ᠲᠠᠪᠤ

᠊᠊᠊᠊᠊᠊᠊᠊᠊᠊᠊᠊᠊᠊᠊᠊᠊᠊᠊᠊᠊᠊᠊᠊᠊᠊᠊᠊᠊ ᠨᠤᠶᠠᠨ ᠤ ᠬᠡᠦᠬᠡᠳ ᠮᠠᠭᠤ ᠴᠠᠭ ᠲᠤ ᠳᠦᠷᠤᠪᠠᠯ ᠨᠤᠬᠠᠢ ᠶᠢᠨ ᠭᠦᠯᠦᠭᠡ ᠶᠢ ᠭᠦᠢᠴᠡᠭᠦ ᠦᠭᠡᠶ᠂ ᠳᠠᠢ᠌ᠵᠢ ᠶᠢᠨ ᠬᠡᠦᠬᠡᠳ ᠮᠠᠭᠤ ᠴᠠᠭ ᠲᠤ ᠳᠦᠷᠤᠪᠠᠯ ᠳᠠᠭᠢᠶᠠᠨ ᠴᠤᠷᠪᠠᠭ᠎ᠠ ᠶᠢ ᠭᠦᠢᠴᠡᠭᠦ ᠦᠭᠡᠶ᠂ ᠵᠢᠩᠰᠠᠳᠠᠨ ᠤ ᠬᠡᠦᠬᠡᠳ ᠮᠠᠭᠤ ᠴᠠᠭ ᠲᠤ ᠳᠦᠷᠤᠪᠠᠢ᠂ ᠵᠡᠭᠦᠨ ᠪᠠᠷᠠᠭᠤᠨ ᠶᠢᠡᠨ ᠮᠡᠳᠡᠭᠦ ᠦᠭᠡᠶ᠂ ᠣᠳᠤᠭᠳᠠᠨ ᠤ ᠬᠡᠦᠬᠡᠳ ᠮᠠᠭᠤ ᠴᠠᠭ ᠲᠤ ᠳᠦᠷᠤᠪᠠᠢ᠂ ᠡᠮᠦᠨ᠎ᠡ ᠬᠣᠢ᠌ᠨ᠎ᠠ ᠪᠠᠨ ᠮᠡᠳᠡᠭᠦ ᠦᠭᠡᠶ᠃ ᠭᠦᠭᠡ ᠣᠯᠠᠭᠠᠨ ᠣᠳᠤᠭ ᠲᠡᠶ ᠳᠤᠭᠤᠷᠴᠤᠭ ᠶᠢᠡᠨ ᠡᠮᠦᠰᠤᠨ ᠳᠠᠢ᠌ᠵᠢ ᠶᠢᠨ ᠠᠮᠢᠳᠤᠷᠠᠯ ᠶᠢᠡᠨ ᠥᠩᠭᠡᠷᠡᠭᠦᠯᠭᠦ ᠳᠤ ᠳᠡᠭᠦᠨ ᠡᠴᠡ ᠢᠯᠡᠭᠦᠤ ᠵᠢᠷᠭᠠᠯ ᠭᠡᠵᠤ ᠠᠯᠠᠭ᠎ᠠ᠂ ᠭᠦᠳᠡᠭᠡ ᠪᠠᠷ ᠳᠦᠭᠦᠷᠡᠩ ᠮᠠᠯ ᠢ ᠨᠢ ᠬᠤᠷᠢᠶᠠᠭᠠᠤᠨ ᠭᠦᠵᠦᠭᠦᠤ ᠣᠷᠤᠭᠤ ᠨᠢ ᠳᠠᠰᠢᠭᠤᠷ ᠪᠠᠭᠤᠨ᠂ ᠭᠡᠯᠡ ᠠᠮᠠ ᠡᠴᠡ ᠨᠢ ᠭᠦᠯ ᠭᠠᠷ ᠳᠤᠨᠢ ᠳᠤᠯᠳᠠᠯ᠎ᠠ ᠭᠢᠡᠵᠢᠯᠡᠭᠦ ᠳᠤ ᠳᠡᠭᠦᠨ ᠡᠴᠡ ᠢᠯᠡᠭᠦᠤ ᠵᠤᠪᠠᠯᠠᠩ ᠭᠡᠵᠤ ᠳᠠᠳᠠᠨ ᠳᠤ ᠥᠭᠡᠷ᠎ᠡ ᠠᠯᠠᠭ᠎ᠠ᠃

          《ᠡᠪᠦᠭᠡ ᠶᠢᠨ ᠰᠤᠷᠭᠠᠯ》 ᠡᠴᠡ ᠡᠰᠢᠯᠡᠪᠡ᠃


ᠠᠷᠢᠭᠤᠨ ᠴᠠᠭᠠᠨ ᠣᠷᠳᠤᠨ ᠡᠴᠡ ᠪᠠᠶᠠᠷ ᠤᠨ ᠠᠭᠤᠷ ᠮᠠᠠᠳᠤᠨ ᠵᠠᠷᠤᠴᠠ ᠬᠡᠦᠬᠡᠳ ᠨᠠᠰᠢ ᠴᠠᠰᠢ ᠵᠦᠷᠢᠯᠳᠤᠨ ᠪᠠᠷᠠᠭᠤᠨ ᠫᠣᠤᠯᠤ ᠶᠢᠨ ᠭᠠᠳᠠᠨ᠎ᠠ ᠰᠢᠨ᠎ᠠ ᠪᠠᠷᠢ ᠶᠢᠨ ᠳᠡᠷᠭᠡ ᠣᠭᠳᠤᠬᠤ ᠪᠠᠷ ᠵᠠᠷᠤᠴᠠ ᠬᠡᠦᠬᠡᠳ ᠬᠤᠶᠠᠷ ᠭᠠᠷᠯᠠᠨ ᠵᠤᠭᠰᠤᠵᠤ᠂ ᠠᠯᠤᠰ ᠡᠴᠡ ᠢᠷᠡᠭᠦ ᠰᠢᠨ᠎ᠠ ᠪᠠᠷᠢ ᠶᠢ ᠣᠭᠳᠤᠨ ᠠᠪᠣᠨ᠎ᠠ᠃

ᠷᠤᠯᠭᠠᠷᠮ᠎ᠠ ᠰᠤᠪᠣᠤᠨ ᠤᠨ ᠭᠡᠯᠭᠢᠶ᠎ᠡ ᠲᠡᠶ ᠮᠠᠨᠤ ᠰᠢᠷᠤ ᠣᠷᠢᠶᠠᠯᠳᠤᠭᠰᠠᠨ ᠵᠠᠰᠠᠯ ᠢ ᠵᠡᠭᠦᠨ᠂ ᠳᠡᠷᠢᠭᠦᠨ ᠳᠡᠭᠡᠷ᠎ᠡ ᠪᠠᠨ ᠣᠯᠠᠭᠠᠨ ᠳᠤᠷᠭ᠎ᠠ ᠶᠢ ᠨᠦᠮᠦᠷᠢᠨ᠂ ᠵᠡᠭᠡᠷᠳᠡ ᠮᠤᠷᠢᠨ ᠳᠤᠷ ᠮᠤᠷᠳᠠᠨ᠂ ᠬᠠᠵᠠᠭᠤ ᠳᠤ ᠨᠢ ᠨᠠᠮᠰᠠᠷᠠᠢ ᠪᠠᠶᠠᠨ ᠪᠠ ᠪᠢᠴᠢᠭᠡᠴᠢ ᠳᠦᠭᠦᠷᠡᠩᠰᠡᠩ ᠲᠦᠰᠢᠶ᠎ᠠ ᠪᠣᠯᠤᠨ ᠳᠠᠭᠠᠭᠠᠤᠨ᠂ ᠪᠠᠷᠠᠭᠤᠨ ᠫᠣᠤᠯᠤ ᠪᠠᠷ ᠣᠷᠤᠵᠤ ᠢᠷᠠᠨ᠂ ᠰᠢᠨ᠎ᠠ ᠪᠠᠷᠢ ᠶᠢ ᠠᠷᠢᠭᠤᠨ ᠴᠠᠭᠠᠨ ᠣᠷᠳᠤᠨ ᠤ ᠪᠠᠷᠠᠭᠤᠨ ᠦᠷᠦᠭᠡᠨ ᠳᠤ ᠪᠠᠭᠤᠯᠭᠠᠪᠠ᠃

ᠰᠢᠨ᠎ᠠ ᠭᠦᠷᠭᠡᠨ ᠮᠤᠯᠤᠮ ᠣᠭᠳᠤᠯᠭ᠎ᠠ ᠶᠢᠨ ᠶᠤᠰᠤ ᠶᠢ ᠭᠦᠢᠴᠡᠳᠭᠡᠨ᠂ ᠬᠤᠷᠢᠮ ᠳᠤᠷ ᠰᠠᠭᠠᠳᠠᠭᠰᠠᠨ ᠪᠦᠭᠦᠨ ᠳᠤ ᠶᠤᠰᠤ ᠣᠴᠢᠷ ᠢ ᠭᠦᠢᠴᠡᠳᠭᠡᠨ ᠳᠤᠳᠤᠭᠰᠢ ᠪᠠᠨ ᠪᠦᠳᠦᠭᠦᠨ ᠬᠤᠷᠢᠮ ᠤᠨ ᠰᠢᠷᠡᠭᠡ ᠵᠠᠰᠠᠭᠰᠠᠨ ᠳᠠᠩᠭᠢᠮ ᠳᠤ ᠣᠷᠤᠭᠤᠯᠤᠨ ᠰᠠᠭᠤᠯᠭᠠᠪᠠ᠃ ᠳᠦᠷᠦᠭᠦᠤ ᠰᠢᠷᠡᠭᠡᠨ ᠳᠤ ᠨᠠᠮᠰᠠᠷᠠᠢ ᠪᠠᠶᠠᠨ ᠪᠠ ᠭᠡᠡᠵᠦᠦᠷ ᠪᠠᠶᠠᠨ᠂ ᠰᠸᠷᠠᠪ ᠪᠠᠶᠠᠨ᠂ ᠪᠣᠢ᠌ᠳᠠ ᠴᠡᠪᠠᠭ᠍ᠵᠡᠪ᠂ ᠳᠦᠭᠦᠷᠡᠩᠰᠡᠩ ᠨᠡᠷ ᠰᠠᠭᠠᠳᠤᠨ᠂ ᠵᠠᠯᠭᠠᠭᠠᠤᠨ ᠠᠯᠢ ᠣᠯᠠᠨ ᠣᠷᠢᠯᠭ᠎ᠠ ᠶᠢᠨ ᠭᠦᠮᠦᠰ ᠦᠷᠦᠭᠡ ᠪᠠᠭᠳᠠᠮ᠎ᠠ ᠰᠠᠭᠤᠯᠴᠠᠨ᠎ᠠ᠃ ᠶᠡᠭᠡ ᠲᠦᠯᠤᠪ ᠣᠷᠢᠯᠭ᠎ᠠ ᠶᠢᠨ ᠭᠦᠮᠦᠰ ᠪᠦᠷᠢᠳᠦᠭ᠍ᠰᠡᠨ ᠤ ᠰᠡᠭᠦᠯᠡᠷ ᠪᠢᠴᠢᠭᠡᠴᠢ ᠳᠦᠭᠦᠷᠡᠩᠰᠡᠩ ᠣᠯᠠᠨ ᠤ ᠡᠮᠦᠨ᠎ᠡ ᠭᠠᠷᠴᠤ᠄

᠊᠊᠊᠊᠊᠊᠊᠊᠊᠊᠊᠊᠊᠊᠊᠊᠊᠊᠊᠊᠊᠊᠊᠊᠊᠊᠊᠊᠊ ᠵᠠ︕ ᠠᠯᠢ ᠣᠯᠠᠨ ᠨᠤᠳᠤᠭ ᠨᠢᠷᠤᠭᠤᠨ ᠤ ᠠᠬ᠎ᠠ ᠳᠡᠭᠦᠤ ᠨᠡᠷ ᠡ︕ ᠮᠤᠷᠢᠯᠠᠨ ᠢᠷᠡᠭ᠍ᠰᠡᠨ ᠨᠤᠶᠠᠤᠨ ᠪᠠᠶᠠᠤᠨ ᠨᠡᠷ ᠡ︕ ᠦᠨᠦᠳᠤᠷ ᠤᠨ ᠮᠤᠯᠤᠮ ᠪᠠ ᠷᠤᠯᠭᠠᠷᠮ᠎ᠠ ᠶᠢᠨ ᠬᠤᠷᠢᠮ ᠤᠨ ᠶᠤᠰᠤᠯᠠᠯ ᠳᠤ ᠮᠤᠷᠢᠯᠠᠨ ᠰᠠᠭᠠᠳᠤᠭᠰᠠᠨ ᠳᠠ ᠨᠡᠷ ᠤᠨ ᠰᠠᠢ᠌ᠨ ᠰᠠᠢ᠌ᠬᠠᠨ᠂ ᠠᠯᠢᠪᠠ ᠶᠢᠨ ᠥᠭᠡᠳᠡ ᠡᠰᠡᠷᠡᠭ ᠢ ᠪᠠᠯᠭᠡᠳᠡᠨ ᠢᠷᠦᠭᠡᠵᠤ ᠳᠤᠤᠷ᠎ᠠ ᠰᠢᠨ᠎ᠠ ᠪᠠᠷᠢ ᠰᠢᠨ᠎ᠠ ᠭᠦᠷᠭᠡᠨ ᠢ ᠳᠠ ᠣᠯᠠᠨ ᠳᠡᠭᠡᠨ ᠳᠠᠨᠢᠯᠴᠠᠭᠤᠯᠤᠶ᠎ᠠ︕ ᠭᠡᠵᠤ ᠮᠤᠯᠤᠮ ᠪᠠ ᠷᠤᠯᠭᠠᠷᠮ᠎ᠠ ᠶᠢ ᠣᠯᠠᠨ ᠤ ᠡᠮᠦᠨ᠎ᠡ ᠵᠤᠭᠰᠤᠭᠠᠨ᠂ ᠰᠢᠨ᠎ᠠ ᠭᠦᠷᠭᠡᠨ ᠮᠤᠯᠤᠮ ᠪᠣᠯ ᠣᠤᠯ ᠤᠨ ᠰᠠᠮᠫᠢᠯ ᠨᠤᠶᠠᠨ ᠤ ᠪᠢᠴᠢᠭᠡᠴᠢ ᠫᠣᠩᠰᠤᠭ ᠤᠨ ᠣᠤᠭᠠᠨ ᠭᠦᠪᠠᠭᠦᠨ ᠪᠣᠯᠤᠨ᠎ᠠ᠃ ᠨᠠᠮᠰᠠᠷᠠᠢ ᠪᠠᠶᠠᠨ ᠫᠣᠩᠰᠤᠭ ᠢ ᠨᠠᠰᠤ ᠪᠠᠷᠠᠭᠰᠠᠨ ᠤ ᠳᠠᠷᠠᠭ᠎ᠠ ᠳᠠᠷᠬᠠᠨ ᠤ ᠴᠠᠢ᠌ᠳᠠᠮ ᠡᠴᠡ ᠮᠤᠯᠤᠮ ᠶᠢ ᠠᠪᠴᠤ ᠢᠷᠠᠨ ᠡᠳᠦᠢ ᠪᠣᠯᠳᠠᠯ᠎ᠠ ᠣᠯᠠᠨ ᠳᠤ ᠮᠡᠳᠡᠭᠦᠯᠦᠭ᠍ᠰᠡᠨ ᠦᠭᠡᠶ᠂ ᠣᠴᠢᠷ ᠨᠢ ᠳᠢᠶᠠᠨᠬᠦᠤ ᠶᠢᠨ ᠳᠡᠭᠡᠷᠡᠮ ᠡᠴᠡ ᠰᠡᠷᠭᠡᠢ᠌ᠯᠡᠨ ᠭᠢᠴᠢᠶᠡᠭ᠍ᠰᠡᠨ ᠡᠴᠡ ᠶᠤᠮ᠃ ᠷᠤᠯᠭᠠᠷᠮ᠎ᠠ ᠪᠣᠯ ᠨᠠᠮᠰᠠᠷᠠᠢ ᠪᠠᠶᠠᠨ ᠤ ᠦᠷ᠎ᠡ ᠶᠢᠨ ᠭᠠᠭᠴᠠ ᠦᠬᠢᠨ ᠪᠣᠯᠤᠨ᠎ᠠ᠃ ᠦᠨᠦᠳᠤᠷ ᠮᠤᠯᠤᠮ ᠪᠠ ᠷᠤᠯᠭᠠᠷᠮ᠎ᠠ ᠶᠢᠨ ᠬᠤᠷᠢᠮ ᠤᠨ ᠡᠳᠦᠷ ᠪᠣᠯᠤᠨ᠎ᠠ᠃ ᠶᠠᠭᠤᠨ ᠤ ᠡᠮᠦᠨ᠎ᠡ ᠰᠢᠨ᠎ᠠ ᠭᠦᠷᠭᠡᠨ ᠰᠢᠨ᠎ᠠ ᠪᠠᠷᠢ ᠪᠠᠨ ᠳᠡᠭ᠍ᠷᠢ ᠪᠣᠷᠬᠠᠠᠨ ᠳᠤ ᠪᠠᠨ ᠮᠦᠷᠭᠦᠯᠦᠶ᠎ᠡ︕ ᠁

᠊᠊᠊᠊᠊᠊᠊᠊᠊᠊᠊᠊᠊᠊᠊᠊᠊᠊᠊᠊᠊᠊᠊᠊᠊᠊᠊᠊᠊ ᠳᠠᠭᠢᠨ ᠠᠪᠣ ᠳᠡᠭᠡᠳᠦᠰ ᠲᠡᠭᠡᠨ ᠮᠦᠷᠭᠦᠯᠦᠶ᠎ᠡ︕ ᠭᠡᠵᠤ ᠮᠦᠷᠭᠦᠯᠤᠨ ᠳᠠᠭᠤᠰᠠᠭᠠᠤᠨ ᠳᠦᠭᠦᠷᠡᠩᠰᠡᠩ ᠰᠢᠨ᠎ᠠ ᠭᠦᠷᠭᠡᠨ ᠰᠢᠨ᠎ᠠ ᠪᠠᠷᠢ ᠶᠢᠨ ᠬᠤᠷᠢᠮ ᠤᠨ ᠢᠷᠦᠭᠡᠯ ᠢ ᠰᠤᠶᠤᠷᠬᠠᠪᠠ᠃ ᠳᠠᠷᠠ ᠢᠷᠦᠭᠡᠯ ᠤᠨ ᠥᠭᠡ ᠨᠢ᠄

ᠠᠪᠣᠷᠭᠤ ᠽᠠᠠᠳᠠᠨ ᠮᠤᠳᠤᠨ ᠳᠤ

ᠠᠶ᠎ᠠ ᠳᠠᠪᠠ ᠪᠡᠷ ᠵᠢᠷᠭᠠᠭᠴᠢ

ᠠᠩ ᠡᠷᠢᠭ᠍ᠴᠢ ᠰᠢᠪᠠᠭᠤᠨ ᠤ

ᠠᠩᠭ᠋ᠠᠬᠠᠢ ᠵᠤᠯᠵᠠᠭ᠎ᠠ ᠪᠣᠯᠪᠠᠴᠤ

ᠦᠳᠦ ᠰᠤᠳᠤ ᠨᠢ ᠪᠦᠷᠢᠳᠤᠨ

ᠡᠭᠦᠷ ᠶᠤᠭᠡᠨ ᠣᠷᠭᠢᠨ

ᠠᠭᠠᠷ ᠲᠤ ᠨᠢᠰᠤᠨ ᠣᠤᠠᠬᠤ

ᠠᠷᠭ᠎ᠠ ᠦᠭᠡᠶ ᠨᠢᠭᠡᠨ ᠶᠤᠰᠤᠨ ᠪᠣᠢ︕

ᠭᠠᠯᠪᠢᠷ ᠽᠠᠠᠳᠠᠨ ᠮᠤᠳᠤᠨ ᠳᠤ

ᠭᠠᠭᠴᠠ ᠦᠭᠡᠶ ᠨᠤᠳᠤᠭᠯᠠᠭᠴᠢ

ᠭᠠᠷᠤᠳᠠᠢ ᠨᠠᠷᠠᠳᠠᠢ ᠰᠢᠪᠠᠭᠤᠨ ᠤ

ᠭᠠᠷᠤᠭᠰᠠᠨ ᠵᠤᠯᠵᠠᠭ᠎ᠠ ᠨᠢ ᠪᠣᠯᠪᠠᠴᠤ

ᠭᠠᠩ ᠵᠢᠭᠦᠷ ᠨᠢ ᠪᠦᠷᠢᠳᠤᠨ

ᠭᠠᠭᠴᠠ ᠡᠭᠡ ᠪᠡᠨ ᠣᠷᠭᠢᠨ

ᠭᠠᠯᠠᠪ ᠳᠤ ᠨᠢᠰᠤᠨ ᠣᠤᠠᠬᠤ

ᠭᠠᠢ᠌ᠬᠠᠮᠰᠢᠭᠳᠤ ᠨᠢᠭᠡᠨ ᠣᠴᠢᠷ ᠪᠣᠢ

ᠭᠦᠮᠤᠨ ᠤ ᠣᠷᠴᠢᠯᠠᠩ ᠳᠤ ᠵᠠᠶᠠᠭᠠᠭᠰᠠᠨ

ᠭᠡᠦᠭᠡᠨ ᠦᠷ᠎ᠡ ᠭᠡᠭ᠍ᠴᠢ

ᠭᠦᠡᠳᠦᠳᠤ ᠡᠭᠡ ᠡᠴᠡ ᠪᠠᠨ ᠰᠠᠯᠤᠭᠠᠤᠨ

ᠭᠦᠷᠭᠡᠨ ᠳᠤ ᠮᠤᠷᠳᠠᠠᠬᠤ ᠣᠴᠢᠷ ᠪᠣᠢ︕

ᠨᠢᠭᠡᠨ ᠭᠦᠮᠤᠨ ᠤ ᠵᠠᠩᠰᠢᠯ ᠪᠢᠰᠢ

ᠨᠠᠢ᠌ᠳᠠ ᠣᠯᠠᠨ ᠤ ᠵᠠᠩᠰᠢᠯ ᠶᠤᠮ

ᠭᠠᠭᠴᠠ ᠭᠦᠮᠤᠨ ᠤ ᠵᠠᠩᠰᠢᠯ ᠪᠢᠰᠢ

ᠪᠦᠭᠦ ᠮᠤᠩᠭ᠋ᠤᠯ ᠤᠨ ᠵᠠᠩᠰᠢᠯ ᠶᠤᠮ᠃

ᠡᠷᠡᠯᠭᠡᠭ᠌ ᠮᠤᠩᠭ᠋ᠤᠯ ᠤᠨ ᠵᠠᠩᠰᠢᠯ ᠶᠢᠡᠷ

ᠡᠷᠳᠡᠨ ᠤ ᠰᠠᠢ᠌ᠬᠠᠨ ᠳᠠᠳᠬᠠᠯ ᠢ

ᠡᠴᠢᠭᠡ ᠳᠡᠭᠡᠳᠤ ᠶᠢᠨ ᠦᠶ᠎ᠡ ᠶᠢᠨ

ᠡᠷᠭᠢᠮ ᠠᠷᠢᠭᠤᠨ ᠣᠳᠤᠮᠰᠢᠯ ᠶᠢᠡᠷ

ᠲᠦᠮᠡᠨ ᠦᠯᠵᠡᠢ ᠶᠢᠨ ᠴᠤᠭ ᠣᠴᠠᠷᠠᠯᠳᠤ ᠪᠦᠷᠢᠳᠦᠭ᠍ᠰᠡᠨ

ᠲᠦᠪᠰᠢᠨ ᠵᠢᠷᠭᠠᠯ ᠳᠦᠭᠡᠮᠡᠯ ᠪᠠᠶᠠᠷ ᠤᠨ ᠡᠨᠡ ᠡᠳᠦᠷ

ᠲᠦᠷᠤ ᠶᠢᠨ ᠭᠡᠯᠭᠢᠶ᠎ᠡ ᠦᠷ᠎ᠡ ᠶᠢᠨ ᠪᠠᠷᠢᠯᠳᠤᠯᠭ᠎ᠠ ᠶᠢ

ᠳᠦᠭ᠍ᠵᠢᠯᠡᠨ ᠭᠦᠢᠴᠡᠳᠭᠡᠵᠤ ᠶᠤᠰᠤᠨ ᠳᠤᠷ ᠨᠡᠢ᠌ᠴᠡᠭᠦᠯᠤᠨ

ᠡᠩᠭᠦᠷᠡᠢ ᠬᠤᠶᠠᠷ ᠦᠷ᠎ᠡ ᠶᠢᠨ ᠵᠢᠠᠨ

ᠡᠩᠭᠡ ᠮᠠᠠᠳᠤ ᠶᠢ ᠵᠦᠩᠨᠠᠨ

ᠡ᠊ᠨᠳᠡ ᠡᠴᠡ ᠭᠦᠰᠡᠨ ᠢᠷᠦᠭᠡᠶ᠎ᠡ︕ ᠭᠡᠮᠡᠨ

ᠰᠢᠨ᠎ᠠ ᠭᠦᠷᠭᠡᠨ ᠰᠢᠨ᠎ᠠ ᠪᠠᠷᠢ ᠶᠢ ᠢᠷᠦᠭᠡᠨ ᠳᠠᠭᠤᠰᠪᠠ᠃

ᠲ᠋ᠠᠭᠢᠭᠠᠤᠨ ᠮᠤᠯᠤᠮ ᠪᠠ ᠷᠤᠯᠭᠠᠷᠮ᠎ᠠ ᠨᠡᠷ ᠣᠯᠠᠨ ᠳᠤ ᠬᠤᠠᠳᠠᠭᠠᠳᠤ ᠰᠠᠷᠬᠤᠤᠨ ᠢ ᠪᠠᠷᠢᠨ ᠰᠢᠷᠡᠭᠡ ᠡᠷᠭᠢᠨ ᠨᠠᠢ᠌ᠷᠯᠠᠯᠳᠤᠵᠤ ᠨᠢᠭᠡ ᠮᠡᠳᠡᠭᠦ ᠳᠤ ᠨᠠᠷᠠᠨ ᠰᠢᠩᠭᠡᠵᠤ ᠣᠷᠤᠢ ᠪᠣᠯᠪᠠ᠃ ᠢᠷᠡᠭ᠍ᠰᠡᠨ ᠵᠤᠴᠢᠳ ᠪᠣᠴᠠᠨ᠂ ᠬᠤᠷᠢᠮ ᠥᠡᠳᠦᠷᠯᠡᠭ᠍ᠰᠡᠨ ᠤ ᠳᠠᠷᠠᠭ᠎ᠠ ᠨᠠᠮᠰᠠᠷᠠᠢ ᠪᠠᠶᠠᠨ ᠶᠡᠭᠡᠳᠡ ᠪᠠᠶᠠᠷᠯᠠᠨ ᠠᠷᠢᠭᠢᠨ ᠳᠤ ᠰᠤᠭᠳᠤᠵᠤ᠂ ᠬᠠᠵᠠᠭᠤ ᠶᠢᠨ ᠦᠷᠦᠭᠡᠨ ᠳᠤ ᠣᠷᠤ ᠵᠠᠰᠠᠨ ᠣᠠᠳᠠᠭᠤᠯᠪᠠ᠃ ᠮᠤᠯᠤᠮ ᠪᠠ ᠷᠤᠯᠭᠠᠷᠮ᠎ᠠ ᠭᠡᠷ ᠲᠤ ᠣᠷᠤᠵᠤ ᠰᠦᠨᠢ ᠶᠢᠨ ᠠᠮᠠᠷᠠᠯᠳᠠ ᠭᠢᠪᠠ᠃

ᠨᠢᠭᠡᠨ ᠬᠤᠤᠰ ᠭᠦᠮᠤᠨ ᠤ ᠬᠠᠯᠠᠭᠤᠨ ᠢᠨᠠᠭ ᠭᠡᠵᠤ ᠥᠯᠢᠭᠡᠷᠯᠡᠭᠦ ᠶᠢᠨ ᠠᠷᠭ᠎ᠠ ᠦᠭᠡᠶ ᠶᠤᠮᠰᠠᠨ᠃ ᠡᠰᠡ ᠪᠢᠴᠢᠪᠠᠰᠤ ᠥᠯᠢᠭᠡᠷ ᠤᠨ ᠢᠳᠠ ᠰᠢᠳᠢ ᠶᠢ ᠪᠠᠭᠤᠷᠠᠭᠤᠯᠬᠤ ᠶᠠᠭᠤᠨ ᠭᠡᠮᠡᠵᠤ ᠳᠤᠤᠷ᠎ᠠ ᠭᠡᠰᠡᠭ᠌ ᠳᠡᠮᠳᠡᠭᠯᠡᠨ ᠰᠡᠢ᠌ᠷᠡᠭᠦᠯᠪᠡ᠃

ᠭᠦᠨ ᠭᠡᠷ ᠤᠨ ᠳᠤᠳᠤᠷ᠎ᠠ ᠨᠠᠮ ᠵᠢᠮ ᠪᠠᠢ᠌ᠭᠰᠠᠨ ᠡᠴᠡ ᠣᠯᠠᠪᠳᠤᠷ ᠯᠠᠪ ᠤᠨ ᠭᠡᠷᠡᠯ ᠳᠤ ᠬᠤᠶᠠᠷ ᠵᠠᠯᠠᠭᠤ ᠶᠢᠨ ᠬᠤᠤᠰ ᠠᠯᠠᠭ ᠨᠢᠳᠤ ᠬᠠᠷᠢᠯᠴᠠᠨ ᠰᠢᠷᠳᠡᠯᠴᠡᠭ᠍ᠰᠡᠭᠡᠷ᠂ ᠣᠳᠠᠯ ᠦᠭᠡᠶ ᠢᠨᠠᠭ ᠤᠨ ᠭᠠᠯ ᠳᠦᠷᠡᠯᠵᠡᠭ᠍ᠰᠡᠭᠡᠷ ᠣᠷᠭᠢᠯ ᠳᠠᠭᠠᠨ ᠳᠤᠯᠤᠭᠰᠠᠨ ᠪᠠᠢ᠌ᠵᠤᠬᠤᠢ᠃ ᠳᠡᠭᠦᠨ ᠤ ᠥᠭᠡ ᠪᠠᠷ ᠭᠡᠯᠡᠪᠠᠯ ᠡᠭᠦᠳᠡ ᠰᠡᠭᠦᠭᠡᠵᠤ ᠦᠪᠡᠷ᠎ᠠ ᠣᠷᠴᠢᠯᠠᠩ ᠳᠤ ᠣᠷᠤᠭᠰᠠᠨ ᠰᠢᠭ ᠰᠡᠳᠭᠢᠯ ᠭᠦᠪᠪᠦᠵᠤ᠂ ᠶᠠᠷᠤᠨᠢ ᠶᠠᠷᠢᠳᠢᠠᠴᠤ ᠶᠢᠨ ᠳᠡᠭᠡᠷᠡᠭᠢ ᠵᠢᠷᠭᠠᠯ ᠭᠡᠵᠤ ᠡᠨᠡ ᠪᠢᠯᠢᠤ ⁈ ᠭᠡᠵᠤ ᠪᠣᠳᠤᠭᠳᠠᠭᠤᠯᠤᠭᠰᠠᠨ ᠪᠠᠢ᠌ᠭ᠎ᠠ᠃

ᠨᠢᠭᠡᠨ ᠊ᠭ᠍ᠱᠡᠨ ᠤ ᠦᠨᠦᠰᠤᠯᠳᠠ ᠡᠴᠡ ᠳᠦᠷᠠᠯᠵᠠᠨ ᠨᠤᠴᠤᠭᠰᠠᠨ ᠭᠠᠯ ᠬᠠᠯᠠᠭᠤᠨ ᠢᠨᠠᠭ ᠤᠨ ᠰᠢᠮ᠎ᠠ ᠳᠦᠳᠠᠯ ᠦᠭᠡᠶ ᠮᠤᠯᠤᠮ ᠡᠴᠡ ᠷᠤᠯᠭᠠᠷᠮ᠎ᠠ ᠳᠤ ᠰᠢᠩᠭᠡᠷᠡᠨ ᠡᠨᠡ ᠬᠤᠷᠸ᠎ᠠ ᠣᠷᠴᠢᠯᠠᠩ ᠳᠤ ᠡᠴᠢᠨ᠎ᠡ ᠭᠤᠶᠤ᠂ ᠠᠮᠠᠷᠠᠭ ᠬᠠᠯᠠᠭᠤᠨ ᠶᠠᠭᠤᠮᠠᠨ ᠥᠭᠡᠷ᠎ᠡ ᠦᠭᠡᠶ ᠰᠢᠭ᠌ ᠰᠠᠨᠠᠭᠳᠠᠭᠤᠯᠤᠭᠰᠠᠨ ᠪᠢᠯᠠ︕ ᠣᠰᠤᠨ ᠡᠭᠦᠯᠡᠨ ᠡᠴᠡ ᠬᠤᠷ᠎ᠠ ᠪᠠᠭᠤᠭᠰᠠᠨ ᠰᠢᠭ᠌ ᠣᠴᠢᠷᠳᠤ ᠬᠤᠶᠠᠷ ᠵᠠᠯᠠᠭᠤᠰ ᠨᠢᠭᠡᠨ ᠦᠶ᠎ᠡ ᠶᠢᠨ ᠬᠠᠯᠠᠭᠤᠷᠠᠯ ᠡᠴᠡ ᠰᠡᠷᠭᠦᠭᠦ ᠦᠶ᠎ᠡ ᠳᠤ ᠨᠢᠭᠡᠨᠲᠡ ᠭᠦᠭᠡ ᠳᠡᠭ᠍ᠷᠢ ᠴᠡᠯᠮᠡᠭ᠍ᠰᠢᠭ᠍ᠰᠡᠨ ᠰᠢᠭ᠌ ᠰᠠᠨᠠᠭᠳᠠᠭᠤᠯᠤᠨ᠎ᠠ᠃ ᠡᠴᠦᠰ ᠳᠡᠭᠡᠨ ᠡᠮᠵᠡᠭᠯᠡᠵᠤ ᠡᠪᠠᠳᠦᠭ᠍ᠰᠡᠨ ᠪᠠᠶ᠎ᠠ ᠡᠴᠡ ᠥᠩᠭᠡ ᠶᠢᠨ ᠴᠡᠴᠡᠭ᠌ ᠳᠡᠯᠭᠡᠷᠡᠨ ᠴᠠᠭᠠᠨ ᠳᠡᠪᠢᠰᠭᠡᠷ ᠣᠯᠠᠭᠠᠨ ᠶᠢᠡᠷ ᠪᠣᠳᠤᠭᠯᠠᠨ ᠴᠠᠪᠠᠷ ᠣᠷᠴᠢᠨ ᠳᠤ ᠢᠴᠢᠯ ᠪᠠᠶᠠᠰᠤᠯ ᠬᠤᠯᠢᠯᠳᠤᠨ᠎ᠠ᠃

ᠡᠪᠠᠦᠡᠭᠦ ᠡᠨᠡᠷᠢᠯ ᠬᠤᠶᠠᠷ ᠡᠴᠡ ᠡᠢ᠌ᠮᠦᠷᠭᠦ ᠵᠢᠷᠭᠠᠯ ᠤᠨ ᠭᠠᠯ ᠳᠦᠷᠡᠯᠵᠡᠭ᠍ᠰᠡᠭᠡᠷ ᠣᠨ ᠣᠳᠠᠭᠰᠠᠨ ᠪᠣᠳᠤᠯ ᠤᠨ ᠴᠠᠭᠠᠨ᠎ᠠ ᠡᠴᠡ ᠣᠯᠠᠨ ᠣᠯᠠᠨ ᠰᠡᠳᠭᠢᠯ ᠤᠨ ᠦᠷ᠎ᠡ ᠴᠤᠪᠣᠷᠤᠯᠳᠤᠨ᠂ ᠡᠨᠡ ᠬᠤᠶᠠᠷ ᠤᠨ ᠬᠠᠢ᠌ᠷ᠎ᠠ ᠶᠢ ᠦᠮᠠᠠᠴᠢᠯᠠᠨ ᠣᠳᠤᠯ᠎ᠠ᠁

ᠭᠡᠳᠤᠨ ᠡᠳᠦᠷ ᠪᠣᠯᠤᠭᠰᠠᠨ ᠤ ᠳᠠᠷᠠᠭ᠎ᠠ ᠮᠤᠯᠤᠮ ᠷᠤᠯᠭᠠᠷᠮ᠎ᠠ ᠳᠤ᠄

᠊᠊᠊᠊᠊᠊᠊᠊᠊᠊᠊᠊᠊᠊᠊᠊᠊᠊᠊᠊᠊᠊᠊᠊᠊᠊᠊᠊᠊ ᠭᠦᠶ‍ᠢ︕ ᠮᠠᠨ ᠤ ᠬᠤᠶᠠᠷ ᠤᠨ ᠪᠠᠶᠠᠷ ᠤᠨ ᠴᠢᠮᠡᠭᠡ ᠶᠢ ᠨᠠᠮᠠᠬᠠᠢ ᠠᠬ᠎ᠠ ᠳᠤ ᠰᠤᠨᠤᠰᠬᠠᠶ᠎ᠠ ᠭᠡᠪᠠᠯ ᠷᠤᠯᠭᠠᠷᠮ᠎ᠠ ᠮᠠᠰᠢᠳᠠ ᠪᠠᠶᠠᠰᠤᠨ ᠳᠠᠷᠠ ᠳᠤᠤᠷ᠎ᠠ ᠪᠠᠨ ᠪᠢᠷ ᠠᠪᠴᠤ ᠨᠢᠭᠡᠨ ᠬᠠᠭᠤᠳᠠᠰᠤ ᠵᠠᠭᠢᠳᠠᠯ ᠢ ᠡᠷᠢᠶᠡᠴᠢᠪᠡ᠃ ᠳᠠᠷᠠ ᠵᠠᠭᠢᠳᠠᠯ ᠤᠨ ᠥᠭᠡ ᠨᠢ᠄


ᠡᠷᠭᠢᠮ ᠤᠨ ᠠᠬ᠎ᠠ ᠨᠠᠮᠠᠬᠠᠢ ᠳᠠᠨ᠎ᠠ᠄

ᠶᠠᠭᠤᠨ ᠤ ᠡᠮᠦᠨ᠎ᠡ ᠡᠷᠭᠢᠮ ᠤᠨ ᠠᠬ᠎ᠠ ᠳᠠᠨ ᠤ ᠪᠠᠶ᠎ᠠ ᠮᠠᠬᠠᠪᠣᠤᠨ ᠤᠨ ᠡᠷᠡᠭᠦᠯ ᠴᠢᠭᠢᠷᠠᠭ ᠢ ᠭᠦᠰᠡᠨ ᠳᠠᠭᠢᠨ ᠳᠠᠨ ᠤ ᠨᠤᠮ ᠤᠨ ᠴᠢᠨᠠᠷ ᠪᠠᠳᠤᠳᠠ ᠪᠣᠯᠳᠤᠭᠠᠢ ᠭᠡᠵᠤ ᠡ᠊ᠨᠳᠡ ᠡᠴᠡ ᠨᠠᠮᠠᠠᠴᠢᠯᠠᠶ᠎ᠠ︕

ᠠᠬ᠎ᠠ ᠮᠢᠨᠢ ᠳᠠ ᠶᠠᠪᠣᠭᠰᠠᠨ ᠤ ᠬᠤᠢᠨ᠎ᠠ ᠨᠤᠳᠤᠭ ᠣᠰᠤᠨ ᠳᠤ ᠮᠢᠨᠢ ᠶᠡᠭᠡᠳᠡ ᠬᠤᠪᠢᠷᠠᠯᠳᠠ ᠭᠠᠷᠴᠤ᠂ ᠮᠠᠨᠤᠰ ᠳᠢᠶᠠᠨᠬᠦᠤ ᠶᠢᠨ ᠳᠡᠭᠡᠷᠡᠮ ᠢ ᠪᠣᠳᠠ ᠴᠤᠭᠢᠵᠤ ᠣᠳᠤ ᠠᠷᠢᠭᠤᠨ ᠴᠠᠭᠠᠨ ᠣᠷᠳᠤᠨ ᠢ ᠭᠠᠯᠳᠠᠨ ᠰᠠᠮᠫᠢᠯ ᠨᠤᠶᠠᠨ ᠤ ᠠᠷᠢᠭᠤᠨ ᠴᠠᠭᠠᠨ ᠣᠷᠳᠤᠨ ᠳᠤ ᠰᠠᠭᠤᠵᠤ ᠪᠠᠢ᠌ᠨ᠎ᠠ᠂ ᠠᠪᠣ ᠶᠢᠨ ᠪᠠᠶ᠎ᠠ ᠠᠮᠤᠷ ᠰᠠᠢ᠌ᠨ᠂ ᠮᠦᠨ ᠴᠤ ᠠᠪᠣ ᠶᠢᠨ ᠵᠠᠭᠢᠶ᠎ᠠ ᠪᠠᠷ ᠮᠤᠯᠤᠮ ᠲᠡᠶ ᠪᠢᠳᠠ ᠬᠤᠶᠠᠷ ᠠᠳᠠᠯ ᠠᠮᠢᠳᠤᠷᠠᠯ ᠶᠢᠡᠨ ᠪᠣᠰᠬᠠᠨ᠂ ᠰᠢᠨᠡᠭᠡᠨ ᠬᠤᠷᠢᠮ ᠭᠢᠨ ᠳᠠᠨ ᠳᠤ ᠪᠠᠶᠠᠷ ᠤᠨ ᠴᠢᠮᠡᠭᠡ ᠪᠣᠯᠭᠠᠨ ᠢᠯᠡᠭᠡᠪᠡ᠃

ᠬᠤᠯᠠ ᠶᠠᠪᠣᠭᠰᠠᠨ ᠠᠬ᠎ᠠ ᠴᠢᠮ᠎ᠠ ᠶᠢ ᠨᠡᠭᠡᠷᠡᠨ ᠰᠠᠨᠠᠬᠤ ᠶᠢᠨ ᠶᠡᠭᠡ ᠪᠠᠷ ᠰᠠᠨᠠᠨ᠂ ᠭᠡᠷᠪᠡ ᠴᠠᠭ ᠰᠡᠯᠡᠭᠦᠤ ᠲᠡᠶ ᠪᠣᠯ ᠨᠠᠰᠢ ᠪᠠᠨ ᠨᠢᠭᠡ ᠬᠤᠪᠢ ᠬᠠᠷᠢᠭᠤ ᠵᠠᠭᠢᠳᠠᠯ ᠶᠠᠪᠣᠭᠤᠯᠬᠤ ᠶᠢ ᠭᠦᠰᠡᠨ᠎ᠡ᠃

ᠠᠯᠢᠪᠠ ᠣᠴᠢᠷ ᠢ ᠳᠠᠨ ᠲᠡᠶ ᠨᠢᠭᠤᠷ ᠵᠤᠯᠭᠠᠨ ᠶᠠᠷᠢᠯᠴᠠᠶ᠎ᠠ︕ ᠮᠠᠩᠬᠠᠳᠤ ᠶᠢᠨ ᠪᠠᠭᠤᠷᠢ ᠪᠠᠷ ᠪᠣᠯᠵᠤᠭᠠᠨ ᠭᠠᠵᠠᠷ ᠪᠣᠯᠭᠠᠨ ᠠᠬ᠎ᠠ ᠳᠠᠨ ᠢ ᠭᠦᠯᠢᠶᠡᠶ᠎ᠡ ︕

ᠡᠭᠦᠨ᠎ᠡ᠄

ᠮᠤᠯᠤᠮ

ᠷᠤᠯᠭᠠᠷᠮ᠎ᠠ ᠡᠴᠡ ᠶᠤᠰᠤᠯᠠᠪᠠ᠃


ᠵᠠᠭᠢᠳᠠᠯ ᠢ ᠪᠢᠴᠢᠨ ᠳᠠᠭᠤᠰᠬᠠᠵᠤ ᠵᠠᠷᠤᠴᠠ ᠣᠨᠢᠭᠠᠷ ᠢ ᠳᠠᠭᠤᠳᠠᠨ ᠠᠯᠤᠰ ᠬᠤᠯᠠ ᠪᠠᠭᠡᠵᠢᠩ ᠤᠨ ᠶᠦᠩ ᠾᠧ ᠭᠦᠩ ᠵᠥᠭ᠌ ᠮᠤᠷᠳᠠᠭᠤᠯᠪᠠ᠃ ᠣᠨᠢᠭᠠᠷ ᠨᠢᠭᠡᠨ ᠡᠳᠦᠷ ᠶᠦᠩ ᠾᠧ ᠭᠦᠩ ᠳᠤ ᠭᠦᠷᠴᠤ ᠨᠠᠮᠠᠬᠠᠢ ᠳᠤ ᠵᠠᠭᠢᠳᠠᠯ ᠢ ᠭᠠᠷᠳᠠᠭᠤᠯᠤᠨ ᠳᠠᠭᠢᠨ ᠨᠠᠮᠠᠬᠠᠢ ᠶᠢᠨ ᠨᠢᠭᠡᠨ ᠬᠠᠭᠤᠳᠠᠰᠤ ᠵᠠᠭᠢᠳᠠᠯ ᠢ ᠠᠪᠴᠤ ᠨᠤᠳᠤᠭ ᠵᠥᠭ᠌ ᠶᠢᠡᠨ ᠪᠣᠴᠠᠭᠰᠠᠨ ᠴᠤ ᠴᠠᠭ ᠳᠦᠷᠤ ᠶᠢᠨ ᠥᠢᠮᠡᠭᠡᠨ ᠡᠴᠡ ᠪᠣᠯᠵᠤ ᠳᠠᠢ᠌ᠨ ᠤ ᠭᠦᠯ ᠣᠯᠠ ᠳᠤ ᠬᠠᠮᠤᠷᠠᠭᠳᠠᠨ ᠣᠨᠢᠭᠠᠷ ᠠᠮᠢ ᠪᠠᠨ ᠠᠯᠳᠠᠵᠤ᠂ ᠨᠠᠮᠠᠬᠠᠢ ᠶᠢᠨ ᠵᠠᠭᠢᠳᠠᠯ ᠴᠤ ᠪᠠᠷ᠎ᠠ ᠦᠭᠡᠶ ᠪᠣᠯᠪᠠ᠃ ᠭᠡᠪᠠᠴᠤ ᠡᠭᠦᠨ ᠢ ᠮᠤᠯᠤᠮ ᠪᠠ ᠷᠤᠯᠭᠠᠷᠮ᠎ᠠ ᠭᠡᠷᠭᠢᠨ ᠮᠠᠳᠠᠨ᠎ᠠ︖ ᠭᠡᠵᠢᠶ᠎ᠡ ᠬᠣᠢ᠌ᠨ᠎ᠠ ᠮᠤᠯᠤᠮ ᠮᠠᠨᠢ ᠳᠤᠭᠰᠢᠨ ᠪᠣᠷᠤᠭᠠᠨ ᠰᠢᠷᠦᠭᠦᠨ ᠰᠠᠯᠭᠢᠨ ᠢ ᠳᠤᠭᠤᠯᠤᠭᠰᠠᠨ ᠤ ᠳᠠᠷᠠᠭ᠎ᠠ ᠨᠠᠮᠠᠬᠠᠢ ᠲᠡᠶ ᠵᠤᠯᠭᠠᠨ ᠮᠡᠳᠡᠭ᠍ᠰᠡᠨ ᠶᠤᠮ᠃

ᠭᠠᠵᠠᠷ ᠭᠠᠵᠠᠷ ᠳᠠᠢ᠌ᠨ ᠤ ᠣᠳᠤᠭ᠎ᠠ ᠠᠶᠠᠠᠳᠠᠭᠠᠨ ᠣᠰᠠᠳᠴᠤ᠂ ᠹᠧᠤᠳᠠᠯ ᠤᠨ ᠬᠠᠷ᠎ᠠ ᠰᠢᠷ᠎ᠠ ᠨᠤᠶᠠᠤᠨ ᠪᠠᠶᠠᠤᠨ ᠤᠨ ᠦᠶ᠎ᠡ ᠰᠦᠯᠵᠢᠶ᠎ᠠ ᠳᠠᠭᠤᠰᠤᠨ᠂ ᠮᠢᠩᠭ᠋᠎ᠠ ᠶ‍ᠢᠰᠤᠨ ᠵᠠᠭᠤ ᠳᠦᠴᠢ ᠶ‍ᠢᠰᠤᠨ ᠣᠨ ᠤ ᠠᠷᠪᠠᠨ ᠰᠠᠷ᠎ᠠ ᠶᠢᠨ ᠨᠢᠭᠡᠨ ᠳᠤ ᠰᠢᠨ᠎ᠠ ᠳᠤᠮᠳᠠᠳᠤ ᠣᠯᠤᠰ ᠪᠠᠢ᠌ᠭᠤᠯᠤᠭᠳᠠᠨ ᠳᠤᠷᠤᠨ᠎ᠠ ᠡᠴᠡ ᠮᠠᠠᠳᠤᠭᠰᠠᠨ ᠮᠠᠤ ᠵᠦᠰᠢ ᠭᠡᠮᠡᠨ ᠪᠦᠭᠦ ᠣᠯᠤᠰ ᠲᠤ ᠳᠤᠳᠤᠭᠠᠳᠤ ᠶᠢᠨ ᠳᠠᠢ᠌ᠨ ᠢ ᠵᠤᠭᠰᠤᠭᠠᠵᠤ᠂ ᠬᠠᠷᠢ ᠶᠢᠨ ᠳᠦᠷᠢᠮᠡᠭᠡᠢ᠌ᠯᠡᠭ᠍ᠴᠢᠳ ᠤᠨ ᠺᠤᠯᠤᠨᠢ ᠣᠷᠤᠨ ᠪᠣᠴᠠᠭᠠᠭᠳᠠᠨ᠂ ᠠᠷᠠᠤᠨ ᠲᠦᠮᠡᠨ ᠳᠤ ᠡᠷᠭᠡ ᠴᠢᠯᠦᠭᠡ ᠣᠷᠤᠨ᠂ ᠭᠦᠮᠤᠨ ᠪᠦᠭᠦᠨ ᠪᠠᠶᠠᠷ ᠤᠨ ᠮᠠᠩᠨᠠᠢ ᠳᠠᠨᠢᠢᠨ᠂ ᠥᠭᠡᠢ᠌ᠭᠦᠤ ᠠᠩᠭᠢ ᠶᠢᠨ ᠡᠪ ᠬᠠᠮᠳᠤ ᠶᠢᠨ ᠨᠡᠢ᠌ᠭᠡᠮ ᠳᠤ ᠳᠠᠪᠰᠢᠨ ᠰᠢᠨ᠎ᠠ ᠭᠦᠳᠡᠯᠭᠡᠭᠡᠨ᠂ ᠰᠢᠨ᠎ᠠ ᠬᠤᠪᠢᠰᠬᠠᠯ ᠮᠠᠠᠳᠤᠨ ᠦᠵᠡᠳᠠᠯ᠎ᠠ ᠭᠤᠪᠢ ᠳᠠᠯ᠎ᠠ ᠡᠴᠡ ᠠᠭᠤᠯᠠ ᠵᠢᠯᠠᠭ᠎ᠠ ᠳᠤ ᠭᠦᠷᠳᠡᠯ᠎ᠡ ᠬᠤᠪᠢᠰᠬᠠᠯ ᠤᠨ ᠰᠢᠨ᠎ᠠ ᠠᠶ᠎ᠠ ᠳᠠᠭᠤᠤ ᠴᠤᠤᠷᠢᠶᠠᠳᠤᠨ ᠠᠷᠠᠤᠨ ᠲᠦᠮᠡᠨ ᠵᠢᠩᠭᠢᠨᠢ ᠪᠠᠷ ᠪᠣᠰᠤᠨ ᠵᠤᠭᠰᠤᠯ᠎ᠠ ᠁

ᠣᠯᠠᠭᠠᠨ ᠤ ᠬᠤᠪᠢᠰᠬᠠᠯ ᠢᠯᠠᠯᠳᠠ ᠣᠯᠤᠨ᠂ ᠫᠠᠭᠳᠠᠭᠠᠷ ᠳᠡᠭᠡᠷᠡᠮ ᠤᠳ ᠳᠤᠳᠠᠭᠠᠨ ᠭᠠᠷᠤᠭᠰᠠᠨ ᠤ ᠰᠡᠭᠦᠯᠡᠷ ᠳᠠᠢ᠌ᠨ ᠤ ᠬᠠᠷ᠎ᠠ ᠫᠢᠵᠢ ᠵᠤᠭᠰᠤᠨ ᠠᠷᠠᠤᠨ ᠲᠦᠮᠡᠨ ᠨᠡᠢ᠌ᠭᠡᠮ ᠵᠢᠷᠤᠮᠳᠤ ᠭᠠᠵᠠᠷ ᠳᠠᠷᠢᠶᠠᠨ ᠤ ᠥᠭᠡᠷᠡᠴᠢᠯᠡᠯᠳᠡ ᠭᠢᠵᠤ ᠰᠢᠨ᠎ᠠ ᠬᠤᠪᠢᠰᠬᠠᠯ ᠡᠭᠢᠯᠡᠯ᠎ᠡ᠁

ᠠᠷᠢᠭᠤᠨ ᠴᠠᠭᠠᠨ ᠣᠷᠳᠤᠨ ᠤ ᠡᠮᠦᠨ᠎ᠡ ᠣᠯᠠᠭᠠᠨ ᠳᠤᠭ ᠨᠠᠮᠢᠷᠠᠨ᠂ ᠬᠤᠪᠢᠰᠬᠠᠯ ᠢᠯᠠᠯᠳᠠ ᠣᠯᠤᠭᠰᠠᠨ ᠣᠷᠢᠶ᠎ᠠ ᠯᠤᠤᠽᠤᠩ ᠭᠡᠷᠡᠮ ᠬᠠᠨ᠎ᠠ ᠳᠡᠭᠡᠷ᠎ᠡ ᠨᠠᠭᠠᠨ᠂ ᠰᠢᠨ᠎ᠠ ᠳᠤᠮᠳᠠᠳᠤ ᠣᠯᠤᠰ ᠪᠠᠢ᠌ᠭᠤᠯᠤᠭᠳᠠᠭᠰᠠᠨ ᠢ ᠪᠠᠶᠠᠷᠯᠠᠨ ᠪᠠᠯᠭᠡᠯᠡᠨ᠂ ᠭᠤᠪᠢ ᠠᠢ᠌ᠮᠠᠭ ᠢ ᠴᠢᠯᠦᠭᠡᠯᠡᠭ᠍ᠰᠡᠨ ᠳ᠋ᠠᠮᠪᠠ ᠪᠠᠳᠦᠰᠦ᠋ᠭᠡ ᠪᠠ ᠪᠠᠯᠤ ᠳᠠᠷᠤᠭ᠎ᠠ ᠵᠠᠩ ᠱᠦᠵᠢ ᠨᠡᠷ ᠪᠦᠭᠦ ᠭᠤᠪᠢ ᠠᠢ᠌ᠮᠠᠭ ᠤᠨ ᠣᠯᠠᠨ ᠲᠦᠮᠡᠨ ᠢ ᠴᠤᠭᠯᠠᠭᠤᠯᠤᠨ᠂ ᠣᠯᠠᠨ ᠲᠦᠮᠡᠨ ᠳᠤ ᠦᠵᠡᠯ ᠰᠠᠨᠠᠭᠠᠨ ᠤ ᠭᠦᠮᠦᠵᠢᠯ ᠭᠢᠨ᠂ ᠡᠪ ᠬᠠᠮᠳᠤ ᠶᠤᠰᠤᠨ ᠤ ᠣᠤᠠᠬ᠎ᠠ ᠴᠢᠨᠠᠷ᠂ ᠳᠤᠮᠳᠠᠳᠤ ᠣᠯᠤᠰ ᠤᠨ ᠴᠢᠯᠦᠭᠡᠯᠡᠯᠳᠡ ᠶᠢᠨ ᠳᠠᠢ᠌ᠨ ᠤ ᠭᠦᠴᠢᠷ ᠪᠠᠷᠭᠡᠰᠢᠶᠡᠯᠲᠤ ᠳᠠᠮᠠᠴᠠᠯ ᠤᠨ ᠱᠠᠳᠤ ᠦᠶ᠎ᠡ ᠶᠢ ᠰᠤᠨᠤᠰᠬᠠᠨ᠂ ᠤᠷᠢᠳᠤ ᠶᠢᠨ ᠪᠠᠶᠠᠤᠨ ᠨᠤᠶᠠᠤᠨ ᠪᠣᠷᠤᠭᠤ ᠪᠠᠨ ᠬᠠᠯᠠᠨ ᠰᠢᠨ᠎ᠠ ᠶᠢ ᠳᠠᠭᠠᠵᠤ ᠬᠤᠯᠠ ᠶᠢ ᠬᠠᠷᠠᠨ᠂ ᠠᠷᠠᠤᠨ ᠲᠦᠮᠡᠨ ᠢ ᠪᠣᠳᠤᠬᠤ ᠵᠡᠷᠭᠡ ᠶᠢ ᠣᠢ᠌ᠯᠠᠭᠠᠭᠤᠯᠤᠨ᠂ ᠡᠷᠦᠭᠡ ᠪᠦᠷᠢ ᠮᠠᠤ ᠵᠦᠰᠢ ᠶᠢᠨ ᠰᠡᠭᠦᠳᠡᠷ ᠢ ᠭᠡᠷ ᠲᠡᠭᠡᠨ ᠡᠯᠭᠦᠨ ᠡᠨᠡ ᠭᠦᠮᠤᠨ ᠦᠭᠡᠶ ᠪᠣᠯ ᠪᠢᠳᠠᠨ ᠤ ᠦᠨᠦᠳᠤᠷ ᠪᠠᠢ᠌ᠵᠤ ᠴᠢᠳᠠᠬᠤ ᠦᠭᠡᠶ᠂ ᠮᠠᠤ ᠵᠦᠰᠢ ᠲᠦᠮᠡᠨ ᠨᠠᠰᠤᠯᠠᠳᠤᠭᠠᠢ᠂ ᠲᠦᠮᠡᠨ ᠲᠦᠮᠡᠨ ᠨᠠᠰᠤᠯᠳᠤᠭᠠᠢ ᠭᠡᠵᠤ ᠬᠤᠭᠤᠯᠠ ᠢᠳᠡᠭᠦ ᠡᠴᠡ ᠡᠮᠦᠨ᠎ᠡ ᠭᠡᠯᠡᠭᠦ ᠳᠤᠩ ᠰᠠᠢ᠌ᠬᠠᠨ ᠵᠠᠩᠰᠢᠯ ᠢ ᠪᠣᠢ ᠪᠣᠯᠭᠠᠭᠰᠠᠨ ᠪᠠᠢ᠌ᠨ᠎ᠠ᠃

ᠲ᠋ᠠᠭᠢᠭᠠᠤᠨ ᠪᠠᠶᠠᠤᠨ ᠨᠤᠶᠠᠤᠨ ᠤᠨ ᠭᠠᠵᠠᠷ ᠳᠠᠷᠢᠶ᠎ᠠ ᠶᠢ ᠬᠤᠷᠢᠶᠠᠨ ᠠᠪᠴᠤ᠂ ᠠᠷᠠᠤᠨ ᠲᠦᠮᠡᠨ ᠳᠤ ᠬᠤᠪᠢᠶᠠᠨ ᠥᠭ᠍ᠴᠤ ᠪᠠᠶᠠᠤᠨ ᠨᠤᠶᠠᠤᠨ᠂ ᠭᠠᠵᠠᠷ ᠤᠨ ᠡᠵᠡᠨ ᠤ ᠡᠷᠭᠡ ᠶᠢ ᠠᠪᠤᠨ᠂ ᠣᠯᠠᠨ ᠲᠦᠮᠡᠨ ᠳᠤ ᠪᠣᠷᠤᠭᠤ ᠭᠦᠯᠢᠶᠡᠨ ᠦᠪᠡᠷ ᠤᠨ ᠶᠠᠯ᠎ᠠ ᠪᠠᠨ ᠦᠪᠠᠰᠤᠪᠠᠨ ᠶᠠᠷᠢᠨ᠂ ᠣᠯᠠᠨ ᠲᠦᠮᠡᠨ ᠡᠴᠡ ᠠᠭᠤᠴᠢᠯᠠᠯ ᠭᠦᠰᠡᠭᠦ ᠶᠢ ᠭᠤᠶᠤᠯᠭᠠᠨ᠎ᠠ ᠭᠡᠵᠤ ᠵᠠᠷᠯᠢᠭ ᠪᠠᠭᠤᠪᠠ᠃ ᠪᠦᠭᠦ ᠳᠤᠮᠳᠠᠳᠤ ᠣᠯᠤᠰ ᠲᠤ ᠡᠨᠡ ᠮᠠᠳᠤ ᠰᠢᠨ᠎ᠠ ᠬᠤᠪᠢᠰᠬᠠᠯ ᠡᠭᠢᠯᠡᠭ᠍ᠰᠡᠨ ᠦᠶ᠎ᠡ ᠳᠤ ᠵᠡᠭᠡᠷᠭᠡᠡᠳᠤ ᠶᠢᠨ ᠵᠢᠮᠪᠠ ᠦᠨᠦᠷ ᠠᠪᠣᠭᠰᠠᠨ ᠴᠢᠨ᠋ᠸ᠎ᠠ ᠱᠢᠭ ᠬᠦᠬᠡ‍ᠨᠠᠭᠤᠷ ᠵᠥᠭ᠌ ᠵᠢᠯᠢᠢᠨ ᠴᠠᠢ᠌ᠳᠠᠮ ᠤᠨ ᠴᠠᠢ᠌ᠳᠠᠮ ᠪᠠᠶᠠᠨ ᠴᠠᠭ ᠤᠨ ᠪᠠᠢ᠌ᠳᠠᠯ ᠤᠨ ᠣᠷᠤᠭ᠎ᠠ ᠪᠣᠰᠬᠠᠭ᠎ᠠ ᠶᠢ ᠦᠵᠡᠨ ᠮᠤᠯᠤᠷ ᠢ ᠳᠤᠳᠤᠷ ᠭᠠᠵᠠᠷ ᠭᠢᠳᠠᠤᠨ ᠤᠨ ᠡᠮᠦᠨ᠎ᠡ ᠣᠷᠤᠨ ᠵᠥᠭ᠌ ᠠᠷᠠᠯᠵᠢᠶ᠎ᠠ ᠮᠠᠢ᠌ᠮᠠᠢ ᠭᠢᠭᠦ ᠮᠠᠶ‍ᠢᠭ ᠶᠢᠡᠷ ᠶᠠᠪᠣᠭᠤᠯᠤᠭᠰᠠᠨ ᠡᠴᠡ ᠬᠤᠪᠢᠰᠬᠠᠯ ᠤᠨ ᠬᠠᠯᠠᠭᠤᠷᠠᠯ ᠳᠤ ᠴᠠᠢ᠌ᠳᠠᠮ ᠨᠠᠰᠤ ᠪᠠᠷᠠᠵᠤ ᠮᠤᠯᠤᠷ ᠳᠠᠷᠠ ᠵᠢᠯ ᠠᠬ᠎ᠠ ᠪᠠᠨ ᠥᠵᠡᠭᠦ ᠪᠠᠷ ᠢᠷᠡᠭ᠍ᠰᠡᠨ ᠡᠴᠡ ᠳᠠᠭᠢᠭᠠᠤᠨ ᠮᠤᠯᠤᠷ ᠤᠨ ᠪᠠᠷ᠎ᠠ ᠰᠤᠷᠠᠭ ᠦᠭᠡᠶ᠁ ᠥᠯᠢᠭᠡᠷ ᠤᠨ ᠭᠤᠤᠯ ᠣᠢ᠌ᠯᠠ ᠶᠠᠪᠣᠳᠠᠯ ᠣᠳᠤ ᠠᠷᠢᠭᠤᠨ ᠴᠠᠭᠠᠨ ᠣᠷᠳᠤᠨ ᠡᠴᠡ ᠡᠭᠦᠰᠦᠨ᠎ᠡ ⁈

ᠠᠷᠢᠭᠤᠨ ᠴᠠᠭᠠᠨ ᠣᠷᠳᠤᠨ ᠤ ᠡᠮᠦᠨᠡᠭᠦᠷ ᠬᠣᠢ᠌ᠭᠤᠷ ᠬᠤᠶᠠᠷ ᠫᠠᠢ᠌ᠰᠠ ᠰᠢᠪᠠᠷ ᠭᠡᠷ ᠣᠷᠳᠤ ᠭᠡᠷ ᠪᠣᠰᠤᠨ ᠳᠡᠭᠡᠷᠡᠭᠢ ᠣᠳᠤᠷᠢᠳᠤᠯᠭ᠎ᠠ ᠪᠠ ᠡᠷᠦᠭᠡ ᠶᠢᠨ ᠴᠡᠷᠢᠭ᠌ ᠤᠨ ᠳᠠᠷᠤᠭ᠎ᠠ ᠨᠡᠷ ᠰᠠᠭᠤᠨ᠂ ᠭᠦᠳᠡᠭᠡ ᠳᠤᠰᠬᠤᠨ ᠤ ᠭᠠᠵᠠᠷ ᠳᠠᠷᠢᠶᠠᠨ ᠤ ᠥᠭᠡᠷᠴᠢᠯᠡᠯᠳᠡ ᠵᠢᠩᠭᠢᠨᠢ ᠪᠠᠷ ᠡᠭᠢᠯᠡᠪᠡ᠃ ᠠᠷᠢᠭᠤᠨ ᠴᠠᠭᠠᠨ ᠣᠷᠳᠤᠨ ᠤ ᠨᠠᠷ᠎ᠠ ᠶᠢ ᠬᠠᠯᠠᠵᠤ ᠭᠡᠭᠡᠨ ᠣᠷᠳᠤ ᠭᠡᠪᠡ᠃ ᠤᠢ᠌ᠷ᠎ᠡ ᠬᠠᠪᠢ ᠶᠢᠨ ᠠᠷᠠᠤᠨ ᠲᠦᠮᠡᠨ ᠢ ᠨᠡᠢ᠌ᠯᠡᠭᠦᠯᠤᠨ ᠭᠦᠳᠡᠭᠡ ᠳᠤᠰᠬᠤᠨ ᠤ ᠵᠠᠰᠠᠭ ᠵᠠᠭᠢᠷᠠᠭ᠎ᠠ ᠶᠢ ᠪᠠᠢ᠌ᠭᠤᠯᠤᠨ ᠳᠡᠭ᠍ᠷᠢ ᠭᠠᠵᠠᠷ ᠣᠷᠪᠠᠭᠰᠠᠨ ᠶᠡᠭᠡ ᠬᠤᠪᠢᠷᠠᠯᠳᠠ ᠭᠠᠷᠪᠠ᠃

ᠭᠡᠳᠤᠨ ᠡᠳᠦᠷ ᠤᠨ ᠳᠠᠷᠠᠭ᠎ᠠ ᠠᠷᠪᠠ ᠢᠯᠡᠭᠦᠤ ᠡᠷᠦᠭᠡ ᠶᠢᠨ ᠴᠡᠷᠢᠭ᠌ ᠪᠠ ᠳᠡᠷᠭᠡ ᠭᠦᠰᠭᠡ ᠶᠢ ᠳᠠᠭᠠᠭᠤᠯᠤᠨ ᠳ᠋ᠠᠮᠪᠠ ᠳᠠᠷᠤᠭ᠎ᠠ ᠮᠠᠩᠬᠠᠳᠤ ᠶᠢᠨ ᠨᠠᠮᠰᠠᠷᠠᠢ ᠶᠢᠨ ᠶᠤᠭᠤᠷ ᠲᠤ ᠪᠠᠭᠤᠪᠠ᠃ ᠡᠪᠦᠭᠡᠨ ᠨᠠᠮᠰᠠᠷᠠᠢ ᠰᠠᠷ᠎ᠠ ᠢᠯᠡᠭᠦᠤ ᠶᠢᠨ ᠣᠬᠠᠭᠤᠯᠭ᠎ᠠ ᠪᠠ ᠭᠢᠴᠢᠶᠡᠯ ᠭᠦᠮᠦᠵᠢᠯ ᠢ ᠭᠦᠷᠳᠡᠭᠡᠳ ᠬᠤᠪᠢᠰᠬᠠᠯ ᠤᠨ ᠡᠮᠦᠨ᠎ᠡ ᠡᠪᠦᠳᠦᠭ᠌ ᠰᠥᠭᠦᠷᠡᠨ ᠰᠥᠭᠦᠳᠴᠤ ᠠᠷᠠᠤᠨ ᠤᠨ ᠬᠤᠪᠢᠰᠬᠠᠯ ᠭᠡᠳᠡᠭ᠌ ᠠᠷᠢᠶᠠᠯᠪᠣᠤ ᠪᠣᠷᠬᠠᠨ ᠡᠴᠡ ᠢᠯᠡᠭᠦᠤ ᠭᠡᠳ ᠦᠨᠡᠨ ᠰᠡᠳᠭᠢᠯ ᠡᠴᠡ ᠪᠠᠨ ᠪᠢᠰᠢᠷᠠᠨ ᠳ᠋ᠠᠮᠪᠠ ᠳᠠᠷᠤᠭ᠎ᠠ ᠡᠭᠦᠳᠡᠨ ᠳᠤ ᠢᠷᠡᠭᠦ ᠲᠡᠶ ᠵᠡᠷᠭᠡ ᠡᠪᠦᠭᠡᠨ ᠨᠠᠮᠰᠠᠷᠠᠢ ᠡᠮᠦᠨ᠎ᠡ ᠭᠡᠳᠤᠨ ᠡᠳᠦᠷ ᠡᠴᠡ ᠪᠡᠯᠡᠳᠭᠡᠨ ᠪᠠᠢ᠌ᠭᠰᠠᠨ ᠳᠠᠩᠰᠠ ᠬᠠᠷ᠎ᠠ ᠪᠦᠭᠦᠨ ᠶᠢᠡᠨ ᠳᠤᠰᠢᠶᠠᠨ ᠮᠤᠷᠢᠨ ᠱᠤᠩ ᠤᠨ ᠳᠡᠷᠭᠡᠳᠡ ᠳ᠋ᠠᠮᠪᠠ ᠳᠠᠷᠤᠭ᠎ᠠ ᠶᠢᠨ ᠮᠤᠷᠢᠨ ᠴᠤᠯᠪᠣᠭᠤᠷ ᠢ ᠠᠳᠬᠤᠨ ᠵᠤᠭᠰᠤᠨ᠎ᠠ᠃ ᠡᠨᠡ ᠥᠨᠡᠭᠡᠷ᠄

ᠦᠴᠦᠭᠡᠳᠦᠷ ᠰᠠ‍‌ᠶᠢ ᠨᠡᠭᠡᠢ ᠳᠠᠪᠠᠯ ᠲᠡᠶ ᠴᠠᠴᠠᠷᠠᠨ ᠳᠠᠭᠵᠠᠢ᠌ᠨ ᠠᠳᠠᠯ᠎ᠠ

ᠦᠨᠦᠳᠤᠷ ᠬᠠᠷᠢᠨ ᠯᠤᠤᠳᠤ ᠮᠠᠩᠨᠤᠭ ᠲᠤᠷ ᠰᠡᠳᠭᠢᠯ ᠦᠯᠦ ᠬᠠᠨᠤᠮᠤᠢ᠃

ᠭᠡᠳᠡᠭ᠍ᠴᠢᠯᠡᠨ ᠳᠤᠷᠭᠠᠨ ᠳᠠᠪᠠᠯ ᠡᠮᠦᠰᠤᠨ᠂ ᠳᠤᠰᠤᠨ ᠳᠡᠭᠡᠷ᠎ᠡ ᠭᠤᠯᠭᠤᠨ ᠳᠤᠤᠷᠠᠭᠢ ᠬᠡᠦᠬᠡᠳ ᠢ ᠵᠠᠩᠳᠤᠨ ᠳᠡᠭᠡᠷᠡᠩᠭᠦᠢᠯᠡᠵᠤ ᠪᠠᠢ᠌ᠭᠰᠠᠨ ᠪᠠᠶᠠᠨ ᠨᠢᠭᠡᠨ ᠦᠳᠡᠰᠢ ᠶᠢᠨ ᠳᠤᠳᠤᠷ᠎ᠠ ᠳᠤᠤᠷ᠎ᠠ ᠣᠷᠤᠨ ᠣᠷᠤᠭᠤ ᠣᠷᠤᠰᠴᠤ᠂ ᠮᠤᠷᠢᠨ ᠱᠤᠩ ᠤᠨ ᠳᠡᠷᠭᠡᠳᠡ ᠮᠤᠷᠢ ᠠᠳᠬᠤᠨ ᠵᠤᠭᠰᠤᠬᠤ ᠭᠡᠳᠡᠭ᠌ ᠪᠣᠯ ᠠᠷᠠᠤᠨ ᠤᠨ ᠬᠤᠪᠢᠰᠬᠠᠯ ᠤᠨ ᠠᠰᠤᠷᠤ ᠳᠤᠮᠤ ᠭᠦᠴᠤᠨ ᠴᠢᠳᠠᠯ ᠢ ᠢᠯᠡᠳᠭᠡᠵᠤ ᠪᠠᠢ᠌ᠬᠤ ᠨᠢ ᠳᠠᠮᠵᠢᠭ ᠦᠭᠡᠶ᠂ ᠠᠷᠠᠤᠨ ᠤᠨ ᠬᠤᠪᠢᠰᠬᠠᠯ ᠭᠤᠪᠢ ᠵᠤ᠋ ᠥᠯᠡᠳᠡᠭᠡᠯ ᠦᠭᠡᠶ ᠣᠯᠠᠭᠠᠨ ᠭᠠᠯ ᠰᠢᠭ᠌ ᠣᠯᠠᠪᠠᠯᠵᠠᠨ ᠨᠤᠴᠤᠨ᠎ᠠ᠃

ᠳᠠᠮᠪᠠ ᠠᠷᠪᠠ ᠢᠯᠡᠭᠦᠤ ᠡᠷᠦᠭᠡ ᠶᠢᠨ ᠴᠡᠷᠢᠭ᠌ ᠢ ᠵᠠᠩᠳᠤᠷᠤᠨ ᠨᠠᠮᠰᠠᠷᠠᠢ ᠶᠢᠨ ᠠᠯᠢ ᠣᠯᠠᠨ ᠵᠣᠢ᠌ᠯ ᠢ ᠳᠤᠭ᠎ᠠ ᠪᠦᠷᠢᠳᠭᠡᠨ ᠳᠠᠩᠰᠠ ᠬᠠᠷ᠎ᠠ ᠲᠡᠶ ᠨᠡᠢ᠌ᠯᠡᠭᠦᠯᠤᠨ ᠭᠠᠳᠠᠨ᠎ᠠ ᠳᠡᠷᠭᠡᠨ ᠳᠤ ᠳᠡᠭᠡᠭᠡᠵᠤ ᠠᠳᠤᠭᠤ ᠮᠠᠯ ᠠᠷᠭᠠᠯ ᠬᠤᠮᠤᠤᠯ ᠳᠤ ᠳᠤᠯᠳᠠᠯ᠎ᠠ ᠥᠯᠡᠳᠡᠭᠡᠯ ᠦᠭᠡᠶ ᠪᠦᠳᠤᠨ ᠳᠠᠪᠤᠨ ᠡᠳᠦᠷ ᠤᠨ ᠴᠦᠯᠪᠠᠯᠳᠠ ᠪᠠᠷ ᠨᠠᠮᠰᠠᠷᠠᠢ ᠪᠠᠶᠠᠨ ᠤ ᠳᠦᠷᠪᠠᠯᠵᠢᠨ ᠭᠦᠷᠢᠶ᠎ᠡ᠂ ᠬᠤᠶᠠᠷ ᠳᠠᠯ᠎ᠠ ᠳᠠᠭᠠᠨ ᠫᠣᠤᠯᠤ ᠲᠡᠶ ᠭᠦᠷᠢᠶᠡᠨ ᠳᠤᠳᠤᠷ᠎ᠠ ᠰᠦᠷᠯᠢᠭ᠌ ᠪᠠᠷᠢᠭᠰᠠᠨ ᠭᠦᠭᠡ ᠸᠠᠭᠠᠷ ᠤᠨ ᠪᠠᠢ᠌ᠰᠢᠩ᠂ ᠳᠠᠪᠤᠨ ᠵᠠᠯᠠᠨ ᠵᠤᠴᠢᠳ ᠪᠠᠭᠤᠳᠠᠯᠯᠠᠬᠤ ᠭᠡᠷ᠂ ᠬᠤᠭᠤᠯᠠ ᠪᠠᠵᠠᠭᠠᠬᠤ ᠭᠡᠷ᠂ ᠠᠷᠤ ᠳᠤᠬᠤᠨ ᠭᠡᠷ ᠲᠤ ᠳᠤᠯᠳᠠᠯ᠎ᠠ ᠣᠳᠠᠷᠠᠵᠤ ᠨᠢᠴᠠᠯᠠᠨ ᠳᠤᠭᠤᠰᠭ᠎ᠠ ᠴᠢᠯᠠᠭᠤ ᠶᠢ ᠨᠢ ᠪᠠᠭᠤᠯᠭᠠᠨ ᠠᠪᠴᠤ᠂ ᠡᠪᠳᠡᠷᠭᠡᠢ ᠪᠠᠢ᠌ᠰᠢᠭ᠌ ᠬᠠᠭᠠᠷᠬᠠᠢ ᠡᠭᠦᠳᠡ ᠲᠡᠶ ᠥᠯᠡᠳᠡᠭᠡᠨ ᠡᠪᠦᠭᠡᠨ ᠨᠠᠮᠰᠠᠷᠠᠢ ᠶᠢ ᠮᠤᠷᠢᠨ ᠤ ᠡᠮᠦᠨ᠎ᠡ ᠭᠦᠭᠡᠭᠡᠵᠤ ᠶᠠᠪᠠᠭᠠᠨ ᠶᠢᠡᠷ ᠭᠡᠭᠡᠨ ᠣᠷᠳᠤᠨ ᠵᠥᠭ᠌ ᠳᠠᠭᠤᠨ᠎ᠠ᠃

ᠲ᠋ᠠᠪᠢ ᠥᠩᠭᠡᠷᠡᠭ᠍ᠰᠡᠨ ᠨᠠᠮᠰᠠᠷᠠᠢ ᠡᠪᠦᠭᠡᠨ ᠠᠷᠭ᠎ᠠ ᠦᠭᠡᠶ ᠠᠷᠠᠤᠨ ᠤᠨ ᠬᠤᠪᠢᠰᠬᠠᠯ ᠤᠨ ᠳᠤᠤᠷ᠎ᠠ ᠨᠢᠷᠤᠭᠤ ᠪᠦᠭᠦᠢᠨ ᠮᠤᠷᠢᠨ ᠤ ᠡᠮᠦᠨ᠎ᠡ ᠱᠤᠭᠰᠢᠨ ᠭᠦᠶ‍ᠦᠨ᠎ᠡ᠃ ᠪᠦᠳᠤᠨ ᠡᠳᠦᠷ ᠤᠨ ᠭᠦᠶ‍ᠦᠭᠡ ᠪᠠᠷ ᠭᠡᠭᠡᠨ ᠣᠷᠳᠤᠨ ᠤ ᠰᠢᠨᠡᠭᠡᠨ ᠪᠠᠷᠢᠭᠰᠠᠨ ᠭᠦᠭᠡ ᠸᠠᠭᠠᠷ ᠤᠨ ᠬᠤᠪᠢᠰᠬᠠᠯ ᠤᠨ ᠡᠷᠭᠢᠯᠡᠭᠦ ᠠᠯᠪᠠᠨ ᠭᠡᠷ ᠲᠤ ᠢᠷᠠᠨ ᠨᠠᠮᠰᠠᠷᠠᠢ ᠶᠢ ᠣᠴᠣᠢ᠌ᠨ ᠰᠠᠭᠤᠯᠭᠠᠪᠠ᠃ ᠳᠠᠮᠠᠢ ᠣᠳᠠᠯ ᠦᠭᠡᠶ ᠦᠶ᠎ᠡ ᠬᠤᠷᠠᠭ ᠤᠨ ᠭᠢᠨ ᠭᠡᠡᠵᠦᠦᠷ ᠪᠠᠶᠠᠨ᠂ ᠰᠸᠷᠠᠪ ᠪᠠᠶᠠᠨ᠂ ᠪᠣᠢ᠌ᠳᠠ ᠴᠡᠪᠠᠭ᠍ᠵᠡᠪ᠂ ᠳᠠᠳᠠᠨ ᠤ ᠡᠭᠡᠨᠡᠷ ᠬᠡᠦᠬᠡᠳ ᠢ ᠠᠪᠴᠤ ᠢᠷᠠᠨ ᠬᠣᠢ᠌ᠨ᠎ᠠ ᠬᠣᠢ᠌ᠨ᠎ᠠ ᠡᠴᠡ ᠪᠠᠨ ᠣᠴᠣᠢ᠌ᠨ ᠰᠠᠭᠤᠯᠭᠠᠪᠠ᠃ ᠬᠤᠪᠢᠰᠬᠠᠯ ᠡᠷᠭᠢᠯᠡᠭᠦ ᠠᠯᠪᠠᠨ ᠭᠡᠷ ᠤᠨ ᠭᠠᠳᠠ ᠡᠷᠦᠭᠡ ᠶᠢᠨ ᠴᠡᠷᠢᠭ᠌ ᠬᠤᠶᠠᠷ ᠬᠤᠶᠠᠷ ᠶᠢᠡᠷ ᠫᠣᠤ ᠪᠠᠷᠢᠨ ᠵᠤᠭᠰᠤᠨ᠂ ᠠᠯᠢ ᠣᠯᠠᠨ ᠪᠠᠶᠠᠤᠨ ᠨᠤᠶᠠᠤᠨ ᠤᠨ ᠡᠳ᠋ ᠬᠤᠭᠰᠢᠯ ᠢ ᠰᠢᠨᠡᠭᠡᠨ ᠪᠠᠷᠢᠵᠤ ᠪᠠᠢ᠌ᠭ᠎ᠠ ᠭᠡᠷ ᠲᠤ ᠣᠷᠤᠭᠤᠯᠤᠨ ᠳᠤᠭ᠎ᠠ ᠳᠠᠩᠰᠠ ᠶᠢ ᠨᠢ ᠪᠠᠳᠦᠰᠦ᠋ᠭᠡ ᠪᠢᠴᠢᠨ᠎ᠠ᠃

ᠣᠳᠠᠯ ᠦᠭᠡᠶ ᠷᠧ ᠾᠧ ᠮᠤᠵᠢ ᠶᠢᠨ ᠳᠡᠭᠡᠳᠤ ᠵᠠᠰᠠᠭ ᠵᠠᠭᠢᠷᠠᠭ᠎ᠠ ᠡᠴᠡ ᠴᠢᠮᠡᠭᠡ ᠢᠷᠠᠨ ᠵᠢᠩᠭᠢᠨᠢ ᠪᠠᠷ ᠭᠤᠪᠢ ᠠᠢ᠌ᠮᠠᠭ ᠤᠨ ᠳᠠᠷᠤᠭ᠎ᠠ ᠶᠢ ᠳ᠋ᠠᠮᠪᠠ ᠪᠠᠷ ᠳᠤᠮᠢᠯᠠᠨ᠂ ᠳᠠᠭᠢᠨ ᠡᠷᠦᠭᠡ ᠶᠢᠨ ᠴᠡᠷᠢᠭ᠌ ᠤᠨ ᠳᠠᠷᠤᠭ᠎ᠠ ᠶᠢ ᠪᠣᠤᠱᠠᠨ ᠶᠢᠡᠷ ᠳᠤᠮᠢᠯᠠᠨ᠂ ᠰᠤᠷᠳᠠᠯ ᠣᠬᠠᠭᠤᠯᠬᠤ ᠺᠤᠮᠢᠰ ᠢ ᠰᠢᠨ᠎ᠠ ᠪᠠᠷ ᠪᠠᠢ᠌ᠭᠤᠯᠤᠨ ᠮᠤᠯᠤᠮ᠂ ᠷᠤᠯᠭᠠᠷᠮ᠎ᠠ᠂ ᠢᠳᠡᠪᠭᠢ ᠨᠡᠷ ᠢ ᠳᠤᠮᠢᠯᠠᠨ ᠨᠠᠮ ᠤᠨ ᠡᠭᠦᠷ ᠤᠨ ᠱᠦᠵᠢ ᠶᠢ ᠸᠠᠩ ᠵᠢᠶᠠᠨ ᠢ ᠳᠤᠮᠢᠯᠠᠪᠠ᠃ ᠪᠠᠳᠦᠰᠦ᠋ᠭᠡ᠂ ᠳᠠᠮᠤᠷ᠎ᠠ ᠨᠡᠷ ᠢ ᠴᠤ ᠳᠤᠰ ᠳᠤᠰ ᠣᠤᠯ ᠤᠨ ᠳᠤᠰᠢᠶᠠᠯ ᠢ ᠨᠢ ᠡᠭᠦᠷᠭᠡᠯᠡᠭᠦᠯᠪᠡ᠃

ᠭᠤᠪᠢ ᠠᠢ᠌ᠮᠠᠭ ᠤᠨ ᠭᠦᠳᠡᠭᠡ ᠳᠤᠰᠬᠤᠨ ᠤ ᠵᠠᠰᠠᠭ ᠵᠠᠭᠢᠷᠠᠭᠠᠨ ᠤ ᠺᠤᠮᠢᠰ ᠨᠢᠭᠡᠨᠲᠡ ᠪᠦᠷᠢᠯᠳᠤᠨ ᠲᠦᠯᠤᠪᠰᠢᠷᠠᠨ᠂ ᠣᠯᠠ ᠮᠦᠷ ᠶᠢᠡᠨ ᠣᠯᠵᠤ᠂ ᠭᠠᠵᠠᠷ ᠳᠠᠷᠢᠶᠠᠨ ᠤ ᠥᠭᠡᠷᠡᠴᠢᠯᠡᠯᠳᠡ ᠶᠢᠨ ᠳᠦᠷᠢᠮ ᠨᠠᠢ᠌ᠳᠠᠪᠣᠷᠢᠳᠠᠢ ᠶᠠᠪᠣᠭᠳᠠᠨ ᠵᠢᠯ ᠤᠨ ᠡᠴᠦᠰ ᠪᠣᠯᠬᠤ ᠳᠤ ᠪᠦᠭᠦ ᠭᠤᠪᠢ ᠠᠢ᠌ᠮᠠᠭ ᠤᠨ ᠠᠷᠠᠤᠨ ᠲᠦᠮᠡᠨ ᠢ ᠴᠤᠭᠯᠠᠭᠤᠯᠤᠨ ᠨᠠᠮ ᠤᠨ ᠡᠭᠦᠷ ᠤᠨ ᠱᠦᠵᠢ ᠸᠠᠩ ᠵᠢᠶᠠᠨ ᠡᠴᠡ ᠶᠠᠷᠢᠶ᠎ᠠ ᠳᠠᠯᠪᠢᠨ ᠣᠤᠯ ᠤᠨ ᠠᠯᠢ ᠣᠯᠠᠨ ᠪᠠᠶᠠᠤᠨ ᠨᠤᠶᠠᠤᠨ᠂ ᠹᠧᠤᠳᠠᠯ ᠤᠨ ᠭᠠᠵᠠᠷ ᠤᠨ ᠡᠵᠡᠨ ᠢ ᠪᠦᠭᠦᠢᠴᠡᠯᠭᠡᠭᠦ ᠭᠦᠳᠡᠯᠭᠡᠭᠡᠨ ᠦᠷᠨᠢᠵᠠᠢ᠃

ᠣᠤᠯ ᠤᠨ ᠠᠷᠢᠭᠤᠨ ᠴᠠᠭᠠᠨ ᠣᠷᠳᠤᠨ ᠢ ᠨᠤᠷᠠᠭᠠᠵᠤ ᠰᠠᠭᠤᠷᠢᠨ ᠳᠡᠭᠡᠷ᠎ᠡ ᠨᠢ ᠰᠢᠨ᠎ᠠ ᠪᠠᠷ ᠭᠦᠭᠡ ᠸᠠᠭᠠᠷ ᠤᠨ ᠠᠷᠠᠤᠨ ᠤᠨ ᠵᠠᠰᠠᠭ ᠤᠨ ᠣᠷᠳᠤᠨ ᠢ ᠪᠠᠢ᠌ᠭᠤᠯᠵᠤ᠂ ᠵᠠᠰᠠᠭ ᠤᠨ ᠣᠷᠳᠤᠨ ᠤ ᠭᠦᠷᠢᠶᠡᠨ ᠳᠤᠮᠳᠠ ᠠᠰ ᠶᠢᠡᠷ ᠪᠦᠳᠦᠭᠦᠨ ᠳᠠᠢ᠌ᠰᠠ ᠵᠤᠬᠢᠶᠠᠨ᠂ ᠳᠠᠢ᠌ᠰᠠᠨ ᠤ ᠳᠡᠭᠡᠷ᠎ᠡ ᠳᠠᠯ᠎ᠠ ᠳᠤ ᠨᠢᠭᠡ ᠮᠦᠷ ᠣᠳᠤᠷᠢᠳᠬᠤ ᠭᠦᠮᠦᠰ ᠰᠠᠭᠤᠨ ᠳᠠᠢ᠌ᠰᠠᠨ ᠤ ᠳᠤᠤᠷ᠎ᠠ ᠨᠢᠭᠡ ᠮᠦᠷ ᠡᠷᠦᠭᠡ ᠶᠢᠨ ᠴᠡᠷᠢᠭ᠌ ᠵᠤᠭᠰᠤᠵᠤ ᠳᠠᠭᠢᠨ ᠪᠠᠶᠠᠤᠨ ᠨᠤᠶᠠᠤᠨ ᠭᠠᠵᠠᠷ ᠤᠨ ᠡᠵᠡᠨ ᠢ ᠮᠦᠷᠯᠡᠭᠦᠯᠤᠨ ᠵᠢᠩᠭᠢᠨᠢ ᠪᠠᠷ ᠪᠦᠭᠦᠢᠴᠡᠯᠭᠡᠭᠦ ᠭᠦᠳᠡᠯᠭᠡᠭᠡᠨ ᠡᠭᠢᠯᠡᠭ᠍ᠰᠡᠨ ᠪᠠᠢ᠌ᠨ᠎ᠠ᠃

ᠬᠤᠶᠠᠷ ᠡᠷᠦᠭᠡ ᠶᠢᠨ ᠴᠡᠷᠢᠭ᠌ ᠨᠠᠮᠰᠠᠷᠠᠢ ᠶᠢᠨ ᠬᠤᠶᠠᠷ ᠭᠠᠷ ᠢ ᠬᠣᠢ᠌ᠰᠢ ᠭᠦᠯᠢᠨ ᠮᠦᠷᠤ ᠶᠢ ᠨᠢ ᠣᠷᠤᠭᠰᠢ ᠪᠠᠨ ᠲᠦᠯᠭᠢᠨ ᠳᠠᠢ᠌ᠰᠠᠨ ᠤ ᠳᠤᠮᠳᠠ ᠠᠪᠴᠢᠷᠠᠨ ᠪᠦᠭᠦᠢᠴᠡᠯᠭᠡᠨ ᠵᠤᠭᠰᠤᠭᠠᠵᠤ ᠣᠯᠠᠨ ᠲᠦᠮᠡᠨ ᠳᠤ ᠪᠣᠷᠤᠭᠤ ᠪᠠᠨ ᠭᠡᠯᠡ︕ ᠭᠡᠳ ᠵᠡᠨᠭ᠍ᠳᠦᠷᠡᠨ ᠬᠠᠰᠭᠢᠷᠤᠨ᠎ᠠ᠃ ᠳᠠᠢ᠌ᠰᠠᠨ ᠤ ᠳᠡᠭᠡᠷ᠎ᠡ ᠭᠤᠤᠯ ᠳᠤᠮᠳᠠ ᠨᠢ ᠰᠠᠭᠤᠭᠰᠠᠨ ᠨᠢ ᠨᠠᠮ ᠤᠨ ᠡᠭᠦᠷ ᠤᠨ ᠱᠦᠵᠢ ᠸᠠᠩ ᠵᠢᠶᠠᠨ᠂ ᠳᠡᠭᠦᠨ ᠦ ᠳᠠᠷᠠᠭ᠎ᠠ ᠠᠢ᠌ᠮᠠᠭ ᠤᠨ ᠳᠠᠷᠤᠭ᠎ᠠ ᠳ᠋ᠠᠮᠪᠠ ᠪᠠ ᠰᠤᠷᠳᠠᠯ ᠣᠬᠠᠭᠤᠯᠬᠤ ᠭᠡᠯᠳᠡᠰ ᠤᠨ ᠳᠠᠷᠤᠭ᠎ᠠ ᠸᠠᠩ ᠬᠤᠩ ᠳᠠᠭᠢᠭᠠᠤᠨ ᠮᠤᠯᠤᠮ᠂ ᠷᠤᠯᠭᠠᠷᠮ᠎ᠠ᠂ ᠪᠠᠳᠦᠰᠦ᠋ᠭᠡ᠂ ᠳᠡᠮᠦᠷ᠎ᠡ᠂ ᠢᠳᠡᠪᠭᠢ ᠨᠡᠷ ᠰᠠᠭᠤᠵᠠᠭᠠᠵᠤ ᠪᠠᠶᠠᠤᠨ ᠨᠤᠶᠠᠤᠨ ᠤᠨ ᠶᠠᠯ᠎ᠠ ᠨᠢᠭᠦᠯ ᠶᠢ ᠨᠢ ᠳᠤᠭᠠᠴᠢᠭᠤᠯᠤᠨ᠎ᠠ᠃

ᠭᠦᠭᠡᠷᠦᠭᠦᠢ︕ ᠨᠠᠮᠰᠠᠷᠠᠢ ᠪᠠᠶᠠᠨ ᠨᠤᠳᠤᠭ ᠨᠢᠷᠤᠭᠤᠨ ᠤ ᠣᠯᠠᠨ ᠲᠦᠮᠡᠨ ᠤ ᠡᠮᠦᠨ᠎ᠡ ᠡᠪᠦᠳᠦᠭ᠌ ᠨᠤᠭᠤᠯᠠᠨ ᠪᠦᠭᠦᠢᠴᠡᠨ ᠰᠥᠭᠦᠳᠴᠤ ᠴᠤᠬᠤᠮ ᠶᠠᠭᠤ ᠭᠡᠵᠤ ᠭᠡᠯᠡᠭᠦ ᠪᠢᠯᠠ ⁈ ᠭᠡᠵᠤ ᠭᠡᠯᠡᠭᠦ ᠥᠭᠡ ᠪᠠᠨ ᠣᠯᠵᠤ ᠶᠠᠳᠠᠨ ᠳᠤᠯᠤᠭᠠᠢ ᠭᠡᠭᠦᠯᠵᠡᠨ᠎ᠡ᠃ ᠳᠠᠪᠢᠭᠠᠤᠨ ᠵᠢᠯ ᠤᠨ ᠰᠠᠯᠭᠢᠨ ᠪᠣᠷᠤᠭᠠᠨ ᠢ ᠥᠩᠭᠡᠷᠡᠭᠦᠯᠤᠨ᠂ ᠠᠪᠣ ᠶᠢᠨ ᠶᠢᠡᠨ ᠪᠣᠶᠠᠨ ᠢ ᠵᠠᠯᠭᠠᠮᠵᠢᠯᠠᠨ ᠠᠳᠤᠭᠤ ᠮᠠᠯ ᠶᠢᠡᠨ ᠦᠨᠢᠷ ᠥᠰᠭᠡᠵᠤ ᠵᠠᠷᠤᠴᠠ ᠬᠡᠦᠬᠡᠳ ᠶᠢᠡᠨ ᠭᠠᠴᠢᠵᠤ ᠶᠠᠪᠣᠭᠰᠠᠨ ᠦᠭᠡᠶ ᠰᠢᠤ ᠭᠡᠳ ᠪᠣᠳᠤᠯ ᠳᠠᠭᠠᠨ ᠪᠣᠳᠤᠭᠠᠤᠨ ᠭᠡᠯᠡᠶ᠎ᠡ ᠭᠡᠳ ᠭᠡᠯᠡ ᠪᠣᠯᠳᠠᠢ᠌ᠪᠠᠴᠤ᠂ ᠠᠷᠠᠤᠨ ᠤᠨ ᠬᠤᠪᠢᠰᠬᠠᠯ ᠭᠡᠳᠡᠭ᠌ ᠠᠷᠤ ᠡᠴᠡ ᠮᠢᠨᠢ ᠱᠠᠭᠠᠢ᠌ᠭᠰᠠᠨ ᠬᠤᠷᠳᠤᠨ ᠫᠣᠤ ᠭᠡᠳᠡᠭ᠌ ᠢ ᠪᠣᠳᠤᠬᠤ ᠲᠡᠶ ᠵᠡᠷᠭᠡ ᠳᠠᠷᠠ ᠪᠦᠭᠦᠨ ᠨᠢ ᠰᠠᠷᠨᠢᠨ᠂ ᠬᠤᠶᠠᠷ ᠨᠢᠳᠤᠨ ᠡᠴᠡ ᠨᠢ ᠭᠠᠯ ᠪᠣᠳᠠᠷᠠᠨ ᠭᠤᠶᠠᠳᠠᠨ ᠣᠨᠠᠪᠠ᠃ ᠠᠷᠤ ᠳᠤ ᠨᠢ ᠵᠤᠭᠰᠤᠭᠰᠠᠨ ᠬᠤᠶᠠᠷ ᠡᠷᠦᠭᠡ ᠶᠢᠨ ᠴᠡᠷᠢᠭ᠌ ᠦᠨᠳᠦᠷ ᠳᠠᠭᠤᠨ ᠶᠢᠡᠷ᠄

᠊᠊᠊᠊᠊᠊᠊᠊᠊᠊᠊᠊᠊᠊᠊᠊᠊᠊᠊᠊᠊᠊᠊᠊᠊᠊᠊᠊᠊ ᠬᠤᠷᠳᠤᠨ ᠦᠪᠡᠷ ᠤᠨ ᠶᠠᠪᠣᠭᠰᠠᠨ ᠶᠢᠡᠨ ᠡᠭᠢᠨ ᠡᠴᠡ ᠨᠢ ᠠᠳᠠᠭ ᠲᠤ ᠨᠢ ᠳᠤᠯᠳᠠᠯ᠎ᠠ ᠭᠡᠯᠡᠭᠦ ᠦᠭᠡᠶ ᠶᠠᠭᠤ ᠶᠢ ᠭᠦᠯᠢᠶᠡᠨ ᠬᠠᠭᠤᠷᠮᠠᠭ ᠭᠡᠪᠳᠡᠨ᠎ᠡ︖ ᠭᠡᠵᠤ ᠨᠠᠮᠰᠠᠷᠠᠢ ᠶᠢ ᠢᠰᠭᠦᠯᠤᠨ ᠪᠣᠰᠬᠠᠵᠤ ᠳᠠᠭᠢᠨ ᠰᠥᠭᠦᠳᠭᠡᠪᠡ᠃

ᠡᠪᠦᠭᠡᠨ ᠨᠠᠮᠰᠠᠷᠠᠢ ᠳᠦᠩᠭᠡᠵᠢ ᠠᠮᠠ ᠨᠡᠭᠡᠭᠡᠨ ᠥᠭᠡ ᠭᠡᠯᠡᠶ᠎ᠡ ᠭᠡᠳᠡᠯ᠎ᠡ ᠠᠷᠤ ᠶᠢᠨ ᠬᠤᠶᠠᠷ ᠴᠡᠷᠢᠭ᠌ ᠠᠳᠬᠤᠭᠰᠠᠨ ᠫᠣᠤ ᠶᠢᠨ ᠡᠰᠢ ᠪᠠᠷ ᠭᠤᠤᠯ ᠨᠢᠷᠤᠭᠤ ᠣᠷᠤᠭᠤ ᠳᠠᠭᠠᠭᠤᠯᠤᠨ ᠴᠤᠭᠢᠬᠤ ᠲᠡᠶ ᠳᠠᠭᠠᠷᠠᠯᠳᠤᠨ ᠨᠢᠱ ᠭᠡᠰᠡᠨ ᠳᠠᠭᠤᠨ ᠳᠤ ᠪᠣᠯᠳᠠᠯᠵᠠᠭᠰᠠᠨ ᠭᠡᠯᠡ ᠪᠠᠨ ᠳᠠᠰᠤ ᠬᠠᠵᠠᠨ ᠣᠯᠠᠭᠠᠨ ᠴᠢᠰᠤ ᠠᠮᠠᠨ ᠡᠴᠡ ᠨᠢ ᠣᠷᠤᠰᠤᠪᠠ᠃ ᠳ᠋ᠠᠮᠪᠠ ᠳᠠᠷᠤᠭ᠎ᠠ᠄

᠊᠊᠊᠊᠊᠊᠊᠊᠊᠊᠊᠊᠊᠊᠊᠊᠊᠊᠊᠊᠊᠊᠊᠊᠊᠊᠊᠊᠊ ᠡᠨᠡ ᠭᠠᠢ᠌ᠬᠠᠯ ᠰᠢᠠᠳᠠᠰᠤ ᠲᠡᠶ ᠡᠷ᠎ᠡ ᠭᠡᠳ ᠣᠭᠰᠣᠢ᠌ᠵᠤ ᠪᠠᠢ᠌ᠨ᠎ᠠ᠂ ᠭᠢᠯᠭᠠᠰᠤᠨ ᠳᠡᠭᠡᠰᠤ ᠶᠢ ᠣᠰᠤᠨ ᠳᠤ ᠳᠡᠪᠳᠡᠭᠡᠨ ᠠᠪᠴᠤ ᠢᠷ᠎ᠠ︕ ᠡᠢ᠌ᠮᠤ ᠭᠦᠮᠤᠨ ᠳᠤ ᠬᠠᠳᠠᠭᠤ ᠣᠷᠤᠬᠤ ᠦᠭᠡᠶ ᠪᠣᠯ ᠦᠨᠡᠨ ᠶᠢᠡᠨ ᠭᠡᠯᠡᠭᠦ ᠦᠭᠡᠶ ᠶᠤᠮ ᠭᠡᠵᠤ ᠳᠤᠤᠷᠠᠭᠢ ᠴᠡᠷᠢᠭ᠌ ᠢ ᠵᠠᠷᠯᠢᠭᠳᠠᠵᠤ ᠳᠤᠮᠫᠠᠨ ᠳᠤ ᠣᠰᠤ ᠭᠢᠵᠤ ᠥᠭᠡᠷ ᠤᠨ ᠪᠠᠷᠢᠶ᠎ᠠ ᠶᠢ ᠳᠡᠪᠳᠡᠭᠡᠨ ᠨᠠᠮᠰᠠᠷᠠᠢ ᠶᠢ ᠮᠠᠨᠠᠷᠳᠠᠯ᠎ᠠ ᠴᠤᠭᠢᠪᠠ᠃

ᠭᠦᠮᠦᠰ ᠨᠠᠮᠰᠠᠷᠠᠢ ᠶᠢᠨ ᠮᠠᠨᠠᠷᠠᠭᠰᠠᠨ ᠢ ᠥᠵᠡᠭᠡᠳ ᠵᠢᠷᠦᠭᠡ ᠨᠢ ᠴᠠᠴᠠᠷᠨ᠎ᠠ᠃ ᠠᠷᠤ ᠪᠠᠷ ᠰᠠᠭᠤᠵᠤ ᠪᠠᠢ᠌ᠭᠰᠠᠨ ᠮᠤᠯᠤᠮ ᠪᠠ ᠷᠤᠯᠭᠠᠷᠮ᠎ᠠ ᠣᠷᠤᠨ ᠳᠤ ᠪᠠᠨ ᠰᠠᠭᠤᠵᠤ ᠶᠠᠳᠠᠨ ᠦᠵᠡᠳᠠᠯ᠎ᠠ ᠠᠪᠣ ᠶᠢ ᠨᠢ ᠭᠦᠮᠤᠨ ᠤ ᠮᠡᠳᠡᠭᠡ ᠦᠭᠡᠶ ᠪᠣᠯᠭᠠᠪᠠ᠃ ᠡᠨᠡ ᠦᠶ᠎ᠡ ᠳᠤ ᠠᠷᠠᠤᠨ ᠤᠨ ᠬᠤᠪᠢᠰᠬᠠᠯ ᠤᠨ ᠡᠰᠡᠷᠭᠦ ᠭᠡᠨ ᠭᠦᠮᠤᠨ ᠭᠠᠭᠴᠠ ᠨᠢᠭᠡ ᠥᠭᠡ ᠶᠠᠷᠢᠵᠤ ᠴᠢᠳᠠᠨ᠎ᠠ᠃ ᠠᠷᠭ᠎ᠠ ᠦᠭᠡᠶ ᠴᠠᠭ ᠳᠦᠷᠤ ᠶᠢᠨ ᠥᠢᠮᠡᠭᠡᠨ ᠭᠡᠳᠡᠭ᠌ ᠡᠢ᠌ᠮᠤ ᠯᠠ ᠶᠤᠮ ᠴᠢᠨᠢ ᠭᠦᠭᠡᠷᠦᠭᠦᠢ ᠨᠠᠮᠰᠠᠷᠠᠢ ᠮᠠᠨᠢ ᠶᠠᠭᠤ ᠪᠠᠨ ᠬᠡᠯᠡᠭᠦ ᠪᠠᠨ ᠣᠯᠵᠤ ᠶᠠᠳᠠᠨ ᠬᠤᠶᠠᠷ ᠣᠳᠠᠭ᠎ᠠ ᠮᠠᠨᠠᠷᠳᠠᠯ᠎ᠠ ᠴᠤᠭᠢᠭᠳᠠᠭᠰᠠᠨ ᠢ ᠥᠵᠡᠭᠡᠳ ᠳᠤᠤᠷ᠎ᠠ ᠵᠤᠭᠰᠤᠭᠰᠠᠨ ᠰᠸᠷᠠᠪ ᠪᠠᠶᠠᠨ ᠨᠢᠭᠡ ᠯᠠ ᠠᠮᠢᠰᠬᠤᠭ᠎ᠠ ᠪᠠᠷ ᠳᠠᠰᠤ ᠪᠣᠳᠤᠨ ᠢᠩᠭᠢᠵᠤ ᠳᠠᠮᠤᠯᠠᠭᠳᠠᠨ ᠪᠠᠢ᠌ᠭᠠᠤᠨ ᠥᠭᠦᠭ᠍ᠰᠡᠨ ᠤ ᠣᠷᠤᠨ ᠳᠤ ᠰᠢᠭᠤᠳ ᠥᠭᠦᠭ᠍ᠰᠡᠨ ᠢ ᠭᠦᠢᠴᠡᠭᠦ ᠦᠭᠡᠶ ᠭᠡᠮᠡᠨ ᠳᠠᠢ᠌ᠰᠠᠨ ᠤ ᠬᠠᠵᠠᠭᠤ ᠶᠢᠨ ᠪᠦᠳᠦᠭᠦᠨ ᠴᠢᠯᠠᠭᠤ ᠶᠢ ᠮᠦᠷᠭᠦᠨ ᠳᠤᠯᠤᠭᠠᠢ ᠬᠠᠭᠠᠷᠠᠵᠤ ᠡᠨᠡ ᠨᠠᠰᠤ ᠪᠠᠨ ᠪᠠᠷᠠᠪᠠ᠃ ᠦᠵᠡᠳᠠᠯ᠎ᠠ ᠨᠢᠭᠡ ᠭᠦᠮᠤᠨ ᠤ ᠠᠮᠢᠨ ᠭᠡᠷᠡᠭ᠌ ᠭᠠᠷᠴᠤ ᠨᠠᠮᠰᠠᠷᠠᠢ ᠪᠠᠰᠠ ᠥᠭᠡ ᠳᠤᠤᠭᠠᠷᠬᠤ ᠦᠭᠡᠶ ᠳᠤ ᠸᠠᠩ ᠵᠢᠶᠠᠨ ᠪᠠ ᠳ᠋ᠠᠮᠪᠠ ᠵᠦᠪᠳᠠᠯᠴᠠᠨ ᠮᠠᠷᠭᠠᠰᠢ ᠵᠠᠯᠭᠠᠨ ᠪᠦᠭᠦᠢᠴᠡᠯᠭᠡᠭᠦ ᠪᠠᠷ ᠳᠤᠭᠳᠠᠨ ᠡᠨᠡ ᠡᠳᠦᠷ ᠤᠨ ᠬᠤᠷᠠᠯ ᠵᠤᠭᠰᠤᠨ ᠮᠠᠷᠭᠠᠰᠢ ᠦᠳᠡ ᠳᠤ ᠡᠭᠢᠯᠡᠭᠦ ᠪᠠᠷ ᠣᠯᠠᠨ ᠳᠤ ᠳᠠᠷᠬᠠᠭᠠᠪᠠ᠃

ᠮᠤᠯᠤᠮ ᠪᠠ ᠷᠤᠯᠭᠠᠷᠮ᠎ᠠ ᠭᠦᠶᠤᠨ ᠢᠷᠠᠵᠤ ᠡᠴᠢᠭᠡ ᠨᠠᠮᠰᠠᠷᠠᠢ ᠶᠢ ᠥᠵᠡᠭᠦ ᠳᠤ ᠭᠡᠳᠦᠡᠳᠡ ᠬᠠᠷᠠᠩᠭ᠋ᠣᠢ᠌ᠳᠠᠨ ᠣᠨᠠᠵᠤ ᠴᠢᠷᠠᠢ ᠨᠢ ᠰᠢᠷᠠᠯᠠᠨ ᠠᠮᠠᠨ ᠡᠴᠡ ᠨᠢ ᠭᠤᠭᠤᠵᠢᠭᠰᠠᠨ ᠴᠢᠰᠤ ᠳᠠᠢ᠌ᠰᠠ ᠤ ᠳᠡᠭᠡᠷ᠎ᠡ ᠳᠤᠰᠤᠯᠠᠨ ᠭᠦᠯᠳᠡᠭᠡᠳ᠂ ᠭᠡᠯᠡ ᠪᠠᠨ ᠬᠠᠵᠠᠭᠰᠠᠨ ᠡᠴᠡ ᠪᠣᠯᠵᠤ ᠨᠠᠮᠰᠠᠷᠠᠢ ᠥᠭᠡ ᠭᠡᠯᠡᠵᠤ ᠳᠡᠢ᠌ᠯᠭᠦ ᠦᠭᠡᠶ ᠪᠣᠯᠵᠤ 《ᠡ᠂ ᠡᠨ》 ᠭᠡᠵᠤ ᠪᠠᠷᠭᠢᠷᠠᠨ ᠬᠤᠶᠠᠷ ᠨᠢᠳᠤᠨ ᠡᠴᠡ ᠨᠢ ᠨᠢᠯᠪᠣᠰᠤ ᠪᠦᠮᠪᠦᠷᠢᠨ᠎ᠡ᠃ ᠡᠴᠢᠭᠡ ᠶᠢᠨ ᠶᠢᠡᠨ ᠨᠢᠭᠡᠨᠲᠡ ᠭᠡᠯᠡ ᠦᠭᠡᠶ ᠪᠣᠯᠤᠭᠰᠠᠨ ᠢ ᠥᠵᠡᠭᠡᠳ ᠷᠤᠯᠭᠠᠷᠮ᠎ᠠ ᠭᠡᠷᠭᠢᠨ ᠳᠠᠰᠴᠤ ᠪᠣᠯᠤᠨ᠎ᠠ᠃ ᠡᠭᠡᠷ ᠳᠠᠳᠠᠨ ᠣᠭᠢᠯᠠᠪᠠᠴᠤ ᠳᠡᠭᠦᠨ ᠢ ᠳᠠᠷᠠ ᠦᠶ᠎ᠡ ᠳᠤ ᠭᠡᠨ ᠦᠷᠤ ᠡᠪᠡᠳᠴᠤ ᠠᠪᠣᠷᠠᠨ᠎ᠠ᠃ ᠠᠷᠠᠤᠨ ᠤᠨ ᠬᠤᠪᠢᠰᠬᠠᠯ ᠤᠨ ᠰᠢᠷᠦᠭᠦᠨ ᠭᠦᠳᠡᠯᠭᠡᠭᠡᠨ ᠢ ᠡᠨᠡ ᠦᠶᠡᠰ ᠭᠡᠨ ᠡᠰᠷᠭᠦᠴᠡᠵᠤ ᠴᠢᠳᠠᠨ᠎ᠠ ⁈ ᠳᠤᠤᠭᠠᠷᠤᠭᠰᠠᠨ ᠭᠦᠮᠤᠨ ᠭᠡᠷᠡᠭ᠌ ᠲᠤ ᠬᠠᠪᠴᠢᠭᠳᠠᠨ ᠳᠠᠭᠤ ᠦᠭᠡᠶ ᠶᠠᠪᠣᠭᠰᠠᠨ ᠭᠦᠮᠤᠨ ᠡᠴᠡ ᠭᠡᠷᠡᠭ᠌ ᠡᠷᠢᠭᠦ ᠡᠨᠡᠭᠦ ᠳᠡᠦᠭᠡᠨ ᠰᠢᠯᠵᠢᠯᠳᠠ ᠶᠢᠨ ᠴᠠᠭ ᠦᠶ᠎ᠡ ᠳᠤ ᠳᠦᠷᠤᠵᠤ ᠥᠰᠦᠭ᠍ᠰᠡᠨ ᠣᠯᠠᠭᠠᠨ ᠭᠦᠯᠳᠡᠨ ᠤᠳ ᠯᠠ ᠡᠭᠦᠨ ᠢ ᠳᠤᠳᠤᠷᠠᠬᠠᠢ ᠣᠯᠵᠤ ᠮᠡᠳᠡᠭᠦ ᠶᠤᠮ᠃

ᠡᠷᠦᠭᠡ ᠶᠢᠨ ᠴᠡᠷᠢᠭ᠌ ᠤᠳ ᠢᠷᠠᠨ ᠨᠠᠮᠰᠠᠷᠠᠢ ᠶᠢ ᠬᠤᠶᠠᠷ ᠭᠠᠷ ᠡᠴᠡ ᠨᠢ ᠴᠢᠷᠤᠨ᠂ ᠠᠯᠢ ᠣᠯᠠᠨ ᠭᠦᠮᠦᠰ ᠲᠡᠶ ᠬᠠᠮᠳᠤ ᠰᠤᠯᠠ ᠬᠤᠷᠢᠵᠤ ᠪᠠᠢ᠌ᠭ᠎ᠠ ᠬᠤᠷᠢᠭᠤᠯ ᠤᠨ ᠭᠡᠷ ᠲᠤ ᠠᠪᠠᠴᠢᠵᠤ ᠬᠠᠶᠠᠪᠠ᠃ ᠬᠤᠪᠢᠰᠬᠠᠯ ᠳᠤ ᠣᠷᠤᠯᠴᠠᠭᠰᠠᠨ ᠮᠤᠯᠤᠮ ᠪᠠ ᠷᠤᠯᠭᠠᠷᠮ᠎ᠠ ᠠᠷᠭ᠎ᠠ ᠦᠭᠡᠶ᠂ ᠨᠠᠰᠤ ᠶᠠᠪᠣᠭᠰᠠᠨ ᠡᠴᠢᠭᠡ ᠨᠢ ᠦᠵᠡᠳᠠᠯ᠎ᠠ ᠬᠤᠪᠢᠰᠬᠠᠯ ᠤᠨ ᠭᠦᠯ ᠳᠤ ᠭᠢᠰᠭᠢᠭ᠍ᠳᠡᠨ ᠭᠡᠯᠡ ᠠᠮᠠ ᠦᠭᠡᠶ ᠪᠣᠯᠤᠭᠰᠠᠨ ᠴᠤ ᠳᠠᠳᠠ ᠬᠤᠶᠠᠭᠤᠯᠠ ᠬᠤᠪᠢᠰᠬᠠᠯ ᠤᠨ ᠡᠰᠡᠷᠭᠦ ᠠᠮᠢᠰᠬᠤᠬᠤ ᠵᠤᠷᠢᠭ ᠪᠠᠢ᠌ᠭᠰᠠᠨ ᠦᠭᠡᠶ᠃

ᠨᠤᠳᠤᠭ ᠨᠢᠷᠤᠭᠤ ᠪᠠᠨ ᠵᠤᠪᠠᠭᠠᠨ ᠠᠷᠠᠤᠨ ᠲᠦᠮᠡᠨ ᠢ ᠭᠢᠬᠠᠨ ᠮᠥᠯᠵᠢᠭ᠍ᠰᠡᠨ ᠭᠠᠵᠠᠷ ᠤᠨ ᠡᠵᠡᠨ ᠪᠠᠶᠠᠠᠴᠤᠳ ᠢ ᠠᠷᠠᠤᠨ ᠤᠨ ᠬᠤᠪᠢᠰᠬᠠᠯ ᠦᠨᠳᠦᠰᠦ ᠲᠡᠶ ᠨᠢ ᠮᠠᠯᠳᠠᠬᠤ ᠠᠷᠢᠭᠤᠳᠬᠠᠨ ᠪᠣᠳᠤᠬᠤ ᠭᠦᠳᠡᠯᠭᠡᠭᠡᠨ᠂ ᠭᠤᠪᠢ ᠳᠠᠯ᠎ᠠ ᠶᠢᠨ ᠭᠦᠨ ᠳᠤ ᠢᠴᠡᠭᠡᠯᠡᠨ ᠭᠦᠯᠳᠡᠵᠤ ᠬᠠᠭᠠᠰ ᠰᠠᠷ᠎ᠠ ᠶᠢᠨ ᠰᠢᠭᠦᠯᠳᠡ ᠪᠠ ᠦᠪᠡᠷ ᠤᠨ ᠰᠢᠭᠦᠮᠵᠢᠯᠡᠯ ᠶᠢᠡᠷ ᠦᠷᠭᠦᠯᠵᠢᠯᠡᠯᠳᠤᠨ ᠴᠠᠭᠠᠨ ᠰᠠᠷ᠎ᠠ ᠡᠴᠡ ᠡᠮᠦᠨ᠎ᠡ ᠬᠤᠶᠠᠷ ᠡᠳᠦᠷ ᠪᠦᠭᠦ ᠬᠤᠷᠢᠭᠤᠯ ᠤᠨ ᠭᠦᠮᠦᠰ ᠢ ᠳᠠᠯᠪᠢᠨ ᠴᠠᠭᠠᠨ ᠰᠠᠷ᠎ᠠ ᠳᠤᠳᠤᠷ᠎ᠠ ᠡᠳᠡᠨᠦᠰ ᠬᠤᠪᠢ ᠬᠤᠪᠢᠨ ᠤ ᠠᠯᠳᠠᠭ᠎ᠠ ᠪᠣᠷᠤᠭᠤ ᠪᠠᠨ ᠪᠢᠴᠢᠨ ᠨᠠᠮ ᠪᠠ ᠳᠦᠷᠤ᠂ ᠠᠷᠠᠤᠨ ᠤᠨ ᠵᠠᠰᠠᠭ ᠪᠠ ᠠᠷᠠᠤᠨ ᠤᠨ ᠬᠤᠪᠢᠰᠬᠠᠯ ᠳᠤ ᠦᠨᠡᠨ ᠶᠢᠡᠨ ᠭᠡᠯᠡᠵᠤ ᠠᠷᠠᠤᠨ ᠲᠦᠮᠡᠨ ᠡᠴᠡ ᠠᠭᠤᠴᠢᠯᠠᠯ ᠭᠤᠶᠤᠬᠤ ᠭᠡᠷᠡᠭ᠍ᠳᠡᠢ ᠭᠡᠵᠤ ᠵᠠᠭᠢᠨ ᠶᠠᠪᠣᠭᠤᠯᠪᠠ᠃

ᠨᠠᠮᠰᠠᠷᠠᠢ ᠳᠤ ᠣᠷᠤᠬᠤ ᠡᠴᠡ ᠭᠡᠷ ᠬᠠᠮᠢᠭ᠎ᠠ ᠪᠠᠢ᠌ᠨ᠎ᠠ︖ ᠣᠤᠭᠤᠴᠢᠬᠤ ᠡᠴᠡ ᠠᠶᠠᠭ᠎ᠠ ᠬᠠᠮᠢᠭ᠎ᠠ ᠪᠠᠢ᠌ᠨ᠎ᠠ︖ ᠮᠤᠯᠤᠮ ᠪᠠ ᠷᠤᠯᠭᠠᠷᠮ᠎ᠠ ᠠᠷᠠᠤᠨ ᠤᠨ ᠬᠤᠪᠢᠰᠬᠠᠯ ᠳᠤ ᠣᠷᠤᠯᠴᠠᠨ ᠭᠡᠭᠡᠨ ᠣᠷᠳᠤ ᠶᠢᠨ ᠴᠢᠯᠦᠭᠡᠯᠡᠯᠳᠡ ᠳᠤ ᠭᠦᠯᠦᠰᠤ ᠴᠢᠰᠤ ᠪᠠᠨ ᠣᠷᠤᠰᠬᠠᠭᠰᠠᠨ ᠭᠡᠮᠡᠨ ᠣᠤᠯ ᠤᠨ ᠠᠷᠢᠭᠤᠨ ᠴᠠᠭᠠᠨ ᠣᠷᠳᠤᠨ ᠤ ᠪᠠᠷᠠᠭᠤᠨ ᠡᠮᠦᠨ᠎ᠡ ᠪᠠᠢ᠌ᠭ᠎ᠠ ᠳᠡᠭᠡᠷᠮ᠎ᠡ ᠶᠢᠨ ᠬᠠᠵᠠᠭᠤ ᠶᠢᠨ ᠬᠤᠶᠠᠷ ᠳᠠᠰᠤᠯᠭ᠎ᠠ ᠰᠢᠪᠠᠷ ᠪᠠᠢ᠌ᠰᠢᠭ᠌ ᠢ ᠦᠭ‍ᠭᠦᠭ᠍ᠰᠡᠨ ᠡᠴᠡ ᠣᠳᠤ ᠪᠣᠯᠳᠠᠯ᠎ᠠ ᠰᠠᠭᠤᠨ ᠠᠪᠣ ᠶᠢ ᠪᠠᠨ ᠬᠤᠷᠢᠭᠤᠯ ᠡᠴᠡ ᠭᠠᠷᠴᠤ ᠢᠷᠡᠭ᠍ᠰᠡᠨ ᠢ ᠰᠤᠨᠤᠰᠤᠨ ᠶᠡᠭᠡᠳᠡ ᠪᠠᠶᠠᠰᠤᠨ ᠮᠠᠭᠤᠬᠠᠢ ᠴᠤ ᠭᠡᠰᠡᠨ ᠭᠡᠷ ᠲᠡᠶ᠂ ᠮᠠᠯᠠᠭᠠᠢ ᠪᠠᠨ ᠳᠠᠯᠪᠢᠬᠤ ᠳᠠᠯᠪᠢᠭᠤᠷ ᠲᠡᠶ ᠪᠣᠯᠬᠤᠷ ᠬᠠᠭᠠᠰ ᠵᠢᠯ ᠢᠯᠡᠭᠦᠤ ᠶᠢᠨ ᠡᠷᠡᠭᠦᠤ ᠰᠢᠳᠭᠡᠯ ᠬᠤᠷᠢᠭᠤᠯ ᠤᠨ ᠬᠠᠯᠠ ᠳᠠᠮᠤ ᠶᠢ ᠠᠮᠰᠠᠭᠰᠠᠨ ᠠᠪᠣ ᠪᠠᠨ ᠡᠭᠦᠷᠴᠤ ᠳᠠᠮᠨᠠᠨ ᠭᠡᠷ ᠲᠡᠭᠡᠨ ᠠᠪᠴᠢᠷᠪᠠ᠃

ᠡᠪᠦᠭᠡᠨ ᠨᠠᠮᠰᠠᠷᠠᠢ ᠭᠡᠳᠤ ᠣᠳᠠᠭᠠᠨ ᠤ ᠬᠠᠳᠠᠭᠤ ᠬᠠᠯᠠ ᠳᠤ ᠣᠨᠤᠭᠳᠠᠨ ᠮᠠᠳᠠᠷᠠᠯ ᠨᠢ ᠮᠠᠭᠤᠳᠠᠵᠤ᠂ ᠭᠡᠯᠡ ᠠᠮᠠ ᠦᠭᠡᠶ ᠪᠣᠯᠵᠤ᠂ ᠠᠷᠭ᠎ᠠ ᠦᠭᠡᠶ ᠠᠮᠢᠳᠤ ᠶᠢᠨ ᠳᠠᠷᠴᠢᠯᠭᠠᠯ ᠳᠤ ᠣᠨᠠᠨ᠂ ᠭᠦᠮᠤᠨ ᠤ ᠣᠷᠴᠢᠯᠠᠩ ᠤᠨ ᠠᠷᠠᠤᠨ ᠤᠨ ᠬᠤᠪᠢᠰᠬᠠᠯ ᠭᠡᠳᠡᠭ᠌ ᠢ ᠥᠭᠦᠨ ᠥᠭᠦᠳᠡᠯ᠎ᠡ ᠵᠢᠷᠦᠭᠡᠨ ᠳᠡᠭᠡᠨ ᠳᠤᠭᠳᠠᠭᠠᠨ᠂ ᠴᠠᠭ ᠳᠦᠷᠤ ᠶᠢᠨ ᠥᠢᠮᠡᠭᠡᠨ᠂ ᠳᠡᠦᠭᠡᠨ ᠰᠢᠯᠵᠢᠯᠳᠠ ᠶᠢᠨ ᠣᠷᠤᠭ᠎ᠠ ᠪᠣᠰᠬᠠᠭ᠎ᠠ ᠶᠢ ᠣᠢ᠌ᠯᠠᠭᠠᠨ᠂ ᠡᠳᠦᠷᠵᠢᠨ ᠭᠡᠷ ᠲᠡᠭᠡᠨ ᠰᠠᠭᠤᠭᠰᠠᠨ ᠴᠤ ᠬᠤᠷᠤᠭᠤ ᠠᠯᠠᠭ᠎ᠠ ᠪᠠᠨ ᠳᠡᠯᠭᠡᠨ ᠬᠠᠭᠠᠰ ᠳᠤᠳᠠᠭᠤ ᠭᠡᠯᠡ ᠪᠡᠷ 《ᠮᠠᠤ ᠵᠦᠰᠢ ᠸᠠᠨ ᠰᠦᠢ᠌》 ᠭᠡᠳ ᠵᠠᠯᠪᠢᠷᠠᠨ ᠪᠠᠢ᠌ᠨ ᠪᠠᠢ᠌ᠨ ᠰᠦᠨᠢ ᠳᠤᠵᠢ ᠣᠠᠳᠠᠵᠤ ᠴᠢᠳᠠᠬᠤ ᠦᠭᠡᠶ 《ᠳ᠋ᠦ᠋ᠩ ᠹᠠᠩ ᠾᠦᠩ》 ᠳᠠᠭᠤᠯᠠᠨ᠎ᠠ᠃ ᠡᠨᠡ ᠮᠠᠳᠤ ᠨᠠᠮᠰᠠᠷᠠᠢ ᠪᠠᠶᠠᠨ ᠬᠠᠭᠠᠰ ᠳᠤᠳᠠᠭᠤ ᠮᠠᠳᠠᠷᠠᠯ ᠤᠨ ᠡᠪᠡᠳᠴᠢᠨ ᠣᠯᠵᠤ ᠭᠡᠯᠡᠭᠡᠢ ᠶᠠᠪᠠ ᠪᠠᠷ ᠡᠳᠦᠷ ᠬᠤᠨᠤᠭ ᠢ ᠨᠥᠭ᠍ᠴᠢᠭᠡᠨ᠎ᠡ᠃

ᠡᠨᠡ ᠦᠶ᠎ᠡ ᠶᠢᠨ ᠴᠠᠭᠠᠨ ᠰᠠᠷ᠎ᠠ ᠭᠡᠵᠤ ᠳᠠᠭᠤ ᠴᠢᠮᠡᠭᠡ ᠦᠭᠡᠶ ᠴᠠᠭᠠᠨ ᠰᠠᠷ᠎ᠠ ᠶᠤᠮ᠃ ᠬᠤᠯᠠ ᠤᠢ᠌ᠷ᠎ᠡ ᠶᠢᠨ ᠰᠠᠳᠤᠨ ᠤᠳ ᠬᠤᠭᠤᠷᠤᠠᠳᠤ ᠪᠠᠨ ᠣᠷᠤᠵᠤ ᠭᠠᠷᠬᠤ ᠦᠭᠡᠶ ᠪᠣᠯᠤᠨ᠂ ᠳᠤᠷᠤᠭᠰᠢ ᠬᠠᠷᠠᠨ ᠠᠯᠬᠤᠨ ᠪᠢ ᠭᠦᠮᠤᠨ ᠤ ᠳᠤ ᠣᠴᠢᠬᠤ ᠦᠭᠡᠶ᠂ ᠴᠢ ᠮᠢᠨᠤ ᠳᠤ ᠪᠣᠤ ᠢᠷ᠎ᠠ ᠭᠡᠮᠡᠨ ᠡᠭᠦᠳᠡ ᠡᠭᠦᠳᠡ ᠪᠠᠨ ᠳᠦᠭ᠍ᠵᠢᠨ ᠴᠠᠭᠠᠨ ᠰᠠᠷ᠎ᠠ ᠶᠢ ᠥᠩᠭᠡᠷᠡᠭᠦᠯᠦᠨ᠎ᠡ᠃ ᠦᠨᠡᠨ ᠳᠡᠭᠡᠨ ᠡᠨᠡ ᠴᠠᠭᠠᠨ ᠰᠠᠷ᠎ᠠ ᠪᠣᠯ ᠰᠠ‍‌ᠶᠢ ᠬᠠᠷ᠎ᠠ ᠨᠢᠯᠪᠣᠰᠤ ᠲᠡᠶ ᠴᠠᠭᠠᠨ ᠰᠠᠷ᠎ᠠ ᠪᠣᠯᠬᠤ ᠶᠤᠮ᠃

ᠴᠠᠭᠠᠨ ᠰᠠᠷ᠎ᠠ ᠶᠢᠨ ᠰᠢᠨᠠᠤᠨ ᠠᠷᠠᠢ ᠪᠠᠷᠠᠭᠠᠳᠤᠢ ᠪᠠᠷ ᠭᠦᠮᠦᠰ ᠤᠨ ᠴᠢᠭᠢᠨ ᠳᠤ 《ᠵᠠᠰᠠᠭ ᠤᠨ ᠣᠷᠳᠤᠨ ᠳᠤ ᠳᠢᠶᠠᠨᠬᠦᠤ ᠶᠢ ᠠᠪᠴᠢᠷᠠᠪᠠ》 ᠭᠡᠰᠡᠨ ᠴᠢᠮᠡᠭᠡ ᠳᠤᠭᠤᠯᠠᠨ ᠨᠠᠷᠠ ᠣᠨᠠᠬᠤ ᠶᠢᠨ ᠠᠯᠳᠠ ᠪᠠᠷ ᠡᠷᠦᠭᠡ ᠶᠢᠨ ᠴᠡᠷᠢᠭ᠌ ᠤᠳ ᠡᠷᠦᠭᠡ ᠪᠣᠯᠭᠠᠨ ᠳᠤ 《ᠠᠷᠪᠠᠨ ᠳᠠᠪᠤᠨ ᠳᠤ ᠠᠷᠠᠤᠨ ᠤᠨ ᠵᠠᠰᠠᠭ ᠤᠨ ᠣᠷᠳᠤᠨ ᠳᠤ ᠣᠯᠠᠨ ᠲᠦᠮᠡᠨ ᠴᠤᠭᠯᠠᠷᠠᠨ ᠪᠦᠭᠦᠴᠡᠯᠭᠡᠭᠦ ᠳᠠᠢ᠌ᠰᠠᠨ ᠳᠤ ᠳᠢᠶᠠᠨᠬᠦᠤ ᠶᠢ ᠰᠢᠳᠭᠡᠨ᠎ᠡ》 ᠭᠡᠰᠡᠨ ᠴᠢᠮᠡᠭᠡ ᠣᠯᠠᠮᠵᠢᠯᠠᠪᠠ᠃

ᠴᠠᠭᠠᠨ ᠰᠠᠷ᠎ᠠ ᠶᠢᠨ ᠠᠷᠪᠠᠨ ᠳᠠᠪᠤᠨ ᠤ ᠦᠷᠯᠦᠭᠡ ᠨᠠᠷᠠ ᠮᠠᠠᠳᠤᠨ ᠦᠪᠴᠢ ᠳᠡᠯᠡᠭᠡᠢ ᠶᠢ ᠣᠤᠯ ᠤᠨ ᠶᠤᠰᠤᠭᠠᠷ ᠭᠡᠢ᠌ᠭᠦᠯᠤᠨ ᠭᠡᠭᠡᠨ ᠣᠷᠳᠤᠨ ᠤ ᠠᠷᠠᠤᠨ ᠲᠦᠮᠡᠨ ᠴᠤᠭᠯᠠᠷᠠᠨ ᠭᠤᠷᠪᠠᠨ ᠦᠶ᠎ᠡ ᠶᠢᠨ ᠳᠠᠢ᠌ᠰᠤᠨ ᠪᠣᠯᠤᠭᠰᠠᠨ ᠳᠢᠶᠠᠨᠬᠦᠤ ᠶᠢ ᠰᠢᠭᠦᠭᠦ ᠶᠢ ᠦᠵᠡᠨ᠎ᠠ᠃

ᠳᠢᠶᠠᠨᠬᠦᠤ ᠶᠢ ᠳᠠᠢ᠌ᠰᠠᠨ ᠤ ᠳᠡᠭ᠌ ᠳᠤᠮᠳᠠ ᠨᠢ ᠰᠥᠭᠦᠳᠭᠡᠨ ᠭᠠᠷ ᠢ ᠨᠢ ᠬᠣᠢ᠌ᠰᠢ ᠬᠠᠠᠳᠤᠭᠤᠯᠤᠨ ᠭᠦᠯᠢᠵᠤ᠂ ᠬᠠᠵᠠᠭᠤ ᠳᠤ ᠨᠢ ᠬᠤᠶᠠᠷ ᠴᠡᠷᠢᠭ᠌ ᠫᠣᠤ ᠳᠤᠯᠭᠠᠨ᠎ᠠ᠃ ᠮᠤᠯᠤᠮ ᠪᠠ ᠪᠠᠳᠦᠰᠥ᠋ᠭᠡ ᠨᠡᠷ ᠳᠠᠢ᠌ᠰᠠᠨ ᠳᠤ ᠰᠠᠭᠤᠨ᠂ ᠳᠤᠮᠳᠠ ᠨᠢ ᠸᠠᠩ ᠱᠦᠵᠢ ᠰᠠᠭᠠᠳᠠᠨ᠂ ᠳ᠋ᠠᠮᠪᠠ ᠳᠠᠷᠤᠭ᠎ᠠ ᠣᠯᠠᠨ ᠤ ᠡᠰᠡᠷᠭᠦ᠄

᠊᠊᠊᠊᠊᠊᠊᠊᠊᠊᠊᠊᠊᠊᠊᠊᠊᠊᠊᠊᠊᠊᠊᠊᠊᠊᠊᠊᠊ ᠨᠤᠳᠤᠭ ᠤᠨ ᠠᠬ᠎ᠠ ᠳᠡᠭᠦᠤ᠂ ᠠᠷᠠᠤᠨ ᠲᠦᠮᠡᠨ᠂ ᠨᠥᠭᠦᠤᠨ ᠨᠡᠷ ᠡ︕ ᠦᠨᠦᠳᠤᠷ ᠪᠣᠯ ᠮᠠᠨ ᠤ ᠭᠡᠭᠡᠨ ᠣᠷᠳᠤᠨ ᠤ ᠭᠤᠷᠪᠠᠨ ᠦᠶ᠎ᠡ ᠶᠢᠨ ᠳᠠᠢ᠌ᠰᠤᠨ ᠪᠣᠯᠤᠭᠰᠠᠨ ᠳᠢᠶᠠᠨᠬᠦᠤ ᠶᠢ ᠰᠢᠳᠭᠡᠭᠦ ᠡᠳᠦᠷ ᠪᠣᠯᠬᠤ ᠶᠤᠮ᠃ ᠡᠨᠡ ᠳᠡᠭᠡᠷᠡᠮ ᠢ ᠶᠠᠭᠠᠭᠢᠵᠤ ᠰᠢᠳᠭᠡᠭᠦ ᠶᠢ ᠳᠠ ᠨᠠᠷ ᠡᠵᠡᠨ ᠮᠡᠳᠡᠭ᠍ᠳᠤᠨ᠂ ᠳᠢᠶᠠᠨᠬᠦᠤ ᠭᠡᠳᠡᠭ᠌ ᠠᠯᠢ ᠣᠵᠤᠭᠤᠷ ᠮᠠᠨ ᠤ ᠨᠤᠳᠤᠭ ᠢ ᠥᠢᠮᠡᠭᠦᠯᠤᠨ ᠠᠷᠠᠤᠨ ᠲᠦᠮᠡᠨ ᠤ ᠡᠳ᠋ ᠬᠤᠭᠰᠢᠯ ᠢ ᠪᠣᠯᠢᠶᠠᠨ᠂ ᠦᠬᠢᠳ ᠡᠮᠡᠰ ᠢ ᠪᠣᠵᠠᠷᠯᠠᠨ᠂ ᠠᠳᠤᠭᠤ ᠮᠠᠯ ᠢ ᠳᠠᠭᠤᠵᠤ᠂ ᠭᠦᠮᠤᠨ ᠠᠯᠠᠵᠤ ᠭᠠᠯ ᠳᠠᠯᠪᠢᠨ᠂ ᠦᠢᠯᠡᠳᠬᠦ ᠦᠭᠡᠶ ᠮᠠᠭᠤ ᠭᠡᠷᠡᠭ᠌ ᠢ ᠣᠢ᠌ᠯᠠᠳᠤᠨ ᠶᠠᠪᠣᠭᠰᠠᠨ ᠨᠤᠳᠤᠭ ᠤᠨ ᠵᠠᠯᠢᠬᠠᠢ᠂ ᠦᠨᠦᠳᠤᠷ ᠮᠠᠤ ᠵᠦᠰᠢ ᠮᠠᠨ ᠳᠤ ᠳᠢᠶᠠᠨᠬᠦᠤ ᠶᠢ ᠶᠠᠭᠠᠭᠢᠵᠤ ᠰᠢᠳᠭᠡᠶ᠎ᠡ ᠭᠡᠪᠠᠯ ᠶᠠᠭᠠᠭᠢᠵᠤ ᠰᠢᠳᠭᠡᠭᠦ ᠡᠷᠭᠡ ᠶᠢ ᠦᠭ‍ᠭᠦᠭ᠍ᠰᠡᠨ ᠶᠤᠮ᠂ ᠶᠠᠭᠠᠭᠢᠵᠤ ᠰᠢᠳᠭᠡᠨ᠎ᠡ︖

᠊᠊᠊᠊᠊᠊᠊᠊᠊᠊᠊᠊᠊᠊᠊᠊᠊᠊᠊᠊᠊᠊᠊᠊᠊᠊᠊᠊᠊ ᠠᠯᠠᠨ᠎ᠠ᠂ ᠠᠯᠠᠬᠤ ᠭᠡᠷᠡᠭ᠍ᠳᠡᠢ ᠭᠡᠵᠤ ᠠᠭᠤᠯᠠ ᠳᠠᠯ᠎ᠠ ᠳᠤᠯᠭᠢᠰᠳᠠᠯ᠎ᠠ ᠪᠠᠷᠭᠢᠷᠠᠨ᠎ᠠ᠃

ᠳ᠋ᠠᠮᠪᠠ ᠪᠣᠯ ᠶᠠᠭ ᠰᠠᠮᠫᠢᠯ ᠨᠤᠶᠠᠨ ᠤ ᠭᠡᠭᠡᠨ ᠣᠪᠣᠭᠠᠨ ᠤ ᠳᠠᠭᠢᠯᠭ᠎ᠠ ᠳᠡᠭᠡᠷ᠎ᠡ ᠪᠠᠯᠤ ᠶᠢ ᠵᠠᠯᠠᠨ ᠠᠪᠴᠢᠷᠠᠵᠤ ᠳᠢᠶᠠᠨᠬᠦᠤ ᠶᠢ ᠣᠰᠠᠳᠬᠠᠬᠤ ᠠᠷᠭ᠎ᠠ ᠶᠢ ᠭᠡᠯᠡᠨ ᠭᠢᠠᠳᠠᠨ ᠳᠤ ᠣᠷᠤᠵᠤ ᠨᠤᠳᠤᠭ ᠤᠨ ᠨᠢᠭᠤᠷ ᠢ ᠪᠠᠷᠠᠭᠰᠠᠨ ᠭᠡᠮᠡᠨ ᠶᠠᠯ᠎ᠠ ᠳᠤᠯᠭᠠᠵᠤ ᠳᠠᠷᠴᠢᠯᠭᠠᠭᠳᠠᠨ ᠳᠠᠭᠢᠨ ᠮᠤᠯᠤᠮ ᠳᠢᠶᠠᠨᠬᠦᠤ ᠶᠢ ᠪᠣᠳᠠ ᠴᠤᠭᠢᠨ ᠭᠢᠠᠳᠠᠨ ᠢ ᠰᠤᠯᠠᠯᠠᠭᠰᠠᠨ ᠤ ᠳᠠᠷᠠᠭ᠎ᠠ ᠰᠠ‍‌ᠶᠢ ᠣᠯᠵᠤ ᠠᠮᠢᠳᠤᠷᠠᠭᠰᠠᠨ ᠶᠢᠡᠨ ᠪᠣᠳᠤᠨ᠂ ᠬᠣᠢ᠌ᠰᠢ ᠬᠠᠷᠠᠨ ᠮᠤᠯᠤᠮ ᠢ ᠨᠢᠭᠡ ᠰᠢᠡᠵᠢᠭᠡᠳ᠂ ᠪᠢ ᠴᠢᠨᠤ ᠠᠴᠢ ᠶᠢ ᠰᠠᠨᠠᠨ ᠠᠪᠣ ᠶᠢ ᠴᠢᠨᠢ ᠠᠯᠠᠭᠰᠠᠨ ᠳᠡᠭᠡᠷᠡᠮ ᠢ ᠦᠨᠦᠳᠤᠷ ᠪᠢ ᠣᠷᠤᠯᠠᠨ ᠰᠢᠳᠭᠡᠵᠤ ᠦᠭ‍ᠭᠦᠨ᠎ᠡ ᠳ᠋ᠠ︕ ᠭᠡᠰᠡᠨ ᠰᠢᠭ᠌ ᠰᠢᠷᠪᠢᠨ ᠳᠠᠭᠢᠨ ᠣᠯᠠᠨ ᠲᠦᠮᠡᠨ ᠤ ᠡᠰᠡᠷᠭᠦ᠄

᠊᠊᠊᠊᠊᠊᠊᠊᠊᠊᠊᠊᠊᠊᠊᠊᠊᠊᠊᠊᠊᠊᠊᠊᠊᠊᠊᠊᠊ ᠠᠷᠠᠤᠨ ᠲᠦᠮᠡᠨ ᠮᠢᠨᠢ ᠡ︕ ᠮᠠᠨᠤᠰ ᠡᠨᠡ ᠳᠢᠶᠠᠨᠬᠦᠤ ᠶᠢ ᠮᠠᠨ ᠤ ᠮᠤᠩᠭ᠋ᠤᠯ ᠤᠨ ᠡᠷᠳᠡᠨ ᠤ ᠳᠦᠷᠢᠮ ᠶᠢᠡᠷ ᠳᠡᠭᠡᠳᠦᠰ ᠢ ᠳᠠᠭᠢᠵᠤ᠂ ᠳᠠᠭᠢᠨ ᠡᠭᠦᠨ ᠳᠤ ᠠᠯᠠᠭᠳᠠᠭᠰᠠᠨ ᠣᠯᠠᠨ ᠲᠦᠮᠡᠨ ᠳᠤ ᠠᠮᠢᠳᠤ ᠵᠤᠯᠠ ᠪᠣᠯᠭᠠᠨ ᠪᠠᠷᠢᠶ᠎ᠠ︕ ᠭᠡᠵᠤ ᠣᠯᠠᠨ ᠢ ᠬᠠᠷᠠᠨ ᠳᠠᠭᠢᠨ ᠡᠭᠦᠨ ᠢ ᠭᠡᠭᠡᠨ ᠣᠪᠣᠭᠠᠨ ᠤ ᠳᠡᠷᠭᠡᠳᠡ ᠠᠪᠠᠴᠢᠨ ᠠᠮᠢᠳᠤ ᠵᠤᠯᠠ ᠪᠣᠯᠭᠠᠶ᠎ᠠ ᠭᠡᠳ ᠣᠯᠠᠨ ᠲᠦᠮᠡᠨ ᠢ ᠣᠷᠢᠶᠠᠯᠠᠨ ᠳᠤᠤᠷ᠎ᠠ ᠪᠠᠢ᠌ᠭᠰᠠᠨ ᠭᠦᠮᠦᠰ ᠳᠠᠢ᠌ᠰᠠᠨ ᠤ ᠳᠡᠭᠡᠷ᠎ᠡ ᠰᠢᠬᠠᠯᠳᠤᠨ ᠭᠠᠷᠴᠤ ᠢᠷᠠᠨ ᠰᠥᠭᠦᠳᠴᠤ ᠪᠠᠢ᠌ᠭᠰᠠᠨ ᠳᠢᠶᠠᠨᠬᠦᠤ ᠶᠢ ᠢᠰᠭᠦᠯᠤᠨ ᠦᠰᠦᠴᠢᠵᠤ ᠳᠠᠢ᠌ᠰᠠᠨ ᠡᠴᠡ ᠥᠩᠭᠦᠷᠢᠳᠡᠭᠦᠯᠤᠨ ᠪᠠᠭᠤᠯᠭᠠᠵᠤ ᠳᠤᠮᠳᠠ ᠪᠠᠨ ᠢᠰᠭᠦᠯᠤᠨ ᠴᠤᠭᠢᠵᠤ ᠭᠡᠭᠡᠨ ᠣᠪᠣᠭᠠᠨ ᠤ ᠳᠡᠷᠭᠡᠳᠡ ᠠᠪᠴᠢᠷᠪᠠ᠃ ᠳᠡᠭᠡᠭᠡᠳ ᠳᠢᠶᠠᠨᠬᠦᠤ ᠶᠢ ᠭᠦᠪᠦᠩ ᠶᠢᠡᠷ ᠣᠷᠢᠶᠠᠨ ᠳᠡᠭᠡᠷ᠎ᠡ ᠨᠢ ᠰᠢᠷ᠎ᠠ ᠳᠤᠰᠤ ᠴᠢᠳᠬᠤᠨ ᠮᠤᠳᠤ ᠲᠡᠶ ᠬᠠᠮᠳᠤ ᠪᠠᠷᠢᠨ ᠣᠶᠠᠵᠤ᠂ ᠭᠠᠵᠠᠷ ᠲᠤ ᠪᠣᠯᠠᠨ ᠭᠡᠭᠡᠨ ᠣᠪᠣᠭᠠᠨ ᠤ ᠡᠮᠦᠨ᠎ᠡ ᠠᠯᠢ ᠣᠯᠠᠨ ᠥᠭᠦᠭ᠍ᠰᠡᠨ ᠭᠦᠮᠦᠰ ᠲᠤ ᠠᠮᠢᠳᠤ ᠵᠤᠯᠠ ᠪᠣᠯᠭᠠᠨ ᠰᠢᠳᠠᠭᠠᠨ᠎ᠠ᠃

ᠭᠦᠭᠡᠷᠦᠭᠦᠢ︕ ᠨᠢᠭᠡ ᠦᠶ᠎ᠡ ᠭᠦᠴᠦᠷᠭᠡᠭ᠍ᠵᠢᠨ ᠮᠠᠠᠳᠤᠭᠠᠤᠨ ᠠᠷᠠᠤᠨ ᠲᠦᠮᠡᠨ ᠢ ᠵᠤᠪᠠᠭᠠᠨ ᠠᠶᠤᠯᠭᠠᠵᠤ ᠪᠠᠢ᠌ᠭᠰᠠᠨ ᠳᠡᠭᠡᠷᠡᠮ ᠤᠨ ᠳᠦᠷᠦᠭᠦᠤ ᠣᠯᠠᠭᠠᠨ ᠰᠠᠬᠠᠯᠳᠤ ᠭᠡᠭᠡᠨ ᠣᠪᠣᠭᠠᠨ ᠤ ᠠᠮᠢᠳᠤ ᠵᠤᠯᠠ ᠪᠣᠯᠬᠤ ᠭᠡᠳᠡᠭ᠌ ᠢ ᠳᠠᠷᠠ ᠭᠡᠷᠭᠢᠨ ᠮᠠᠳᠠᠨ᠎ᠠ ⁈ ᠭᠡᠩᠰᠢᠭᠦᠤ ᠶᠢᠨ ᠦᠨᠦᠷ ᠭᠠᠷᠴᠤ ᠰᠢᠷ᠎ᠠ ᠳᠤᠰᠤ ᠲᠡᠶ ᠭᠦᠪᠦᠩ ᠣᠯᠠᠯᠵᠠᠨ ᠨᠤᠴᠠᠬᠤ ᠳᠤ ᠳᠢᠶᠠᠨᠬᠦᠤ ᠶᠢᠨ ᠦᠰᠦ ᠭᠡᠵᠢᠭᠡ ᠡᠭᠢᠯᠡᠨ ᠰᠢᠳᠠᠵᠤ ᠭᠢᠷᠪᠣᠰᠤᠨ ᠥᠨᠦᠷᠳᠡᠭ᠍ᠳᠡᠨ᠎ᠡ᠃ ᠠᠮᠢᠳᠤ ᠶᠢᠨ ᠳᠠᠮᠤ ᠶᠢ ᠭᠦᠯᠢᠴᠡᠨ ᠳᠡᠢ᠌ᠯᠭᠦ ᠦᠭᠡᠶ ᠳᠢᠶᠠᠨᠬᠦᠤ ᠭᠡᠳᠦᠡᠳᠡ ᠬᠠᠷᠠᠩᠭ᠋ᠣᠢ᠌ᠳᠠᠨ ᠮᠠᠨᠠᠷᠠᠭᠰᠠᠨ ᠢ ᠭᠡᠨ ᠮᠠᠳᠠᠨ᠎ᠠ︖ ᠬᠠᠭᠠᠰ ᠡᠳᠦᠷ ᠤᠨ ᠰᠢᠳᠠᠯᠭᠠᠭ᠎ᠠ ᠪᠠᠷ ᠳᠢᠶᠠᠨᠬᠦᠤ ᠶᠢ ᠭᠡᠭᠡᠨ ᠣᠪᠣᠭᠠᠨ ᠤ ᠠᠮᠢᠳᠤ ᠵᠤᠯᠠ ᠪᠣᠯᠭᠠᠪᠠ᠃

ᠳ᠋ᠠᠮᠪᠠ ᠭᠡᠳᠥᠢᠪᠠᠷ ᠰᠠᠨᠠᠭ᠎ᠠ ᠳᠠᠭᠠᠨ ᠬᠠᠨᠤᠭᠰᠠᠨ ᠴᠤ ᠬᠤᠵᠢᠮ ᠤᠨ ᠡᠳᠦᠷ ᠮᠦᠨ ᠣᠯᠠᠨ ᠲᠦᠮᠡᠨ ᠢ ᠭᠢᠬᠠᠨ ᠵᠤᠪᠠᠭᠠᠭᠰᠠᠨ ᠶᠠᠯ᠎ᠠ ᠳᠤ ᠣᠷᠤᠵᠤ ᠠᠷᠠᠰᠤ ᠮᠢᠬᠠᠨ ᠤ ᠵᠤᠪᠠᠯᠠᠩ ᠳᠤ ᠣᠴᠠᠷᠠᠬᠤ ᠶᠢ ᠶᠠᠭᠠᠭᠢᠨ ᠮᠠᠳᠠᠨ᠎ᠠ︕ ᠭᠡᠳᠥᠢᠪᠠᠷ ᠣᠯᠠᠨ ᠲᠦᠮᠡᠨ ᠳᠢᠶᠠᠨᠬᠦᠤ ᠶᠢ ᠠᠮᠢᠳᠤ ᠵᠤᠯᠠ ᠪᠣᠯᠭᠠᠭᠰᠠᠨ ᠴᠤ ᠭᠦᠮᠦᠰ ᠤᠨ ᠨᠢᠳᠤᠨ ᠳᠤ ᠭᠡᠳᠤᠨ ᠡᠳᠦᠷ ᠰᠢᠳᠠᠵᠤ ᠪᠠᠢ᠌ᠭ᠎ᠠ ᠳᠢᠶᠠᠨᠬᠦᠤ ᠶᠢᠨ ᠳᠠᠯᠴᠢᠯᠠᠪᠣᠷᠢ ᠭᠠᠷᠤᠭᠰᠠᠨ ᠦᠭᠡᠶ᠂ ᠡᠭᠦᠨ ᠢ ᠥᠵᠡᠭ᠍ᠰᠡᠨ ᠭᠠᠵᠠᠷ ᠤᠨ ᠡᠵᠡᠳ᠂ ᠪᠠᠶᠠᠤᠨ ᠨᠤᠶᠠᠤᠨ ᠤᠨ ᠰᠦᠰᠦ ᠨᠢ ᠭᠡᠮᠭᠡᠷᠡᠨ᠂ ᠠᠷᠠᠤᠨ ᠤᠨ ᠬᠤᠪᠢᠰᠬᠠᠯ ᠤᠨ ᠭᠢᠵᠠᠭᠠᠯᠠᠰᠢ ᠦᠭᠡᠶ ᠭᠦᠴᠤᠨ ᠴᠢᠳᠠᠯ ᠢ ᠮᠠᠳᠠᠨ ᠬᠤᠪᠢ ᠬᠤᠪᠢᠨ ᠤ ᠳᠤᠳᠤᠷ᠎ᠠ ᠪᠠᠨ ᠪᠣᠳᠤᠯ ᠲᠡᠶ ᠶᠠᠪᠣᠬᠤ ᠶᠢ ᠭᠡᠯᠡᠭᠦ ᠦᠭᠡᠶ᠃

ᠬᠠᠪᠣᠷ ᠤᠨ ᠣᠷᠢᠨ ᠳᠤᠯᠠᠭᠠᠨ ᠬᠤᠪᠬᠠᠢ ᠡᠪᠦᠯ ᠤᠨ ᠭᠦᠢᠳᠡᠨ ᠢ ᠳᠠᠭᠤᠨ᠂ ᠭᠡᠭᠡᠷ᠎ᠡ ᠶᠢᠨ ᠭᠦᠢᠯᠡᠰᠤᠨ ᠤ ᠰᠤᠶᠤᠭ᠎ᠠ ᠭᠦᠯᠦᠭᠡᠯᠡᠨ ᠰᠤᠶᠤᠵᠢᠵᠤ᠂ ᠳᠠᠪᠢᠨ ᠳᠦᠷᠪᠠᠨ ᠣᠨ ᠤ ᠬᠠᠷᠠᠩᠭ᠋ᠤᠢ ᠡᠳᠦᠷ ᠬᠤᠨᠤᠭ ᠮᠦᠨ ᠡᠭᠢᠯᠡᠨ ᠣᠯᠠᠭᠠᠨ ᠤ ᠬᠤᠪᠢᠰᠬᠠᠯ ᠤᠨ ᠳᠤᠭ ᠭᠠᠵᠠᠷ ᠪᠣᠯᠭᠠᠨ ᠨᠠᠮᠢᠷᠠᠨ ᠠᠷᠢᠭᠤᠳᠬᠠᠨ ᠪᠣᠳᠤᠬᠤ ᠭᠦᠳᠡᠯᠭᠡᠭᠡᠨ ᠮᠦᠨ ᠡᠭᠢᠯᠡᠵᠤ᠂ ᠹᠧᠤᠳᠠᠯ ᠤᠨ ᠬᠠᠷ᠎ᠠ ᠰᠢᠷ᠎ᠠ ᠶᠢ ᠠᠷᠢᠯᠭᠠᠬᠤ ᠭᠦᠳᠡᠯᠭᠡᠭᠡᠨ ᠭᠡᠭᠡᠨ ᠣᠷᠳᠤᠨ ᠤ ᠠᠷᠠᠤᠨ ᠤᠨ ᠵᠠᠰᠠᠭ ᠤᠨ ᠣᠷᠳᠤᠨ ᠤ ᠳᠠᠢ᠌ᠰᠠᠨ ᠳᠤ ᠵᠠᠷᠯᠠᠪᠠ᠃

ᠪᠦᠭᠦ ᠠᠷᠠᠤᠨ ᠲᠦᠮᠡᠨ ᠭᠦᠮᠤᠨ ᠪᠦᠷᠢ ᠭᠤᠲ᠋ᠸᠤ ᠵᠡᠭᠡᠳᠡᠤ ᠪᠠᠷᠢᠨ᠂ ᠰᠢᠨ᠎ᠠ ᠮᠠᠶ‍ᠢᠭ ᠤᠨ ᠳ᠋ᠦ᠋ᠩ ᠹᠧᠩ ᠨᠠᠷᠠᠮᠵᠢᠳᠤ ᠴᠢᠴᠧ ᠮᠠᠱᠢᠨ ᠳᠤ ᠰᠠᠭᠤᠨ ᠹᠧᠤᠳᠠᠯ ᠤᠨ ᠬᠠᠷ᠎ᠠ ᠰᠢᠷ᠎ᠠ ᠶᠢ ᠠᠷᠢᠯᠭᠠᠬᠤ ᠪᠠᠷ ᠪᠠᠷᠠᠭᠤᠨ ᠬᠣᠢ᠌ᠳᠤ ᠶᠢᠨ ᠮᠤᠷᠢᠨ ᠳᠤᠯᠤᠭᠠᠢ᠌ᠳᠤ ᠶᠢᠨ ᠰᠦᠮ᠎ᠡ ᠶᠢ ᠳᠠᠯᠠᠭᠳᠠᠬᠤ ᠪᠠᠷ ᠪᠣᠯᠪᠠ᠃ ᠳᠠᠯ᠎ᠠ ᠶᠢᠨ ᠰᠢᠷ᠎ᠠ ᠵᠠᠮ ᠶᠢᠡᠷ ᠠᠷᠪᠠ ᠢᠯᠡᠭᠦᠤ ᠴᠢᠴᠧ ᠮᠠᠰᠢᠨ ᠳᠤᠭᠤᠰᠤ ᠪᠣᠳᠠᠷᠠᠭᠤᠯᠤᠨ ᠭᠡᠳᠤᠨ ᠵᠠᠭᠤᠨ ᠣᠨ ᠤ ᠳᠡᠦᠭᠡ ᠲᠡᠶ ᠭᠡᠭᠡᠨ ᠣᠷᠳᠤ ᠶᠢᠨ ᠬᠠᠷᠢᠶᠠᠳᠤ ᠰᠦᠮ᠎ᠡ ᠶᠢ ᠨᠢᠴᠠᠯᠠᠬᠤ ᠪᠠᠷ ᠠᠷᠠᠤᠨ ᠤᠨ ᠬᠤᠪᠢᠰᠬᠠᠯ ᠤᠨ ᠣᠯᠠᠭᠠᠨ ᠳᠤᠭ ᠳᠠᠷᠠ ᠵᠥᠭ᠌ ᠨᠠᠮᠢᠷᠠᠪᠠ᠃

ᠠᠪᠣ ᠳᠡᠭᠡᠳᠤ ᠶᠢᠨ ᠦᠶ᠎ᠡ ᠡᠴᠡ ᠪᠠᠨ ᠠᠪᠣᠭᠠᠤᠨ ᠠᠳᠢᠰᠤᠯᠠᠨ ᠰᠢᠳᠤᠵᠤ᠂ ᠰᠠᠷᠵᠢᠮᠯᠠᠨ ᠳᠠᠭᠠᠳᠬᠠᠭᠰᠠᠨ ᠰᠢᠳᠦᠭᠡᠨ ᠤ ᠣᠷᠤᠨ ᠨᠢ ᠠᠷᠢᠶᠠᠯᠪᠣᠤ ᠶᠢᠨ ᠣᠷᠤᠨ ᠡᠴᠡ ᠪᠠᠨ ᠠᠳᠠ ᠴᠢᠳᠭᠦᠷ ᠤᠨ ᠣᠷᠤᠨ ᠪᠣᠯᠵᠤ᠂ ᠪᠠᠯᠪᠠᠴᠢᠨ ᠨᠢᠴᠠᠯᠠᠬᠤ ᠭᠦᠳᠡᠯᠭᠡᠭᠡᠨ ᠤ ᠭᠤᠤᠯ ᠲᠦᠪ ᠪᠣᠯᠬᠤ ᠶᠢ ᠡᠴᠢᠭᠡ ᠳᠡᠭᠡᠳᠦᠰ᠂ ᠡᠭᠡ ᠡᠴᠢᠭᠡ ᠭᠡᠷᠭᠢᠨ ᠮᠠᠳᠠᠨ᠎ᠠ ⁈

ᠬᠠᠪᠣᠷ ᠤᠨ ᠳᠤᠯᠠᠭᠠᠨ ᠳᠤ ᠵᠡᠷᠭᠡᠯᠭᠡᠡᠳᠤᠨ ᠬᠠᠷᠠᠭᠳᠠᠬᠤ ᠮᠤᠷᠢᠨ ᠳᠤᠯᠤᠭᠠᠢ᠌ᠳᠤ ᠶᠢᠨ ᠰᠦᠮ᠎ᠡ ᠶᠢᠨ ᠡᠷᠳᠡᠨ ᠤ ᠪᠠᠷᠢᠯᠭ᠎ᠠ ᠠᠳᠠᠪᠠᠰᠢ ᠰᠤᠨᠢᠨ᠃ ᠪᠦᠳᠦᠭᠦᠨ ᠳᠤᠮᠤ ᠭᠠᠳᠠᠷ ᠭᠦᠷᠢᠶ᠎ᠡ ᠶᠢ ᠭᠡᠭᠡ ᠳᠤᠭᠤᠰᠭ᠎ᠠ ᠪᠠᠷ ᠪᠠᠷᠢᠨ᠂ ᠡᠭᠦᠳᠡᠨ ᠤ ᠬᠠᠵᠠᠭᠤ ᠳᠤ ᠬᠤᠶᠠᠷ ᠮᠠᠬᠠᠷᠠᠠᠽᠠ ᠪᠣᠷᠬᠠᠨ ᠢ ᠱᠤᠭᠤᠨ᠂ ᠡᠭᠦᠳᠡᠨ ᠤ ᠳᠡᠭᠡᠷ᠎ᠡ ᠮᠠᠠᠵᠤ ᠶᠢᠨ ᠪᠢᠴᠢᠭᠯᠡᠯᠳᠤ 《ᠠᠷᠢᠭᠤᠨ ᠴᠠᠭᠠᠨ ᠣᠷᠳᠤᠨ ᠤ ᠬᠠᠷᠢᠶᠠᠳᠤ ᠰᠦᠮ᠎ᠡ》 ᠭᠡᠵᠤ ᠳᠤᠤᠷ᠎ᠠ ᠨᠢ 《ᠮᠤᠷᠢᠨ ᠳᠤᠯᠤᠭᠠᠢ᠌ᠳᠤ ᠰᠦᠮ᠎ᠡ》 ᠭᠡᠵᠤ ᠵᠢᠵᠢᠭᠯᠡᠨ ᠪᠢᠴᠢᠵᠤ᠂ ᠭᠦᠷᠢᠶᠡᠨ ᠳᠤᠳᠤᠷ᠎ᠠ ᠪᠦᠳᠦᠭᠦᠨ ᠳᠦᠷᠪᠠᠨ ᠳᠤᠤᠭᠠᠩ ᠬᠠᠷᠠᠭᠳᠠᠨ ᠮᠦᠷᠭᠦᠯ ᠭᠢᠭᠦ ᠰᠦᠮ᠎ᠡ ᠶᠢᠨ ᠡᠭᠦᠳᠡᠨ ᠳᠤ ᠪᠦᠳᠦᠭᠦᠨ ᠭᠦᠯᠢᠰ ᠢ ᠳᠠᠯᠪᠢᠵᠤ᠂ ᠱᠠᠭᠵᠠᠮᠤᠨᠢ ᠪᠣᠷᠬᠠᠨ ᠡᠴᠡ ᠳᠠᠷᠠᠭᠠᠯᠠᠨ ᠪᠠᠷᠠᠭᠤᠨ ᠳᠡᠭ᠍ᠷᠢ ᠶᠢᠨ ᠪᠣᠷᠬᠠᠨ ᠤ ᠭᠦᠷᠦᠭ᠌ ᠢ ᠱᠤᠭᠤᠨ ᠭᠠᠷᠭᠠᠵᠤ᠂ ᠡᠮᠦᠨ᠎ᠡ ᠨᠢ ᠭᠦᠵᠢᠰ ᠰᠢᠳᠠᠭᠠᠨ ᠯᠠᠮ᠎ᠠ ᠪᠠᠠᠳᠠᠢ ᠨᠡᠷ ᠨᠤᠮ ᠣᠩᠰᠢᠨ ᠰᠠᠨᠸᠠᠷ ᠭᠦᠢᠴᠡᠳᠭᠡᠨ᠎ᠡ᠃

ᠥᠭᠦᠮᠡᠯ ᠳᠠᠷᠨᠢ ᠣᠩᠰᠢᠨ ᠦᠪᠡᠷ ᠤᠨ ᠰᠡᠳᠭᠢᠯ ᠶᠢᠡᠨ ᠬᠠᠭᠤᠷᠠᠨ᠂ ᠰᠢᠷ᠎ᠠ ᠣᠷᠭᠢᠮᠵᠢ ᠶᠢ ᠣᠷᠭᠢᠨ᠂ ᠪᠣᠷᠤ ᠴᠠᠮᠴᠠ ᠶᠢ ᠭᠡᠳᠦᠷᠴᠤ᠂ ᠰᠠᠭᠢᠯ ᠰᠠᠨᠸᠠᠷ ᠭᠡᠮᠡᠨ ᠡᠳᠦᠷ ᠨᠥᠭ᠍ᠴᠢᠭᠡᠨ᠂ ᠠᠷᠠᠤᠨ ᠲᠦᠮᠡᠨ ᠤ ᠰᠥᠰᠦᠭ᠌ ᠪᠢᠰᠢᠷᠠᠯ ᠢ ᠪᠠᠵᠠᠭᠳᠠᠨ ᠠᠳᠬᠤᠭᠰᠠᠨ ᠡᠨᠡ ᠰᠦᠮ᠎ᠡ ᠳᠤ ᠡᠳᠦᠷ ᠶᠢᠡᠷ ᠴᠢᠰᠤᠨ ᠳᠠᠯᠠᠢ ᠣᠷᠤᠰᠤᠨ᠂ ᠨᠤᠮ ᠣᠩᠰᠢᠬᠤ ᠶᠢ ᠪᠠᠢ᠌ᠳᠤᠭᠠᠢ᠂ ᠡᠳᠦᠷ ᠶᠢᠡᠷ ᠨᠠᠮᠠᠠᠴᠢᠯᠠᠬᠤ ᠭᠦᠮᠤᠨ ᠪᠠᠰᠠ ᠦᠭᠡᠶ ᠪᠣᠯᠬᠤ ᠶᠢ᠂ ᠡᠳᠡᠨᠦᠰ ᠢᠯᠠ ᠳᠠᠯᠳᠠ ᠶᠢ ᠠᠢ᠌ᠯᠠᠳᠬᠠᠨ ᠮᠠᠳᠠᠨ᠎ᠠ ᠭᠡᠪᠠᠴᠤ ᠡᠭᠦᠨ ᠢ ᠶᠠᠭ ᠮᠡᠳᠡᠭ᠍ᠰᠡᠨ ᠦᠭᠡᠶ᠃

ᠬᠤᠩᠬᠤ ᠳᠠᠮᠠᠷᠤᠤ ᠶᠢᠨ ᠰᠠᠵᠢᠯᠭᠠᠨ ᠤ ᠳᠠᠭᠤᠨ᠂ ᠨᠤᠮ ᠤᠨ ᠠᠢ᠌ᠵᠠᠮ ᠲᠡᠶ ᠣᠩᠰᠢᠯᠭ᠎ᠠ ᠭᠢᠭᠡᠳ ᠵᠦᠩ ᠤᠨ ᠳᠠᠭᠤᠨ ᠡᠴᠡ ᠭᠠᠳᠠᠨ᠎ᠠ ᠭᠡᠨᠡᠳᠲᠡ ᠫᠣᠤ ᠶᠢᠨ ᠳᠠᠭᠤᠨ ᠭᠠᠷᠴᠤ᠂ ᠪᠦᠭᠦ ᠨᠤᠮ ᠣᠩᠰᠢᠵᠤ ᠪᠠᠢ᠌ᠭᠰᠠᠨ ᠯᠠᠮ᠎ᠠ ᠨᠡᠷ ᠰᠤᠴᠢᠨ᠂ ᠶᠠᠭᠤ ᠪᠣᠯᠤᠭᠰᠠᠨ ᠳᠤᠬᠠᠢ ᠮᠡᠳᠡᠭᠦ ᠡᠴᠡ ᠡᠮᠦᠨ᠎ᠡ ᠠᠷᠠᠤᠨ ᠤᠨ ᠬᠤᠪᠢᠰᠬᠠᠯ ᠤᠨ ᠴᠡᠷᠢᠭ᠌ ᠫᠣᠤ ᠳᠤᠯᠭᠠᠨ ᠰᠦᠮ᠎ᠡ ᠶᠢᠨ ᠪᠠᠠᠳᠠᠢ ᠡᠴᠡ ᠳᠠᠷᠠᠭᠠᠯᠠᠨ ᠳ᠋ᠠ ᠯᠠᠮ᠎ᠠ ᠵᠠᠮᠰᠤᠵᠤᠩᠨᠠᠢ᠂ ᠭᠡᠪᠭᠦᠢ ᠫᠠᠯᠵᠠᠢ᠌ᠫᠣᠷᠪᠣ ᠭᠦᠷᠳᠡᠯ᠎ᠡ ᠪᠦᠭᠦᠳᠡ ᠵᠠᠭᠤ ᠨᠠᠶᠠᠨ ᠳᠤᠯᠤᠭᠠᠨ ᠯᠠᠮ᠎ᠠ ᠬᠤᠪᠣᠷᠠᠭ ᠢ ᠰᠦᠮ᠎ᠡ ᠡᠴᠡ ᠭᠠᠳᠠᠨ᠎ᠠ ᠭᠠᠷᠭᠠᠨ ᠥᠭᠡ ᠳᠠᠭᠤᠨ ᠳᠤᠤᠭᠠᠷᠭᠤᠯᠬᠤ ᠦᠭᠡᠶ ᠪᠠᠷ ᠭᠠᠷ ᠭᠦᠯ ᠢ ᠨᠢ ᠣᠶᠠᠵᠤ᠂ ᠪᠦᠭᠦᠳᠡ ᠶᠢ ᠭᠡᠭᠡᠨ ᠣᠷᠳᠤᠨ ᠤ ᠵᠥᠭ᠌ ᠭᠦᠭᠡᠭᠡᠨ ᠶᠠᠪᠣᠪᠠ᠃

ᠳᠠᠭᠢᠭᠠᠤᠨ ᠳ᠋ᠠᠮᠪᠠ ᠳᠠᠷᠤᠭ᠎ᠠ ᠣᠯᠠᠨ ᠢ ᠵᠠᠷᠯᠢᠭᠳᠠᠨ ᠰᠦᠮ᠎ᠡ ᠶᠢᠨ ᠳᠤᠳᠤᠷᠭᠢ ᠠᠯᠢᠪᠠ ᠶᠠᠭᠤᠮ᠎ᠠ ᠶᠢ ᠵᠥᠭᠡᠭᠡᠨ ᠭᠠᠷᠭᠠᠵᠤ᠂ ᠣᠪᠣᠭᠠᠯᠠᠨ ᠰᠢᠳᠠᠭᠠᠭᠠᠤᠨ᠂ ᠳᠠᠭᠢᠨ ᠪᠦᠭᠦ ᠠᠷᠠᠤᠨ ᠲᠦᠮᠡᠨ ᠢ ᠣᠳᠤᠷᠢᠳᠤᠨ ᠪᠦᠭᠦᠯᠢ ᠭᠤᠷᠪᠠᠨ ᠡᠳᠦᠷ ᠤᠨ ᠴᠥᠯᠪᠠᠯᠭᠡ ᠭᠢᠭᠡᠳ ᠡᠨᠡᠭᠦ ᠭᠡᠳᠤᠨ ᠵᠠᠭᠤᠨ ᠣᠨ ᠤ ᠳᠡᠦᠭᠡ ᠲᠡᠶ ᠠᠷᠢᠭᠤᠨ ᠴᠠᠭᠠᠨ ᠣᠷᠳᠤᠨ ᠤ ᠬᠠᠷᠢᠶᠠᠳᠤ ᠰᠦᠮ᠎ᠡ ᠶᠢ ᠳᠠᠯᠭᠢᠭᠳᠠᠨ ᠭᠠᠯᠳᠠᠵᠤ ᠰᠠᠭᠤᠷᠢ ᠶᠢ ᠨᠢ ᠦᠨᠡᠰᠤ ᠪᠣᠯᠭᠠᠨ ᠬᠠᠶᠠᠪᠠ᠃ ᠳᠡᠭ᠍ᠷᠢ ᠠᠪᠣ ᠴᠤ ᠰᠡᠳᠭᠢᠯ ᠭᠤᠨᠢᠶᠠᠭᠰᠠᠨ ᠪᠣᠯᠪᠠᠤ ⁈

ᠭᠦᠭᠡᠷᠦᠭᠦᠢ︕ ᠳᠡᠭᠡᠭᠡᠳ ᠦᠨᠳᠦᠰᠦᠳᠠᠨ ᠤ ᠮᠢᠨᠢ ᠦᠪ ᠭᠦᠷᠦᠩᠭᠡ᠂ ᠡᠳ᠋ ᠬᠤᠭᠰᠢᠯ ᠮᠠᠨᠢ ᠢᠩᠭᠢᠵᠤ ᠣᠰᠠᠳᠤᠨ ᠬᠠᠢ᠌ᠯᠵᠤ᠂ ᠶᠠᠭᠤᠮ᠎ᠠ ᠮᠡᠳᠡᠭᠦ ᠦᠭᠡᠶ ᠭᠦᠮᠤᠨ ᠤ ᠥᠳᠡᠭᠡᠯᠭᠡ ᠪᠠ ᠵᠠᠷᠢᠮ ᠵᠤᠷᠢᠯᠭ᠎ᠠ ᠲᠡᠶ ᠪᠠᠷ ᠴᠦᠯᠪᠠᠨ ᠳᠡᠭᠡᠷᠡᠮᠳᠡᠵᠤ ᠪᠠᠢ᠌ᠭ᠎ᠠ ᠨᠠᠷ᠎ᠠ ᠦᠭᠡᠶ ᠳᠡᠭᠡᠷᠡᠮ ᠤᠨ ᠳᠤᠮᠳᠠ᠂ ᠦᠨᠳᠦᠰᠦᠳᠠᠨ ᠶᠠᠰᠤᠳᠠᠨ ᠤ ᠮᠢᠨᠢ ᠳᠡᠦᠭᠡ ᠰᠤᠳᠤᠷ ᠣᠯᠠ ᠮᠦᠷ ᠵᠠᠮᠬᠠᠷᠠᠨ ᠠᠷᠢᠯᠤᠨ᠎ᠠ᠃ ᠳᠡᠦᠭᠡ ᠶᠢ ᠠᠷᠠᠤᠨ ᠲᠦᠮᠡᠨ ᠡᠭᠦᠳᠤᠨ ᠪᠦᠳᠦᠭᠡᠨ᠎ᠡ ᠭᠡᠰᠡᠨ ᠴᠤ ᠳᠡᠦᠭᠡ ᠪᠠᠨ ᠠᠷᠠᠤᠨ ᠲᠦᠮᠡᠨ ᠦᠪᠠᠰᠤᠪᠠᠨ ᠪᠣᠯᠠᠰᠢᠯᠠᠨ᠎ᠠ ᠭᠡᠳᠡᠭ᠌ ᠨᠢ ᠪᠠᠰᠠ ᠦᠨᠡᠨ ᠪᠠᠢ᠌ᠵᠠᠢ᠃ ᠴᠠᠭ ᠳᠦᠷᠤ ᠶᠢᠨ ᠬᠤᠪᠢᠰᠤᠯ ᠪᠠ ᠣᠷᠤᠭ᠎ᠠ ᠪᠣᠰᠬᠠᠭ᠎ᠠ ᠨᠡᠢ᠌ᠭᠡᠮ ᠤᠨ ᠠᠯᠬᠤᠴᠠ ᠡᠴᠡ ᠪᠣᠯᠵᠤ ᠭᠦᠮᠤᠨ ᠳᠦᠷᠤᠯᠭᠢᠳᠠᠨ ᠨᠡᠢ᠌ᠭᠡᠮ ᠡᠴᠡ ᠣᠬᠤᠷᠢᠳᠠᠭ ᠢ ᠭᠡᠨ ᠴᠤ ᠢᠳᠡᠭᠡᠳᠡᠭ᠌ ᠦᠭᠡᠶ ᠶᠤᠮ᠃ ᠭᠡᠪᠠᠴᠤ ᠡᠨᠡ ᠴᠠᠭ ᠡᠷᠡᠨ ᠪᠣᠯ ᠰᠢᠭᠤᠳ ᠨᠡᠢ᠌ᠭᠡᠮ ᠤᠨ ᠣᠬᠤᠷᠢᠯᠳᠠ ᠪᠣᠯᠬᠤ ᠡᠴᠡ ᠪᠢᠰᠢ ᠨᠡᠢ᠌ᠭᠡᠮ ᠤᠨ ᠳᠠᠪᠰᠢᠯᠳᠠ ᠣᠭᠳᠤ ᠪᠢᠰᠢ᠃ ᠶᠠᠭ ᠣᠨᠤᠰᠢᠯᠠᠪᠠᠯ 《ᠳᠠᠭᠠᠳᠬᠠᠨ ᠵᠠᠯᠪᠢᠷᠠᠬᠤ ᠪᠣᠷᠬᠠᠨ ᠦᠭᠡᠶ᠂ ᠳᠠᠪᠠᠵᠤ ᠵᠠᠭᠠᠯᠳᠤᠬᠤ ᠵᠠᠰᠠᠭ ᠦᠭᠡᠶ》 ᠭᠡᠪᠠᠯ ᠬᠠᠮᠤᠭ ᠡᠴᠡ ᠣᠨᠤᠪᠴᠢᠳᠠᠢ᠃ ᠡᠭᠡᠭᠡ ᠯᠠ 《ᠪᠢᠴᠢᠭ᠌ ᠢ ᠰᠢᠳᠠᠭᠠᠵᠤ ᠪᠢᠴᠢᠭ᠍ᠳᠡᠨ ᠢ ᠪᠣᠯᠠᠭᠰᠠᠨ》 ᠡᠴᠡ ᠶᠠᠮᠠᠷ ᠢᠯᠭᠠᠭ᠎ᠠ ᠪᠠᠢ᠌ᠨ᠎ᠠ︖

ᠰᠢᠷᠤᠢ ᠳᠤᠭᠤᠰᠭ᠎ᠠ ᠶᠢ ᠨᠢ ᠣᠷᠪᠠᠭᠤᠯᠵᠤ ᠰᠢᠪᠠᠷ ᠭᠡᠷᠡᠮ ᠢ ᠨᠢ ᠪᠠᠭᠤᠯᠭᠠᠵᠤ᠂ ᠰᠢᠳᠦᠭᠡᠨ ᠪᠣᠷᠬᠠᠨ ᠢ ᠨᠢ ᠪᠠᠯᠪᠠᠴᠢᠵᠤ ᠬᠤᠩᠬᠤ ᠳᠠᠮᠠᠷᠤᠤ ᠶᠢ ᠨᠢ ᠨᠢᠴᠠᠯᠠᠨ᠂ ᠬᠤᠷᠠᠯ ᠴᠤᠭᠯᠠᠭᠠᠨ ᠤ ᠳᠤᠤᠭᠠᠩ ᠢ ᠨᠢ ᠶᠡᠭᠦᠯᠡᠨ᠂ ᠵᠦᠩ ᠢ ᠨᠢ ᠪᠠᠭᠤᠯᠭᠠᠨ ᠵᠡᠭᠦᠳᠤ ᠶᠢ ᠨᠢ ᠰᠠᠷᠨᠢᠭᠤᠯᠤᠨ᠂ ᠬᠤᠯᠠ ᠳᠤ ᠬᠠᠶᠠᠵᠤ ᠭᠦᠳᠡᠭᠡ ᠪᠣᠯᠠᠰᠢᠯᠠᠪᠠ᠃

ᠪᠠᠢ᠌ᠭᠰᠠᠨ ᠶᠢᠡᠨ ᠠᠪᠴᠤ ᠳ᠋ᠠᠮᠪᠠ ᠳᠠᠷᠤᠭ᠎ᠠ ᠭᠡᠭᠡᠨ ᠣᠷᠳᠤᠨ ᠤ ᠠᠷᠠᠤᠨ ᠤᠨ ᠵᠠᠰᠠᠭ ᠤᠨ ᠣᠷᠳᠤᠨ ᠤ ᠵᠥᠭ᠌ ᠳᠠᠪᠭᠢᠪᠠ᠃ ᠳᠠᠯ᠎ᠠ ᠶᠢᠨ ᠵᠠᠮ ᠶᠢᠡᠷ ᠴᠤᠪᠣᠭᠰᠠᠨ ᠴᠢᠴᠧ ᠬᠠᠭᠠᠰ ᠡᠳᠦᠷ ᠤᠨ ᠳᠠᠷᠠᠭ᠎ᠠ ᠵᠠᠰᠠᠭ ᠤᠨ ᠣᠷᠳᠤᠨ ᠳᠤ ᠢᠷᠠᠵᠤ ᠬᠤᠶᠠᠷ ᠡᠳᠦᠷ ᠤᠨ ᠳᠠᠷᠠᠭ᠎ᠠ ᠪᠦᠭᠦᠢᠴᠡᠯᠭᠡᠭᠦ ᠭᠦᠳᠡᠯᠭᠡᠭᠡᠨ ᠡᠭᠢᠯᠡᠪᠡ᠃ ᠭᠠᠷ ᠲᠠᠭᠠᠨ ᠭᠠᠪ ᠵᠡᠭᠦᠨ᠂ ᠭᠦᠯ ᠲᠡᠭᠡᠨ ᠳᠦᠩᠭᠡ ᠭᠢᠡᠵᠢᠯᠡᠭ᠍ᠳᠡᠭ᠍ᠰᠡᠨ ᠪᠦᠭᠦᠨ ᠢ ᠳᠠᠷᠠᠭᠠᠯᠠᠨ ᠵᠤᠭᠰᠤᠭᠠᠵᠤ᠂ ᠳᠡᠭᠦᠨ ᠤ ᠳᠡᠭᠡᠷ᠎ᠡ ᠪᠦᠳᠦᠭᠦᠨ ᠣᠯᠠᠭᠠᠨ ᠪᠦᠰ ᠢ ᠡᠯᠭᠦᠨ ᠳᠡᠭᠡᠷ᠎ᠡ ᠨᠢ ᠬᠠᠷ᠎ᠠ ᠪᠠᠷ 《ᠹᠧᠤᠳᠠᠯ ᠤᠨ ᠥᠯᠡᠳᠡᠭ᠍ᠳᠡᠯ ᠢ ᠮᠠᠯᠳᠠᠨ᠂ ᠣᠯᠠᠭᠠᠨ ᠬᠤᠷᠤᠬᠠᠢ ᠶᠢ ᠣᠰᠠᠳᠬᠠᠶ᠎ᠠ︕》 ᠭᠡᠭᠦ ᠪᠦᠳᠦᠭᠦᠨ ᠥᠰᠦᠭ᠌ ᠢ ᠪᠢᠴᠢᠨ᠂ ᠳ᠋ᠠᠮᠪᠠ ᠳᠠᠷᠤᠭ᠎ᠠ ᠣᠯᠠᠨ ᠤ ᠡᠮᠦᠨ᠎ᠡ ᠭᠠᠷᠴᠤ᠄

᠊᠊᠊᠊᠊᠊᠊᠊᠊᠊᠊᠊᠊᠊᠊᠊᠊᠊᠊᠊᠊᠊᠊᠊᠊᠊᠊᠊᠊ ᠣᠯᠠᠨ ᠲᠦᠮᠡᠨ ᠢ ᠪᠠᠴᠢᠯᠠᠨ ᠬᠠᠭᠤᠷᠠᠵᠤ᠂ ᠬᠠᠷᠠᠴᠤᠰ ᠢ ᠳᠠᠷᠤᠯᠠᠨ᠂ ᠬᠠᠮᠤᠭ ᠪᠦᠭᠦᠨ ᠤ ᠴᠢᠰᠤ ᠮᠢᠬ᠎ᠠ ᠶᠢ ᠰᠤᠷᠤᠵᠤ ᠢᠳᠡᠭ᠍ᠰᠡᠨ ᠬᠤᠪᠠᠯᠵᠠ ᠬᠤᠷᠤᠬᠠᠢ ᠪᠣᠯ ᠡᠳᠡᠭᠡᠷ ᠦᠰᠦ ᠦᠭᠡᠶ ᠨᠢᠴᠦᠭᠦᠨ ᠳᠤᠯᠤᠭᠠᠢ᠌ᠳᠠᠤᠨ ᠪᠣᠯᠬᠤ ᠶᠤᠮ᠃ ᠡᠳᠡᠭᠡᠷ ᠢ ᠣᠰᠠᠳᠬᠠᠬᠤ ᠦᠭᠡᠶ ᠪᠣᠯ ᠮᠠᠨ ᠤ ᠰᠠᠢ᠌ᠨ ᠰᠠᠢ᠌ᠬᠠᠨ ᠠᠮᠢᠳᠤᠷᠠᠯ ᠭᠦᠰᠡᠯᠡᠩ ᠮᠦᠨ ᠣᠤᠯ ᠤᠨ ᠰᠢᠭ ᠡᠳᠡᠨᠡᠷ ᠲᠤ ᠰᠤᠷᠤᠭᠳᠠᠨ ᠬᠠᠮᠤᠭ ᠰᠡᠭᠦᠯ ᠳᠡᠭᠡᠨ ᠡᠳᠡᠨᠡᠷ ᠮᠠᠨ ᠤ ᠳᠤᠯᠤᠭᠠᠢ ᠶᠢ ᠳᠠᠷᠤᠨ ᠳᠤᠩᠭ᠋ᠣᠢ᠌ᠯᠭᠠᠬᠤ ᠶᠤᠮ᠃ ᠡᠢ᠌ᠮᠤ ᠡᠴᠡ ᠡᠢ᠌ᠮᠤ ᠭᠦᠮᠦᠰ ᠢ ᠵᠠᠪᠠᠯ ᠣᠰᠠᠳᠬᠠᠬᠤ ᠭᠡᠷᠡᠭ᠍ᠳᠡᠢ᠃ ᠠᠷᠠᠤᠨ ᠲᠦᠮᠡᠨ ᠤ ᠳᠤᠮᠳᠠ ᠡᠳᠡᠭᠡᠷ ᠴᠢᠰᠤ ᠰᠤᠷᠤᠬᠤ ᠨᠢᠭᠦᠯᠳᠤ ᠬᠤᠪᠠᠯᠵᠠ ᠶᠢ ᠠᠮᠢᠳᠤᠷᠠᠭᠤᠯᠵᠤ ᠪᠣᠯᠬᠤ ᠦᠭᠡᠶ᠃ ᠮᠦᠨ ᠮᠠᠨᠤᠰ ᠹᠧᠤᠳᠠᠯ ᠤᠨ ᠭᠤᠷᠪᠠᠨ ᠥᠯᠡᠳᠡᠭ᠍ᠳᠡᠯ ᠢ ᠳᠠᠶᠠᠭᠳᠠᠬᠤ ᠭᠡᠷᠡᠭ᠍ᠳᠡᠢ᠃ ᠡᠨᠡ ᠪᠣᠯ ᠮᠠᠤ ᠵᠦᠰᠢ ᠶᠢᠨ ᠰᠤᠷᠭᠠᠯ᠂ ᠮᠠᠨ ᠳᠤ ᠳᠠᠯᠪᠢᠵᠤ ᠪᠠᠢ᠌ᠭ᠎ᠠ ᠱᠠᠭᠠᠷᠳᠠᠯᠭ᠎ᠠ ᠪᠣᠯᠤᠨ᠎ᠠ᠃ ᠪᠢᠳᠠᠨ ᠡᠷᠭᠡᠪᠰᠢ ᠮᠠᠤ ᠵᠦᠰᠢ ᠶᠢᠨ ᠥᠭᠡ ᠶᠢ ᠰᠤᠨᠤᠰᠤᠨ᠂ ᠡᠪ ᠬᠠᠮᠳᠤ ᠨᠠᠮ ᠢ ᠭᠦᠷᠢᠶᠡᠯᠡᠨ᠂ ᠥᠭᠡᠢ᠌ᠭᠦᠤ ᠠᠩᠭᠢ ᠶᠢᠨ ᠨᠡᠢ᠌ᠭᠡᠮ ᠵᠢᠷᠤᠮᠳᠤ ᠨᠡᠢ᠌ᠭᠡᠮ ᠢ ᠪᠦᠳᠦᠭᠡᠨ ᠪᠠᠢ᠌ᠭᠤᠯᠬᠤ ᠪᠠᠷ ᠳᠡᠮᠡᠴᠡᠭᠦ ᠭᠡᠷᠡᠭ᠍ᠳᠡᠢ ᠭᠡᠵᠤ ᠴᠢᠩᠭ᠋᠎ᠠ ᠬᠠᠰᠭᠢᠷᠤᠨ ᠭᠡᠯᠡᠭᠡᠳ ᠡᠳᠡᠭᠡᠷ ᠯᠠᠮ᠎ᠠ ᠬᠤᠸᠠᠷᠠᠭ ᠢ ᠭᠦᠭᠡᠭᠡᠨ ᠭᠡᠭᠡᠨ ᠣᠪᠣᠭᠠᠨ ᠤ ᠠᠷᠤ ᠶᠢᠨ ᠵᠤ᠋ ᠳᠤ ᠠᠪᠠᠴᠢᠵᠤ ᠭᠢᠳᠤᠯᠭ᠎ᠠ ᠶᠠᠪᠣᠭᠤᠯᠤᠨ᠎ᠠ᠃ ᠣᠯᠠᠨ ᠲᠦᠮᠡᠨ ᠪᠦᠭᠦᠳᠡᠭᠡᠷ ᠳ᠋ᠠᠮᠪᠠ ᠶᠢᠨ ᠣᠳᠤᠷᠢᠳᠤᠯᠭ᠎ᠠ ᠳᠤᠤᠷ᠎ᠠ ᠭᠦᠷᠵᠡ ᠵᠡᠭᠡᠳᠤ ᠪᠠᠨ ᠠᠳᠬᠤᠨ ᠵᠤᠬᠢᠶᠠᠨ ᠪᠠᠢ᠌ᠭᠤᠯᠤᠯᠳᠠ ᠶᠢ ᠭᠦᠯᠢᠶᠡᠨ᠎ᠡ᠃

ᠭᠦᠭᠡᠷᠦᠭᠦᠢ︕ ᠨᠢᠴᠦᠭᠦᠨ ᠳᠤᠯᠤᠭᠠᠢ ᠲᠡᠶ ᠯᠠᠮ᠎ᠠ ᠬᠤᠸᠠᠷᠠᠭ ᠤᠳ ᠢ ᠠᠷᠤ ᠶᠢᠨ ᠵᠤ᠋ ᠶᠢᠨ ᠡᠩᠭᠡᠷ ᠲᠤ ᠠᠪᠠᠴᠢᠨ ᠪᠦᠭᠦᠨ ᠢ ᠭᠦᠰᠡᠷ ᠭᠡᠪᠳᠡᠭᠦᠯᠤᠨ ᠳᠡᠭᠡᠷ᠎ᠡ ᠡᠴᠡ ᠨᠢ ᠰᠢᠷᠤᠢ ᠳᠡᠭᠡᠭᠡᠰᠡᠨ ᠴᠢᠴᠧ ᠤ ᠳᠦᠷᠪᠠᠨ ᠪᠣᠯᠤ ᠪᠠᠷ ᠥᠩᠭᠦᠷᠢᠳᠡᠭᠦᠯᠦᠨ᠎ᠡ᠃ ᠭᠠᠰᠠᠯᠠᠩ ᠤᠨ ᠳᠠᠭᠤᠨ ᠳᠠᠷᠠ ᠳᠤᠤᠷ᠎ᠠ ᠡᠴᠡ ᠮᠠᠠᠳᠤᠨ ᠶᠤᠰᠤᠳᠠᠢ ᠭᠦᠮᠤᠨ ᠣᠭᠢᠯᠠᠨ ᠴᠢᠳᠭᠦᠷ ᠭᠠᠰᠠᠯᠤᠨ᠎ᠠ᠃ ᠵᠠᠭᠤ ᠨᠠᠶᠠᠨ ᠳᠤᠯᠤᠭᠠᠨ ᠯᠠᠮ᠎ᠠ ᠤᠳ ᠭᠡᠳᠦᠡᠳᠡ ᠮᠠᠰᠢᠨ ᠶᠢᠡᠷ ᠳᠠᠭᠠᠷᠢᠨ᠂ ᠮᠠᠰᠢᠨ ᠤ ᠪᠣᠯᠤ ᠳᠤ ᠣᠨᠤᠭᠳᠠᠨ ᠵᠠᠷᠢᠮ ᠨᠢ ᠭᠡᠯᠡ ᠳᠠᠰᠤ ᠥᠭᠦᠨ᠂ ᠵᠠᠷᠢᠮ ᠨᠢ ᠨᠢᠷᠤᠭᠤ ᠬᠠᠪᠢᠷᠭ᠎ᠠ ᠬᠤᠭᠤᠷᠠᠨ ᠭᠦᠮᠦᠰ ᠤᠨ ᠣᠭᠢᠯᠠᠯ ᠪᠠ ᠭᠠᠰᠠᠯᠠᠩ ᠤᠨ ᠳᠠᠭᠤᠨ ᠳᠡᠭ᠍ᠷᠢ ᠭᠠᠵᠠᠷ ᠲᠡᠶ ᠵᠠᠯᠭᠠᠯᠳᠤᠨ᠎ᠠ᠃

ᠳ᠋ᠠᠮᠪᠠ ᠳᠠᠭᠢᠨ ᠣᠯᠠᠨ ᠲᠦᠮᠡᠨ ᠳᠤ᠄

᠊᠊᠊᠊᠊᠊᠊᠊᠊᠊᠊᠊᠊᠊᠊᠊᠊᠊᠊᠊᠊᠊᠊᠊᠊᠊᠊᠊᠊ ᠮᠠᠰᠢᠨ ᠤ ᠠᠷᠤ ᠡᠴᠡ ᠳᠠᠭᠠᠵᠤ ᠦᠵᠡ︕ ᠭᠡᠷᠪᠡ ᠥᠭᠦᠭᠡ ᠦᠭᠡᠶ ᠪᠣᠯ ᠭᠦᠷᠵᠡ ᠪᠣᠶᠤ ᠵᠡᠭᠡᠳᠤ ᠪᠠᠷ ᠴᠤᠭᠢᠵᠤ ᠠᠯᠠ︕ ᠠᠮᠢᠳᠤ ᠨᠢᠭᠡ ᠶᠢ ᠪᠠᠰᠠ ᠭᠠᠷᠭᠠᠵᠤ ᠪᠣᠯᠬᠤ ᠦᠭᠡᠶ ᠭᠡᠵᠤ ᠬᠠᠳᠠᠭᠤ ᠵᠠᠷᠯᠢᠭ ᠪᠠᠭᠤᠯᠭᠠᠨ᠎ᠠ᠃ ᠠᠷᠭ᠎ᠠ ᠦᠭᠡᠶ ᠠᠷᠠᠤᠨ ᠤᠨ ᠬᠤᠪᠢᠰᠬᠠᠯ ᠤᠨ ᠳᠤᠤᠷ᠎ᠠ ᠣᠯᠠᠨ ᠲᠦᠮᠡᠨ ᠳᠤᠷ᠎ᠠ ᠦᠭᠡᠶ ᠴᠤ ᠳᠤᠤᠭᠠᠷᠴᠤ ᠪᠣᠯᠬᠤ ᠦᠭᠡᠶ᠂ ᠬᠤᠪᠢᠰᠬᠠᠯ ᠤᠨ ᠵᠢᠯᠤᠭᠤᠳᠤᠯᠭ᠎ᠠ ᠡᠴᠡ ᠵᠦᠷᠢᠴᠠᠵᠤ ᠪᠣᠯᠬᠤ ᠦᠭᠡᠶ ᠪᠣᠯᠬᠤᠷ ᠳᠠᠷᠠ ᠶᠤᠰᠤᠭᠠᠷ ᠮᠠᠰᠢᠨ ᠤ ᠬᠣᠢ᠌ᠨ᠎ᠠ ᠡᠴᠡ ᠥᠭᠦᠭ᠍ᠰᠡᠨ ᠯᠠᠮ᠎ᠠ ᠨᠡᠷ ᠤᠨ ᠭᠡᠭᠦᠷ ᠳᠡᠭᠡᠭᠦᠷ ᠠᠯᠬᠤᠯᠠᠨ ᠠᠮᠢᠳᠤ ᠪᠠᠢ᠌ᠬᠤ ᠡᠰᠡᠭᠦ ᠶᠢ ᠦᠵᠡᠨ᠂ ᠬᠠᠭᠠᠰ ᠳᠤᠳᠠᠭᠤ ᠠᠮᠢ ᠲᠡᠶ ᠶᠢ ᠨᠢ ᠥᠯᠡᠳᠡᠭᠡᠯ ᠦᠭᠡᠶ ᠴᠤᠭᠢᠨ ᠠᠯᠠᠨ᠎ᠠ᠃ ᠡᠨᠡ ᠪᠣᠯ ᠭᠡᠭᠡᠨ ᠣᠷᠳᠤᠨ ᠤ ᠠᠷᠠᠤᠨ ᠤᠨ ᠬᠤᠪᠢᠰᠬᠠᠯ ᠤᠨ ᠪᠠᠯᠭᠡ ᠳᠡᠮᠳᠡᠭ᠌ ᠪᠣᠯᠬᠣᠢ᠌ᠴᠠ ᠴᠢᠰᠤᠳᠤ ᠳᠠᠷᠤᠩᠭ᠋ᠣᠢ᠌ᠯᠭ᠎ᠠ ᠪᠣᠯᠬᠤ ᠶᠤᠮ᠃ ᠬᠠᠮᠤᠭ ᠤᠨ ᠰᠡᠭᠦᠯ ᠳᠤ ᠨᠥᠭᠡ ᠮᠠᠯᠳᠠᠨ ᠡᠳᠡᠭᠡᠷ ᠭᠡᠭᠦᠷ ᠤᠳ ᠢ ᠪᠣᠯᠠᠰᠢᠯᠠᠨ᠎ᠠ᠃ ᠮᠦᠨ ᠴᠤ ᠣᠯᠠ ᠮᠦᠷ ᠶᠢᠡᠨ ᠪᠣᠯᠠᠰᠢᠯᠠᠨ᠎ᠠ᠃ ᠳᠡᠦᠭᠡ ᠱᠠᠰᠳᠢᠷ ᠶᠢᠡᠨ ᠰᠢᠳᠠᠭᠠᠭᠰᠠᠨ ᠶᠠᠯ᠎ᠠ ᠨᠢᠭᠦᠯ ᠲᠡᠶ ᠪᠠᠨ ᠪᠣᠯᠠᠰᠢᠯᠠᠨ᠎ᠠ᠃

ᠳᠡᠭ᠍ᠷᠢ ᠠᠪᠣ ᠴᠤ ᠡᠨᠡᠭᠦ ᠴᠢᠰᠤᠳᠤ ᠭᠢᠳᠤᠯᠭ᠎ᠠ ᠶᠢ ᠦᠵᠡᠨ ᠰᠡᠳᠭᠢᠯ ᠵᠢᠷᠦᠭᠡ ᠨᠢ ᠡᠪᠠᠳᠦᠭ᠍ᠰᠡᠨ ᠮᠠᠶ‍ᠢᠭ ᠲᠡᠶ ᠳᠠᠷᠠ ᠣᠷᠤᠢ ᠡᠴᠡ ᠡᠭᠢᠯᠡᠨ ᠳᠡᠭ᠍ᠷᠢ ᠪᠠᠷᠣᠢ᠌ᠨ ᠴᠠᠢ᠌ᠷᠠᠭᠠᠤᠨ ᠳᠡᠯᠭᠡᠷᠭᠦ ᠳᠦᠷᠪᠠᠨ ᠰᠠᠷ᠎ᠠ ᠪᠠᠷ ᠮᠠᠭᠤ ᠡᠷ᠎ᠡ ᠶᠢᠨ ᠮᠠᠯᠠᠭᠠᠢ ᠭᠡᠮᠡᠷᠭᠡᠨ ᠴᠠᠰᠤ ᠬᠠᠶᠠᠯᠠᠨ᠂ ᠰᠢᠨᠡᠭᠡᠨ ᠣᠷᠤᠰᠤᠭᠰᠠᠨ ᠴᠢᠰᠤ ᠨᠦᠵᠢ ᠶᠢ ᠳᠠᠷᠤᠨ ᠪᠦᠭᠦ ᠭᠤᠪᠢ ᠮᠠᠩᠬ᠎ᠠ ᠶᠢ ᠦᠪᠴᠢ ᠪᠠᠷ ᠬᠤᠴᠢᠨ ᠣᠯᠠᠨ ᠲᠦᠮᠡᠨ ᠤ ᠰᠡᠳᠭᠢᠯ ᠵᠢᠷᠦᠭᠡ ᠶᠢ ᠳᠤᠯᠭᠢᠰᠤᠭᠤᠯᠪᠠ᠃

ᠫᠠᠭᠳᠠᠭᠠᠷ ᠳᠡᠭᠡᠷᠡᠮ ᠣᠷᠤᠵᠤ ᠢᠷᠡᠭᠡᠳ ᠡᠨᠡ ᠮᠠᠳᠤ ᠴᠢᠰᠤᠳᠤ ᠳᠠᠷᠤᠩᠭ᠋ᠣᠢ᠌ᠯᠭ᠎ᠠ ᠭᠢᠭ᠍ᠰᠡᠨ ᠦᠭᠡᠶ᠂ ᠬᠠᠷᠢᠨ ᠠᠷᠠᠤᠨ ᠤᠨ ᠬᠤᠪᠢᠰᠬᠠᠯ ᠭᠡᠳᠡᠭ᠌ ᠠᠰᠤᠷᠤ ᠳᠤᠮᠤ ᠭᠦᠴᠤᠨ ᠠᠮᠢᠳᠤ ᠭᠦᠮᠤᠨ ᠢ ᠳᠡᠷᠭᠡ ᠪᠠᠷ ᠳᠠᠭᠠᠷᠢᠵᠤ᠂ ᠵᠡᠭᠡᠳᠤ ᠪᠠᠷ ᠭᠦᠮᠤᠨ ᠢ ᠴᠤᠭᠢᠵᠤ ᠠᠯᠠᠭᠰᠠᠨ ᠶᠤᠮ᠃ ᠡᠨᠡ ᠪᠣᠯ ᠰᠢᠭᠤᠳ ᠳᠡᠦᠭᠡᠨ ᠭᠢᠯᠢᠰ ᠡ︕ ᠠᠷᠠᠤᠨ ᠤᠨ ᠬᠤᠪᠢᠰᠬᠠᠯ ᠤᠨ ᠳᠡᠭᠡᠷᠡᠩᠭᠦᠢ ᠦᠵᠡᠯ ᠤᠨ ᠪᠣᠳᠠᠳᠤ ᠢᠯᠠᠷᠠᠯ᠂ ᠭᠡᠪᠠᠴᠤ ᠳᠠᠷᠠ ᠦᠶ᠎ᠡ ᠳᠤ ᠭᠡᠩ ᠭᠡᠳ ᠳᠤᠤᠭᠠᠷᠬᠤ ᠭᠡᠳᠡᠭᠡᠷ ᠡᠷ᠎ᠡ ᠭᠠᠷᠴᠤ ᠢᠷᠡᠭ᠍ᠰᠡᠨ ᠦᠭᠡᠶ᠂ ᠭᠡᠳᠡᠷᠭᠦ ᠪᠠᠨ ᠭᠦᠮᠤᠨ ᠠᠯᠠᠨ ᠨᠢᠳᠤ ᠣᠯᠠᠢ᠌ᠨ ᠶᠠᠭᠤᠮ᠎ᠠ ᠪᠦᠭᠦᠨ ᠢ ᠬᠠᠵᠠᠬᠤ ᠭᠠᠯᠵᠠᠭᠤ ᠨᠤᠬᠠᠢ᠌ᠳ ᠠᠷᠪᠢᠳᠤᠪᠠ᠃ ᠠᠷᠠᠤᠨ ᠤᠨ ᠬᠤᠪᠢᠰᠬᠠᠯ ᠤᠨ ᠶᠡᠭᠡ ᠮᠠᠯᠠᠭᠠᠢ ᠪᠠᠷ ᠠᠷᠠᠤᠨ ᠲᠦᠮᠡᠨ ᠢ ᠳᠤᠤᠷᠠᠰᠢᠶᠠᠨ ᠳᠤᠷᠤᠮᠵᠢᠯᠠᠳᠠᠭ ᠭᠦᠮᠦᠰ ᠠᠷᠪᠢᠳᠤᠭᠰᠠᠨ᠂ ᠹᠧᠤᠳᠠᠯ ᠨᠤᠶᠠᠤᠨ ᠤᠨ ᠠᠳᠬᠤᠭᠰᠠᠨ ᠦᠨᠳᠦᠷ ᠣᠷᠳᠤ ᠬᠠᠷ᠎ᠠ ᠳᠠᠰᠢᠭᠤᠷ ᠢ ᠠᠷᠠᠤᠨ ᠤᠨ ᠬᠤᠪᠢᠰᠬᠠᠯ ᠤᠨ ᠭᠡᠳᠤᠨ ᠳᠠᠷᠤᠭ᠎ᠠ ᠤᠳ ᠡᠷᠭᠢᠭᠦᠯᠤᠨ 《ᠣᠯᠭᠠᠨ ᠬᠤᠷᠤᠬᠠᠢ》 ᠭᠡᠮᠡᠭ᠍ᠳᠡᠭ᠍ᠰᠡᠨ ᠯᠠᠮ᠎ᠠ ᠨᠡᠷ ᠤᠨ ᠸᠠᠴᠢᠷᠪᠠᠨᠢ᠂ ᠡᠳ᠋ ᠡᠷᠳᠡᠨᠢᠰ ᠠᠷᠠᠤᠨ ᠤᠨ ᠬᠤᠪᠢᠰᠬᠠᠯ ᠤᠨ ᠭᠡᠳᠤᠨ ᠳᠠᠷᠤᠭ᠎ᠠ ᠨᠡᠷ ᠤᠨ ᠡᠷᠦᠭᠡ ᠭᠡᠷ ᠲᠤ ᠴᠤᠭᠯᠠᠷᠠᠭᠰᠠᠨ ᠶᠤᠮ᠃

ᠠᠷᠠᠤᠨ ᠤᠨ ᠬᠤᠪᠢᠰᠬᠠᠯ ᠤᠨ ᠣᠯᠠᠭᠠᠨ ᠰᠠᠯᠭᠢ ᠭᠤᠪᠢ ᠮᠠᠩᠬ᠎ᠠ ᠪᠠᠷ ᠰᠢᠭᠤᠷᠭᠠᠯᠠᠨ ᠦᠷᠭᠦᠯᠵᠢᠯᠡᠨ᠎ᠡ᠃ ᠦᠳᠡᠰᠢ ᠪᠣᠯᠭᠠᠨ ᠬᠤᠷᠠᠯ ᠴᠤᠭᠯᠠᠭ᠎ᠠ ᠡᠷᠭᠢᠯᠡᠨ᠂ ᠡᠪ ᠬᠠᠮᠳᠤ ᠶᠤᠰᠤᠨ ᠤ ᠣᠤᠠᠬ᠎ᠠ ᠴᠢᠨᠠᠷ᠂ ᠳᠤᠮᠳᠠᠳᠤ ᠣᠯᠤᠰ ᠤᠨ ᠴᠢᠯᠦᠭᠡᠯᠡᠯᠳᠡ ᠶᠢᠨ ᠳᠠᠢ᠌ᠨ ᠤ ᠭᠦᠴᠢᠷ ᠪᠠᠷᠭᠡᠰᠢᠶᠡᠯ᠂ ᠳᠠᠮᠠᠴᠠᠯ ᠤᠨ ᠱᠠᠳᠤ ᠠᠯᠬᠤᠮ ᠢ ᠰᠤᠨᠤᠰᠬᠠᠨ᠂ ᠭᠦᠮᠤᠨ ᠠᠷᠪᠢᠨ ᠪᠣᠯ ᠭᠦᠴᠤᠨ ᠶᠡᠭᠡ ᠭᠡᠵᠤ ᠰᠤᠷᠳᠠᠯᠴᠢᠯᠠᠨ᠂ ᠣᠷᠢᠳᠤ ᠶᠢᠨ ᠪᠠᠶᠠᠤᠨ ᠨᠤᠶᠠᠤᠨ ᠪᠣᠷᠤᠭᠤ ᠪᠠᠨ ᠬᠠᠯᠠᠨ᠂ ᠰᠢᠨ᠎ᠠ ᠶᠢ ᠳᠠᠭᠠᠵᠤ᠂ ᠬᠤᠯᠠ ᠶᠢ ᠬᠠᠷᠠᠨ᠂ ᠠᠷᠠᠤᠨ ᠢ ᠪᠣᠳᠤᠨ᠂ ᠠᠷᠠᠤᠨ ᠲᠦᠮᠡᠨ ᠢ ᠡᠷᠭᠦᠨ ᠪᠣᠰᠬᠠᠭᠰᠠᠨ ᠮᠠᠤ ᠵᠦᠰᠢ ᠶᠢ ᠰᠤᠷᠳᠠᠯᠴᠢᠯᠠᠨ᠎ᠠ᠃ ᠣᠳᠤ ᠨᠢᠭᠡᠨᠲᠡ ᠰᠢᠨ᠎ᠠ ᠨᠡᠢ᠌ᠭᠡᠮ ᠳᠤ ᠣᠷᠤᠵᠤ᠂ ᠣᠯᠭᠠᠨ ᠳᠤᠭ ᠨᠠᠮᠢᠷᠠᠨ᠂ ᠳᠦᠷᠤ ᠭᠦᠷᠤᠨ ᠲᠦᠪᠰᠢᠨ ᠪᠣᠯᠵᠤ᠂ ᠮᠠᠤ ᠵᠦᠰᠢ ᠶᠢᠨ ᠶᠠᠷᠢᠶ᠎ᠠ ᠴᠤᠤᠷᠢᠶᠠᠳᠤᠨ ᠥᠭᠡᠢ᠌ᠭᠦᠤ ᠲᠦᠮᠡᠨ ᠢ ᠡᠷᠭᠦᠨ ᠪᠣᠰᠬᠠᠵᠤ᠂ ᠥᠨᠡᠭᠡᠷ ᠪᠠᠶᠠᠨ ᠶᠠᠳᠠᠭᠤ ᠶᠢ ᠳᠡᠭ᠍ᠰᠢᠳᠭᠡᠨ᠂ ᠶᠡᠭᠡᠯ᠎ᠡ ᠭᠦᠭ᠍ᠵᠢᠶᠡᠨ ᠲᠡᠶ ᠪᠣᠯᠤᠯ᠎ᠠ᠃

ᠬᠤᠶᠠᠷ ᠣᠳᠠᠭᠠᠨ ᠤ ᠠᠷᠢᠭᠤᠳᠬᠠᠨ ᠪᠣᠳᠤᠬᠤ ᠭᠦᠳᠡᠯᠭᠡᠭᠡᠨ ᠳᠤ ᠨᠠᠮᠰᠠᠷᠠᠢ ᠪᠠ ᠭᠡᠡᠵᠦᠦᠷ ᠨᠡᠷ ᠶᠡᠭᠡᠳᠡ ᠰᠤᠷᠭᠠᠨ ᠵᠠᠰᠠᠮᠵᠢᠯᠠᠨ᠎ᠠ᠃ ᠳᠡᠭᠡᠭᠡᠳ ᠮᠤᠯᠤᠮ ᠪᠠ ᠷᠤᠯᠭᠠᠷᠮ᠎ᠠ ᠶᠢ ᠭᠡᠭᠡᠨ ᠣᠷᠳᠤᠨ ᠤ ᠠᠷᠠᠤᠨ ᠤᠨ ᠵᠠᠰᠠᠭ ᠤᠨ ᠣᠷᠳᠤᠨ ᠡᠴᠡ ᠪᠠᠢ᠌ᠭᠤᠯᠤᠭᠰᠠᠨ ᠠᠷᠠᠤᠨ ᠤᠨ ᠰᠤᠷᠭᠠᠭᠤᠯᠢ ᠳᠤ ᠠᠷᠠᠤᠨ ᠤᠨ ᠪᠠᠭᠰᠢ ᠪᠠᠷ ᠳᠤᠮᠢᠯᠠᠨ᠂ ᠠᠷᠠᠤᠨ ᠲᠦᠮᠡᠨ ᠤ ᠦᠷ᠎ᠡ ᠬᠡᠦᠬᠡᠳ ᠲᠤ ᠮᠤᠩᠭ᠋ᠤᠯ ᠰᠤᠶᠤᠯ᠂ ᠮᠤᠩᠭ᠋ᠤᠯ ᠥᠰᠦᠭ᠌ ᠶᠢᠡᠨ ᠵᠢᠭᠠᠨ᠂ ᠭᠦᠳᠡᠭᠡ ᠨᠤᠳᠤᠭ ᠤᠨ ᠰᠤᠶᠤᠯ ᠤᠨ ᠪᠠᠯᠠᠢ ᠭᠦᠮᠦᠰ ᠲᠤ ᠨᠢᠳᠤ ᠣᠷᠤᠭᠤᠯᠤᠨ᠂ ᠣᠳᠤ ᠡᠴᠡ ᠡᠭᠢᠯᠡᠨ ᠪᠠᠭᠰᠢ ᠶᠢᠨ ᠠᠵᠢᠯ ᠢ ᠭᠢᠵᠤ᠂ ᠰᠤᠷᠳᠠᠯ ᠣᠬᠠᠭᠤᠯᠬᠤ ᠭᠡᠯᠳᠡᠰ ᠢ ᠰᠠᠩᠵᠠᠢ ᠪᠠᠷ ᠬᠠᠮᠢᠶᠠᠷᠠᠭᠤᠯᠤᠨ᠂ ᠪᠦᠭᠦ ᠡᠷᠭᠡ ᠶᠢ ᠸᠠᠩ ᠵᠢᠶᠠᠨ ᠪᠠ ᠳ᠋ᠠᠮᠪᠠ ᠡᠵᠡᠮᠳᠡᠨ᠂ ᠭᠤᠪᠢ ᠮᠠᠩᠬ᠎ᠠ ᠨᠢᠭᠡ ᠦᠶ᠎ᠡ ᠨᠠᠮᠬᠠᠷᠠᠪᠠ᠃ ᠨᠠᠮᠬᠠᠷᠬᠤ ᠦᠭᠡᠶ ᠪᠠᠢ᠌ᠬᠤ ᠶᠢᠨ ᠠᠷᠭ᠎ᠠ ᠴᠤ ᠦᠭᠡᠶ ᠪᠣᠯᠪᠠ᠃ ᠠᠯᠢ ᠣᠯᠠᠨ ᠭᠠᠵᠠᠷ ᠤᠨ ᠡᠵᠡᠳ᠂ ᠪᠠᠶᠠᠤᠨ᠂ ᠯᠠᠮ᠎ᠠ ᠬᠤᠸᠠᠷᠠᠭ ᠤᠳ ᠢ ᠣᠰᠠᠳᠬᠠᠨ᠂ ᠶᠠᠯᠠᠯᠠᠬᠤ ᠶᠢ ᠨᠢ ᠶᠠᠯᠠᠯᠠᠨ᠂ ᠪᠦᠭᠦᠢᠴᠡᠯᠭᠡᠭᠦ ᠶᠢ ᠨᠢ ᠪᠦᠭᠦᠢᠴᠡᠯᠭᠡᠨ᠂ ᠨᠢᠭᠡᠨᠲᠡ ᠣᠯᠭᠠᠨ ᠨᠢᠴᠦᠭᠦᠨ ᠠᠷᠠᠤᠨ ᠲᠦᠮᠡᠨ ᠯᠠ ᠦᠯᠠᠳᠠᠨ᠂ ᠬᠤᠪᠢᠰᠬᠠᠯ ᠤᠨ ᠵᠢᠳᠠᠨ ᠤ ᠥᠵᠦᠭᠦᠷ ᠬᠠᠮᠢᠭᠠᠰᠢ ᠪᠠᠨ ᠡᠷᠭᠢᠭᠦ ᠪᠠᠨ ᠣᠯᠵᠤ ᠶᠠᠳᠠᠨ ᠲᠦᠷ ᠵᠠᠭᠤᠷ᠎ᠠ ᠨᠠᠮᠬᠠᠷᠠᠭᠰᠠᠨ ᠨᠢ ᠡᠨᠡ ᠪᠢᠯᠠ︕

ᠴᠠᠰᠤᠨ ᠤ ᠳᠠᠷᠠᠭ᠎ᠠ ᠰᠢᠭᠤᠷᠭ᠎ᠠ ᠪᠣᠰᠬᠤ ᠭᠡᠳᠡᠭ᠌ ᠢ ᠦᠨᠡᠨ ᠳᠡᠭᠡᠨ ᠮᠤᠩᠭ᠋ᠤᠯᠴᠤᠳ ᠠᠠᠳᠤᠬᠤ ᠦᠭᠡᠶ ᠶᠤᠮ᠃ ᠣᠳᠠᠭᠠᠨ ᠵᠢᠯ ᠤᠨ ᠳᠤᠷᠰᠢᠯᠭ᠎ᠠ ᠲᠡᠶ ᠮᠠᠯᠴᠢᠳ ᠬᠤᠪᠢᠨ ᠤ ᠵᠦᠩ ᠰᠤᠪᠢᠩ ᠶᠢᠡᠷ ᠴᠤ ᠮᠡᠳᠡᠭᠦ ᠶᠤᠮ᠃ ᠭᠡᠪᠠᠴᠤ ᠰᠢᠭᠤᠷᠭ᠎ᠠ ᠶᠠᠭᠠᠭᠢᠵᠤ᠂ ᠭᠢᠷᠢ ᠵᠡᠷᠭᠡ ᠭᠦᠳᠡᠯᠡᠭᠦ ᠶᠢ ᠭᠡᠨ ᠮᠠᠳᠠᠨ᠎ᠠ︖


ᠵᠤᠬᠢᠶᠠᠭᠴᠢ ᠶᠢᠨ ᠬᠠ‍‌ᠶᠢᠭ ᠄ ᠺᠦᠷᠡᠯ᠎ᠡ ᠬᠤᠳᠠᠨ᠎ᠠ

ᠵᠤᠬᠢᠶᠠᠭᠴᠢ᠄ ᠳ·ᠬᠦᠬᠡᠮᠦ᠋ᠷᠡᠨ
ᠳᠠᠷᠤᠮ᠄ 1469
ᠴᠠᠭ᠄ 2011 ᠤᠨ ᠤ 09 ᠰᠠᠷ᠎ᠠ ᠶᠢᠨ 10
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁