ᠬᠠᠷᠭᠤᠢ ᠄ 《ᠵᠠᠮ ᠤᠨ ᠲᠤᠭᠤᠰᠤ》
ᠠᠷᠪᠠ ᠂ ᠦᠳᠡᠰᠢ ᠶᠢᠨ ᠳᠤᠯᠤᠩ

ᠦᠶ᠎ᠡ ᠦᠶ᠎ᠡ ᠨᠠᠪᠴᠢ ᠱᠠᠷᠴᠢᠬᠢᠨᠠᠭᠣᠯᠣᠭᠰᠠᠨ ᠵᠤᠨ ᠤ ᠡᠬᠢᠨ ᠰᠠᠷ᠎ᠠ ᠶᠢᠨ ᠰᠠᠯᠬᠢ ᠲᠡᠶ ᠨᠢᠬᠡ ᠡᠳᠣᠷ᠂ ᠪᠠᠶᠠᠠᠴᠠᠭᠠᠨ ᠤ ᠪᠠᠷᠠᠭᠣᠨ ᠰᠣᠭᠣ ᠪᠠᠷ ᠣᠷᠣᠵᠣ ᠢᠷᠡᠭ᠍ᠰᠡᠨ ᠰᠢᠷ᠎ᠠ ᠵᠠᠮ ᠶᠢᠠᠷ ᠨᠣᠭᠣᠭᠠᠨ ᠥᠩᠬᠡᠳᠡᠢ ᠵᠢᠫ ᠲᠡᠷᠬᠡ ᠲᠣᠭᠣᠰᠣ ᠲᠠᠳᠠᠭᠣᠯᠣᠨ ᠵᠢᠷᠢᠯᠵᠠᠨ ᠲᠠᠪᠬᠢᠨ᠎ᠠ᠃ ᠲᠠᠷᠠ ᠮᠠᠰᠢᠨ ᠣᠪᠣᠭ᠎ᠠ ᠠᠢ᠌ᠯ ᠤᠨ ᠪᠠᠷᠠᠭᠣᠨ ᠡᠮᠣᠨ᠎ᠠ ᠡᠴᠡ ᠣᠷᠣᠬᠣ ᠵᠠᠮ ᠢ ᠡᠯᠬᠥᠵᠦ᠂ ᠰᠢᠭᠣᠳ ᠠᠢ᠌ᠯ ᠲᠣᠮᠳᠠ ᠣᠷᠣᠵᠣ ᠢᠷᠡᠬᠡᠥᠨ ᠰᠣᠷᠭᠠᠭᠣᠯᠢ ᠶᠢᠨ ᠬᠦᠷᠢᠶᠡᠨ ᠤ ᠡᠬᠥᠳᠡᠨ ᠳᠤ ᠵᠤᠭᠰᠣᠪᠠ᠃ ᠵᠢᠯᠣᠭᠣᠴᠢ ᠶᠢᠨ ᠰᠠᠭᠣᠳᠠᠯ ᠳᠤ ᠰᠠᠭᠣᠭᠰᠠᠨ ᠴᠡᠮᠴᠡᠬᠡᠷ ᠦᠨᠳᠥᠷ ᠵᠠᠯᠠᠭᠤ ᠬᠠᠮᠢᠭᠠᠰᠢ ᠶᠠᠪᠣᠬᠣ ᠪᠠᠨ ᠣᠯ ᠶᠠᠳᠠᠨ ᠲᠡᠷᠬᠡᠨ ᠡᠴᠡ ᠪᠠᠨ ᠪᠠᠭᠣᠵᠣ ᠢᠷᠠᠪᠠ᠃ ᠠᠷᠤ ᠶᠢᠨ ᠰᠠᠭᠣᠳᠠᠯ ᠡᠴᠡ ᠡᠷᠡᠭ᠍ᠳᠡᠢ᠂ ᠡᠮᠡᠭ᠍ᠳᠡᠢ ᠠᠬᠢᠮᠠᠭ ᠨᠠᠰᠣᠨ ᠤ ᠬᠣᠶᠠᠷ ᠬᠦᠮᠥᠨ ᠪᠠᠭᠣᠵᠣ ᠢᠷᠡᠬᠡᠥᠨ ᠡᠢ᠌ᠰᠢ ᠲᠠᠢ᠌ᠰᠢ ᠯᠠᠪᠯᠠᠭᠰᠠᠨ ᠶᠢᠠᠨ ᠰᠣᠷᠭᠠᠭᠣᠯᠢ ᠶᠢᠨ ᠬᠦᠷᠢᠶᠡᠨ ᠳᠤ ᠣᠷᠣᠪᠠ᠃ ᠵᠤᠨ ᠤ ᠬᠠᠯᠠᠭᠣᠨ ᠳᠤ ᠦᠨᠳᠥᠷ ᠲᠠᠪᠠᠯ ᠶᠢᠠᠨ ᠠᠭᠰᠠᠵᠣ ᠪᠦᠰᠡᠯᠠᠬᠡᠥᠨ᠂ ᠪᠣᠯᠭᠠᠷᠢᠨ ᠭᠣᠳᠣᠯ ᠡᠮᠥᠰᠥᠭᠰᠡᠨ ᠬᠦᠮᠥᠨ ᠢ ᠦᠵᠡᠬᠡᠥᠨ ᠰᠣᠷᠭᠠᠭᠣᠯᠢ ᠶᠢᠨ ᠬᠡᠣᠬᠡᠥᠨ ᠴᠣᠩᠬᠤ ᠪᠠᠷ ᠶᠢᠠᠨ ᠲᠣᠯᠣᠭᠠᠢ ᠪᠠᠨ ᠪᠣᠯᠳᠠᠢ᠌ᠯᠭᠠᠨ ᠬᠠᠷᠠᠵᠠᠭᠠᠨ᠎ᠠ᠃

᠊᠊᠊᠊᠊᠊᠊᠊᠊᠊᠊᠊᠊᠊᠊ ᠬᠦᠶ‍ᠢ᠂ ᠦᠵᠥᠮᠣᠴᠢᠨ ᠬᠦᠮᠥᠨ︕

᠊᠊᠊᠊᠊᠊᠊᠊᠊᠊᠊᠊᠊᠊᠊ ᠡᠨᠠ ᠬᠠᠯᠠᠭᠣᠨ ᠳᠤ ᠦᠨᠳᠥᠷ ᠲᠠᠪᠠᠯ ᠡᠮᠥᠰᠣᠬᠡᠥᠨ ᠬᠠᠯᠠᠭᠣᠴᠠᠬᠣ ᠦᠭᠡᠶ ᠪᠣᠯ ᠦᠦ︖

᠊᠊᠊᠊᠊᠊᠊᠊᠊᠊᠊᠊᠊᠊᠊ ᠲᠠᠳᠠ ᠬᠣᠪᠴᠠᠰᠣᠨ ᠳᠠᠭᠠᠨ ᠬᠠᠷᠮᠠᠨ ᠦᠭᠡᠶ᠃ ᠬᠣᠷᠰᠢᠶᠠᠨ ᠡᠴᠡ ᠶᠠᠭᠣᠮ᠎ᠠ ᠠᠪᠣᠪᠠᠯ ᠡᠪᠣᠷ ᠲᠡᠭᠡᠨ ᠴᠢᠬᠢᠳᠡᠭ ᠬᠡᠨ᠎ᠡ᠃

ᠰᠣᠷᠣᠭᠴᠢᠳ ᠦᠢᠮᠡᠯᠲᠦᠬᠥ ᠪᠠᠷ ᠵᠠ᠊ ᠪᠠᠭᠰᠢ ᠠᠵᠢᠯᠯᠠᠬᠣ ᠬᠡᠷ ᠡᠴᠡ ᠪᠠᠨ ᠭᠠᠷᠴᠣ ᠢᠷᠡᠬᠡᠥᠨ ᠦᠵᠥᠮᠣᠴᠢᠨ ᠤ ᠬᠡᠬᠥ ᠭᠣᠷᠪᠠᠨ ᠬᠦᠮᠥᠨ ᠲᠡᠶ ᠮᠡᠨᠳᠥᠯᠠᠬᠡᠥᠨ ᠠᠵᠢᠯᠯᠠᠬᠣ ᠬᠡᠷ ᠲᠡᠭᠡᠨ ᠲᠠᠭᠠᠭᠣᠯᠵᠣ ᠣᠷᠣᠪᠠ᠃ ᠦᠨᠳᠥᠷ ᠪᠠᠶ᠎ᠠ ᠲᠡᠶ ᠡᠪᠥᠬᠡᠵᠢᠶᠡᠷ ᠬᠦᠮᠥᠨ ᠡᠪᠣᠷ ᠡᠴᠡ ᠪᠠᠨ ᠶᠠᠠᠵᠣᠣᠷ ᠭᠠᠷᠭᠠᠨ ᠵᠠ᠊ ᠪᠠᠭᠰᠢ ᠳᠤ ᠪᠠᠷᠢᠭᠠᠳ᠂ ᠦᠬᠡ ᠰᠣᠯᠢᠬᠤ ᠵᠠᠭᠣᠷ᠎ᠠ᠄

᠊᠊᠊᠊᠊᠊᠊᠊᠊᠊᠊᠊᠊᠊᠊ ᠲᠠᠨ ᠤ ᠠᠢ᠌ᠯ ᠳᠤ ᠬᠠᠭᠣᠴᠢᠨ ᠰᠠᠭᠣᠭᠠᠯᠢ ᠡᠷᠣᠬᠡ ᠪᠠᠢ᠌ᠳᠠᠭ ᠦᠦ︖ ᠬᠡᠵᠦ ᠠᠰᠠᠭᠣᠪᠠ᠃

᠊᠊᠊᠊᠊᠊᠊᠊᠊᠊᠊᠊᠊᠊᠊ ᠬᠠᠭᠣᠴᠢᠨ ᠰᠠᠭᠣᠭᠠᠯᠢ ᠬᠡᠵᠦ ᠦᠭᠡᠶ᠃ ᠪᠦᠷ ᠯᠠ ᠡ᠊ᠠᠳᠠ ᠲᠠᠠᠳᠠ ᠡᠴᠡ ᠴᠣᠭᠯᠠᠭᠰᠠᠨ ᠠᠢ᠌ᠯ ᠰᠢᠤ᠃

᠊᠊᠊᠊᠊᠊᠊᠊᠊᠊᠊᠊᠊᠊᠊ ᠣ᠂ ᠲᠠᠷᠪᠠ ᠵᠠᠯᠠᠨ ᠤ ᠬᠢᠨ ᠬᠡᠵᠦ ᠰᠣᠨᠣᠰᠴᠣ ᠥᠩᠬᠡᠷᠡᠭ᠍ᠰᠡᠨ ᠦᠦ︖

᠊᠊᠊᠊᠊᠊᠊᠊᠊᠊᠊᠊᠊᠊᠊ ᠮᠡᠳᠡᠯᠬᠥᠢ ᠶᠠᠭᠠᠬᠢᠬᠣ ᠪᠣᠢ︖ ᠲᠠᠷᠪᠠ ᠵᠠᠯᠠᠨ ᠤ ᠣᠩᠭ᠋ᠣᠨ ᠡᠨᠠ ᠣᠷᠳᠣ ᠣᠪᠣᠭᠠᠨ ᠤ ᠡᠩᠬᠡᠷ ᠪᠠᠢ᠌ᠳᠠᠭ ᠶᠣᠮ᠃

᠊᠊᠊᠊᠊᠊᠊᠊᠊᠊᠊᠊᠊᠊᠊ ᠲᠠᠳᠠᠨ ᠤ ᠳᠤ ᠵᠠᠷᠣᠭᠳᠠᠵᠣ ᠪᠠᠢ᠌ᠭᠰᠠᠨ ᠲᠦᠬᠢᠮ᠎ᠡ ᠬᠡᠳᠡᠭ ᠡᠮᠡᠭ᠍ᠳᠡᠢ ᠶᠢ ᠮᠠᠳᠠᠨ᠎ᠠ ᠦᠦ︖ ᠡᠷᠠᠤ ᠲᠡᠬᠡᠷ᠎ᠡ ᠪᠠᠨ ᠮᠠᠩᠬᠡᠳᠡᠢ ᠬᠡᠵᠦ ᠡᠮᠡᠭ᠍ᠳᠡᠢ ᠨᠢ ᠦᠬᠡ ᠬᠠᠪᠴᠢᠭᠣᠯᠪᠠ᠃ ᠵᠠ᠊ ᠪᠠᠭᠰᠢ ᠬᠡᠰᠡᠭ ᠪᠣᠳᠣᠯᠬᠢᠯᠠᠭᠰᠠᠨ ᠢᠶᠡᠨ᠄

᠊᠊᠊᠊᠊᠊᠊᠊᠊᠊᠊᠊᠊᠊᠊ ᠲᠦᠬᠢᠮ᠎ᠡ ᠡᠶ‍ᠢ ᠬᠡᠵᠦ ᠶᠠᠷᠣ ᠰᠣᠨᠣᠰᠣᠭᠰᠠᠨ ᠦᠭᠡᠶ᠃ ᠮᠠᠨ ᠤ ᠡ᠊ᠠᠳᠠ ᠰᠠᠬᠠᠯᠳᠣ ᠡᠶ‍ᠢ ᠬᠡᠵᠦ ᠪᠠᠢ᠌ᠭᠰᠠᠨ᠃ ᠨᠠᠰᠣ ᠪᠠᠷᠠᠭᠠᠳ ᠨᠠᠯᠢᠶᠠᠳ ᠬᠡᠳᠥᠨ ᠵᠢᠯ ᠪᠣᠯᠴᠢᠬᠠᠯ᠎ᠠ᠃ ᠲᠠᠨᠣᠰ ᠡᠠᠳᠠᠬᠢ ᠬᠦᠮᠥᠨ ᠦᠦ︖ ᠬᠡᠵᠦ ᠵᠠ᠊ ᠪᠠᠭᠰᠢ ᠬᠡᠳᠡᠷᠬᠥ ᠠᠰᠠᠭᠣᠪᠠ᠃ ᠡᠨᠠ ᠦᠬᠡᠨ ᠳᠤ ᠡᠷᠡᠭ᠍ᠳᠡᠢ ᠨᠢ ᠰᠡᠬᠡᠰᠬᠢᠵᠦ᠄

᠊᠊᠊᠊᠊᠊᠊᠊᠊᠊᠊᠊᠊᠊᠊ ᠮᠢᠨᠣ ᠨᠡᠷ᠎ᠡ ᠨᠢᠩᠪᠣ ᠬᠡᠳᠡᠭ᠃ ᠲᠠᠷᠪᠠ ᠵᠠᠯᠠᠨ ᠤ ᠠᠳᠣᠭᠣᠴᠢᠨ ᠶᠠᠪᠣᠵᠣ ᠪᠠᠢ᠌ᠭᠰᠠᠨ ᠶᠣᠮ᠃ ᠡᠨᠠ ᠪᠣᠯ ᠮᠢᠨᠣ ᠡᠬᠡᠨᠡᠷ ᠨᠢᠴᠢᠭ᠍‍ᠮ᠎ᠡ᠃ ᠪᠢᠳᠠ ᠲᠦᠬᠡᠷᠢᠵᠦ ᠲᠣᠭᠰᠢᠭᠰᠠᠭᠠᠷ ᠪᠠᠢ᠌ᠭᠠᠳ ᠬᠡᠳᠥᠨ ᠠᠷᠪᠠᠨ ᠵᠢᠯ ᠪᠣᠯᠴᠢᠬᠠᠯ᠎ᠠ᠃ ᠴᠠᠭ ᠲᠥᠷᠤ ᠲᠡᠭ᠍ᠰᠢᠷᠡᠭ᠍ᠰᠡᠨ ᠡᠴᠡ ᠣᠳᠣ ᠰᠠ‍‌ᠶᠢ ᠯᠨ ᠲᠣᠯᠣᠭᠠᠢ ᠦᠨᠳᠡᠢ᠌ᠵᠦ᠂ ᠡᠬᠡ ᠲᠡᠶ ᠪᠠᠨ ᠠᠭᠣᠯᠵᠠᠬᠣ ᠪᠠᠷ ᠢᠷᠡᠭ᠍ᠰᠡᠨ ᠶᠣᠮ᠃ ᠬᠡᠳᠡᠯ᠎ᠡ ᠲᠠᠳᠠ ᠪᠦᠷ ᠶᠠᠭᠠᠬᠢᠭᠰᠠᠨ ᠢ ᠮᠡᠳᠡᠬᠥ ᠦᠬᠡᠢ ᠬᠡᠵᠦ ᠰᠡᠬᠥᠷᠡᠰᠤ ᠠᠯᠳᠠᠪᠠ᠃ ᠠᠵᠢᠯᠯᠠᠬᠣ ᠬᠡᠷ ᠤᠨ ᠬᠠᠶᠠᠭᠠᠨ ᠳᠤ ᠡᠯᠬᠥᠭ᠍ᠰᠡᠨ ᠴᠠᠭ 《ᠲ᠋ᠢᠭ᠂ ᠲᠠᠭ᠁》 ᠲᠣᠣᠭᠠᠷᠬᠣ ᠡᠴᠠ ᠦᠬᠡᠷ᠎ᠡ ᠴᠢᠮᠡᠬᠡ ᠦᠭᠡᠶ᠃ ᠵᠠ᠊ ᠪᠠᠭᠰᠢ ᠬᠡᠨᠡᠳᠳᠡ ᠭᠠᠶᠠ ᠶᠢ ᠰᠠᠨᠠᠭᠠᠨ ᠳᠤ ᠣᠷᠣᠵᠣ᠄

᠊᠊᠊᠊᠊᠊᠊᠊᠊᠊᠊᠊᠊᠊᠊ ᠣ᠂ ᠪᠠᠰᠠ ᠨᠢᠬᠡ ᠬᠦᠮᠥᠨ ᠪᠠᠢ᠌ᠨ᠎ᠠ᠃ ᠲᠠᠷᠪᠠ ᠵᠠᠯᠠᠨ ᠤ ᠬᠦᠤ ᠭᠠᠶᠠ ᠬᠡᠪᠡ᠃ ᠭᠠᠶᠠ ᠬᠡᠬᠥ ᠶᠢ ᠰᠣᠨᠣᠰᠣᠭᠠᠳ ᠠᠬᠢᠮᠠᠭ ᠨᠠᠰᠣᠨ ᠤ ᠬᠣᠶᠠᠷ ᠤᠨ ᠴᠢᠷᠠᠢ ᠳᠤ ᠰᠣᠴᠢᠵᠣ ᠪᠠᠶᠠᠷᠯᠠᠬᠣ ᠬᠣᠣᠰᠯᠠᠨ ᠵᠠᠷᠬᠡ ᠪᠠᠷ ᠬᠦᠶᠥᠨ ᠪᠣᠰᠪᠠ᠃

ᠵᠠ᠊ ᠪᠠᠭᠰᠢ ᠲᠠᠳᠠᠨ ᠢ ᠭᠠᠶᠠ ᠲᠡᠶ ᠠᠭᠣᠯᠵᠠᠭᠣᠯᠬᠣ ᠪᠠᠷ ᠢᠩ ᠤᠨ ᠬᠡᠷ ᠲᠤ ᠲᠠᠭᠠᠭᠣᠯᠵᠣ ᠢᠷᠠᠪᠠ᠃ ᠭᠠᠶᠠ ᠲᠠᠷᠢᠶᠠᠨ ᠳᠤ ᠭᠠᠷᠣᠭᠠᠳ ᠪᠠᠢ᠌ᠭᠰᠠᠨ ᠡᠴᠡ ᠲᠠᠳᠠ ᠣᠷᠣᠢ ᠪᠣᠯᠳᠠᠯ᠎ᠠ ᠬᠦᠯᠢᠶᠡᠪᠡ᠃ ᠨᠠᠷᠠ ᠣᠨᠠᠬᠣ ᠦᠶ᠎ᠡ ᠪᠠᠷ ᠭᠠᠶᠠ ᠠᠷᠴᠢᠭᠣᠷ ᠶᠢᠠᠨ ᠮᠥᠷᠥᠯᠡᠭ᠍ᠰᠠᠬᠡᠷ ᠬᠠᠷᠢᠵᠣ ᠢᠷᠡᠬᠥ ᠳᠤ ᠡᠬᠥᠳᠡᠨ ᠲᠡᠬᠡᠷ᠎ᠡ ᠨᠢ ᠪᠠᠭ᠎ᠠ ᠮᠠᠰᠢᠨ ᠵᠤᠭᠰᠣᠵᠣ ᠪᠠᠢ᠌ᠪᠠ᠃ ᠬᠡᠷ ᠡᠴᠡ ᠬᠦᠬᠡ ᠲᠣᠷᠭᠠᠨ ᠲᠡᠷᠯᠢᠭ᠌ ᠡᠮᠣᠰᠴᠣ᠂ ᠥᠩᠬᠡ ᠨᠢ ᠬᠣᠢ᠌ᠭᠰᠠᠨ ᠠᠯᠴᠢᠭᠣᠷ ᠲᠡᠶ ᠡᠮᠡᠭ᠍ᠳᠡᠢ ᠭᠠᠷᠴᠣ ᠢᠷᠡᠬᠡᠥᠨ ᠨᠠᠷᠠ ᠰᠠᠷᠠᠪᠴᠢᠯᠠᠨ ᠵᠤᠭᠰᠣᠨ᠎ᠠ᠃ ᠣᠢ᠌ᠷᠠᠳᠣᠨ ᠢᠷᠡᠬᠡᠥᠨ ᠭᠠᠶᠠ ᠡᠨᠠ ᠬᠥ ᠦᠰᠤ ᠨᠢ ᠪᠣᠭᠣᠷᠣᠯᠳᠣᠵᠣ ᠡᠬᠢᠯᠡᠭ᠍ᠰᠡᠨ ᠡᠮᠡᠭ᠍ᠳᠡᠢ ᠶᠢ ᠵᠢᠰᠣᠨ ᠲᠥᠯᠥᠪ ᠶᠢᠠᠷ ᠨᠢ ᠬᠡᠨ ᠬᠡᠳᠡᠭ ᠢ ᠲᠠᠨᠢᠵᠣ᠂ ᠬᠡᠰᠡᠭ ᠮᠠᠯᠠᠷᠠᠨ ᠵᠤᠭᠰᠤᠭᠰᠠᠨ ᠶᠢᠠᠨ᠄

᠊᠊᠊᠊᠊᠊᠊᠊᠊᠊᠊᠊᠊᠊᠊ ᠨᠢᠴᠢᠭ᠍‍ᠮ᠎ᠡ︕ ᠬᠡᠵᠦ ᠴᠡᠴᠡᠷᠬᠢᠯᠡᠭ᠍ᠰᠡᠨ ᠲᠠᠭᠣᠨ ᠶᠢᠠᠷ ᠬᠡᠯᠡᠪᠡ᠃ ᠮᠥᠷᠥᠨ ᠲᠡᠬᠡᠷ᠎ᠡ ᠨᠢ ᠪᠠᠢ᠌ᠭᠰᠠᠨ ᠠᠷᠴᠢᠭᠣᠷ ᠭᠣᠯᠭᠣᠷᠢᠨ ᠣᠨᠠᠭᠰᠠᠨ ᠢ ᠴᠤ ᠮᠡᠳᠡᠭ᠍ᠰᠡᠨ ᠦᠭᠡᠶ᠃ ᠰᠦᠨᠢ ᠶᠢᠨ ᠬᠦᠰᠢᠬᠡ ᠲᠠᠳᠠᠯ᠎ᠠ᠃ ᠲᠠᠳᠠ ᠭᠣᠷᠪᠠ ᠥᠩᠬᠡᠷᠡᠭ᠍ᠰᠡᠨ ᠤ ᠣᠴᠢᠷ ᠬᠦᠥᠷᠨᠢᠯᠲᠦᠬᠡᠥᠨ ᠨᠢᠬᠡ ᠰᠦᠨᠢ ᠨᠢᠳᠣ ᠬᠠᠮᠬᠢᠭᠰᠠᠨ ᠦᠭᠡᠶ᠃ ᠭᠠᠶᠠ ᠡᠳᠣᠢ ᠪᠣᠯᠳᠠᠯ᠎ᠠ ᠭᠣᠣᠨᠢ ᠶᠠᠪᠣᠵᠣ᠂ ᠢᠩ ᠤᠨ ᠬᠡᠷ ᠤᠨ ᠮᠤᠬᠤᠷ ᠰᠠᠬᠢᠭᠰᠠᠨ ᠢ ᠰᠣᠨᠣᠰᠣᠭᠠᠳ ᠨᠢᠴᠢᠭ᠍‍ᠮ᠎ᠡ ᠪᠠᠢ᠌ᠨ ᠪᠠᠢ᠌ᠨ ᠨᠢᠯᠪᠣᠰᠣ ᠣᠨᠠᠭᠠᠵᠣ ᠪᠠᠢ᠌ᠪᠠ᠃ ᠬᠦᠤ ᠨᠢ ᠬᠠᠷᠢᠨ ᠬᠣᠯᠠ ᠵᠠᠮ ᠤᠨ ᠴᠣᠬᠢᠶᠠᠨ ᠳᠤ ᠶᠠᠳᠠᠷᠠᠭᠰᠠᠨ ᠪᠣᠯᠣᠯᠳᠠᠢ ᠬᠠᠠᠵᠣᠨ ᠪᠣᠯᠣᠩ ᠶᠢᠠᠷ ᠣᠷᠣᠵᠣ ᠰᠡᠬᠡᠬᠡ ᠦᠭᠡᠶ ᠣᠠᠳᠠᠨ᠎ᠠ᠃

᠊᠊᠊᠊᠊᠊᠊᠊᠊᠊᠊᠊᠊᠊᠊ ᠡᠨᠠ ᠪᠣᠯ ᠮᠢᠨᠣ ᠪᠠᠭ᠎ᠠ ᠬᠦᠤ᠂ ᠡ᠊ᠠᠳᠠ ᠲᠠᠠᠳᠠ ᠲᠡᠨᠦᠬᠥᠴᠢᠯᠡᠵᠦ ᠶᠠᠪᠣᠬᠣ ᠲᠣᠮᠳᠠ ᠪᠠᠨ ᠶᠡᠬᠡ ᠬᠦᠤ ᠪᠠᠨ ᠨᠢᠯᠬ᠎ᠠ ᠳᠤ ᠨᠢ ᠠᠯᠳᠠᠴᠢᠬᠠᠭᠰᠠᠨ ᠰᠢᠤ︕ ᠬᠡᠵᠦ ᠨᠢᠴᠢᠭ᠍‍ᠮ᠎ᠡ ᠬᠡᠯᠡᠨ᠎ᠡ᠃

ᠮᠠᠷᠭᠠᠰᠢ ᠦᠷᠯᠦᠬᠡ ᠨᠢ ᠲᠠᠳᠠ ᠪᠠᠶᠠᠠᠴᠠᠭᠠᠨ ᠤ ᠡᠩᠬᠡᠷ ᠪᠠᠢ᠌ᠭ᠎ᠠ ᠰᠠᠬᠠᠯᠳᠣ ᠡᠶ‍ᠢ  ᠶᠢᠨ ᠣᠩᠭ᠋ᠣᠨ ᠲᠡᠬᠡᠷ᠎ᠡ ᠣᠴᠢᠪᠠ᠃ ᠨᠢᠩᠪᠣ᠂ ᠡᠬᠡ ᠶᠢᠨ ᠶᠢᠠᠨ ᠣᠩᠭ᠋ᠣᠨ ᠤ ᠡᠮᠣᠨ᠎ᠠ ᠰᠦᠭᠦᠳᠴᠦ ᠨᠢᠯᠪᠣᠰᠣ ᠠᠰᠬᠠᠷᠠᠭᠣᠯᠣᠨ᠎ᠠ᠃ ᠥᠩᠬᠡᠷᠡᠭ᠍ᠰᠡᠨ ᠣᠴᠢᠷ ᠤᠳ ᠣᠭᠣᠷᠠᠭ ᠲᠠᠷᠢᠬᠢᠨ ᠳᠤ ᠨᠢ ᠴᠠᠬᠢᠯᠣᠨ ᠣᠷᠣᠵᠣ᠂ ᠵᠢᠷᠥᠬᠡ ᠰᠠᠳᠬᠢᠯ ᠳᠤ ᠨᠢ ᠣᠢ᠌ᠯᠣᠨ ᠲᠠᠪᠠᠯᠭᠠᠯᠠᠬᠣ ᠳᠤ ᠲᠠᠳᠠ ᠬᠡᠨ ᠨᠢ ᠴᠤ ᠨᠢᠬᠡ ᠨᠢᠬᠡᠨ ᠶᠢᠠᠨ ᠡᠠᠰ ᠬᠠᠷᠠᠬᠣ ᠵᠤᠷᠢᠭ ᠪᠠᠢ᠌ᠭᠰᠠᠨ ᠦᠭᠡᠶ᠃ ᠭᠠᠶᠠ ᠨᠢᠯᠪᠣᠰᠣ ᠪᠦᠷᠬᠥᠭ᠍ᠰᠡᠨ ᠨᠢᠳᠣᠨ ᠬᠠᠷᠠᠴᠠ ᠪᠠᠨ ᠪᠣᠷᠣᠭᠣᠯᠠᠵᠣ᠂ ᠪᠠᠶᠠᠠᠴᠠᠭᠠᠨ ᠤ ᠣᠷᠣᠢ ᠵᠢ ᠰᠢᠷᠳᠠᠨ᠎ᠠ᠃ ᠪᠠᠶᠠᠠᠴᠠᠭᠠᠨ ᠤ ᠡᠩᠬᠡᠷ ᠲᠠᠬᠢ ᠪᠣᠰᠣᠭ᠎ᠠ ᠬᠠᠳᠠᠨ ᠲᠡᠬᠡᠷ᠎ᠡ ᠬᠢᠯᠠᠭᠠᠨ ᠦᠯᠥᠭᠴᠢᠨ ᠭᠠᠷᠴᠣ ᠢᠷᠡᠬᠡᠥᠨ ᠣᠴᠣᠢ᠌ᠨ ᠰᠠᠭᠣᠭᠰᠠᠨ ᠶᠢᠠᠨ ᠣᠷᠳᠣᠬᠠᠨ ᠨᠢᠬᠡ ᠣᠯᠢᠭᠠᠳ ᠲᠠᠯᠳᠠ ᠣᠷᠣᠭᠰᠠᠨ ᠢ ᠭᠠᠶᠠ ᠣᠯᠵᠣ ᠦᠵᠡᠪᠡ᠃

ᠲᠠᠳᠠ᠂ ᠭᠠᠶᠠ ᠶᠢ ᠠᠪᠠᠴᠢᠬᠤ ᠬᠡᠵᠦ ᠬᠡᠴᠢᠨᠡᠬᠡᠨ ᠣᠷᠣᠯᠳᠣᠭᠰᠠᠨ ᠴᠤ᠄ 《ᠪᠢ ᠡ᠊ᠠᠳᠠ ᠪᠠᠨ ᠲᠠᠰᠴᠢᠬᠠᠵᠠᠢ》 ᠬᠡᠬᠥ ᠡᠴᠡ ᠦᠬᠡᠷ᠎ᠡ ᠬᠠᠷᠢᠭᠣ ᠣᠯᠣᠭᠰᠠᠨ ᠦᠭᠡᠶ᠃ ᠭᠣᠷᠪᠠ ᠬᠣᠨᠣᠭᠠᠳ ᠪᠣᠴᠠᠬᠣ ᠳᠠᠭᠠᠨ ᠨᠢᠩᠪᠣ᠂ ᠨᠢᠴᠢᠭ᠍‍ᠮ᠎ᠡ ᠬᠣᠶᠠᠷ᠄ 《ᠨᠠᠰᠣ ᠠᠬᠢᠬᠣ ᠲᠣᠳᠣᠮ ᠨᠣᠳᠣᠭ ᠤᠨ ᠶᠢᠠᠨ ᠵᠦᠭ᠌ ᠨᠣᠢ᠌ᠳᠠᠨ ᠡᠯᠢᠬᠡ ᠦᠨᠳᠡᠯᠵᠡᠬᠡᠥᠨ ᠪᠠᠢ᠌ᠬᠣ ᠶᠣᠮ᠃ ᠦᠳᠡᠯᠬᠥ ᠶᠢᠨ ᠦᠵᠦᠬᠥᠷ ᠪᠢᠳᠠ ᠬᠣᠶᠠᠷ ᠴᠤ ᠡ᠊ᠠᠳᠠ ᠪᠠᠨ ᠢᠷᠠᠨ᠎ᠠ ᠰᠢᠤ》 ᠬᠡᠵᠦ ᠬᠡᠯᠡᠵᠦ ᠪᠠᠢ᠌ᠪᠠ᠃


ᠣᠷᠣᠢ ᠶᠢᠨ ᠰᠡᠷᠢᠬᠥᠨ ᠣᠷᠣᠪᠠ᠃ ᠠᠢ᠌ᠯ ᠲᠣᠮᠳᠠ ᠦᠨᠢᠶ᠎ᠡ ᠲᠣᠭᠣᠯ ᠮᠦᠬᠡᠷᠡᠯᠳᠥᠨ᠂ ᠲᠠᠷᠢᠶᠠᠨ ᠤ ᠬᠦᠮᠥᠰ ᠬᠡᠷ ᠵᠦᠭ᠌ ᠶᠢᠡᠨ ᠬᠠᠷᠢᠵᠠᠭᠠᠵᠣ ᠪᠠᠢ᠌ᠯ᠎ᠠ᠃ ᠭᠠᠶᠠ ᠢᠩ ᠤᠨ ᠬᠡᠷ ᠤᠨ ᠡᠬᠥᠳᠡᠨ ᠳᠡᠭᠡᠨ ᠵᠠᠪᠢᠯᠠᠵᠣ᠂ ᠬᠡᠳᠥᠨ ᠠᠷᠴᠢᠭᠣᠷ ᠢ ᠡᠬᠡᠯᠵᠢ ᠪᠠᠷ ᠱᠥᠷᠬᠥᠬᠡᠵᠦ ᠰᠠᠭᠣᠨ᠎ᠠ᠃ ᠲᠠᠷᠢᠶ᠎ᠠ ᠠᠷᠴᠢᠬᠤ ᠶᠠᠭᠠᠷᠠᠤ ᠦᠶ᠎ᠡ ᠳᠤ ᠬᠡᠨ ᠨᠢ ᠲᠡᠬᠥᠨ ᠶᠢᠠᠷ ᠬᠠᠪᠰᠣᠷᠣᠭᠣᠯᠬᠣ ᠬᠡᠪᠡᠯ ᠦᠳᠡ ᠶᠢᠨ ᠬᠦᠨᠡᠰᠤ ᠶᠢ ᠨᠢ ᠪᠡᠯᠡᠳᠬᠡᠬᠡᠥᠨ᠂ ᠢᠩ ᠤᠨ ᠬᠡᠷ ᠢ ᠲᠠᠭᠠᠷᠢᠭᠠᠳ ᠠᠪᠴᠣ ᠭᠠᠷᠳᠠᠭ᠃ ᠰᠡᠬᠥᠯᠳᠡᠵᠦ ᠢᠷᠡᠬᠡᠥᠨ ᠵᠠᠷᠣᠬᠣ ᠬᠦᠮᠥᠨ ᠠᠷᠪᠢᠳᠤᠭᠰᠠᠨ ᠡᠴᠡ ᠬᠡᠨ ᠨᠢ ᠣᠷᠢᠳ ᠶᠢᠠᠷ ᠠᠷᠴᠢᠭᠣᠷ ᠶᠢᠠᠨ ᠠᠪᠴᠢᠷᠠᠵᠣ ᠦᠭ᠍ᠪᠡᠯ ᠬᠡᠨ ᠳᠤ ᠣᠷᠢᠳ ᠶᠢᠠᠷ ᠶᠠᠪᠣᠬᠣ ᠨᠢ ᠵᠤᠷᠰᠢᠯ ᠪᠣᠯᠣᠭᠰᠠᠨ ᠡᠴᠡ ᠭᠠᠶᠠ ᠶᠢᠨ ᠢᠩ ᠤᠨ ᠬᠡᠷ ᠤᠨ ᠪᠣᠯᠣᠩ ᠳᠤ ᠦᠷᠬᠥᠯᠵᠢ ᠬᠡᠳᠥᠨ ᠠᠷᠴᠢᠭᠣᠷ ᠲᠠᠯᠪᠢᠭᠠᠰᠣᠳᠠᠢ ᠪᠠᠢ᠌ᠳᠠᠭ᠃ ᠭᠠᠶᠠ ᠲᠡᠳᠡᠬᠡᠷ ᠠᠷᠴᠢᠭᠣᠷ ᠤᠳ ᠢ ᠡ᠊ᠨᠳᠡᠬᠥᠷᠡᠳᠡᠭ ᠦᠭᠡᠶ᠃ ᠣᠯᠠᠨ ᠶᠠᠩᠵᠣ ᠶᠢᠨ ᠲᠡᠮᠳᠡᠭ ᠬᠢᠵᠣ᠄ 《ᠲᠠᠷᠠ ᠣᠯᠠᠭᠠᠨ ᠪᠦᠰ ᠶᠢᠠᠷ ᠣᠶᠠᠭᠰᠠᠨ ᠨᠢ ᠣᠷᠬᠢᠶ᠎ᠠ ᠪᠠᠭᠠᠳᠣᠷ ᠤᠨ ᠬᠢ᠂ ᠬᠦᠬᠡ ᠪᠦᠰ ᠶᠢᠠᠷ ᠣᠶᠠᠭᠰᠠᠨ ᠨᠢ ᠪᠠᠯᠪᠠᠰᠣᠨ ᠭᠠᠩᠷᠠᠢ ᠶᠢᠨ ᠬᠢ᠂ ᠱᠠᠬᠠᠢ ᠶᠢᠨ ᠣᠭᠣᠰᠣᠷ ᠶᠢᠠᠷ ᠣᠶᠠᠭᠰᠠᠨ ᠨᠢ ᠵᠠᠮᠪᠠᠯ ᠤᠨ ᠬᠢ᠁》 ᠬᠡᠵᠦ ᠴᠡᠬᠡᠵᠢᠯᠡᠵᠦ ᠪᠠᠢ᠌ᠳᠠᠭ᠃

ᠵᠤᠨ ᠤ ᠢᠯᠴᠢᠳᠣ ᠨᠠᠷᠠ ᠲᠦᠬᠡᠨᠡᠬᠥ ᠪᠠᠨ ᠪᠠᠢ᠌ᠭᠠᠳ ᠪᠠᠷᠠᠭᠣᠨ ᠠᠭᠣᠯᠠ ᠶᠢᠨ ᠲᠣᠯᠣᠭᠠᠢ ᠲᠡᠬᠡᠷ᠎ᠡ ᠪᠦᠮᠪᠥᠬᠡᠨᠡᠨ᠂ ᠵᠤᠷᠪᠣᠰᠯᠠᠨ ᠲᠣᠭᠳᠠᠭᠰᠠᠨ ᠰᠠᠮᠠᠵᠠᠨ ᠡᠬᠥᠯᠡ ᠶᠢ ᠭᠠᠯ ᠣᠯᠠᠢ᠌ᠯᠭᠠᠪᠠ᠃ ᠪᠠᠶᠠᠠᠴᠠᠭᠠᠨ ᠤ ᠬᠢᠷ᠎ᠠ ᠡᠴᠡ ᠡᠬᠢᠯᠠᠨ ᠠᠢ᠌ᠯ ᠲᠣᠮᠳᠠᠬᠢ ᠢᠩ ᠤᠨ ᠬᠡᠷ᠂ ᠬᠡᠷ ᠤᠨ ᠡᠮᠣᠨ᠎ᠠ ᠪᠠᠨ ᠰᠠᠭᠣᠭᠰᠠᠨ ᠭᠠᠶᠠ ᠶᠢᠨ ᠪᠣᠭᠣᠷᠣᠯᠳᠣᠵᠣ ᠡᠬᠢᠯᠡᠭ᠍ᠰᠡᠨ ᠦᠰᠤ ᠶᠢ ᠪᠣᠳᠣᠭᠯᠠᠵᠣ᠂ ᠬᠦᠮᠥᠨ ᠪᠠᠢ᠌ᠭᠠᠯᠢ ᠶᠢᠨ ᠲᠥᠮᠡᠨ ᠪᠣᠳᠠᠰ ᠦᠳᠡᠰᠢ ᠶᠢᠨ ᠲᠣᠯᠣᠩ ᠤᠨ ᠣᠯᠠᠪᠣᠷ ᠲᠣᠶᠠᠭᠠᠨ ᠳᠤ ᠰᠢᠩᠬᠡᠨ ᠠᠭᠣᠰᠣᠭᠰᠠᠨ ᠨᠠᠮ ᠲᠠᠢ᠌ᠪᠣᠩ ᠨᠢᠬᠡᠨ ᠦᠳᠡᠰᠢ ᠪᠣᠯᠵᠣ ᠪᠠᠢ᠌ᠯ᠎ᠠ ᠁

(ᠳᠡᠬᠦᠰᠪᠡ)



ᠵᠤᠬᠢᠶᠠᠭᠴᠢ ᠶᠢᠨ ᠳᠠᠨᠢᠯᠴᠠᠭᠤᠯᠭ᠎ᠠ



ᠬᠠᠷᠭᠤᠢ᠂ ᠤᠤᠯ ᠨᠡᠷ᠎ᠠ ᠨᠢ ᠦᠯᠵᠡᠢ᠌ᠪᠠᠶᠠᠷ᠃ 1966 ᠤᠨ ᠤ ᠡᠪᠤᠯ᠂ ᠵᠠᠷᠤᠳ ᠬᠤᠰᠢᠭᠤᠨ ᠤ ᠬᠡᠷᠴᠢᠯᠠᠭᠤ ᠰᠤᠮᠤ ᠶᠢᠨ ᠡᠩᠭᠡ ᠶᠢᠨ ᠤᠪᠤᠭ᠎ᠠ ᠶᠢᠨ ᠠᠷᠤ ᠬᠤᠷᠮᠤᠢ ᠳᠤ ᠬᠠᠷᠠᠨᠤᠳ ᠳᠠᠢ᠌ᠵᠢ ᠤᠩᠬ᠎ᠠ ᠶᠢᠨ ᠭᠤᠷᠪᠠᠳᠤᠭᠠᠷ ᠬᠦᠦ ᠪᠤᠯᠵᠤ ᠵᠠᠶᠭᠠᠪᠠ᠃ ᠶᠢᠰᠤᠨ ᠨᠠᠰᠤᠳᠠᠢ ᠰᠠ‍‌ᠶᠢ ᠤᠳᠤᠷ ᠤᠨ ᠰᠤᠷᠭᠠᠭᠤᠯᠢ ᠳᠤ ᠤᠷᠤᠵᠤ ᠦᠰᠦᠭ ᠨᠢᠳᠤᠯᠠᠵᠤ ᠡᠬᠢᠯᠡᠨ᠂ ᠰᠤᠷᠭᠠᠭᠤᠯᠢ ᠰᠤᠶᠤᠯ ᠤᠨ ᠮᠦᠷ ᠢ ᠠᠯᠳᠠᠯ ᠦᠭᠡᠢ ᠬᠦᠭᠡᠭᠡᠵᠤ ᠶᠠᠪᠤᠭᠰᠠᠭᠠᠷ 90  ᠤᠨ ᠳᠤ ᠦᠪᠤᠷ ᠮᠤᠩᠭ᠋ᠤᠯ ᠤᠨ ᠦᠨᠳᠤᠰᠤᠳᠠᠨ ᠤ ᠪᠠᠭᠰᠢ ᠶᠢᠨ ᠳᠡᠭᠡᠳᠤ ᠰᠤᠷᠭᠠᠭᠤᠯᠢ ᠶᠢᠨ ᠮᠤᠩᠭ᠋ᠤᠯ ᠬᠡᠯᠡᠨ ᠤ ᠰᠠᠯᠪᠤᠷᠢ ᠡᠴᠡ ᠳᠡᠬᠦᠰᠴᠤ᠂ ᠬᠤᠰᠢᠭᠤᠨ ᠳᠠᠭᠠᠨ ᠬᠠᠷᠢᠨ᠂ ᠪᠠᠶᠠᠷᠳᠤᠬᠤᠰᠢᠭᠤ ᠳᠡᠬᠢ ᠳᠤᠮᠳᠠᠳᠤ ᠰᠤᠷᠭᠠᠭᠤᠯᠢ ᠳᠤ ᠪᠠᠭᠰᠢᠯᠠᠪᠠ᠃

ᠪᠠᠭ᠎ᠠ ᠡᠴᠡ ᠨᠤᠮ ᠵᠤᠬᠢᠶᠠᠯ ᠤᠩᠰᠢᠵᠤ ᠴᠤᠭᠯᠠᠭᠤᠯᠬᠤ ᠳᠤᠷᠠᠳᠠᠢ ᠪᠠᠢ᠌ᠭᠰᠠᠨ ᠶᠢᠠᠨ 97 ᠤᠨ ᠡᠴᠡ ᠦᠪᠡᠷ ᠶᠢᠠᠨ ᠪᠢᠴᠢᠵᠤ ᠤᠷᠤᠯᠳᠤᠬᠤ ᠪᠤᠯᠵᠤ᠂ ᠬᠠᠷᠭᠤᠢ ᠨᠡᠷ᠎ᠡ ᠪᠠᠷ ᠵᠤᠬᠢᠶᠠᠯ ᠪᠦᠳᠦᠭᠡᠯ ᠨᠡᠢ᠌ᠳᠡᠯᠡᠬᠦᠯᠬᠦ ᠪᠤᠯᠪᠠ᠃ ᠡᠨᠡ ᠬᠤᠭᠤᠷᠤᠨᠳᠤ ᠳᠡᠷᠡ 《ᠨᠤᠮᠤᠨ ᠰᠤᠬᠤᠷ ᠤᠨ ᠤᠪᠤᠭ᠎ᠠ 》 ᠭᠡᠬᠦ ᠶᠡᠷᠦᠩᠬᠡᠢ ᠭᠠᠷᠴᠠᠭ ᠲᠠᠢ ᠤᠬᠤᠷ ᠦᠬᠦᠯᠡᠯᠭᠡ  ᠶᠢᠨ ᠴᠤᠪᠤᠷᠠᠯ ᠶᠢᠠᠨ ᠦᠷᠬᠦᠯᠵᠢᠯᠠᠨ ᠨᠡᠢ᠌ᠳᠡᠯᠡᠵᠤ᠂ ᠤᠬᠤᠷ ᠡᠷᠴᠢᠮᠯᠢᠭ᠌ ᠵᠤᠬᠢᠶᠠᠮᠵᠢ᠂ ᠤᠨᠤᠪᠴᠢ ᠰᠠᠢ᠌ᠳᠠᠢ ᠬᠡᠯᠡᠯᠭᠡ ᠪᠠᠷ ᠶᠢᠡᠨ ᠤᠩᠰᠢᠭᠴᠢᠳ ᠤᠨ ᠳᠠᠭᠠᠰᠢᠶᠠᠯ ᠳᠤ ᠪᠠᠭᠤᠵᠤ᠂ ᠳᠤᠰᠬᠠᠢ ᠰᠢᠬᠦᠮᠵᠢ ᠴᠤ ᠬᠡᠳᠦ ᠭᠠᠷᠤᠯ᠎ᠠ᠃ ᠪᠠᠰᠠ 《ᠠᠮᠢ ᠨᠠᠰᠤᠨ ᠤ ᠤᠷᠳᠤᠷᠢᠭ 》᠂ 《ᠠᠭᠤᠯᠠᠨ ᠳᠤ ᠵᠠᠯᠠᠭᠰᠠᠨ ᠪᠤᠷᠬᠠᠨ 》 ᠵᠡᠷᠭᠡ ᠦᠬᠦᠯᠡᠯᠭᠡ ᠪᠢᠴᠢᠵᠤ᠂ ᠠᠮᠢᠳᠤᠷᠠᠯ ᠤᠨ ᠦᠩᠭᠡᠳᠤ ᠬᠦᠷᠦᠰᠤᠨ ᠡᠴᠡ ᠬᠤᠷᠠᠮᠳᠤᠭᠤᠯᠤᠭᠰᠠᠨ ᠶᠢᠠᠨ ᠤᠳᠬᠠᠰ ᠤᠨ ᠨᠤᠭᠤᠭᠠᠨ ᠲᠠᠯ᠎ᠠ ᠳᠤ ᠤᠪᠤᠨ ᠴᠤᠪᠤᠨ ᠴᠤᠪᠤᠷᠠᠭᠤᠯᠵᠤ ᠪᠠᠢ᠌ᠭ᠎ᠠ᠃


《ᠵᠠᠮ ᠤᠨ ᠳᠤᠭᠤᠰᠤ》 ᠭᠡᠬᠦ ᠤᠤᠭᠠᠨ ᠳᠤᠭᠤᠵᠢ ᠵᠢ ᠨᠢ ᠤᠩᠰᠢᠵᠦ ᠬᠠᠢ᠌ᠷᠠᠯᠠᠭᠰᠠᠨ ᠲᠠᠨ ᠳ᠋ᠤ ᠪᠠᠶᠠᠷᠯᠠᠭᠰᠠᠨ ᠰᠢᠤ᠃





ᠵᠤᠬᠢᠶᠠᠭᠴᠢ᠄ ᠬᠠᠷᠭᠤᠢ
ᠳᠠᠷᠤᠮ᠄ 16483
ᠴᠠᠭ᠄ 2005 ᠤᠨ ᠤ 08 ᠰᠠᠷ᠎ᠠ ᠶᠢᠨ 09

ᠡᠮᠦᠨᠡᠬᠢ

ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃