ᠨᠣ᠋·ᠪᠠᠭᠠᠳᠤᠷ ᠄ 《ᠪᠢᠯᠢᠭ᠌ ᠤᠨ ᠭᠡᠭᠡᠪᠴᠢ》
ᠲᠤᠯᠤᠭ᠎ᠠ ᠂ ᠬᠦᠰᠡᠯ ᠬᠦᠭᠡᠭᠡᠴᠡᠯᠳᠦᠯ ᠤᠨ ᠵᠠᠢ᠌ᠴᠠ
ᠬᠤᠶᠠᠳᠤᠭᠠᠷ ᠬᠡᠰᠡᠭ ᠂ ᠪᠤᠳᠤᠯ ᠰᠠᠨᠠᠭ᠎ᠠ ᠪᠤᠯᠤᠨ ᠪᠤᠳᠠᠳᠤ ᠠᠬᠤᠢ

ᠭᠦᠮᠤᠨ ᠳᠤ ᠪᠣᠳᠠᠰ ᠤᠨ ᠰᠠᠭᠤᠷᠢ ᠪᠠᠢ᠌ᠮᠠᠠᠵᠢᠨ ᠰᠠ‍‌ᠶᠢ ᠣᠷᠤᠰᠢᠨ ᠳᠤᠭᠳᠠᠨᠢᠵᠤ ᠴᠢᠳᠡᠨ᠎ᠡ᠃ ᠭᠦᠮᠤᠨ ᠳᠤ ᠭᠦᠰᠡᠯᠡᠩ ᠪᠠᠢ᠌ᠬᠤ ᠡᠴᠡ ᠪᠣᠯᠵᠤ ᠵᠢᠩᠭᠢᠨᠢ ᠣᠤᠠᠬ᠎ᠠ ᠠᠭᠤᠯᠭ᠎ᠠ ᠲᠡᠶ ᠠᠮᠢᠳᠤᠷᠠᠯ ᠢ ᠭᠢᠵᠤ ᠴᠢᠳᠠᠳᠠᠭ᠃


᠊᠊᠊᠊᠊᠊᠊᠊᠊᠊᠊᠊᠊᠊᠊᠊᠊᠊᠊᠊᠊᠊᠊᠊᠊᠊᠊᠊᠊ ᠢᠤᠢ᠌ᠭ᠋ᠣ᠋


ᠫᠧᠯ ᠪᠣᠯ ᠪᠦᠵᠢᠭ᠍ᠴᠢᠨ ᠪᠣᠯᠬᠤ ᠭᠦᠰᠡᠯ ᠲᠡᠶ ᠹᠷᠠᠠᠼᠢ ᠭᠦᠤ ᠪᠤᠯᠤᠨ᠎ᠠ᠃ ᠲ᠋ᠡᠭᠦᠨ ᠤ ᠡᠳᠦᠷ ᠰᠦᠨᠢ ᠶᠢᠨ ᠬᠤᠪᠢᠨ ᠳᠤ ᠪᠣᠳᠤᠵᠤ ᠵᠡᠭᠦᠳᠦᠯᠡᠳᠡᠭ᠌ ᠨᠢ ᠰᠤᠯᠤᠩᠭ᠋ᠠᠨ ᠳ᠋ᠸᠩ ᠳᠤᠯᠠᠯᠵᠠᠭᠰᠠᠨ ᠵᠥᠴᠦᠭᠡ ᠶᠢᠨ ᠳᠠᠢ᠌ᠰᠠ᠂ ᠦᠢ᠌ ᠣᠯᠠᠨ ᠥᠵᠡᠭ᠍ᠴᠢᠳ ᠤᠨ ᠨᠢᠵᠢᠭᠢᠨᠡᠭ᠍ᠰᠡᠨ ᠠᠯᠠᠭ᠎ᠠ ᠳᠠᠰᠢᠯᠳᠠ ᠪᠣᠯᠬᠤ ᠶ‍ᠦᠮ᠃ ᠭᠡᠷ ᠤᠨ ᠠᠮᠢᠳᠤᠷᠠᠯ ᠶᠠᠳᠠᠭᠤ ᠡᠴᠡ ᠪᠣᠯᠵᠤ ᠡᠴᠢᠭᠡ ᠡᠭᠡ ᠨᠢ ᠳᠡᠭᠦᠨ ᠢ ᠪᠦᠵᠢᠭ᠌ ᠤᠨ ᠰᠤᠷᠭᠠᠭᠤᠯᠢ ᠳᠤ ᠣᠷᠤᠭᠤᠯᠵᠤ ᠳᠡᠢ᠌ᠯᠭᠦ ᠦᠭᠡᠶ᠂ ᠣᠶᠤᠳᠠᠯ ᠤᠨ ᠫᠦᠰᠡᠨ ᠳᠤ ᠭᠦᠷᠭᠡᠵᠤ ᠱᠠᠪᠢ ᠠᠵᠢᠯᠴᠢᠨ ᠪᠣᠯᠭᠠᠵᠠᠢ᠃ ᠲ᠋ᠠᠷᠠᠪᠠᠷ ᠡᠳᠦᠷ ᠪᠦᠷᠢ ᠠᠷᠪᠠᠨ ᠳᠦᠷᠪᠡᠨ ᠴᠠᠭ ᠤᠨ ᠣᠶᠤᠳᠠᠯ ᠤᠨ ᠠᠵᠢᠯ ᠳᠤ ᠨᠢᠭᠡᠮᠦᠰᠤᠨ ᠳᠤᠷ᠎ᠠ ᠠᠯᠳᠠᠷᠠᠵᠤ᠂ ᠠᠮᠢ ᠨᠠᠰᠤᠨ ᠤ ᠰᠢᠵᠢᠷ ᠠᠯᠳᠠᠨ ᠴᠠᠭ ᠮᠦᠴᠡ ᠪᠠᠨ ᠨᠢᠭᠡ ᠨᠢᠭᠡ ᠵᠡᠭᠦᠤ ᠪᠠᠷ ᠦᠯᠢᠨ ᠬᠠᠶᠠᠵᠤ ᠪᠠᠢ᠌ᠬᠤ ᠰᠢᠭ ᠳᠣᠢ᠌ᠯ ᠤᠨ ᠬᠠᠷᠠᠮᠰᠠᠯᠳᠠᠢ ᠰᠡᠨᠠᠭᠳᠡᠨ᠎ᠡ᠃ ᠭᠡᠴᠦᠨᠡᠨ ᠣᠯᠠᠨ ᠰᠢᠷ᠎ᠠ ᠡᠳᠦᠷ ᠪᠣᠷᠤ ᠬᠤᠨᠤᠭ ᠢᠩᠭᠢᠵᠤ ᠣᠤᠠᠬ᠎ᠠ ᠠᠭᠤᠯᠭ᠎ᠠ ᠦᠭᠡᠶ ᠣᠷᠤᠰᠤᠨ ᠥᠩᠭᠡᠷᠡᠭᠦ ᠳᠤ ᠳᠠᠷᠠ ᠭᠠᠴᠢᠭᠳᠠᠨ ᠠᠭᠤᠷᠯᠠᠵᠤ᠂ ᠦᠪᠡᠷ ᠤᠨ ᠬᠤᠪᠢ ᠵᠠᠶᠠᠭᠠᠨ ᠳᠠᠭᠠᠨ ᠬᠤᠷᠤᠰᠤᠨ ᠵᠠᠨᠤᠬᠤ ᠶᠢᠨ ᠳᠣᠢ᠌ᠯ ᠪᠣᠯᠬᠤ ᠳᠠᠭᠠᠨ ᠠᠮᠢ ᠨᠠᠰᠤ ᠪᠠᠨ ᠡᠴᠦᠰᠯᠡᠭᠦᠯᠴᠢᠭᠦ ᠪᠣᠳᠤᠯ ᠣᠷᠤᠵᠠᠢ᠃ 《ᠨᠢᠭᠡ ᠭᠦᠮᠤᠨ ᠭᠡᠷᠪᠡ ᠣᠷᠤᠭᠰᠢ ᠵᠠᠮ ᠤᠨ ᠶᠢᠡᠨ ᠭᠡᠷᠡᠯ ᠭᠡᠭᠡ ᠶᠢ ᠣᠯᠵᠤ ᠬᠠᠷᠠᠬᠤ ᠦᠭᠡᠶ ᠶᠤᠮ ᠪᠣᠯ ᠡᠨᠡ ᠶ‍ᠢᠷᠳᠢᠠᠴᠤ ᠳᠡᠭᠡᠷ᠎ᠡ ᠠᠮᠢᠳᠤᠷᠠᠬᠤ ᠶᠢᠨ ᠠᠷᠭ᠎ᠠ ᠦᠭᠡᠶ》 ᠭᠡᠵᠤ ᠣᠷᠤᠰ ᠤᠨ ᠰᠤᠷᠭᠠᠨ ᠭᠦᠮᠦᠵᠢᠯ ᠤᠨ ᠣᠬᠠᠭᠠᠠᠳᠠᠨ ᠮᠠᠺᠠᠷᠸᠺᠦ ᠶᠠᠭ ᠣᠨᠤᠭᠠᠵᠤ ᠭᠡᠯᠡᠵᠡᠢ᠃ ᠭᠦᠮᠤᠨ ᠴᠢᠨᠢ ᠭᠤᠶᠤ ᠰᠠᠢ᠌ᠬᠠᠨ ᠭᠦᠰᠡᠯᠡᠩ ᠳᠡᠭᠡᠨ ᠭᠦᠳᠦᠯᠦᠭ᠍ᠳᠡᠭᠦ ᠶᠢᠨ ᠡᠷᠭᠡ ᠪᠠᠷ ᠰᠠ‍‌ᠶᠢ ᠪᠠᠶᠠᠷ ᠪᠠᠶᠠᠰᠬᠤᠯᠠᠩᠳᠠᠢ ᠠᠮᠢᠳᠤᠷᠠᠵᠤ ᠴᠢᠳᠠᠳᠠᠭ ᠶᠤᠮ ᠬᠣᠢ᠌ᠨ᠎ᠠ᠃

ᠫᠧᠯ ᠪᠠᠶ᠎ᠠ ᠪᠠᠨ ᠬᠤᠤᠷᠯᠠᠬᠤ ᠪᠠᠷ ᠵᠤᠷᠢᠭ ᠰᠢᠭᠤᠳᠪᠡ᠃ ᠲ᠋ᠡᠭᠡᠭᠡᠤᠨ ᠳᠠᠷᠠ ᠦᠪᠡᠷ ᠤᠨ ᠪᠢᠰᠢᠷᠠᠨ ᠰᠢᠳᠦᠳᠡᠭ᠌ 《ᠪᠠᠯᠸᠲ᠋ ᠪᠦᠵᠢᠭ᠌ ᠤᠨ ᠭᠦᠭ᠍ᠵᠢᠮᠴᠢᠨ ᠤ ᠡᠪᠦᠭᠡ ᠡᠴᠢᠭᠡ》 ᠭᠡᠮᠡᠨ ᠡᠷᠭᠦᠭ᠍ᠳᠡᠭ᠍ᠰᠡᠨ ᠠᠯᠳᠠᠷᠳᠤ ᠣᠷᠠᠯᠢᠭᠴᠢᠨ ᠪᠣᠳ᠋ᠷᠢ ᠪᠠᠭᠰᠢ ᠳᠤ ᠵᠠᠭᠢᠳᠠᠯ ᠪᠢᠴᠢᠵᠤ᠂ ᠦᠪᠡᠷ ᠢ ᠨᠢ ᠱᠠᠪᠢ ᠪᠠᠷ ᠡᠯᠰᠡᠵᠤ ᠡᠨᠡ 《ᠳᠡᠮᠤ ᠶᠢᠨ ᠤᠷᠤᠨ》 ᠡᠴᠡ ᠰᠠᠯᠭᠠᠬᠤ ᠦᠭᠡᠶ ᠶᠤᠮ ᠪᠣᠯ ᠪᠠᠶ᠎ᠠ ᠪᠠᠨ ᠬᠤᠤᠷᠯᠠᠵᠤ᠂ ᠠᠮᠢ ᠨᠠᠰᠤ ᠪᠠᠨ ᠣᠷᠯᠢᠭ ᠲᠤ ᠵᠤᠷᠢᠭᠤᠯᠦᠨ᠎ᠡ ᠭᠡᠵᠡᠢ᠃

ᠣᠳᠠᠯ ᠦᠭᠡᠶ ᠪᠣᠳ᠋ᠷᠢ ᠡᠴᠡ ᠬᠠᠷᠢᠭᠤ ᠢᠷᠠᠵᠤ᠂ ᠦᠪᠡᠷ ᠤᠨ ᠪᠠᠶ᠎ᠠ ᠨᠢ ᠥᠩᠭᠡᠷᠡᠭ᠍ᠰᠡᠨ ᠳᠡᠭᠡᠨ ᠵᠡᠭᠡᠯᠢ ᠭᠡᠰᠤᠨ ᠪᠠᠳᠢᠷ ᠭᠦᠶ‍ᠦᠵᠤ᠂ ᠭᠦᠮᠤᠨ ᠤ ᠶ‍ᠢᠷᠳᠢᠠᠴᠤ ᠶᠢᠨ ᠠᠳᠠᠭ ᠳᠤᠤᠷᠠᠳᠤ ᠠᠮᠢᠳᠤᠷᠠᠯ ᠭᠢᠵᠤ ᠶᠠᠪᠣᠭᠰᠠᠨ ᠶᠢᠡᠨ ᠳᠤᠭᠠᠴᠢᠵᠤ ᠪᠣᠳᠤᠯ ᠰᠠᠨᠠᠭ᠎ᠠ ᠪᠣᠯᠤᠨ ᠪᠣᠳᠠᠳᠤ ᠠᠬᠤᠢ ᠶᠠᠷᠤᠨᠢ ᠬᠤᠯᠠ ᠵᠠᠢ ᠲᠡᠶ ᠪᠠᠢ᠌ᠳᠠᠭ ᠢ ᠳᠤᠳᠤᠷᠬᠠᠢ᠌ᠯᠠᠨ ᠶᠠᠷᠢᠭᠠᠤᠨ᠂ ᠣᠷᠢᠳᠠᠪᠠᠷ ᠣᠷᠤᠰᠢᠨ ᠳᠤᠭᠳᠠᠨᠢᠬᠤ ᠠᠰᠠᠭᠤᠳᠠᠯ ᠶᠢᠡᠨ ᠰᠢ᠌ᠤᠠᠪᠣᠷᠢᠯᠠᠭᠰᠠᠨ ᠤ ᠳᠠᠷᠠᠭ᠎ᠠ ᠰᠠ‍‌ᠶᠢ ᠣᠷᠠᠯᠢᠭ ᠤᠨ ᠵᠠᠮ ᠢ ᠪᠣᠳᠤᠯᠭᠢᠯᠠᠵᠤ ᠪᠣᠯᠤᠨ᠎ᠠ ᠭᠡᠪᠡ᠃ ᠬᠠᠮᠤᠭ ᠰᠡᠭᠦᠯ ᠳ᠋ᠤᠨᠢ 《ᠦᠪᠡᠷ ᠤᠨ ᠠᠮᠢ ᠨᠠᠰᠤ ᠪᠠᠨ ᠨᠠᠠᠳᠢᠩᠨᠠᠬᠤ ᠦᠭᠡᠶ ᠭᠦᠮᠤᠨ ᠣᠷᠯᠢᠭ ᠶᠠᠷᠢᠬᠤ ᠶᠢᠨ ᠡᠷᠭᠡ ᠴᠢᠯᠦᠭᠡ ᠪᠠᠢ᠌ᠬᠤ ᠦᠭᠡᠶ》 ᠭᠡᠵᠤ ᠰᠤᠷᠭᠠᠵᠠᠢ᠃

ᠪᠣᠳ᠋ᠷᠢ ᠪᠠᠭᠰᠢ ᠶᠢᠨ ᠵᠠᠭᠢᠶ᠎ᠠ ᠨᠢ ᠫᠧᠯ ᠢ ᠣᠮᠳᠠᠭᠰᠠᠨ ᠨᠣᠢ᠌ᠷ ᠡᠴᠡ ᠨᠢ ᠰᠡᠷᠢᠭᠡᠯ᠎ᠡ᠃ ᠥᠩᠭᠡᠷᠡᠭ᠍ᠰᠡᠨ ᠳᠡᠭᠡᠨ ᠭᠢᠵᠤ ᠪᠦᠭᠦᠢ ᠠᠵᠢᠯ ᠶᠢᠡᠨ ᠬᠠᠷ᠎ᠠ ᠳᠠᠮᠤ ᠪᠠᠷ ᠰᠠᠨᠠᠵᠤ ᠪᠠᠢ᠌ᠭᠰᠠᠨ ᠪᠣᠯ᠂ ᠣᠳᠤ ᠬᠠᠷᠢᠨ ᠨᠢᠭᠡ ᠲᠦᠷᠦᠯ ᠤᠨ ᠣᠷᠠᠯᠢᠭ ᠣᠷᠤᠯᠳᠤᠵᠤ ᠪᠠᠢ᠌ᠬᠤ ᠣᠪᠣᠷ ᠶᠢᠡᠷ ᠳᠤᠬᠠᠢ᠌ᠯᠠᠭᠰᠠᠨ ᠠᠵᠢᠯ ᠳᠠᠭᠠᠨ ᠬᠠᠠᠳᠤᠭᠰᠠᠨ ᠶᠢᠡᠷ᠂ ᠣᠶᠤᠵᠤ ᠡᠰᠭᠡᠭᠦ ᠨᠢ ᠨᠢᠭᠡ ᠵᠣᠢ᠌ᠯ ᠤᠨ ᠬᠠᠪᠣ ᠴᠡᠩᠭᠡᠯ ᠰᠢᠭ᠌ ᠰᠠᠨᠠᠭᠳᠠᠬᠤ ᠪᠤᠯᠪᠠ᠃ ᠢᠩᠭᠢᠭᠡᠤᠨ ᠳᠠᠷᠠ ᠴᠠᠭ ᠮᠦᠴᠡ ᠲᠡᠶ ᠣᠷᠤᠯᠳᠤᠨ ᠣᠶᠤᠵᠤ ᠡᠰᠭᠡᠭᠦ ᠠᠵᠢᠯ ᠳᠠᠭᠠᠨ ᠴᠠᠭᠠᠷᠠᠭᠰᠠᠨ ᠤ ᠰᠠᠭᠤᠷᠢᠨ ᠳᠡᠭᠡᠷ᠎ᠡ᠂ ᠡᠡᠷᠪᠠᠨ ᠭᠤᠷᠪᠠᠨ ᠨᠠᠰᠤᠨ ᠡᠴᠡ ᠪᠠᠨ ᠡᠭᠢᠯᠡᠨ ᠰᠢᠨ᠎ᠠ ᠣᠷᠤᠰᠬᠠᠯ ᠤᠨ ᠡᠮᠦᠰᠭᠡᠯ ᠵᠢᠷᠤᠭᠯᠠᠨ ᠳᠦᠰᠦᠪᠯᠡᠭᠦ ᠣᠢ᠌ᠯᠠᠰ ᠤᠨ ᠬᠠᠷᠭᠤᠢ ᠪᠠᠨ ᠡᠯᠭᠦᠵᠤ ᠠᠪᠣᠭᠠᠤᠨ ᠠᠮᠢᠳᠤᠷᠠᠯ ᠤᠨ ᠠᠶᠠᠨ ᠤ ᠠᠭᠰᠤᠮ ᠭᠦᠯᠦᠭ᠌ ᠲᠡᠭᠡᠨ ᠳᠠᠰᠢᠭᠤᠷ ᠨᠠᠮᠠᠵᠤ ᠪᠢᠯᠠ᠃ ᠬᠤᠷᠢᠨ ᠨᠠᠰᠤᠨ ᠡᠴᠡ ᠪᠠᠨ ᠡᠮᠦᠨ᠎ᠡ ᠳᠠᠷᠠ ᠦᠪᠡᠷ ᠤᠨ ᠨᠠᠷᠠᠳᠤ ᠪᠦᠳᠦᠭᠡᠭ᠍ᠳᠡᠭᠦᠨ ᠶᠢᠡᠨ ᠣᠢ᠌ᠯᠠᠤᠠᠪᠣᠷᠢᠯᠠᠨ ᠵᠠᠬ᠎ᠠ ᠳᠡᠯᠭᠡᠭᠦᠷ ᠲᠤ ᠭᠠᠷᠭᠠᠭᠠᠤᠨ ᠫᠠᠷᠢᠰ ᠬᠤᠳᠠᠨ᠎ᠠ ᠦᠪᠡᠷ ᠤᠨ ᠳᠤᠮᠤ ᠺᠤᠮᠫᠠᠨᠢ ᠪᠠᠨ ᠪᠠᠢ᠌ᠭᠤᠯᠤᠭᠰᠠᠨ ᠪᠠᠢ᠌ᠨ᠎ᠡ᠃ ᠡᠨᠡ ᠭᠦᠮᠤᠨ ᠪᠣᠯ ᠳᠠᠷᠤᠢ ᠳᠡᠯᠡᠭᠡᠢ ᠶᠢᠨ ᠰᠢᠨ᠎ᠠ ᠣᠷᠤᠰᠬᠠᠯ ᠤᠨ ᠳᠠᠸᠠᠷ ᠤᠨ ᠮᠡᠡᠭᠯᠡᠢ ᠪᠣᠯᠬᠤ 《ᠫᠧᠯ᠂ ᠺᠠᠷᠳᠠᠨ》 ᠨᠠᠷᠠᠮᠵᠢᠳᠤ ᠪᠦᠳᠦᠭᠡᠭ᠍ᠳᠡᠭᠦᠨ ᠤ ᠡᠭᠦᠳᠦᠭ᠍ᠴᠢ ᠫᠧᠯ᠂ ᠺᠠᠷᠳᠠᠨ ᠪᠣᠯᠤᠨ᠎ᠠ᠃ ᠣᠳᠤ 《ᠫᠧᠯ᠂ ᠺᠠᠷᠳᠠᠨ》 ᠨᠠᠷᠠᠮᠵᠢᠳᠤ ᠪᠦᠳᠦᠭᠡᠭ᠍ᠳᠡᠭᠦᠨ ᠪᠦᠮᠪᠦᠷᠴᠡᠭ᠌ ᠳᠠᠶᠠᠭᠠᠷ ᠳᠦᠭᠡᠵᠤ᠂ ᠬᠠᠯᠠᠭᠤᠨ ᠣᠷᠤᠰᠬᠠᠯ ᠤᠨ ᠪᠠᠷᠠᠭ᠎ᠠ ᠪᠣᠯᠵᠤ ᠪᠠᠢ᠌ᠭ᠎ᠠ ᠳᠠᠳᠤᠢ ᠦᠭᠡᠶ᠂ ᠦᠪᠡᠷ ᠤᠨ ᠪᠠᠶ᠎ᠠ ᠨᠢ ᠴᠤ ᠲᠦᠮᠡᠨ ᠳ᠋ᠦ᠋ᠩᠰᠢᠭᠤᠷ ᠤᠨ ᠳᠤᠮᠤ ᠭᠦᠷᠦᠩᠭᠡᠳᠡᠨ ᠪᠣᠯᠤᠭᠰᠠᠨ ᠪᠠᠢ᠌ᠨ᠎ᠠ᠃ ᠫᠧᠯ ᠦᠪᠡᠷ ᠤᠨ ᠠᠵᠢᠯᠯᠠᠵᠤ ᠳᠡᠮᠡᠴᠡᠭ᠍ᠰᠡᠨ ᠥᠩᠭᠡᠷᠡᠯᠳᠡ ᠪᠠᠨ ᠰᠤᠷᠪᠣᠯᠵᠢᠯᠠᠭᠴᠢ ᠳᠤ ᠢᠩᠭᠢᠵᠤ ᠶᠠᠷᠢᠵᠠᠢ᠄

《ᠦᠨᠡᠨ ᠢ ᠭᠡᠯᠡᠭᠦ ᠳᠤ᠂ ᠨᠠᠳᠠᠳᠤ ᠪᠦᠵᠢᠭ᠍ᠴᠢᠨ ᠤ ᠵᠡᠭᠦᠳᠤ ᠪᠠᠢ᠌ᠭᠰᠠᠨ ᠡᠴᠡ ᠪᠢᠰᠢ ᠪᠦᠵᠢᠭ᠍ᠴᠢᠨ ᠤ ᠨᠥᠭᠦᠴᠡᠯ ᠪᠠᠢ᠌ᠭᠰᠠᠨ ᠦᠭᠡᠶ᠃ ᠵᠥᠪᠭᠡᠨ ᠪᠠᠭ᠎ᠠ ᠶᠢᠨ ᠦᠶ᠎ᠡ ᠶᠢᠨ ᠨᠢᠭᠡ ᠴᠠᠭ ᠤᠨ ᠬᠠᠯᠠᠭᠤᠷᠠᠯ ᠭᠡᠵᠤ ᠭᠡᠯᠡᠵᠤ ᠪᠤᠯᠤᠨ᠎ᠠ᠃ ᠭᠡᠷᠪᠡ ᠪᠣᠳ᠋ᠷᠢ ᠪᠠᠭᠰᠢ ᠶᠢᠨ ᠰᠤᠷᠭᠠᠯ ᠢ ᠭᠦᠷᠳᠡᠵᠤ ᠭᠡᠢ ᠭᠦᠰᠡᠯ ᠶᠢᠡᠨ ᠳᠠᠶᠠᠭᠳᠠᠭᠰᠠᠨ ᠦᠭᠡᠶ ᠪᠠᠢ᠌ᠭᠰᠠᠨ ᠪᠣᠯ ᠦᠨᠦᠳᠤᠷ ᠤᠨ ᠫᠧᠯ᠂ ᠺᠠᠷᠳᠠᠨ ᠪᠠᠢ᠌ᠵᠤ ᠴᠢᠳᠠᠬᠤ ᠦᠭᠡᠶ》 ᠭᠡᠪᠡ᠃

ᠪᠣᠳᠠᠳᠤ ᠠᠬᠤᠢ ᠡᠴᠡ ᠰᠠᠯᠤᠭᠰᠠᠨ ᠳᠦᠭᠦᠭᠡᠢ ᠪᠣᠳᠤᠯ ᠱᠥᠷᠡᠭᠡᠢ ᠰᠠᠤᠠᠭᠢᠮᠵᠢ ᠨᠢ ᠭᠦᠮᠤᠨ ᠪᠦᠭᠦᠨ ᠤ ᠪᠠᠭ᠎ᠠ ᠶᠢᠨ ᠨᠠᠰᠤᠨ ᠳᠤ ᠪᠦᠷ ᠪᠠᠢ᠌ᠳᠠᠭ᠃ ᠡᠨᠡ ᠰᠠᠢ᠌ᠬᠠᠨ ᠭᠡᠢ ᠭᠦᠰᠡᠯ ᠨᠢ ᠪᠣᠳᠠᠳᠤ ᠠᠬᠤᠢ ᠶᠢᠨ ᠬᠠᠳᠠᠭᠤ ᠬᠠᠨᠠᠨ ᠳᠡᠭᠡᠷ᠎ᠡ ᠮᠥᠷᠭᠦᠭᠡᠤᠨ ᠭᠦᠭᠡᠰᠤ ᠪᠣᠯᠤᠨ ᠵᠠᠮᠬᠠᠷᠠᠬᠤ ᠨᠢ ᠪᠠᠭᠠᠴᠤᠳ ᠪᠦᠭᠦᠨ ᠳᠤ ᠪᠦᠷ ᠲᠤᠬᠢᠶᠠᠯᠳᠤᠬᠤ ᠠᠮᠢᠳᠤᠷᠠᠯ ᠤᠨ ᠰᠢᠯᠭᠠᠯᠳᠠ ᠪᠤᠯᠤᠨ᠎ᠠ᠃ ᠲ᠋ᠡᠭᠡᠭᠦ ᠳᠤ ᠭᠦᠰᠡᠯ ᠨᠢ ᠭᠡᠳᠦᠢ ᠦᠨᠳᠦᠷ ᠪᠠᠢ᠌ᠬᠤ ᠳᠤᠳᠤᠮ ᠭᠦᠰᠡᠷᠳᠡᠭᠦ ᠨᠢ ᠳᠠᠳᠤᠢ ᠭᠦᠡᠳᠤ ᠪᠠᠢ᠌ᠳᠠᠭ ᠪᠢᠯᠠ᠃

ᠪᠣᠳᠠᠳᠤ ᠠᠬᠤᠢ ᠪᠣᠯ ᠬᠠᠳᠠᠭᠤ ᠰᠢᠷᠦᠭᠦᠨ ᠬᠠᠢ᠌ᠷ᠎ᠠ ᠨᠠᠢ᠌ᠷ ᠦᠭᠡᠶ ᠪᠠᠢ᠌ᠳᠠᠭ᠃ 《ᠢᠯᠠᠭᠳᠠᠯ ᠤᠨ ᠭᠤᠤᠯ ᠰᠢᠯᠳᠠᠭᠠᠨ ᠪᠣᠯ ᠦᠪᠡᠷ ᠤᠨ ᠪᠠᠶ᠎ᠠ ᠳᠡᠭᠡᠨ ᠢᠳᠡᠭᠡᠯ ᠦᠭᠡᠶ ᠡᠴᠡ ᠪᠣᠯᠤᠭᠰᠠᠨ ᠶ‍ᠦᠮ》 ᠭᠡᠵᠤ ᠹᠷᠠᠩᠺᠯᠢᠨ ᠶᠠᠭ ᠣᠨᠤᠭᠠᠵᠤ ᠭᠡᠯᠡᠭ᠍ᠰᠡᠨ ᠶᠤᠮ᠃ ᠠᠮᠢᠳᠤᠷᠠᠶ᠎ᠠ ᠯᠠ ᠭᠡᠪᠠᠯ ᠭᠡᠢ ᠭᠦᠰᠡᠯ ᠤᠨ ᠭᠦᠭᠡᠰᠤᠨ ᠳᠤᠳᠤᠷ᠎ᠠ ᠠᠮᠢᠳᠤᠷᠠᠭᠠᠤᠨ ᠪᠠᠢ᠌ᠵᠤ ᠪᠣᠯᠬᠤ ᠦᠭᠡᠶ᠂ ᠲ᠋ᠡᠳᠡᠭᠡᠷ ᠪᠣᠳᠠᠳᠠᠢ ᠲᠡᠶ ᠨᠡᠢ᠌ᠴᠡᠭᠦ ᠦᠭᠡᠶ ᠭᠦᠰᠡᠯ ᠭᠤᠷᠢᠳᠠᠯ ᠶᠢᠡᠨ ᠪᠦᠭᠦᠨ ᠢ ᠳᠠᠶᠠᠭᠳᠠᠵᠤ᠂ ᠠᠬᠤᠢ ᠨᠥᠭᠦᠴᠡᠯ ᠶᠢᠡᠨ ᠦᠨᠳᠦᠰᠦᠯᠠᠵᠤ ᠪᠠᠢ᠌ᠭᠠᠤᠨ ᠣᠢ᠌ᠯᠠᠰ ᠪᠦᠳᠦᠭᠡᠭᠦ ᠲᠦᠰᠤᠪ ᠳᠤᠭᠳᠠᠭᠠᠨ ᠰᠢᠭᠤᠷᠬᠠᠢ ᠠᠵᠢᠯᠯᠠᠪᠠᠯ ᠰᠠ‍‌ᠶᠢ ᠠᠮᠵᠢᠯᠳᠠ ᠣᠯᠵᠤ ᠴᠢᠳᠠᠨ᠎ᠠ᠃ ᠣᠷᠤᠭᠰᠢ ᠵᠠᠮ ᠳᠡᠭᠡᠷ᠎ᠡ ᠴᠢᠨᠢ ᠭᠦᠴᠢᠷ ᠪᠠᠷᠭᠡᠰᠢᠶᠡᠯ ᠣᠯᠠᠨ ᠳᠠᠭᠠᠷᠢᠯᠳᠤᠬᠤ ᠨᠢ ᠪᠠᠰᠠᠴᠤ ᠭᠠᠢ᠌ᠭᠤᠢ᠂ ᠶᠠᠪᠣᠭᠠᠤᠨ ᠨᠡᠪᠳᠡᠷᠡᠭᠦ ᠦᠭᠡᠶ ᠭᠦᠨ ᠭᠦᠪ ᠳᠠᠭᠠᠷᠢᠯᠳᠤᠴᠢᠬᠤ ᠴᠤ ᠪᠣᠯᠵᠤᠰᠢ ᠦᠭᠡᠶ᠃ ᠡᠢ᠌ᠮᠤ ᠦᠶ᠎ᠡ ᠳᠤ ᠭᠦᠰᠡᠯ ᠣᠠᠳᠠᠷᠠᠵᠤ ᠠᠮᠢ ᠪᠠᠨ ᠭᠦᠩᠭᠡᠪᠴᠢᠯᠡᠭᠦ ᠶᠠᠪᠣᠳᠠᠯ ᠢ ᠳᠠᠰᠤ ᠣᠭᠤᠷᠴᠤ᠂ ᠮᠤᠬᠤᠷ ᠭᠤᠳᠤᠮᠵᠢᠨ ᠳᠤ ᠣᠷᠤᠭᠰᠠᠨ ᠪᠠᠢ᠌ᠪᠠᠯ ᠪᠣᠴᠠᠵᠤ ᠭᠠᠷᠤᠭᠠᠤᠨ ᠥᠭᠡᠷ᠎ᠡ ᠵᠠᠮ ᠰᠤᠩᠭ᠋ᠤᠵᠤ ᠪᠣᠯᠤᠨ᠎ᠠ᠃ ᠵᠠᠮ ᠪᠣᠯᠭᠠᠨ ᠮᠤᠬᠤᠷ ᠭᠤᠳᠤᠮᠵᠢ ᠪᠢᠰᠢ ᠪᠦᠭᠡᠤᠨ ᠪᠠᠷᠭᠡ ᠪᠠᠷᠳᠠᠭ᠎ᠠ ᠪᠠᠨ ᠥᠩᠭᠡᠷᠡᠪᠠᠯ ᠰᠠ‍‌ᠶᠢ ᠰᠠᠷᠠᠭᠤᠯ ᠬᠠᠷᠭᠤᠢ ᠳᠠᠭᠠᠨ ᠣᠷᠤᠵᠤ ᠴᠢᠳᠡᠨ᠎ᠡ᠃ ᠭᠦᠮᠤᠨ ᠤ ᠶ‍ᠢᠷᠳᠢᠠᠴᠤ ᠳᠤ ᠶᠠᠪᠣᠵᠤ ᠴᠢᠳᠠᠬᠤ ᠦᠭᠡᠶ ᠭᠦᠮᠤᠨ ᠪᠠᠢ᠌ᠬᠤ ᠡᠴᠡ ᠪᠢᠰᠢ᠂ ᠶᠠᠪᠣᠭᠠᠤᠨ ᠨᠡᠪᠳᠡᠷᠡᠭᠦ ᠦᠭᠡᠶ ᠵᠠᠮ ᠭᠡᠵᠤ ᠪᠠᠢ᠌ᠳᠠᠭ ᠦᠭᠡᠶ᠃

ᠵᠤᠬᠢᠶᠠᠭᠴᠢ᠄ ᠨᠣ᠋·ᠪᠠᠭᠠᠳᠤᠷ
ᠳᠠᠷᠤᠮ᠄ 5891
ᠴᠠᠭ᠄ 2009 ᠤᠨ ᠤ 04 ᠰᠠᠷ᠎ᠠ ᠶᠢᠨ 29

ᠡᠮᠦᠨᠡᠬᠢ   ᠳᠠᠷᠠᠭᠠᠬᠢ

ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃