᠨ᠎ᠠ᠃ ᠭᠡᠪᠠᠴᠤ ᠪᠢ ᠨᠢᠭᠤᠷ ᠢ ᠨᠢ ᠳᠤᠳᠤᠳᠠᠢ ᠣᠯᠵᠤ ᠥᠵᠡᠭ᠍ᠰᠡᠨ ᠦᠭᠡᠶ᠃ ᠬᠤᠪᠴᠠᠰᠤ ᠨᠢ ᠴᠤ ᠳᠤᠳᠤ ᠳᠠᠨᠢᠭᠳᠠᠬᠤ ᠦᠭᠡᠶ ᠪᠠᠢ᠌ᠯ᠎ᠠ᠃ ᠲ᠋ᠠᠳᠠ ᠬᠤᠶᠠᠭᠤᠯᠠ ᠭᠡᠰᠡᠭ᠌ ᠳᠠᠪᠠᠷᠢᠯᠳᠤᠨ ᠵᠤᠭᠰᠤᠭᠰᠠᠨ ᠶᠢᠡᠨ ᠬᠠᠮ ᠳᠡᠷᠭᠡᠨ ᠤ ᠰᠡᠭᠦᠳᠡᠷ ᠢᠷᠡᠭᠦ ᠳᠤ ᠪᠢ ᠰᠠᠶ‍ᠢ ᠨᠥᠭᠦᠭᠡ ᠭᠦᠮᠤᠨ ᠨᠢ ᠠᠳᠤᠭᠤᠴᠢᠨ ᠨᠢᠩᠪᠣ ᠪᠣᠯᠬᠤ ᠶᠢ ᠳᠡᠨᠢᠯ᠎ᠡ᠃ ᠡᠴᠢᠭᠡ ᠨᠢ ᠳᠤᠷᠵᠢ ᠨᠠᠰᠤ ᠪᠠᠷᠠᠭᠰᠠᠨ ᠡᠴᠡ ᠬᠣᠢ᠌ᠰᠢ ᠣᠳᠤ ᠭᠦᠤ ᠨᠢ ᠠᠳᠤᠭᠤᠨ ᠳᠤ ᠶᠠᠪᠣᠬᠤ ᠪᠤᠯᠪᠠ᠃ ᠨᠢᠩᠪᠦ᠂ ᠨᠢᠴᠢᠭ᠍‍ᠮ᠎ᠡ ᠶᠢᠨ ᠮᠦᠷᠤ ᠪᠠᠷ ᠳᠠᠪᠠᠷᠢᠨ᠂ ᠬᠠᠴᠠᠷ ᠢ ᠨᠢ ᠢᠯᠪᠢᠨ ᠳᠠᠭᠠᠯᠠᠵᠤ ᠪᠠᠢ᠌ᠪᠠ᠃

ᠮᠢᠨᠤ ᠨᠢᠭᠤᠷ ᠴᠢᠷᠠᠢ ᠨᠢᠯᠴᠢᠭᠢᠨᠠᠵᠤ᠂ ᠠᠮᠢᠰᠬᠤᠯ ᠴᠢᠬᠤᠯᠳᠠᠨ ᠬᠤᠭᠤᠯᠠᠢ ᠳᠡᠭᠡᠷ᠎ᠡ ᠶᠠᠰᠤ ᠳᠤᠷᠤᠭᠰᠠᠨ ᠰᠢᠭ ᠵᠠᠩᠭᠢᠷᠠᠵᠤ ᠪᠠᠢ᠌ᠪᠠᠴᠤ ᠳᠠᠭᠤ ᠭᠠᠷᠭᠠᠭᠰᠠᠨ ᠦᠭᠡᠶ᠂ ᠨᠢᠳᠤ ᠪᠠᠨ ᠠᠨᠢᠪᠠ᠃ ᠨᠢᠯᠪᠣᠰᠤᠨ ᠳᠤᠰᠤᠯ ᠬᠠᠴᠠᠷ ᠳᠡᠭᠡᠭᠦᠷ ᠪᠦᠮᠪᠦᠷᠢᠨ᠂ ᠭᠠᠷ ᠳᠡᠭᠡᠷ᠎ᠡ ᠳᠤᠰᠤᠯᠠᠨ᠎ᠠ᠃ ᠨᠠᠯᠢᠶᠠᠤᠨ ᠣᠳᠠᠭᠠᠤᠨ ᠪᠢ ᠨᠡᠭᠡᠭᠡᠵᠤ ᠦᠵᠡᠪᠠᠯ ᠳᠠᠷᠠ ᠬᠤᠶᠠᠭᠤᠯᠠ ᠨᠠᠯᠠᠨ ᠰᠠᠭᠤᠭᠠᠤᠨ ᠢᠪᠠᠷ ᠰᠢᠪᠠᠷ ᠶᠠᠷᠢᠯᠴᠠᠵᠤ ᠪᠠᠢ᠌ᠯ᠎ᠡ᠃ ᠨᠢᠴᠢᠭ᠍‍ᠮ᠎ᠡ᠂ ᠨᠢᠩᠪᠦ ᠶᠢᠨ ᠮᠦᠷᠤ ᠶᠢ ᠲᠦᠰᠢᠨ᠄

᠊᠊᠊᠊᠊᠊᠊᠊᠊᠊᠊᠊᠊᠊᠊ ᠶ‍ᠢᠷᠳᠢᠠᠴᠤ ᠳᠡᠭᠡᠷ᠎ᠡ ᠪᠠᠰᠠ ᠡᠢ᠌ᠮᠤ ᠵᠢᠷᠭᠠᠯ ᠪᠠᠰᠠ ᠪᠠᠢ᠌ᠳᠠᠭ ᠡ︖ ᠭᠡᠪᠡ᠃

᠊᠊᠊᠊᠊᠊᠊᠊᠊᠊᠊᠊᠊᠊᠊ ᠴᠢ ᠰᠠᠶ‍ᠢ ᠮᠡᠳᠡᠭᠦ ᠦᠦ︖

᠊᠊᠊᠊᠊᠊᠊᠊᠊᠊᠊᠊᠊᠊᠊ ᠲ᠋ᠡᠷᠡ᠂ ᠭᠡᠦᠭᠡᠤᠨ ᠶᠢᠡᠷ ᠶᠢᠡᠨ ᠪᠠᠢ᠌ᠭᠰᠠᠭᠠᠷ᠁

ᠪᠢ ᠨᠢᠴᠢᠭ᠍‍ᠮ᠎ᠡ ᠳᠤ ᠬᠤᠷᠤᠰᠬᠤ ᠮᠥᠷᠳᠡᠭᠡᠨ ᠨᠢᠩᠪᠣ ᠳᠤ ᠨᠠᠩ ᠬᠤᠷᠤᠰᠤᠨ᠎ᠠ᠃ ᠴᠢᠳᠠᠯ ᠲᠡᠶ ᠪᠣᠯ ᠭᠠᠷᠴᠤ ᠣᠴᠢᠭᠠᠤᠨ ᠨᠢᠭᠡ ᠯᠠ ᠳᠡᠪᠢᠰᠦᠭᠡᠤᠨ ᠬᠠᠶᠠᠴᠢᠬᠠᠶ᠎ᠠ ᠭᠡᠵᠤ ᠪᠣᠳᠤᠨ ᠪᠠᠭ᠍ᠳᠡᠷᠡᠵᠤ ᠪᠠᠢ᠌ᠯ᠎ᠠ᠃

ᠨᠢᠴᠢᠭ᠍‍ᠮ᠎ᠡ ᠡ᠂ ᠬᠤᠶᠠᠭᠤᠯᠠ ᠭᠦᠮᠤᠨ ᠮᠡᠳᠡᠭᠦ ᠦᠭᠡᠶ ᠬᠤᠯᠠ ᠭᠠᠵᠠᠷ ᠣᠴᠢᠭᠠᠤᠨ ᠵᠢᠷᠭᠠᠨ ᠰᠠᠭᠤᠶ᠎ᠠ᠂ ᠲ᠋ᠠᠷᠠ ᠡᠳᠦᠷ ᠪᠢ ᠴᠢᠨᠤ ᠭᠤᠤᠯ ᠳᠤ ᠣᠮᠪᠠᠵᠤ ᠪᠠᠢ᠌ᠬᠤ ᠶᠢ ᠥᠵᠡᠭ᠍ᠰᠡᠨ ᠡᠴᠡ ᠨᠠᠭᠠᠰᠢ ᠴᠢᠮᠠᠶ᠋ᠢ ᠰᠠᠨᠠᠭᠠᠤᠨ ᠳᠡᠰᠭᠦ ᠪᠠᠨ ᠪᠣᠯᠢᠯ᠎ᠠ ᠭᠡᠪᠡ᠃ ᠨᠢᠴᠢᠭ᠍‍ᠮ᠎ᠡ᠂ ᠨᠢᠩᠪᠦ ᠶᠢᠨ ᠨᠢᠴᠦᠭᠦᠨ ᠴᠡᠭᠡᠵᠢᠨ ᠳᠡᠭᠡᠷ᠎ᠡ ᠭᠦᠩᠭᠡᠨ ᠨᠢᠳᠤᠷᠴᠤ᠄

᠊᠊᠊᠊᠊᠊᠊᠊᠊᠊᠊᠊᠊᠊᠊ ᠮᠠᠭᠤ ᠬᠤᠯᠠᠭᠠᠢ ᠴᠢ ᠶᠠᠭᠤᠨ ᠳᠤ ᠭᠦᠮᠤᠨ ᠤ ᠪᠠᠶ᠎ᠠ ᠣᠭᠢᠶᠠᠬᠤ ᠶᠢ ᠨᠢᠭᠤᠵᠤ ᠥᠵᠡᠭ᠍ᠰᠡᠨ ᠶ‍ᠦᠮ  ᠢᠴᠢᠭᠦ ᠨᠢᠭᠤᠷ ᠦᠭᠡᠶ ᠠᠮᠢᠳᠠᠨ ᠭᠡᠵᠤ ᠡᠷᠭᠡᠯᠡᠨ ᠴᠡᠭᠡᠵᠢᠨ ᠳ᠋ᠤᠨᠢ ᠴᠢᠩᠭ᠋᠎ᠠ ᠨᠠᠭᠠᠯᠳᠦᠪᠡ᠃ ᠡᠨᠡ ᠮᠠᠭᠤ ᠭᠠᠢ᠌ᠬᠠᠯ᠂ ᠲ᠋ᠠᠷᠠ ᠡᠳᠦᠷ ᠴᠢ ᠪᠠᠰᠠ ᠨᠢᠴᠢᠭ᠍‍ᠮ᠎ᠡ ᠶᠢᠨ ᠭᠤᠤᠯ ᠳᠤ ᠣᠮᠪᠠᠬᠤ ᠶᠢ ᠨᠢᠭᠤᠵᠤ ᠥᠵᠡᠭ᠍ᠰᠡᠨ ᠪᠠᠢ᠌ᠵᠠᠢ ᠰᠢᠤ᠂ ᠴᠢᠮ᠎ᠠ ᠳᠤ ᠵᠠᠪᠠᠯ ᠠᠮᠳᠠ ᠥᠵᠡᠭᠦᠯᠦᠨ᠎ᠡ ᠭᠡᠵᠤ ᠪᠢ ᠰᠢᠳᠤ ᠵᠠᠭᠤᠨ ᠨᠢᠳᠤᠷᠭ᠎ᠠ ᠵᠠᠩᠭᠢᠤᠠᠪᠠ᠃ ᠡᠨᠡ ᠪᠣᠯ ᠠᠷᠪᠠᠭᠠᠤᠨ ᠬᠤᠨᠤᠭ ᠤᠨ ᠡᠮᠦᠨᠡᠭᠢ ᠣᠴᠢᠷ ᠶ‍ᠦᠮ᠃ ᠨᠢᠭᠡ ᠦᠳᠡ ᠶᠢᠨ ᠬᠣᠢ᠌ᠨ᠎ᠠ ᠪᠢ ᠨᠤᠬᠠᠳᠠᠢ ᠲᠡᠶ ᠬᠤᠶᠠᠭᠤᠯᠠ ᠮᠠᠩᠬᠠᠨ ᠳᠤ ᠠᠯᠠᠭᠳᠠᠭ᠎ᠠ ᠠᠭᠤᠳᠠᠯᠤᠨ᠂ ᠨᠤᠬᠠᠢ ᠪᠠᠷ ᠳᠠᠭᠤᠯᠭᠠᠵᠤ ᠨᠠᠭᠠᠳᠤᠭᠠᠤᠨ ᠨᠠᠯᠢᠶᠠᠤᠨ ᠣᠷᠤᠢ ᠣᠷᠤᠵᠤ ᠢᠷᠡᠭᠦ ᠳᠤ ᠨᠢᠴᠢᠭ᠍‍ᠮ᠎ᠡ᠄

᠊᠊᠊᠊᠊᠊᠊᠊᠊᠊᠊᠊᠊᠊᠊ ᠪᠦᠭᠦ ᠪᠠᠶ᠎ᠠ ᠴᠢᠨᠢ ᠬᠤᠮᠠᠭ ᠰᠢᠷᠤᠢ ᠡᠴᠡ ᠥᠭᠡᠷ᠎ᠡ ᠶᠠᠭᠤᠮ᠎ᠠ ᠦᠭᠡᠶ ᠪᠣᠯᠴᠢᠬᠠᠯ᠎ᠠ᠃ ᠮᠠᠷᠭᠠᠰᠢ ᠭᠤᠤᠯ ᠳᠡᠭᠡᠷ᠎ᠡ ᠤᠴᠢᠶ᠎ᠡ  ᠭᠡᠪᠡ᠃

ᠮᠠᠷᠭᠠᠰᠢ ᠨᠢ ᠳᠤᠩᠭ᠋ᠠᠯᠠᠭ ᠰᠠᠢ᠌ᠬᠠᠨ ᠡᠳᠦᠷ ᠪᠣᠯᠪᠠ᠃ ᠭᠤᠤᠯ ᠤᠨ ᠣᠰᠤ ᠬᠠᠯᠠᠰᠠᠬᠤ ᠭᠢᠷᠢ ᠪᠠᠷ ᠨᠢᠴᠢᠭ᠍‍ᠮ᠎ᠡ᠂ ᠨᠠᠮᠠᠶ᠋ᠢ ᠳᠠᠭᠠᠭᠤᠯᠵᠤ ᠭᠤᠤᠯ ᠭᠦᠪᠠᠭᠡᠳᠡᠨ ᠶᠠᠪᠣᠭᠰᠠᠭᠠᠷ ᠪᠣᠷᠭᠠᠰᠤᠨ ᠲᠦᠩ ᠳᠤ ᠣᠷᠤᠪᠠ᠃ ᠲ᠋ᠤᠩᠭ᠋ᠠᠯᠠᠭ ᠣᠰᠤᠨ ᠤ ᠮᠢᠷᠠᠯᠵᠠᠭᠠᠨ ᠳᠤ ᠢᠷᠤᠭᠠᠷ ᠳᠤᠨᠢ ᠪᠠᠢ᠌ᠭ᠎ᠠ ᠮᠥᠯᠢᠭᠡᠷ ᠮᠥᠯᠢᠭᠡᠷ ᠵᠠᠢ᠌ᠷ ᠴᠢᠯᠠᠭᠤ ᠨᠤᠭᠤᠳ ᠭᠦᠳᠡᠯᠵᠤ ᠪᠠᠢ᠌ᠮᠠᠷ ᠥᠵᠡᠭ᠍ᠳᠡᠨ᠎ᠡ᠃ ᠪᠢ ᠬᠤᠪᠴᠠᠰᠤ ᠪᠠᠨ ᠳᠠᠢ᠌ᠯᠠᠭᠤᠯᠵᠤ ᠭᠤᠤᠯ ᠳᠤ ᠦᠰᠦᠷᠤᠨ ᠣᠷᠤᠭᠠᠤᠨ ᠥᠭᠡᠳᠡ ᠣᠷᠤᠭᠤ ᠣᠰᠤ ᠥᠰᠦᠷᠭᠡᠨ ᠫᠠᠯᠴᠢᠭᠢᠨᠠᠭᠤᠯᠵᠤ ᠭᠦᠶ‍ᠦᠭᠦ ᠳᠤ ᠭᠤᠤᠯ ᠤᠨ ᠡᠷᠭᠢ ᠳᠡᠭᠡᠷ᠎ᠡ ᠬᠤᠪᠴᠠᠰᠤ ᠣᠭᠢᠶᠠᠵᠤ ᠪᠠᠢ᠌ᠭᠰᠠᠨ ᠨᠢᠴᠢᠭ᠍‍ᠮ᠎ᠡ᠄

᠊᠊᠊᠊᠊᠊᠊᠊᠊᠊᠊᠊᠊᠊᠊ ᠪᠠᠷᠢ ᠠᠪᠣᠭᠰᠠᠨ ᠪᠣᠰᠤᠭ᠎ᠠ ᠡᠷ᠎ᠡ ᠪᠣᠯᠴᠢᠬᠠᠭᠠᠤᠨ ᠱᠠᠯᠳᠠᠩ ᠭᠦᠶ‍ᠦᠳᠡᠭ᠌ ᠶᠤᠮ ᠦᠦ︖ ᠭᠡᠵᠤ ᠨᠠᠮᠠᠶ᠋ᠢ ᠳᠤᠭᠤᠭᠢᠯᠠᠨ ᠢᠨᠢᠶᠡᠨ᠎ᠡ᠃ ᠲ᠋ᠡᠭᠦᠨ ᠤ ᠨᠢᠭᠤᠷ ᠲᠤ ᠶᠠᠭᠠᠨ ᠳᠤᠶᠠᠭ᠎ᠠ ᠳᠡᠳᠡᠵᠤ᠂ ᠢᠨᠢᠶᠡᠭᠦ ᠳ᠋ᠤᠨᠢ ᠵᠠᠪᠠᠵᠢᠨ ᠳᠡᠭᠡᠷ᠎ᠡ ᠨᠢ ᠬᠤᠤᠰ ᠬᠤᠠᠳᠠᠭ᠎ᠠ ᠢᠯᠡᠷᠡᠭᠡᠤᠨ᠂ ᠲ᠋ᠠᠪᠬᠤᠷ᠎ᠠ ᠠᠯᠠᠭ ᠨᠢᠳᠤ ᠨᠢ ᠡᠷᠪᠠᠭᠡᠢ ᠳᠠᠷᠪᠠᠵᠤ ᠪᠠᠢ᠌ᠭ᠎ᠠ ᠰᠢᠭ ᠳᠤᠷᠮᠤᠯᠵᠠᠨ᠎ᠠ᠃

ᠪᠢ ᠭᠦᠶ‍ᠦᠵᠤ ᠮᠤᠬᠤᠭᠠᠤᠨ ᠶᠠᠳᠠᠷᠠᠬᠤ ᠳᠠᠭᠠᠨ ᠭᠤᠤᠯ ᠤᠨ ᠭᠦᠪᠠᠭᠡᠨ ᠤ ᠵᠥᠯᠭᠡᠨ ᠳᠡᠭᠡᠷ᠎ᠡ ᠳᠡᠭ᠍ᠷᠢ ᠬᠠᠷᠠᠨ ᠭᠡᠪᠳᠡᠪᠡ᠃ ᠨᠢᠴᠢᠭ᠍‍ᠮ᠎ᠡ ᠣᠭᠢᠶᠠᠭᠰᠠᠨ ᠬᠤᠪᠴᠠᠰᠤ ᠪᠠᠨ ᠡᠪᠠᠰᠤᠨ ᠳᠡᠭᠡᠷ᠎ᠡ ᠳᠡᠯᠭᠡᠭᠡᠤᠨ᠂ ᠨᠤᠭᠤᠭᠠᠨ ᠳᠤᠷᠳᠤᠩ ᠠᠯᠴᠢᠭᠤᠷ ᠶᠢᠡᠷ ᠶᠢᠡᠨ ᠮᠢᠨᠤ ᠨᠢᠭᠤᠷ ᠢ ᠪᠦᠳᠡᠭᠡᠵᠤ᠄

᠊᠊᠊᠊᠊᠊᠊᠊᠊᠊᠊᠊᠊᠊᠊ ᠦᠵᠡᠵᠤ ᠪᠣᠯᠬᠤ ᠦᠭᠡᠶ ᠰᠢᠤ  ᠭᠡᠵᠤ ᠵᠤᠮᠠᠰᠭᠢᠨ ᠢᠨᠢᠶᠡᠭᠡᠤᠨ ᠭᠤᠤᠯ ᠳᠤ ᠣᠷᠤᠯ᠎ᠠ᠃ ᠨᠤᠭᠤᠭᠠᠨ ᠳᠤᠷᠳᠤᠩ ᠠᠯᠴᠢᠭᠤᠷ ᠤᠨ ᠴᠠᠭᠠᠨ᠎ᠠ ᠣᠭᠳᠠᠷᠭᠤᠢ ᠳᠤ ᠭᠦᠪᠪᠦᠭᠦ ᠡᠭᠦᠯᠡ ᠴᠤ ᠨᠤᠭᠤᠭᠠᠪᠳᠤᠷ ᠥᠵᠡᠭ᠍ᠳᠡᠨ᠎ᠡ᠃ ᠪᠢ ᠠᠯᠴᠢᠭᠤᠷ ᠢ ᠰᠡᠭᠦᠭ᠍ᠰᠡᠨ ᠦᠭᠡᠶ᠃ ᠨᠢᠮᠭᠡᠨ ᠳᠤᠷᠳᠤᠩ ᠤᠨ ᠴᠠᠭᠠᠨ᠎ᠠ ᠨᠢᠴᠢᠭ᠍‍ᠮ᠎ᠡ ᠶᠢᠨ ᠪᠠᠶ᠎ᠠ ᠰᠡᠭᠦᠳᠡᠷ ᠢᠯᠭᠤᠮ ᠥᠵᠡᠭ᠍ᠳᠡᠨ᠎ᠡ᠃ ᠲ᠋ᠡᠷᠡ᠂ ᠭᠤᠷᠪᠠ ᠪᠠᠷ ᠭᠦᠷᠦᠵᠤ ᠣᠠᠵᠠᠢ᠌ᠯᠭᠠᠳᠠᠭ ᠭᠡᠵᠢᠭᠡ ᠪᠠᠨ ᠰᠤᠯᠠ ᠳᠠᠯᠪᠢᠬᠤ ᠳᠤ ᠮᠣᠢ᠌ᠯ ᠬᠠᠷ᠎ᠠ ᠦᠰᠦ ᠮᠦᠷᠤ ᠳᠡᠭᠡᠭᠦᠷ ᠨᠢ ᠭᠦᠷᠭᠢᠷ᠎ᠡ ᠪᠠᠭᠤᠵᠤ᠂ ᠠᠶᠠᠰ ᠤᠨ ᠰᠠᠯᠭᠢᠨ ᠳᠤ ᠨᠠᠮᠢᠷᠠᠨ ᠭᠡᠢ᠌ᠰᠦᠨ᠎ᠡ᠃ ᠲ᠋ᠡᠷᠡ ᠦᠰᠦ ᠪᠠᠨ ᠣᠭᠢᠶᠠᠵᠤ ᠡᠭᠢᠯᠡᠪᠡ᠃ ᠡᠪᠦᠳᠦᠭ᠌ ᠴᠢᠨᠡᠭᠡ ᠣᠰᠤᠨ ᠳᠤ ᠵᠤᠭᠰᠤᠭᠠᠤᠨ ᠳᠤᠯᠤᠭᠠᠢ ᠪᠠᠨ ᠳᠠᠯᠵᠠᠢ᠌ᠨ ᠪᠦᠭᠦᠢᠵᠤ᠂ ᠪᠢᠴᠢᠬᠠᠨ ᠰᠠᠮ ᠶᠢᠡᠨ ᠣᠰᠤᠨ ᠳᠤ ᠲᠦᠷᠦᠵᠤ ᠰᠠᠮᠨᠠᠬᠤ ᠳᠤ ᠭᠦᠳᠡᠯᠭᠡᠭᠡᠨ ᠢ ᠨᠢ ᠳᠠᠭᠠᠭᠠᠤᠨ ᠰᠡᠪᠠᠭᠡᠷ ᠭᠦᠭᠦ ᠨᠢ ᠣᠠᠵᠢᠭᠢᠨᠠᠨ ᠴᠡᠴᠡᠷᠡᠭᠦ ᠪᠦᠭᠡᠤᠨ ᠭᠦᠭᠦᠨ ᠳᠤᠪᠴᠢ ᠨᠢ ᠭᠦᠷᠡᠩᠳᠡᠨ ᠳᠤᠯᠪᠣᠳᠠᠵᠤ ᠥᠵᠡᠭ᠍ᠳᠡᠨ᠎ᠡ᠃ ᠲ᠋ᠡᠷᠡ ᠳᠠᠭᠢᠨ ᠪᠠᠶ᠎ᠠ ᠪᠠᠨ ᠣᠭᠢᠶᠠᠵᠤ ᠡᠭᠢᠯᠡᠪᠡ᠃ ᠤᠰᠤ ᠪᠢᠳᠡᠭᠦᠯᠡᠨ ᠠᠪᠴᠤ ᠮᠦᠷᠤᠨ ᠳᠡᠭᠡᠷ᠎ᠡ ᠪᠠᠨ ᠴᠢᠤᠠᠬᠤᠬᠤ ᠳᠤ ᠨᠠᠷᠢᠨ ᠨᠢᠷᠤᠭᠤ ᠶᠢ ᠨᠢ ᠳᠠᠭᠠᠭᠠᠤᠨ ᠬᠠᠰ ᠴᠠᠭᠠᠨ ᠭᠤᠶ᠎ᠠ ᠪᠠᠷ ᠨᠢ ᠳᠠᠮᠵᠢᠨ ᠣᠷᠤᠰᠬᠠᠯ ᠳᠤ ᠨᠠᠢ᠌ᠯᠠᠨ᠎ᠠ᠃ ᠪᠢ ᠭᠡᠳᠦᠢ ᠳ᠋ᠤᠨᠢ ᠨᠢᠭᠤᠷ ᠪᠦᠳᠡᠭᠡᠭ᠍ᠰᠡᠨ ᠠᠯᠴᠢᠭᠤᠷ ᠢ ᠠᠪᠴᠤ ᠬᠠᠶᠠᠭᠰᠠᠨ ᠶᠢᠡᠨ ᠮᠡᠳᠡᠭ᠍ᠰᠡᠨ ᠦᠭᠡᠶ᠂ ᠦᠵᠡᠵᠤ ᠪᠠᠢ᠌ᠭᠰᠠᠭᠠᠷ ᠭᠦᠶᠤᠨ ᠪᠣᠰᠴᠤ ᠭᠤᠤᠯ ᠳᠤ ᠦᠰᠦᠷᠤᠨ ᠣᠷᠤᠳᠠᠯ᠎ᠠ ᠨᠢᠴᠢᠭ᠍‍ᠮ᠎ᠡ ᠰᠤᠴᠢᠨ᠂ ᠣᠰᠤᠨ ᠤ ᠭᠦᠨ ᠴᠤᠩᠭᠢᠶᠠᠯ ᠳᠤ ᠣᠷᠤᠵᠤ ᠳᠤᠯᠤᠭᠠᠢ ᠪᠠᠨ ᠭᠠᠷᠭᠠᠨ᠄

᠊᠊᠊᠊᠊᠊᠊᠊᠊᠊᠊᠊᠊᠊᠊ ᠪᠢᠳᠡᠭᠡᠢ ᠳᠦᠷᠰᠦ ᠥᠭᠡᠢ᠌ᠳᠡᠵᠤ ᠠᠭᠠᠰᠢᠯᠡ  ᠭᠡᠨ᠎ᠡ᠃ ᠪᠢ ᠳᠡᠭᠦᠨ ᠤ ᠥᠭᠡᠳᠡ ᠡᠴᠡ ᠣᠰᠤ ᠰᠦᠷᠴᠢᠨ ᠡᠭᠢᠯᠡᠭᠦ ᠳᠤ ᠳᠠᠷᠠ ᠴᠤ ᠬᠠᠳᠠᠭᠠᠨᠠᠨ ᠢᠨᠢᠶᠠᠵᠤ ᠮᠢᠨᠤ ᠥᠭᠡᠳᠡ ᠡᠴᠡ ᠣᠰᠤ ᠰᠥᠷᠴᠢᠨ᠎ᠡ᠃ ᠲ᠋ᠡᠭᠦᠨ ᠤ ᠢᠨᠢᠶᠠᠳᠤᠨ ᠳᠤ ᠪᠣᠷᠭᠠᠰᠤᠨ ᠣᠢ ᠲᠠᠭᠠᠨ ᠱᠤᠤᠭᠢᠵᠤ᠂ ᠪᠣᠯᠵᠤᠮᠤᠷ ᠰᠢᠪᠠᠤᠬᠠᠢ ᠭᠦᠷᠳᠡᠯ᠎ᠡ ᠨᠠᠮᠠᠭᠠᠨ ᠳᠡᠭᠡᠷ᠎ᠡ ᠪᠠᠨ ᠨᠠᠢ᠌ᠭᠤᠨ᠂ ᠮᠠᠨ ᠲᠡᠶ ᠠᠳᠠᠭᠠᠷᠬᠠᠭᠰᠠᠨ ᠰᠢᠭ ᠰᠤᠨᠢᠭᠤᠴᠢᠯᠠᠨ ᠬᠠᠷᠠᠵᠤ ᠪᠠᠢ᠌ᠯ᠎ᠠ᠃ ᠪᠢᠳᠠ ᠬᠤᠶᠠᠭᠤᠯᠠ ᠬᠠᠠᠳᠠᠯ᠎ᠠ ᠨᠠᠭᠠᠳᠤᠭᠠᠤᠨ ᠭᠤᠤᠯ ᠤᠨ ᠭᠦᠪᠠᠭᠡᠨ ᠤ ᠡᠯᠡᠰᠤᠨ ᠳᠡᠭᠡᠷ᠎ᠡ ᠰᠠᠭᠤᠪᠠ᠃ ᠨᠢᠴᠢᠭ᠍‍ᠮ᠎ᠡ᠂ ᠮᠢᠨᠤ ᠳᠤᠯᠤᠭᠠᠢ ᠶᠢ ᠡᠯᠢᠭᠡᠨ ᠳᠡᠭᠡᠨ ᠳᠠᠪᠠᠷᠢᠵᠤ᠄

᠊᠊᠊᠊᠊᠊᠊᠊᠊᠊᠊᠊᠊᠊᠊ ᠭᠠᠶᠠ ᠡ᠂ ᠴᠢ ᠨᠠᠮᠠᠶ᠋ᠢ ᠰᠠᠨᠠᠬᠤ ᠦᠦ︖ ᠭᠡᠵᠤ ᠠᠰᠠᠭᠤᠪᠠ᠃ ᠪᠢ ᠶᠠᠭᠤ ᠴᠤ ᠬᠠᠷᠢᠭᠤᠯᠬᠤ ᠪᠠᠨ ᠣᠯᠤᠭᠰᠠᠨ ᠦᠭᠡᠶ᠂ ᠲ᠋ᠡᠭᠦᠨ ᠤ ᠨᠣᠢ᠌ᠳᠤᠨ ᠦᠰᠦ ᠪᠠᠷ ᠣᠷᠤᠯᠳᠤᠵᠤ ᠰᠠᠭᠤᠪᠠ᠃ ᠲ᠋ᠠᠷᠠ᠂ ᠠᠯᠤᠰ ᠲᠤ ᠭᠦᠭᠡᠷᠡᠭᠦ ᠠᠭᠤᠯᠠᠰ ᠤᠨ ᠣᠷᠤᠢ ᠶᠢ ᠮᠠᠯᠠᠷᠠᠨ ᠬᠠᠷᠠᠵᠤ ᠪᠠᠢ᠌ᠭᠰᠠᠭᠠᠷ᠄

᠊᠊᠊᠊᠊᠊᠊᠊᠊᠊᠊᠊᠊᠊᠊ ᠭᠡᠷ ᠶᠢᠡᠨ ᠰᠡᠨᠡᠴᠢᠭᠡᠵᠡᠢ  ᠭᠡᠪᠡ᠃ ᠪᠢ ᠦᠯᠢ᠌ᠵᠤ ᠦᠵᠡᠪᠠᠯ ᠳᠡᠭᠦᠨ ᠤ ᠳᠤᠩᠭ᠋ᠠᠯᠠᠭ ᠰᠠᠢ᠌ᠬᠠᠨ ᠨᠢᠳᠤᠨ ᠳᠤ ᠨᠢᠯᠪᠣᠰᠤ ᠵᠠᠢ᠌ᠷᠯᠠᠭᠰᠠᠨ ᠪᠠᠢ᠌ᠯ᠎ᠠ ᠁

ᠡᠨᠡ ᠪᠦᠭᠦᠨ ᠢ ᠨᠢᠩᠪᠣ ᠪᠠᠰᠠ ᠭᠤᠤᠯ ᠤᠨ ᠴᠠᠭᠠᠳᠤ ᠡᠷᠭᠢ ᠶᠢᠨ ᠪᠣᠷᠭᠠᠰᠤᠨ ᠲᠦᠩ ᠳᠤ ᠨᠢᠭᠤᠭᠳᠠᠭᠠᠤᠨ ᠠᠯᠳᠠᠯ ᠦᠭᠡᠶ ᠠᠵᠢᠵᠤ ᠪᠠᠢ᠌ᠭᠰᠠᠨ ᠠᠵᠢ︕

ᠨᠢᠭᠡ ᠮᠡᠳᠡᠭᠦ ᠳᠤ ᠨᠢᠴᠢᠭ᠍‍ᠮ᠎ᠡ ᠣᠷᠤᠵᠤ ᠢᠷᠡᠭᠡᠤᠨ ᠣᠷᠤᠨ ᠳᠠᠭᠠᠨ ᠭᠡᠪᠳᠡᠵᠤ ᠪᠠᠢ᠌ᠪᠡ᠃ ᠪᠦᠭᠦ ᠪᠠᠶ᠎ᠠ ᠡᠴᠡ ᠨᠢ ᠬᠠᠯᠠᠭᠤ ᠢᠯᠴᠢ ᠨᠢᠯᠴᠢᠭᠢᠨᠡᠵᠤ᠂ ᠭᠦᠯᠦᠰᠤᠨ ᠳᠤ ᠳᠡᠪᠳᠦᠭ᠍ᠰᠡᠨ ᠪᠠᠢ᠌ᠯ᠎ᠠ᠃ ᠪᠢ ᠰᠠᠶ‍ᠢ ᠰᠡᠷᠡᠭ᠍ᠰᠡᠨ ᠭᠦᠮᠤᠨ ᠪᠣᠯᠵᠤ ᠣᠪᠯᠠᠨ᠂ ᠣᠷᠪᠠᠵᠤ ᠬᠠᠠᠳᠤᠭᠠᠤᠨ ᠳᠡᠭᠦᠨ ᠤ ᠡᠩᠭᠡᠯᠵᠡᠭᠦᠷ ᠣᠷᠤᠭᠤ ᠭᠠᠷ ᠶᠠᠪᠤᠭᠤᠯᠪᠠ᠃ ᠲ᠋ᠡᠭᠦᠨ ᠤ ᠭᠦᠭᠦ ᠨᠢ ᠣᠷᠤᠯᠳᠤᠭᠠᠨ ᠳᠤ ᠭᠦᠶ‍ᠦᠭᠡᠤᠨ ᠢᠷᠡᠭ᠍ᠰᠡᠨ ᠮᠤᠷᠢᠨ ᠤ ᠳᠠᠰᠢᠶ᠎ᠠ ᠰᠢᠭ ᠭᠦᠳᠦᠯᠵᠡᠨ ᠴᠡᠴᠡᠷᠭᠡᠨᠡᠵᠤ ᠪᠠᠢ᠌ᠪᠠ᠃ ᠲ᠋ᠠᠷᠠ ᠨᠢᠳᠤ ᠪᠠᠨ ᠠᠨᠢᠨ ᠭᠦᠳᠡᠯᠦᠯ ᠦᠭᠡᠶ ᠭᠡᠪᠳᠡᠵᠤ ᠰᠠᠶ‍ᠢᠬᠠᠨ ᠤ ᠵᠢᠷᠭᠠᠯ ᠳᠠᠭᠠᠨ ᠰᠤᠭᠳᠤᠭᠤᠷᠠᠵᠤ ᠪᠠᠢ᠌ᠯ᠎ᠠ᠃ ᠮᠢᠨᠤ ᠳᠤᠳᠤᠷ᠎ᠠ ᠬᠤᠤᠷᠤ ᠪᠤᠴᠡᠯᠵᠤ᠂ ᠲ᠋ᠡᠭᠦᠨ ᠢ ᠡᠵᠡᠮᠳᠡᠨ ᠠᠪᠬᠤ ᠴᠢᠩᠭ᠋᠎ᠠ ᠭᠦᠰᠡᠯ ᠳᠤ ᠤᠷᠢᠶᠠᠭᠳᠠᠨ᠂ ᠲ᠋ᠡᠭᠡᠷ᠎ᠡ ᠨᠢ ᠭᠠᠷᠴᠤ ᠡᠷᠦᠢ ᠬᠤᠷᠤᠢ ᠦᠭᠡᠶ ᠪᠠᠵᠠᠯᠭᠢᠯᠠᠨ ᠬᠠᠵᠠᠬᠤ ᠳᠤ ᠳᠡᠭᠦᠨ ᠤ ᠣᠷᠤᠭᠤᠯ ᠨᠢ ᠴᠠᠴᠠᠷᠭᠢᠯᠠᠵᠤ᠂ ᠨᠢᠯᠪᠣᠰᠤ ᠨᠢ ᠰᠢᠨᠠ ᠶᠢ ᠨᠢ ᠳᠠᠭᠠᠭᠠᠤᠨ ᠭᠡᠯᠭᠢᠶᠡᠷᠡᠨ ᠪᠠᠭᠤᠪᠠ᠃ ᠪᠢ ᠳᠠᠯᠴᠢᠯᠠᠵᠤ ᠮᠤᠬᠤᠭᠠᠤᠨ ᠳᠤᠳᠤᠷ᠎ᠠ ᠪᠠᠭ᠍ᠳᠡᠷᠡᠭᠦ ᠳᠡᠭᠡᠨ ᠦᠪᠡᠷ ᠶᠢᠡᠨ ᠴᠤ ᠣᠭᠢᠯᠠᠴᠢᠬᠠᠪᠠ᠃

ᠨᠢᠴᠢᠭ᠍‍ᠮ᠎ᠡ᠂ ᠮᠢᠨᠤ ᠭᠦᠵᠦᠭᠦᠤ ᠪᠠᠷ ᠳᠠᠪᠠᠷᠢᠨ ᠡᠯᠢᠭᠡᠨ ᠳᠡᠭᠡᠨ ᠴᠢᠩᠭ᠋᠎ᠠ ᠨᠠᠭᠠᠯᠳᠤᠭᠤᠯᠤᠯ᠎ᠠ᠃ ᠣᠶᠠᠷᠠᠯ ᠭᠤᠮᠤᠳᠠᠯ ᠮᠢᠨᠢ ᠨᠢᠯᠪᠣᠰᠤ ᠪᠣᠯᠤᠨ ᠣᠷᠤᠰᠤᠨ᠎ᠠ᠃ ᠨᠠᠯᠢᠶᠠᠤᠨ ᠣᠳᠠᠬᠤ ᠳᠤ ᠮᠢᠨᠤ ᠠᠭᠤᠷ ᠪᠣᠭᠢᠨᠢᠳᠤᠯ ᠳᠠᠢ᠌ᠤᠠᠬᠤᠷᠠᠵᠤ ᠢᠷᠡᠭᠦ ᠪᠠᠷ ᠪᠢ᠂ ᠲ᠋ᠡᠭᠦᠨ ᠤ ᠵᠥᠭᠡᠯᠡᠨ ᠳᠤᠷᠭᠠᠨ ᠭᠦᠭᠦ ᠶᠢ ᠳᠡᠷᠡᠯᠡᠭᠡᠤᠨ ᠣᠠᠳᠠᠵᠤ ᠣᠷᠭᠢᠪᠠ᠃

ᠲ᠋ᠠᠷᠠ ᠰᠦᠨᠢ ᠪᠢ ᠡᠭᠡ ᠶᠢᠨ ᠶᠢᠡᠨ ᠡᠪᠦᠷ ᠲᠤ ᠣᠠᠳᠠᠵᠤ ᠪᠠᠢ᠌ᠨ᠎ᠠ ᠭᠡᠵᠤ ᠵᠡᠭᠦᠳᠦᠯᠡᠪᠡ᠃

ᠵᠤᠬᠢᠶᠠᠭᠴᠢ᠄ ᠬᠠᠷᠭᠤᠢ
ᠳᠠᠷᠤᠮ᠄ 29688
ᠴᠠᠭ᠄ 2005 ᠤᠨ ᠤ 08 ᠰᠠᠷ᠎ᠠ ᠶᠢᠨ 08

ᠡᠮᠦᠨᠡᠬᠢ ᠳᠠᠷᠠᠭᠠᠬᠢ

ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃