ᠮᠤᠩᠭ᠋ᠤᠯ ᠤᠨ ᠨᠢᠭᠤᠴᠠ ᠳᠤᠪᠴᠢᠶᠠᠨ
ᠶᠢᠰᠦᠳᠦᠭᠡᠷ ᠪᠦᠯᠦᠭ ᠂ ᠰᠢᠳᠡᠷ ᠬᠡᠰᠢᠭ᠍ᠲᠡᠨ ᠴᠡᠷᠢᠭ᠌ ᠢ ᠪᠠᠢ᠌ᠭᠤᠯᠤᠭᠰᠠᠨ ᠨᠢ

209᠂ ᠪᠠᠰᠠ ᠴᠢᠩᠬᠢᠰ ᠬᠠᠭᠠᠨ᠂ ᠬᠣᠪᠢᠯᠠᠢ ᠳᠤ ᠦᠬᠥᠯᠡᠷᠥᠨ᠄ 《ᠴᠢ ᠬᠦᠴᠥᠳᠡᠨ ᠤ ᠬᠦᠵᠦᠬᠥᠤ ᠶᠢ ᠮᠣᠰᠬᠢᠵᠣ᠂ ᠪᠦᠬᠡᠴᠥᠥᠨ ᠤᠨ ᠪᠥᠭ᠍ᠰᠡ ᠶᠢ ᠰᠢᠷᠣᠢ᠌ᠳᠠᠭᠣᠯᠵᠣ ᠦᠭ᠍ᠪᠡ᠃ ᠣᠳᠣ ᠬᠤᠪᠢᠯᠠᠢ᠂ ᠵᠠᠯᠮ᠎ᠠ᠂ ᠵᠠᠪᠠ᠂ ᠰᠦᠪᠡᠬᠡᠳᠡᠢ ᠲᠠ ᠲᠥᠷᠪᠡᠬᠥᠯᠡ ᠰᠠᠢ᠌ᠨ ᠨᠣᠬᠠᠢ ᠮᠠᠳᠣ ᠢᠳᠡᠬᠡᠯ ᠲᠡᠶ ᠨᠦᠭᠦᠳ ᠮᠦᠨ᠃ ᠲᠠ ᠨᠡᠷ ᠢ ᠬᠠᠮᠢᠭ᠎ᠠ ᠴᠤ ᠢᠯᠡᠬᠡᠪᠡᠯ

ᠬᠦᠷ ᠬᠡᠰᠡᠨ ᠭᠠᠵᠠᠷ ᠬᠦᠷᠴᠦ

ᠬᠦᠷ ᠴᠢᠯᠠᠭᠣ ᠶᠢ ᠬᠡᠮᠬᠡ ᠴᠣᠬᠢᠵᠣ᠂

ᠬᠠᠯᠳᠠ ᠬᠡᠰᠡᠨ ᠭᠠᠵᠠᠷ ᠬᠠᠯᠳᠠᠵᠣ

ᠬᠠᠳᠠ ᠴᠢᠯᠠᠭᠣ ᠶᠢ ᠬᠠᠭ᠎ᠠ ᠴᠣᠬᠢᠵᠣ᠂

ᠴᠡᠬᠡᠨ ᠴᠢᠯᠠᠭᠣ ᠶᠢ ᠪᠣᠳᠠᠷᠠᠳᠠᠯ᠎ᠠ

ᠴᠡᠬᠡᠯ ᠤᠨ ᠣᠰᠣ ᠶᠢ ᠴᠠᠯᠬᠢᠳᠠᠯ᠎ᠠ

ᠨᠢᠷᠬᠡᠵᠦ ᠨᠢᠳᠣᠯᠠᠵᠣ ᠶᠠᠪᠣᠪᠠ᠃

ᠬᠣᠪᠢᠯᠠᠢ᠂ ᠵᠠᠯᠮ᠎ᠠ᠂ ᠵᠠᠪᠠ᠂ ᠰᠦᠪᠡᠬᠡᠳᠡᠢ ᠲᠥᠷᠪᠡᠨ ᠰᠠᠢ᠌ᠨ ᠨᠣᠬᠠᠢ ᠪᠠᠨ ᠵᠤᠷᠢᠭᠰᠠᠨ ᠭᠠᠵᠠᠷ ᠲᠠᠭᠠᠨ ᠶᠠᠪᠣᠭᠣᠯᠣᠭᠠᠳ᠂ ᠪᠣᠭᠣᠷᠴᠣ᠂ ᠮᠣᠬᠣᠯᠠᠢ᠂ ᠪᠤᠷᠤᠬᠤᠯ᠂ ᠴᠢᠯᠠᠭᠣᠨ ᠲᠥᠷᠪᠡᠨ ᠬᠦᠯᠥᠭ ᠪᠠᠭᠠᠳᠣᠷ ᠶᠢᠠᠨ ᠲᠡᠷᠬᠡᠳᠡ ᠪᠠᠨ ᠠᠪᠴᠣ᠂ ᠬᠠᠳᠬᠣᠯᠳᠣᠬᠣ ᠡᠳᠣᠷ ᠬᠠᠮᠣᠭ ᠤᠨ ᠲ᠋ᠡᠷᠢᠬᠥᠨ ᠳᠤ ᠣᠷᠣᠭᠣᠳ ᠮᠠᠩᠭ᠋ᠣᠳ ᠤᠨ ᠴᠡᠷᠢᠭ᠌ ᠢ ᠵᠦᠷᠴᠢᠳᠡᠢ ᠬᠣᠢ᠌ᠯᠳᠠᠷ ᠬᠣᠶᠠᠷ ᠶᠢᠠᠷ ᠲᠣᠯᠣᠭᠠᠢ᠌ᠯᠠᠭᠣᠯᠣᠨ ᠮᠣᠷᠳᠠᠭᠣᠯᠪᠠᠯ ᠰᠠ‍‌ᠶᠢ ᠮᠢᠨᠣ ᠰᠠᠳᠬᠢᠯ ᠪᠦᠷᠢᠨ᠎ᠡ ᠠᠮᠠᠷᠠᠳᠠᠭ ᠪᠢᠯᠠ》 ᠬᠡᠪᠡ᠃ 《ᠬᠣᠪᠢᠯᠠᠢ ᠴᠢ ᠴᠡᠷᠢᠭ᠌ ᠤᠨ ᠣᠢ᠌ᠯᠠ ᠪᠦᠬᠥᠳᠡ ᠶᠢ ᠶᠡᠷᠣᠩᠬᠡᠢ᠌ᠯᠡᠨ ᠵᠠᠬᠢᠷᠴᠣ ᠪᠠᠢ》 ᠬᠡᠵᠦ ᠰᠣᠶᠣᠷᠬᠠᠵᠣ ᠵᠠᠷᠯᠢᠭ ᠪᠣᠯᠪᠠ᠃ ᠪᠠᠰᠠ 《ᠪᠢᠲᠦᠬᠥᠨ᠂ ᠶᠡᠬᠡ ᠲᠣᠭᠣᠯᠭᠠᠷ ᠦᠭᠡᠶ ᠲᠣᠯᠠ ᠪᠢ ᠪᠣᠷᠣᠭᠣᠰᠢᠶᠠᠵᠣ ᠮᠢᠩᠭ᠋ᠠᠨ ᠤ ᠨᠣᠶᠠᠨ ᠪᠣᠯᠭᠠᠭᠰᠠᠨ ᠦᠭᠡᠶ᠃ ᠴᠢ ᠲᠡᠬᠥᠨ ᠢ ᠰᠣᠷᠭᠠᠵᠣ ᠦᠵᠡ᠂ ᠲᠠᠷᠠ ᠴᠢᠮ᠎ᠠ ᠲᠡᠶ ᠵᠦᠪᠰᠢᠵᠦ ᠨᠢᠬᠡ ᠮᠢᠩᠭ᠋ᠠᠨ ᠢ ᠵᠠᠬᠢᠷᠴᠣ ᠶᠠᠪᠣᠳᠣᠭᠠᠢ᠃ ᠪᠢᠲᠦᠬᠥᠨ ᠢ ᠬᠤᠢ᠌ᠰᠢ ᠶᠠᠮᠠᠷ ᠪᠣᠯᠬᠣ ᠶᠢ ᠪᠢᠳᠠ ᠦᠵᠡᠶ᠎ᠡ》 ᠬᠡᠪᠡ᠃

210᠂ ᠪᠠᠰᠠ ᠴᠢᠩᠬᠢᠰ ᠬᠠᠭᠠᠨ ᠬᠡᠨᠢᠬᠡᠳᠡᠢ ᠬᠣᠨᠠᠨ ᠳᠤ ᠦᠬᠥᠯᠡᠷᠥᠨ᠄ 《ᠪᠣᠭᠣᠷᠴᠣ ᠮᠣᠬᠣᠯᠠᠢ ᠲᠡᠷᠢᠬᠥᠳᠡᠨ ᠨᠣᠶᠠᠳ ᠡ᠂ ᠲᠣᠳᠠᠢ ᠲᠣᠭᠣᠯᠬᠣ ᠲᠡᠷᠢᠬᠥᠳᠡᠨ ᠴᠠᠷᠪᠢ ᠨᠡᠷ ᠡ᠂

ᠡᠨᠠ ᠬᠣᠨᠠᠨ᠂

ᠬᠠᠷᠠᠩᠭ᠋ᠣᠢ ᠰᠦᠨᠢ

ᠬᠠᠯᠳᠠᠬᠣ ᠴᠢᠨ᠋ᠸ᠎ᠠ ᠪᠣᠯᠵᠣ

ᠬᠡᠬᠡᠨ ᠡᠳᠣᠷ

ᠬᠡᠰᠦᠬᠥ ᠬᠡᠷᠢᠶ᠎ᠡ ᠪᠣᠯᠵᠣ᠂

ᠨᠡᠬᠥᠬᠥ ᠳᠤ ᠦᠯᠠᠳᠡᠬᠥ ᠦᠭᠡᠶ᠂

ᠦᠯᠠᠳᠡᠬᠥ ᠳᠤ ᠨᠡᠬᠥᠬᠥ ᠦᠭᠡᠶ᠂

ᠦᠷᠬᠥᠯᠵᠢ ᠨᠠᠮ᠎ᠠ ᠶᠢ ᠲᠠᠭᠠᠵᠣ᠂

ᠬᠠᠷᠢ ᠶᠢᠨ ᠲᠠᠢ᠌ᠰᠣᠨ ᠳᠤ

ᠬᠠᠯᠠᠭᠣᠨ ᠨᠢᠭᠣᠷ ᠦᠭᠴᠦ

ᠬᠠᠷᠢᠯᠴᠠᠳᠠᠭ ᠦᠭᠡᠶ᠂

ᠦᠰᠢᠶᠡᠲᠦ ᠬᠦᠮᠥᠨ ᠳᠤ

ᠦᠮᠥᠭ ᠲᠣᠰᠠ ᠪᠣᠯᠵᠣ

ᠦᠬᠡᠷ᠎ᠡ ᠵᠠᠩ ᠭᠠᠷᠭᠠᠳᠠᠭ ᠦᠭᠡᠶ ᠪᠢᠯᠠ᠃

ᠬᠣᠨᠠᠨ ᠬᠦᠬᠡᠴᠥᠰ ᠬᠣᠶᠠᠷ ᠲᠡᠶ ᠵᠦᠪᠯᠠᠵᠦ ᠬᠠᠮᠣᠭ ᠣᠢ᠌ᠯᠠᠰ ᠢ ᠦᠢᠯᠡᠳᠥᠭᠳᠥᠨ》 ᠬᠡᠵᠦ ᠵᠠᠷᠯᠢᠭ ᠪᠣᠯᠪᠠ᠃ 《ᠬᠦᠪᠡᠭᠦᠳ ᠤᠨ ᠮᠢᠨᠢ ᠡᠠᠬ᠎ᠠ ᠵᠦᠴᠢ ᠪᠢᠵᠠ᠃ ᠬᠣᠨᠠᠨ ᠬᠡᠨᠢᠬᠡᠰ ᠣᠪᠣᠭᠳᠠᠨ ᠶᠢᠠᠨ ᠲᠡᠷᠢᠬᠥᠯᠡᠨ ᠵᠠᠬᠢᠷᠴᠣ᠂ ᠮᠢᠨᠣ ᠬᠦᠪᠡᠬᠥᠨ ᠵᠦᠴᠢ ᠶᠢᠨ ᠲᠣᠣᠷ᠎ᠠ ᠲᠦᠮᠠᠨ  ᠤ ᠨᠣᠶᠠᠨ ᠪᠣᠯᠳᠣᠭᠠᠢ》 ᠬᠡᠵᠦ ᠵᠠᠷᠯᠢᠭ ᠪᠣᠯᠪᠠ᠃ 《ᠬᠣᠨᠠᠨ᠂ ᠬᠦᠬᠡᠴᠥᠰ᠂ ᠲᠡᠬᠡᠢ᠂ ᠣᠰᠣᠨ ᠡᠪᠥᠬᠡᠨ ᠡᠨᠠ ᠲᠥᠷᠪᠡᠬᠥᠯᠡ ᠦᠵᠡᠭ᠍ᠰᠡᠨ ᠶᠢᠠᠨ ᠨᠢᠭᠣᠬᠣ ᠦᠭᠡᠶ᠂ ᠦᠨᠡᠨ ᠦᠬᠡ ᠪᠠᠨ ᠬᠡᠯᠡᠵᠦ᠂ ᠮᠡᠳᠡᠭ᠍ᠰᠡᠨ ᠶᠢᠠᠨ ᠮᠡᠯᠵᠢᠬᠥ ᠦᠭᠡᠶ᠂ ᠰᠣᠨᠣᠰᠣᠭᠰᠠᠨ ᠦᠬᠡ ᠪᠠᠨ ᠰᠣᠨᠣᠰᠬᠠᠳᠠᠭ ᠪᠢᠯᠠ᠃》

211᠂ ᠪᠠᠰᠠ ᠴᠢᠩᠬᠢᠰ ᠬᠠᠭᠠᠨ ᠵᠠᠯᠮ᠎ᠠ ᠳᠤ ᠦᠬᠥᠯᠡᠷᠥᠨ᠄ 《ᠵᠠᠷᠴᠢᠭᠤᠳᠠᠢ ᠡᠪᠥᠬᠡᠨ᠂ ᠦᠯᠢᠶᠡᠬᠥ ᠬᠦᠬᠡᠷᠬᠡ ᠪᠠᠨ ᠡᠬᠥᠷᠴᠦ ᠦᠴᠥᠬᠡᠨ ᠬᠦᠪᠡᠬᠥᠨ ᠶᠢᠠᠨ ᠲᠠᠭᠠᠭᠣᠯᠵᠣ᠂ ᠪᠣᠷᠬᠠᠨ ᠬᠠᠯᠳᠣᠨ ᠡᠴᠡ ᠪᠠᠭᠣᠵᠣ ᠢᠷᠡᠬᠡᠥᠨ ᠣᠨᠣᠨ ᠤ ᠲᠡᠯᠢᠬᠥᠨ ᠪᠣᠯᠳᠣᠭ ᠲᠤ ᠨᠠᠮ᠎ᠠ ᠶᠢ ᠲᠥᠷᠣᠬᠥ ᠴᠠᠭ ᠲ᠋ᠤ ᠪᠣᠯᠠᠭᠠᠨ ᠦᠯᠣᠬᠡᠢ ᠦᠭ᠍ᠪᠡ᠃ ᠲᠡᠬᠥᠨ ᠡᠴᠡ ᠬᠤᠢ᠌ᠰᠢ ᠴᠤ ᠪᠣᠱᠣᠭ᠎ᠠ ᠬᠠᠳᠠᠪᠴᠢ ᠶᠢᠨ ᠪᠣᠭᠣᠯ᠂ ᠡᠷᠣᠬᠡ ᠡᠬᠥᠳᠡ ᠶᠢᠨ ᠦᠮᠴᠢ ᠪᠣᠯᠵᠣ᠂ ᠡᠳᠣᠢ ᠲᠠᠳᠣᠢ ᠲᠣᠰᠠ ᠶᠢ ᠬᠦᠷᠬᠡᠪᠡ᠃ ᠪᠣᠯᠠᠭᠠᠨ ᠦᠯᠣᠬᠡᠢ ᠳᠤ ᠲᠥᠷᠥᠭᠰᠡᠨ ᠪᠣᠶᠠᠠᠳᠣ ᠨᠦᠬᠥᠷ ᠮᠢᠨᠢ᠂ ᠬᠠᠮᠳᠣ ᠲᠥᠷᠣᠬᠡᠥᠨ ᠬᠠᠨᠢ ᠪᠣᠯᠵᠣ ᠦᠰᠥᠭᠰᠡᠨ ᠬᠠᠢ᠌ᠷᠠᠳᠣ ᠨᠦᠬᠥᠷ ᠵᠠᠯᠮ᠎ᠠ ᠮᠢᠨᠢ᠂ ᠴᠢᠮ᠎ᠠ ᠶᠢ ᠶᠢᠰᠣᠨ ᠣᠳᠠᠭ᠎ᠠ ᠣᠰᠣᠯ ᠶᠠᠯ᠎ᠠ ᠭᠠᠷᠭᠠᠬᠣ ᠳᠤ ᠪᠣᠷᠣᠭᠣᠰᠢᠶᠠᠨ ᠶᠠᠯᠠᠯᠠᠬᠣ ᠦᠭᠡᠶ》 ᠬᠡᠵᠦ ᠵᠠᠷᠯᠢᠭ ᠪᠣᠯᠪᠠ᠃

212᠂ ᠪᠠᠰᠠ ᠴᠢᠩᠬᠢᠰ ᠬᠠᠭᠠᠨ ᠲᠣᠯᠣᠨ ᠳᠤ ᠦᠬᠥᠯᠡᠷᠥᠨ᠄ 《ᠡᠴᠢᠬᠡ ᠡᠴᠡ ᠲᠣᠰᠠᠭᠠᠷ ᠮᠢᠩᠭ᠋ᠠᠨ ᠢ ᠵᠠᠬᠢᠷᠴᠣ ᠪᠠᠢ᠌ᠭᠰᠠᠨ ᠪᠢᠯᠠ᠃ ᠣᠯᠣᠰ ᠢ ᠬᠣᠷᠢᠶᠠᠨ ᠲᠣᠬᠣᠨᠢᠭᠣᠯᠬᠣ ᠳᠤ ᠴᠢ ᠦᠪᠡᠷ ᠤᠨ ᠡᠴᠢᠬᠡ ᠶᠢᠨ ᠦᠷᠣᠬᠡᠯ ᠵᠢᠬᠥᠷ ᠪᠣᠯᠣᠨ ᠵᠢᠣᠠᠬᠥᠵᠦ ᠪᠦᠲᠦᠬᠡᠭ᠍ᠰᠡᠨ ᠤ ᠲᠣᠯᠠ ᠴᠠᠷᠪᠢ ᠬᠡᠳᠡᠭ ᠴᠣᠯᠠ ᠶᠢ ᠠᠪᠣᠪᠠ᠃ ᠣᠳᠣ ᠴᠢ ᠦᠪᠡᠷ ᠤᠨ ᠣᠯᠣᠭᠰᠠᠨ ᠵᠦᠬᠡᠬᠡᠭ᠍ᠰᠡᠨ ᠢᠷᠬᠡᠨ ᠶᠢᠠᠨ ᠮᠢᠩᠭ᠋ᠠᠳᠣ ᠪᠣᠯᠭᠠᠵᠣ᠂ ᠲᠣᠷᠣᠬᠠᠨ ᠲᠡᠶ ᠵᠦᠪᠰᠢᠵᠦ ᠵᠠᠬᠢᠷᠣᠭᠳᠣᠨ》 ᠬᠡᠵᠦ ᠵᠠᠷᠯᠢᠭ ᠪᠣᠯᠪᠠ᠃

213᠂ ᠪᠠᠰᠠ ᠴᠢᠩᠬᠢᠰ ᠬᠠᠭᠠᠨ᠂ ᠥᠩᠬᠥᠷ ᠪᠠᠭᠣᠷᠴᠢ ᠳᠤ ᠦᠬᠥᠯᠡᠷᠥᠨ᠄ 《ᠮᠦᠩᠬᠡᠲᠦ ᠬᠢᠶᠠᠨ ᠤ ᠬᠦᠪᠡᠬᠥᠨ ᠥᠩᠬᠥᠷ ᠴᠢ᠂ ᠭᠣᠷᠪᠠᠨ ᠠᠢ᠌ᠮᠠᠭ ᠲᠣᠬᠣᠷᠠᠭᠣᠳ᠂ ᠲᠠᠪᠣᠨ ᠠᠢ᠌ᠮᠠᠭ ᠲᠠᠷᠭᠣᠳ᠂ ᠴᠠᠩᠰᠢᠭᠣᠳ᠂ ᠪᠠᠶᠠᠭᠣᠳ ᠶᠢᠠᠨ ᠲᠠᠭᠠᠭᠣᠯᠵᠣ ᠨᠢᠬᠡᠨ ᠬᠦᠷᠢᠶ᠎ᠡ ᠪᠣᠯᠵᠣ᠂

ᠪᠣᠳᠠᠩ ᠮᠠᠨᠠᠨ ᠳᠤ ᠲᠦᠬᠡᠷᠢᠯ ᠦᠭᠡᠶ᠂

ᠪᠣᠯᠢᠶᠠᠯᠳᠣᠬᠣ ᠲᠠᠢ᠌ᠨ ᠳᠤ ᠰᠠᠯᠣᠯ ᠦᠭᠡᠶ᠂

ᠨᠣᠢ᠌ᠳᠠᠨ ᠳᠤ ᠬᠠᠮᠳᠣ ᠨᠣᠷᠴᠣ

ᠬᠦᠢᠳᠡᠨ ᠳᠤ ᠬᠠᠮᠳᠣ ᠬᠦᠷᠥᠵᠦ

ᠶᠠᠪᠣᠪᠠ ᠴᠢ᠃

ᠣᠳᠣ ᠶᠠᠮᠠᠷ ᠰᠣᠶᠣᠷᠬᠠᠯ ᠠᠪᠬᠣ ᠪᠣᠢ᠂ ᠴᠢ︖》 ᠬᠡᠪᠡᠯ ᠥᠩᠬᠥᠷ ᠦᠬᠥᠯᠡᠷᠥᠨ᠄ 《ᠰᠣᠶᠣᠷᠬᠠᠯ ᠢ ᠰᠣᠩᠭ᠋ᠣᠭᠣᠯᠪᠠᠯ ᠬᠠᠮᠣᠭ ᠪᠠᠶᠠᠭᠣᠳ ᠡᠠᠬ᠎ᠠ ᠲᠡᠬᠥᠤ ᠨᠡᠷ᠂ ᠬᠠᠮᠢᠶ᠎ᠠ ᠦᠭᠡᠶ ᠪᠣᠳᠠᠷᠠᠨ ᠲᠠᠷᠠᠵᠣ ᠪᠠᠢ᠌ᠨ᠎ᠠ᠃ ᠬᠠᠭᠠᠨ ᠰᠣᠶᠣᠷᠬᠠᠪᠠᠯ ᠪᠠᠶᠠᠭᠣᠳ ᠡᠠᠬ᠎ᠠ ᠲᠡᠬᠥᠤ ᠨᠡᠷ ᠶᠢᠠᠨ ᠴᠣᠭᠯᠠᠭᠣᠯᠣᠨ ᠵᠠᠬᠢᠷᠣᠶ᠎ᠠ》 ᠬᠡᠪᠡᠯ᠂ 《ᠲᠡᠬᠡ᠂ ᠪᠠᠶᠠᠭᠣᠳ ᠡᠠᠬ᠎ᠠ ᠲᠡᠬᠥᠤ ᠨᠡᠷ ᠶᠢᠠᠨ ᠴᠣᠭᠯᠠᠭᠣᠯᠵᠣ ᠮᠢᠩᠭ᠋ᠠᠨ ᠢ ᠴᠢ ᠵᠠᠬᠢᠷᠳᠣᠭᠠᠢ》 ᠬᠡᠵᠦ ᠵᠠᠷᠯᠢᠭ ᠪᠣᠯᠪᠠ᠃ ᠪᠠᠰᠠ ᠴᠢᠩᠬᠢᠰ ᠬᠠᠭᠠᠨ ᠵᠠᠷᠯᠢᠭ ᠪᠣᠯᠣᠷᠣᠨ᠄ 《ᠪᠤᠷᠤᠬᠤᠯ ᠥᠩᠬᠥᠷ ᠲᠠ ᠬᠣᠶᠠᠷ᠂ ᠪᠠᠭᠠᠣᠷᠢᠴᠢ ᠲᠦᠬᠡᠬᠡᠭ᠍ᠴᠢ ᠪᠣᠯᠵᠣ᠂ ᠪᠠᠷᠠᠭᠣᠨ ᠵᠠᠬᠥᠨ ᠡᠳᠡᠬᠡᠥᠨ ᠲᠤ ᠪᠠᠷᠢᠬᠤ ᠢᠳᠡᠬᠡ ᠶᠢ ᠲᠦᠬᠡᠬᠡᠵᠦ᠂ ᠪᠠᠷᠠᠭᠣᠨ ᠲᠠᠯ᠎ᠠ ᠶᠢᠨ ᠬᠦᠮᠥᠰ ᠲᠤ ᠪᠠᠢ᠌ᠷᠢ ᠪᠠᠢ᠌ᠷᠢ ᠪᠠᠷ ᠣᠯᠭᠣᠵᠣ᠂ ᠵᠠᠬᠥᠨ ᠲᠠᠯ᠎ᠠ ᠶᠢᠨ ᠬᠦᠮᠥᠰ ᠲᠤ ᠵᠦᠢ ᠵᠦᠢ ᠪᠠᠷ ᠦᠭᠴᠦ᠂ ᠢᠳᠡᠬᠡ ᠬᠦᠨᠡᠰᠤ ᠶᠢ ᠲᠦᠬᠡᠬᠡᠪᠡᠯ ᠮᠢᠨᠣ ᠬᠣᠭᠣᠯᠠᠢ ᠣᠩᠭ᠋ᠣᠢ᠌ᠵᠣ᠂ ᠰᠠᠳᠬᠢᠯ ᠠᠮᠠᠷᠠᠳᠠᠭ ᠪᠢᠯᠠ᠃ ᠥᠩᠬᠥᠷ ᠪᠤᠷᠤᠬᠤᠯ ᠬᠣᠶᠠᠷ ᠮᠣᠷᠢᠯᠠᠨ ᠶᠠᠪᠣᠵᠣ ᠣᠯᠠᠨ ᠬᠦᠮᠥᠨ ᠳᠤ ᠢᠳᠡᠬᠡ ᠵᠠᠭᠤᠰᠢ ᠶᠢ ᠲᠦᠬᠡᠬᠡᠭ᠍ᠳᠥᠨ᠃》 ᠬᠡᠵᠦ ᠵᠠᠷᠯᠢᠭ ᠪᠣᠯᠪᠠ᠃ 《ᠶᠡᠬᠡ ᠲᠥᠰᠥᠷᠬᠡᠭ᠌ ᠰᠦᠩ ᠤᠨ ᠪᠠᠷᠠᠭᠣᠨ ᠵᠠᠬᠥᠨ ᠡᠳᠡᠬᠡᠥᠨ ᠲᠤ ᠢᠳᠡᠬᠡ ᠪᠠᠵᠠᠭᠠᠵᠣ ᠪᠡᠯᠡᠳᠬᠡᠬᠡᠥᠨ᠂ ᠲᠠ ᠬᠣᠶᠠᠷ᠂ ᠲᠣᠯᠣᠨ ᠲᠡᠶ ᠬᠠᠮᠳᠣ ᠲᠦᠪᠯᠡᠷᠡᠨ ᠰᠠᠭᠣᠭᠠᠳ ᠢᠳᠡᠬᠡ ᠶᠢ ᠲᠦᠬᠡᠬᠡᠵᠦ ᠪᠠᠢ᠌ᠭᠳᠣᠨ》 ᠬᠡᠵᠦ ᠰᠠᠭᠣᠷᠢ ᠶᠢ ᠵᠢᠭᠠᠵᠣ ᠦᠭ᠍ᠪᠡ᠃

214᠂ ᠪᠠᠰᠠ ᠴᠢᠩᠬᠢᠰ ᠬᠠᠭᠠᠨ ᠪᠤᠷᠤᠬᠤᠯ ᠳᠤ ᠦᠬᠥᠯᠡᠷᠥᠨ᠄ 《ᠮᠢᠨᠣ ᠡᠬᠡ᠂ ᠰᠢᠬᠢᠬᠣᠳᠣᠭ᠂ ᠪᠤᠷᠤᠬᠤᠯ᠂ ᠬᠦᠴᠦ᠂ ᠬᠦᠬᠡᠴᠦ ᠲ᠋ᠨ ᠲᠥᠷᠪᠡ ᠶᠢ ᠲᠥᠷᠪᠡᠭ᠍ᠰᠡᠨ ᠢᠷᠬᠡᠨ ᠤ ᠨᠡᠬᠥᠭ᠍ᠰᠡᠨ ᠨᠣᠳᠣᠭ ᠡᠴᠡ

ᠬᠦᠳᠡᠬᠡ ᠡᠴᠡ ᠣᠯᠵᠣ

ᠬᠦᠯ ᠳᠡᠭᠡᠨ ᠪᠦᠪᠡᠢ᠌ᠯᠡᠵᠦ

ᠬᠦᠮᠦᠵᠢᠬᠥᠯᠥᠨ ᠲᠡᠵᠢᠬᠡᠵᠦ

ᠬᠦᠵᠦᠬᠥᠨ ᠡᠴᠡ ᠴᠢᠨᠢ ᠲᠠᠳᠠᠵᠣ

ᠬᠦᠮᠥᠨ ᠤ ᠵᠠᠷᠬᠡ ᠪᠣᠯᠭᠠᠵᠣ

ᠡᠬᠡᠮ ᠡᠴᠡ ᠨᠢ ᠲᠠᠳᠠᠵᠣ

ᠡᠷ᠎ᠠ ᠶᠢᠨ ᠵᠠᠷᠬᠡ ᠳᠤ ᠣᠷᠣᠭᠣᠯᠵᠣ

ᠬᠦᠪᠡᠭᠦᠳ ᠪᠢᠳᠠᠨ ᠤ ᠨᠦᠬᠥᠷ ᠰᠡᠬᠥᠳᠡᠷ ᠪᠣᠯᠭᠠᠶ᠎ᠠ ᠬᠡᠵᠦ ᠲᠡᠵᠢᠬᠡᠵᠡᠢ᠃ ᠮᠢᠨᠣ ᠡᠬᠡ ᠶᠢᠨ ᠲᠡᠵᠢᠬᠡᠭ᠍ᠰᠡᠨ ᠠᠴᠢ ᠶᠢ ᠲᠠ ᠨᠡᠷ ᠶᠡᠬᠡ ᠬᠠᠷᠢᠭᠣᠯᠣᠨ ᠵᠢᠣᠠᠬᠥᠪᠡ᠃

ᠪᠤᠷᠤᠬᠤᠯ ᠨᠠᠳᠠ ᠳᠤ ᠨᠦᠬᠥᠷ ᠪᠣᠯᠵᠣ

ᠬᠣᠷᠳᠣᠨ ᠠᠶᠠᠨ ᠳᠤ ᠮᠣᠷᠳᠠᠵᠣ

ᠬᠣᠷ᠎ᠠ ᠲᠡᠶ ᠰᠦᠨᠢ ᠲᠣᠬᠢᠶᠠᠯᠳᠣᠪᠠᠴᠣ

ᠬᠣᠭᠣᠯᠠᠨ ᠣᠮᠳᠠ ᠦᠭᠡᠶ ᠪᠠᠷ

ᠬᠣᠭᠣᠰᠣᠨ ᠬᠣᠨᠣᠭᠣᠯᠣᠭᠰᠠᠨ ᠣᠳᠠᠭ᠎ᠠ ᠦᠭᠡᠶ᠂

ᠶᠠᠭᠠᠷᠠᠯᠳᠠᠢ ᠲᠠᠢ᠌ᠨ ᠳᠤ ᠮᠣᠷᠳᠠᠵᠣ

ᠶᠠᠮᠠᠷ ᠴᠤ ᠪᠡᠷᠬᠡᠰᠢᠶᠡᠯ ᠲᠣᠬᠢᠶᠠᠯᠳᠣᠪᠠᠴᠣ

ᠱᠥᠯᠤ ᠲᠠᠰᠣᠯᠳᠠᠭᠣᠯᠵᠣ

ᠦᠯ ᠠᠯᠳᠠᠭᠣᠯᠵᠣ ᠪᠠᠢ᠌ᠭᠰᠠᠨ ᠦᠭᠡᠶ᠃

ᠡᠪᠥᠬᠡ ᠡᠴᠢᠬᠡ ᠶᠢ ᠮᠢᠨᠢ ᠬᠣᠣᠷᠯᠠᠭᠰᠠᠨ

ᠦᠰᠳᠡᠨ ᠲᠠᠲ᠋ᠠᠷ ᠢ ᠲᠣᠷᠣᠢ᠌ᠳᠠᠭᠣᠯᠵᠣ

ᠦᠰᠢᠯ ᠦᠰᠢᠵᠦ ᠬᠢᠰᠠᠯ ᠬᠢᠰᠠᠵᠣ

ᠲᠠᠷᠠ ᠲᠠᠲ᠋ᠠᠷ ᠢᠷᠬᠡᠨ ᠢ

ᠲᠡᠷᠬᠡᠨ ᠤ ᠪᠣᠯᠣ ᠲᠡᠶ ᠴᠢᠴᠠᠣᠯᠠᠵᠣ

ᠲᠡᠬᠥᠨ ᠡᠴᠡ ᠦᠨᠳᠥᠷ ᠨᠢᠷᠣᠭᠣᠳᠠᠨ ᠢ

ᠲᠡᠬᠥᠵᠦ ᠬᠢᠳᠣᠬᠣ ᠴᠠᠭ ᠲᠤ

ᠲᠠᠲ᠋ᠠᠷ ᠤᠨ ᠬᠠᠷᠬᠢᠯ ᠰᠢᠷ᠎ᠠ᠂ ᠭᠠᠭᠴᠠᠭᠠᠷ ᠶᠢᠠᠨ ᠲᠣᠳᠠᠭᠠᠵᠣ ᠶᠠᠪᠣᠭᠠᠳ ᠦᠯᠥᠰᠥᠭᠰᠡᠨ ᠤ ᠲᠣᠯᠠ ᠠᠷᠭ᠎ᠠ ᠦᠭᠡᠶ ᠢᠷᠠᠵᠣ᠂ ᠮᠠᠨ ᠤ ᠡᠬᠡ ᠶᠢᠨ ᠬᠡᠷ ᠲᠤ ᠣᠷᠣᠵᠣ ᠢᠷᠡᠬᠡᠥᠨ 〈ᠢᠳᠡᠬᠥ ᠶᠠᠭᠣᠮ᠎ᠠ ᠭᠣᠶᠣᠶ᠎ᠠ〉 ᠬᠡᠰᠡᠨ ᠳᠤ᠂ 〈ᠢᠳᠡᠬᠥ ᠶᠠᠭᠣᠮ᠎ᠠ ᠭᠣᠶᠣᠪᠠᠯ ᠲᠠᠠᠳᠠ ᠰᠠᠭᠣ〉 ᠬᠡᠵᠦ ᠪᠠᠷᠠᠭᠣᠨ ᠢᠰᠠᠷᠢ ᠶᠢᠨ (ᠤᠷᠤ)  ᠡᠮᠦᠨᠡᠳᠤ ᠦᠵᠦᠬᠦᠷ ᠲᠤ ᠰᠠᠭᠤᠯᠭᠠᠪᠠ᠃ ᠳᠡᠷᠡ ᠴᠠᠭ ᠲᠤ ᠳᠠᠪᠤᠨ ᠨᠠᠰᠤᠳᠠᠢ ᠪᠠᠢ᠌ᠭᠰᠠᠨ ᠬᠦᠪᠡᠬᠥᠨ ᠲᠣᠯᠣᠢ ᠭᠠᠳᠠᠨ᠎ᠠ ᠡᠴᠡ ᠣᠷᠣᠵᠣ ᠢᠷᠡᠬᠡᠥᠨ ᠬᠡᠳᠡᠷᠬᠥ ᠬᠦᠶᠥᠵᠦ ᠭᠠᠷᠣᠮᠠᠭᠴᠠ᠂ ᠬᠠᠷᠬᠢᠯ ᠰᠢᠷ᠎ᠠ ᠪᠣᠰᠣᠨ ᠬᠠᠷᠠᠢ᠌ᠵᠣ᠂ ᠲᠣᠯᠣᠢ ᠵᠢ ᠰᠣᠭᠣᠨ ᠳᠠᠭᠠᠨ ᠬᠠᠪᠴᠢᠭᠣᠯᠵᠣ ᠬᠦᠶᠥᠬᠥ ᠶᠢᠨ ᠬᠠᠮᠳᠣ ᠬᠢᠳᠣᠭ᠎ᠠ ᠪᠠᠨ ᠲᠠᠮᠳᠠᠷᠢᠵᠣ ᠰᠣᠭᠣᠯᠣᠨ ᠠᠪᠬᠣ ᠶᠢ ᠵᠠᠪᠳᠣᠬᠣ ᠳᠤ ᠡᠬᠡ ᠶᠢᠨ ᠬᠡᠷ ᠲᠤ ᠵᠠᠬᠥᠨ ᠲᠠᠯ᠎ᠠ ᠳᠤ ᠰᠠᠭᠣᠵᠣ ᠪᠠᠢ᠌ᠭᠰᠠᠨ ᠠᠯᠳᠠᠨᠢ 〈ᠬᠦᠤ ᠶᠢ ᠮᠢᠨᠢ ᠠᠯᠠᠯ᠎ᠠ〉 ᠬᠡᠵᠦ ᠡᠬᠡ ᠶᠢᠨ ᠣᠷᠢᠯᠠᠨ ᠪᠠᠷᠬᠢᠷᠠᠬᠣ ᠵᠢ ᠰᠣᠨᠣᠰᠴᠣ ᠬᠦᠶᠥᠨ ᠭᠠᠷᠴᠣ᠂ ᠬᠠᠷᠬᠢᠯ ᠰᠢᠷ᠎ᠠ ᠶᠢᠨ ᠬᠤᠢ᠌ᠨ᠎ᠠ ᠡᠴᠡ ᠬᠦᠢᠴᠡᠵᠦ ᠨᠢᠬᠡ ᠭᠠᠷ ᠶᠢᠠᠷ ᠶᠢᠠᠨ ᠦᠰᠥᠨ ᠡᠴᠡ ᠨᠢ ᠵᠠᠭᠣᠷᠠᠨ ᠪᠠᠷᠢᠵᠣ᠂ ᠨᠦᠬᠥᠬᠡ ᠭᠠᠷ ᠶᠢᠠᠷ ᠶᠢᠠᠨ ᠬᠢᠳᠣᠭ᠎ᠠ ᠶᠢ ᠰᠣᠭᠣᠯᠵᠣ ᠪᠠᠢ᠌ᠭᠰᠠᠨ ᠭᠠᠷ ᠢ ᠨᠢ ᠪᠠᠷᠢᠵᠣ ᠣᠭᠵᠠᠷᠠᠭᠠᠳ ᠬᠢᠳᠣᠭ᠎ᠠ ᠶᠢ ᠠᠯᠳᠠᠭᠣᠯᠪᠠ᠃ ᠲᠠᠷᠠ ᠦᠶ᠎ᠡ ᠳᠤ ᠬᠡᠷ ᠤᠨ ᠠᠷᠤ ᠳᠤ ᠮᠣᠭᠠᠯᠵᠠᠷ ᠬᠠᠷ᠎ᠠ ᠦᠬᠡᠷ ᠢ ᠲᠠᠯᠠᠨ ᠠᠯᠠᠵᠣ ᠪᠠᠢ᠌ᠭᠰᠠᠨ ᠵᠠᠳᠠᠢ ᠵᠠᠯᠮ᠎ᠠ ᠬᠣᠶᠠᠷ᠂ ᠠᠯᠳᠠᠨᠢ ᠶᠢᠨ ᠲᠠᠭᠣ ᠶᠢ ᠰᠣᠨᠣᠰᠣᠭᠠᠳ ᠰᠦᠬᠡ ᠪᠠᠨ ᠪᠠᠷᠢᠭᠰᠠᠭᠠᠷ᠂ ᠣᠯᠠᠭᠠᠨ ᠴᠢᠰᠤ ᠲᠡᠶ ᠬᠡᠪ ᠶᠢᠠᠷ ᠬᠦᠶᠥᠨ ᠢᠷᠠᠵᠣ᠂ ᠲᠠᠲ᠋ᠠᠷ ᠤᠨ ᠬᠠᠷᠬᠢᠯ ᠰᠢᠷ᠎ᠠ ᠶᠢ ᠮᠦᠨ ᠲᠠᠠᠳᠠ ᠨᠢ ᠰᠦᠬᠡ ᠪᠠᠷ ᠴᠣᠬᠢᠵᠣ᠂ ᠬᠢᠳᠣᠭ᠎ᠠ ᠪᠠᠷ ᠪᠦᠯᠢᠵᠦ ᠠᠯᠠᠪᠠ᠃ ᠠᠯᠳᠠᠨᠢ᠂ ᠵᠠᠳᠠᠢ᠂ ᠵᠠᠯᠮ᠎ᠠ ᠭᠣᠷᠪᠠ᠂ ᠬᠦᠪᠡᠬᠥᠨ ᠤ ᠠᠮᠢ ᠠᠪᠣᠷᠠᠭᠰᠠᠨ ᠭᠠᠪᠢᠶ᠎ᠠ ᠶᠢ ᠪᠣᠯᠢᠶᠠᠯᠳᠣᠬᠣ ᠳᠤ ᠵᠠᠳᠠᠢ ᠵᠠᠯᠮ᠎ᠠ ᠬᠣᠶᠠᠷ ᠦᠬᠥᠯᠡᠷᠥᠨ᠄ 〈ᠪᠢᠳᠠ ᠲᠠᠷᠣᠢ ᠬᠦᠶᠥᠨ ᠢᠷᠠᠵᠣ ᠲᠡᠬᠥᠨ ᠢ ᠡᠰᠠ ᠠᠯᠠᠭᠰᠠᠨ ᠪᠣᠯ ᠭᠠᠭᠴᠠ ᠡᠬᠡᠨᠡᠷ ᠠᠯᠳᠠᠨᠢ ᠶᠠᠭᠣ ᠬᠢᠵᠣ ᠴᠢᠳᠠᠬᠣ ᠪᠣᠢ︖ ᠬᠦᠪᠡᠬᠥᠨ ᠤ ᠠᠮᠢ ᠶᠢ ᠬᠣᠣᠷᠯᠠᠭᠰᠠᠨ ᠪᠠᠢ᠌ᠬᠤ ᠪᠢᠯᠠ᠃ ᠬᠦᠪᠡᠬᠥᠨ ᠤ ᠠᠮᠢ ᠶᠢ ᠠᠪᠣᠷᠠᠭᠰᠠᠨ ᠭᠠᠪᠢᠶ᠎ᠠ ᠪᠢᠳᠠᠨ ᠤ ᠬᠢ ᠪᠣᠯᠣᠨ᠎ᠠ〉 ᠬᠡᠪᠡᠯ ᠠᠯᠳᠠᠨᠢ ᠦᠬᠥᠯᠡᠷᠥᠨ᠄ 〈ᠮᠢᠨᠣ ᠲᠠᠭᠣ ᠶᠢ ᠰᠣᠨᠣᠰᠣᠭᠰᠠᠨ ᠦᠭᠡᠶ ᠪᠣᠯ ᠲᠠ ᠨᠡᠷ ᠶᠠᠭᠠᠬᠢᠵᠣ ᠢᠷᠡᠬᠥ ᠪᠢᠯᠠ︖ ᠪᠢ ᠬᠦᠶᠥᠨ ᠬᠦᠢᠴᠡᠵᠦ ᠢᠷᠠᠵᠣ ᠲᠡᠬᠥᠨ ᠤ ᠰᠡᠪᠡᠯᠬᠡ ᠦᠰᠥᠨ ᠡᠴᠡ ᠪᠠᠷᠢᠵᠣ ᠬᠢᠳᠣᠭ᠎ᠠ ᠶᠢ ᠰᠣᠭᠣᠯᠣᠭᠰᠠᠨ ᠭᠠᠷ ᠢ ᠲᠠᠳᠠᠵᠣ ᠬᠢᠳᠣᠭ᠎ᠠ ᠶᠢ ᠠᠯᠳᠠᠭᠣᠯᠣᠭᠰᠠᠨ ᠦᠭᠡᠶ ᠪᠣᠯ ᠵᠠᠳᠠᠢ ᠵᠠᠯᠮ᠎ᠠ ᠬᠣᠶᠠᠷ ᠢ ᠬᠦᠷᠴᠦ ᠢᠷᠠᠳᠠᠯ᠎ᠠ᠂ ᠬᠦᠪᠡᠬᠥᠨ ᠤ ᠠᠮᠢ ᠶᠢ ᠬᠣᠣᠷᠯᠠᠵᠣ ᠠᠮᠵᠢᠭᠰᠠᠨ ᠪᠠᠢ᠌ᠬᠣ ᠪᠢᠰᠢᠤ︖〉 ᠬᠡᠪᠡ᠃ ᠲᠡᠬᠡᠵᠦ ᠬᠡᠯᠡᠪᠡᠯ᠂ ᠭᠣᠣᠯ ᠭᠠᠪᠢᠶ᠎ᠠ ᠨᠢ ᠠᠯᠳᠠᠨᠢ ᠶᠢᠨ ᠬᠢ ᠪᠣᠯᠪᠠ᠃ ᠪᠤᠬᠤᠷᠤᠯ ᠤᠨ ᠬᠡᠷᠬᠡᠢ᠂ ᠡᠷ᠎ᠠ ᠪᠤᠷᠤᠬᠤᠯ ᠳᠠᠭᠠᠨ ᠦᠷᠣᠬᠡᠰᠥᠨ ᠠᠷᠠᠯ ᠪᠣᠯᠣᠨ ᠲᠣᠰᠠᠯᠠᠵᠣ ᠶᠠᠪᠣᠭᠰᠠᠨ ᠤ ᠲᠡᠬᠡᠷ᠎ᠡ᠂ ᠲᠣᠯᠣᠢ ᠶᠢᠨ ᠠᠮᠢ ᠶᠢ ᠠᠪᠣᠷᠠᠵᠣ ᠲᠣᠰᠠ ᠬᠦᠷᠬᠡᠪᠡ᠃ ᠪᠠᠰᠠ ᠬᠡᠷᠡᠢ᠌ᠳ ᠲᠡᠶ᠂ ᠬᠠᠷ᠎ᠠ ᠬᠠᠯᠵᠣᠨ ᠡᠯᠠᠳ ᠲᠤ ᠬᠠᠳᠬᠣᠯᠳᠣᠨ ᠪᠠᠢ᠌ᠯᠳᠣᠬᠣ ᠴᠠᠭ ᠲᠤ ᠦᠬᠡᠳᠡᠢ ᠶᠢᠨ ᠬᠦᠷᠡᠬᠡᠨ ᠤ ᠰᠣᠳᠠᠯ᠂ ᠰᠣᠮᠣᠨ ᠳᠤ ᠰᠢᠷᠬᠠᠳᠣᠵᠣ ᠣᠨᠠᠭᠰᠠᠨ ᠳᠤ ᠪᠤᠷᠤᠬᠤᠯ᠂ ᠲᠡᠬᠡᠷ᠎ᠡ ᠨᠢ ᠪᠠᠭᠣᠵᠣ ᠲᠡᠬᠥᠨ ᠤ ᠠᠰᠬᠠᠷᠠᠭᠰᠠᠨ ᠴᠢᠰᠤ ᠶᠢ ᠠᠮᠨ ᠪᠠᠷ ᠶᠢᠠᠨ ᠰᠢᠮᠠᠵᠣ ᠬᠣᠨᠣᠭᠠᠳ ᠮᠠᠷᠭᠠᠰᠢ ᠨᠢ ᠦᠬᠡᠳᠡᠢ ᠮᠣᠷᠢ ᠣᠨᠣᠵᠣ ᠴᠢᠳᠠᠬᠣ ᠦᠬᠡᠢ ᠲᠣᠯᠠ ᠣᠷᠢᠳᠣ ᠪᠠᠨ ᠰᠣᠠᠳᠠᠯᠠᠨ ᠲᠠᠪᠠᠷᠢᠵᠣ᠂ ᠪᠦᠷᠢᠯᠲᠦᠭᠰᠡᠨ ᠴᠢᠰᠤ ᠶᠢ ᠨᠢ ᠪᠦᠯᠢᠶᠡᠨ ᠣᠷᠣᠭᠣᠯ ᠶᠢᠠᠷ ᠶᠢᠠᠨ ᠰᠢᠮᠠᠵᠣ᠂ ᠠᠮᠨ ᠵᠠᠪᠠᠵᠢ ᠪᠠᠨ ᠣᠯᠠᠢ᠌ᠯᠭᠠᠵᠣ᠂ ᠠᠴᠢᠳᠣ ᠬᠦᠪᠡᠬᠥᠨ ᠦᠬᠡᠳᠡᠢ ᠶᠢ ᠠᠮᠢᠳᠣ ᠮᠠᠠᠳᠣ ᠠᠪᠴᠢᠷᠠᠭᠰᠠᠨ ᠪᠢᠯᠠ᠃ ᠡᠬᠡ ᠶᠢᠨ ᠮᠢᠨᠢ᠂ ᠵᠤᠪᠠᠵᠤ ᠲᠡᠵᠢᠬᠡᠭ᠍ᠰᠡᠨ ᠠᠴᠢ ᠶᠢ᠂ ᠬᠣᠶᠠᠷ ᠬᠦᠪᠡᠬᠥᠨ ᠤ ᠠᠮᠢ ᠶᠢ ᠠᠪᠣᠷᠠᠵᠣ ᠬᠠᠷᠢᠭᠣᠯᠪᠠ᠃ ᠪᠤᠷᠤᠬᠤᠯ ᠨᠠᠳᠠ ᠲᠡᠶ ᠨᠦᠬᠥᠷᠯᠡᠵᠦ᠂ ᠣᠷᠢᠶᠠᠯᠠᠬᠣ ᠲᠠᠭᠣᠨ ᠳᠤ ᠮᠢᠨᠢ ᠣᠣᠬᠠᠢ ᠪᠠᠨ ᠨᠠᠮᠠᠵᠣ᠂ ᠣᠷᠣᠭᠰᠢᠯᠠᠨ ᠵᠢᠣᠠᠬᠥᠵᠦ ᠶᠠᠪᠣᠪᠠ᠃ ᠪᠤᠷᠤᠬᠤᠯ ᠢ ᠶᠢᠰᠣᠨ ᠣᠳᠠᠭ᠎ᠠ ᠣᠰᠣᠯ ᠭᠠᠷᠭᠠᠪᠠᠴᠣ᠂ ᠶᠠᠯᠠᠯᠠᠬᠣ ᠦᠭᠡᠶ ᠪᠣᠯᠭᠠᠶ᠎ᠠ》 ᠬᠡᠵᠦ ᠵᠠᠷᠯᠢᠭ ᠪᠣᠯᠪᠠ᠃

215᠂ ᠪᠠᠰᠠ 《ᠦᠬᠢᠨ ᠣᠷᠣᠭ ᠲᠤ ᠪᠠᠨ ᠰᠣᠶᠣᠷᠬᠠᠯ ᠦᠭ‍ᠬᠦᠢ᠎ᠡ》 ᠬᠡᠪᠡ᠃

216᠂ ᠪᠠᠰᠠ ᠴᠢᠩᠬᠢᠰ ᠬᠠᠭᠠᠨ ᠣᠰᠣᠨ ᠡᠪᠥᠬᠡᠨ ᠳᠤ ᠦᠬᠥᠯᠡᠷᠥᠨ᠄ 《ᠣᠰᠣᠨ᠂ ᠬᠣᠨᠠᠨ᠂ ᠬᠦᠬᠡᠴᠥᠰ᠂ ᠲᠡᠬᠡᠢ ᠡᠨᠠ ᠲᠥᠷᠪᠡᠬᠥᠯᠡ ᠪᠠᠨ᠂ ᠦᠵᠡᠭ᠍ᠰᠡᠨ ᠰᠣᠨᠣᠰᠣᠭᠰᠠᠨ ᠶᠢᠠᠨ ᠦᠯᠠᠳᠡᠬᠡᠵᠦ ᠨᠢᠭᠣᠯ ᠦᠭᠡᠶ᠂ ᠦᠷᠬᠥᠯᠵᠢ ᠬᠡᠯᠡᠳᠡᠭ ᠪᠢᠯᠠ᠃ ᠮᠣᠩᠭ᠋ᠣᠯ ᠤᠨ ᠲᠥᠷᠤ ᠶᠣᠰᠣᠨ ᠳᠤ ᠪᠠᠬᠢ ᠨᠣᠶᠠᠳ ᠢ ᠡᠷᠬᠥᠮᠵᠢᠯᠡᠬᠥ ᠵᠠᠩᠰᠢᠯ ᠪᠣᠢ᠃ ᠠᠬᠠᠮᠠᠳ ᠦᠶ᠎ᠡ ᠶᠢᠨ ᠬᠦᠮᠥᠨ ᠶᠢᠠᠨ ᠪᠠᠬᠢ ᠪᠣᠯᠭᠠᠳᠠᠭ ᠵᠠᠩᠰᠢᠯ ᠲᠡᠶ ᠲᠣᠯᠠ ᠪᠠᠭᠠᠷᠢᠨ ᠡᠠᠬ᠎ᠠ ᠶᠢᠨ ᠣᠷᠣᠭ᠂ ᠣᠰᠣᠨ ᠡᠪᠥᠬᠡᠨ ᠢ ᠪᠠᠬᠢ ᠪᠣᠯᠭᠠᠶ᠎ᠠ᠃ ᠪᠠᠬᠢ ᠡᠷᠬᠥᠮᠵᠢᠯᠡᠭ᠍ᠳᠡᠬᠡᠥᠨ ᠴᠠᠭᠠᠨ ᠲᠠᠪᠠᠯ ᠡᠮᠣᠰᠴᠣ᠂ ᠴᠠᠭᠠᠨ ᠮᠣᠷᠢ ᠣᠨᠣᠵᠣ᠂ ᠲᠡᠬᠡᠲᠦ ᠰᠠᠭᠣᠷᠢᠨ ᠳᠤ ᠰᠠᠭᠣᠵᠣ᠂ ᠣᠨ ᠰᠠᠷ᠎ᠠ ᠶᠢ ᠣᠯᠵᠣ ᠰᠣᠩᠭ᠋ᠣᠵᠣ ᠪᠠᠢ᠌ᠳᠣᠭᠠᠢ》 ᠬᠡᠵᠦ ᠵᠠᠷᠯᠢᠭ ᠪᠣᠯᠪᠠ᠃

217᠂ ᠪᠠᠰᠠ ᠴᠢᠩᠬᠢᠰ ᠬᠠᠭᠠᠨ ᠦᠬᠥᠯᠡᠷᠥᠨ᠄ 《ᠬᠣᠢ᠌ᠯᠳᠠᠷ ᠠᠨᠳᠠ ᠠᠯᠠᠯᠳᠣᠨ ᠪᠠᠢ᠌ᠯᠳᠣᠬᠣ ᠴᠠᠭ ᠲᠤ ᠣᠷᠢᠳᠠᠵᠣ ᠠᠮᠨ ᠨᠡᠬᠡᠬᠡᠵᠦ ᠪᠠᠢ᠌ᠯᠳᠣᠭᠰᠠᠨ ᠭᠠᠪᠢᠶ᠎ᠠ ᠪᠣᠢ ᠲᠣᠯᠠ ᠲᠡᠬᠥᠨ ᠤ ᠬᠦᠪᠡᠭᠦᠳ ᠠᠴᠢ ᠨᠡᠷ ᠲᠤ᠂ ᠦᠨᠦᠴᠢᠥᠨ ᠲᠤ ᠣᠯᠭᠣᠬᠣ ᠦᠷᠥᠰᠢᠶᠡᠯ ᠲᠣᠰᠠᠯᠠᠮᠵᠢ ᠶᠢ ᠬᠦᠷᠳᠡᠬᠡᠰᠦᠬᠡᠢ》 ᠬᠡᠪᠡ᠃

218᠂ ᠪᠠᠰᠠ ᠴᠢᠩᠬᠢᠰ ᠬᠠᠭᠠᠨ᠂ ᠴᠠᠭᠠᠨ ᠭᠣᠸ᠎ᠠ ᠶᠢᠨ ᠬᠦᠪᠡᠬᠥᠨ ᠨᠠᠷᠢᠨ ᠲᠣᠭᠣᠷᠢᠯ ᠳᠤ ᠦᠬᠥᠯᠡᠷᠥᠨ᠄ 《ᠴᠢᠨᠣ ᠡᠴᠢᠬᠡ ᠴᠠᠭᠠᠨ ᠭᠣᠸ᠎ᠠ ᠴᠢᠩ ᠵᠤᠷᠢᠭ ᠢ ᠪᠠᠷᠢᠵᠣ ᠪᠠᠢ᠌ᠯᠳᠣᠭᠰᠠᠭᠠᠷ ᠲᠠᠯᠠᠨ ᠪᠠᠯᠵᠣᠳ ᠤᠨ ᠪᠠᠢ᠌ᠯᠳᠣᠭᠠᠨ ᠳᠤ ᠵᠠᠮᠣᠬ᠎ᠠ ᠳᠤ ᠠᠯᠠᠭᠳᠠᠵᠠᠢ᠃ ᠣᠳᠣ ᠡᠴᠢᠬᠡ ᠶᠢᠨ ᠭᠠᠪᠢᠶ᠎ᠠ ᠶᠢ ᠬᠦᠷᠳᠡᠵᠦ᠂ ᠦᠨᠦᠴᠢᠥᠨ ᠤᠨ ᠲᠣᠰᠠᠯᠠᠮᠵᠢ ᠡᠴᠡ ᠠᠪᠴᠣ ᠪᠠᠢ》 ᠬᠡᠰᠡᠨ ᠳᠤ᠂ ᠲᠣᠭᠣᠷᠢᠯ ᠦᠬᠥᠯᠡᠷᠥᠨ᠄ 《ᠮᠢᠨᠣ ᠲᠥᠷᠥᠯ ᠤᠨ ᠨᠡᠬᠥᠰ ᠨᠡᠷ ᠣᠯᠠᠨ ᠠᠢ᠌ᠮᠠᠭ ᠲᠤ ᠬᠣᠪᠢᠶᠠᠭᠳᠠᠨ ᠲᠠᠷᠬᠠᠭᠰᠠᠨ ᠪᠠᠢ᠌ᠨ᠎ᠠ᠃ ᠬᠠᠭᠠᠨ ᠰᠣᠶᠣᠷᠬᠠᠪᠠᠯ᠂ ᠡᠠᠬ᠎ᠠ ᠲᠡᠬᠥᠤ ᠨᠡᠬᠥᠰ ᠨᠡᠷ ᠶᠢᠠᠨ ᠴᠣᠭᠯᠠᠭᠣᠯᠣᠶ᠎ᠠ》 ᠬᠡᠪᠡᠯ ᠴᠢᠩᠬᠢᠰ ᠬᠠᠭᠠᠨ ᠵᠠᠷᠯᠢᠭ ᠪᠣᠯᠣᠷᠣᠨ᠄ 《ᠲ᠋ᠠᠢ᠌ᠮᠣ ᠪᠣᠯ ᠡᠠᠬ᠎ᠠ ᠲᠡᠬᠥᠤ ᠨᠡᠬᠥᠰ ᠨᠡᠷ ᠶᠢᠠᠨ ᠴᠣᠭᠯᠠᠭᠣᠯᠵᠣ᠂ ᠴᠢ ᠣᠷᠣᠭ ᠤᠨ ᠣᠷᠣᠭ ᠲᠤ ᠬᠦᠷᠳᠡᠯ᠎ᠡ ᠵᠠᠬᠢᠷᠴᠣ ᠪᠠᠢ》 ᠬᠡᠵᠦ ᠵᠠᠷᠯᠢᠭ ᠪᠣᠯᠪᠠ᠃

219᠂ ᠪᠠᠰᠠ ᠴᠢᠩᠬᠢᠰ ᠬᠠᠭᠠᠨ ᠰᠣᠷᠬᠠᠨ ᠰᠢᠷ᠎ᠠ ᠳᠤ ᠦᠬᠥᠯᠡᠷᠥᠨ᠄ 《ᠨᠠᠮᠢ᠋ᠢ ᠦᠴᠥᠬᠡᠨ ᠴᠠᠭ ᠲᠤ᠂ ᠲᠠᠢ᠌ᠴᠢᠭᠣᠳ ᠤᠨ ᠲᠠᠷᠭᠣᠳᠠᠢ ᠬᠢᠷᠢᠯᠳᠤᠭ᠂ ᠡᠠᠬ᠎ᠠ ᠲᠡᠬᠥᠤ ᠨᠡᠷ ᠲᠡᠶ ᠪᠠᠨ ᠨᠠᠢ᠌ᠯᠠᠵᠣ ᠠᠳᠠᠭᠠᠷᠬᠠᠨ ᠪᠠᠷᠢᠬᠤ ᠴᠠᠭ ᠲᠤ ᠰᠣᠷᠬᠠᠨ ᠰᠢᠷ᠎ᠠ ᠶᠢᠨ ᠬᠦᠪᠡᠬᠥᠨ ᠴᠢᠯᠠᠭᠣᠨ᠂ ᠴᠢᠮᠪᠠᠢ ᠨᠡᠷ᠂ ᠨᠠᠮᠢ᠋ᠢ ᠡᠠᠬ᠎ᠠ ᠲᠡᠬᠥᠤ ᠨᠡᠷ ᠲᠠᠭᠠᠨ ᠠᠳᠠᠭᠠᠷᠬᠠᠭᠳᠠᠭᠰᠠᠨ ᠠᠵᠢ ᠬᠡᠵᠦ ᠨᠢᠭᠣᠵᠣ᠂ ᠦᠬᠢᠨ ᠬᠠᠳᠠᠭᠠᠨ ᠶᠢᠠᠷ ᠠᠰᠠᠷᠠᠭᠣᠯᠵᠣ ᠪᠠᠢ᠌ᠭᠠᠳ ᠲᠠᠯᠪᠢᠵᠣ ᠢᠯᠡᠬᠡᠭ᠍ᠰᠡᠨ ᠪᠢᠰᠢᠤ᠃ ᠴᠢᠨᠣ ᠲᠠᠷᠠ ᠠᠴᠢ ᠶᠢ ᠪᠢ ᠬᠠᠷᠠᠩᠭ᠋ᠣᠢ ᠰᠦᠨᠢ ᠵᠠᠬᠥᠳᠥᠨ ᠳᠡᠭᠡᠨ ᠪᠣᠳᠣᠵᠣ᠂ ᠬᠡᠬᠡᠨ ᠡᠳᠣᠷ ᠴᠡᠬᠡᠵᠢᠨ ᠳᠡᠭᠡᠨ ᠰᠠᠨᠠᠭᠰᠠᠭᠠᠷ ᠶᠠᠪᠣᠭᠰᠠᠨ ᠪᠢᠯᠠ᠃ ᠲᠠᠷᠠᠭ᠎ᠠ ᠨᠢ ᠲᠠᠢ᠌ᠴᠢᠭᠣᠳ ᠡᠴᠡ ᠨᠠᠳᠠ ᠳᠤ ᠪᠠᠬᠠᠨ ᠣᠳᠠᠵᠣ ᠢᠷᠠᠪᠠ᠃ ᠣᠳᠣ ᠲ᠋ᠠᠨ ᠳᠤ ᠰᠣᠶᠣᠷᠬᠠᠯ ᠢ ᠦᠭ‍ᠬᠦᠢ᠎ᠡ᠃ ᠶᠠᠮᠠᠷ ᠰᠣᠶᠣᠷᠬᠠᠯ ᠢ ᠬᠦᠰᠠᠵᠦ ᠪᠠᠢ᠌ᠨ᠎ᠠ︖》 ᠬᠡᠪᠡᠯ᠂ ᠰᠣᠷᠬᠠᠨ ᠰᠢᠷ᠎ᠠ ᠪᠠ ᠲᠡᠬᠥᠨ ᠤ ᠬᠦᠪᠡᠬᠥᠨ ᠴᠢᠯᠠᠭᠣᠨ᠂ ᠴᠢᠮᠪᠠᠢ ᠨᠡᠷ ᠦᠬᠥᠯᠡᠷᠥᠨ᠄ 《ᠪᠢᠳᠠ ᠮᠠᠷᠭᠢᠳ ᠤᠨ ᠨᠣᠳᠣᠭ ᠰᠡᠯᠠᠩᠬᠡ ᠳᠤ ᠲᠠᠷᠬᠠᠨ ᠲᠤᠷ᠎ᠠ ᠪᠠᠷ ᠨᠣᠳᠣᠭᠯᠠᠬᠣ ᠶᠢ ᠬᠦᠰᠡᠨ᠎ᠡ᠃ ᠪᠠᠰᠠ ᠶᠠᠮᠠᠷ ᠰᠣᠶᠣᠷᠬᠠᠯ ᠬᠡᠰᠢᠭ᠌ ᠬᠠᠢ᠌ᠷᠠᠯᠠᠬᠣ ᠶᠢ ᠴᠢᠩᠬᠢᠰ ᠬᠠᠭᠠᠨ ᠮᠡᠳᠡᠲᠦᠬᠡᠢ︕》 ᠬᠡᠪᠡ᠃ ᠲᠡᠬᠡᠬᠥ ᠳᠤ ᠴᠢᠩᠬᠢᠰ ᠬᠠᠭᠠᠨ ᠦᠬᠥᠯᠡᠷᠥᠨ᠄ 《ᠨᠣᠳᠣᠭ ᠲᠠᠷᠬᠠᠯᠠᠵᠣ᠂ ᠮᠠᠷᠭᠢᠳ ᠤᠨ ᠭᠠᠵᠠᠷ ᠰᠡᠯᠠᠩᠬᠡ ᠪᠠᠷ ᠣᠷᠣᠭ ᠤᠨ ᠣᠷᠣᠭ ᠲᠤ ᠬᠦᠷᠳᠡᠯ᠎ᠡ ᠨᠣᠳᠣᠭ ᠣᠷᠣᠨ ᠶᠢᠠᠨ ᠡᠵᠠᠮᠰᠢᠵᠣ᠂ ᠨᠣᠮᠣ ᠰᠣᠮᠣ ᠪᠠᠨ ᠠᠭᠰᠠᠵᠣ᠂ ᠬᠣᠷᠢᠮ ᠨᠠᠢ᠌ᠷ ᠢ ᠬᠢᠵᠣ᠂ ᠬᠣᠠᠳᠠᠭ᠎ᠠ ᠰᠦᠩ ᠶᠢᠠᠨ ᠳᠦᠰᠢᠯᠴᠡᠵᠤ ᠶᠠᠪᠣᠳᠣᠭᠠᠢ᠂ ᠶᠢᠰᠣᠨ ᠣᠳᠠᠭ᠎ᠠ ᠣᠰᠣᠯᠳᠣᠬᠣ ᠳᠤ ᠵᠢᠮᠡᠯᠠᠬᠥ ᠦᠭᠡᠶ ᠪᠣᠯᠭᠠᠶ᠎ᠠ》 ᠬᠡᠵᠦ ᠵᠠᠷᠯᠢᠭ ᠪᠣᠯᠪᠠ᠃ ᠪᠠᠰᠠ ᠴᠢᠩᠬᠢᠰ ᠬᠠᠭᠠᠨ᠂ ᠴᠢᠯᠠᠭᠣᠨ᠂ ᠴᠢᠮᠪᠠᠢ ᠬᠣᠶᠠᠷ ᠲ᠋ᠤ ᠰᠣᠶᠣᠷᠬᠠᠵᠣ ᠬᠡᠯᠡᠭ᠍ᠰᠡᠨ ᠨᠢ᠄ 《ᠣᠷᠢᠳᠣ ᠴᠢᠯᠠᠭᠣᠨ᠂ ᠴᠢᠮᠪᠠᠢ ᠲᠠ ᠬᠣᠶᠠᠷ ᠤᠨ ᠬᠡᠯᠡᠵᠦ ᠪᠠᠢ᠌ᠭᠰᠠᠨ ᠢ ᠶᠠᠭᠠᠬᠢᠵᠣ ᠮᠠᠷᠳᠠᠬᠣ ᠪᠣᠢ︖ ᠴᠢᠯᠠᠭᠣᠨ᠂ ᠴᠢᠮᠪᠠᠢ ᠲᠠ ᠬᠣᠶᠠᠷ ᠰᠠᠨᠠᠭᠰᠠᠨ ᠶᠢᠠᠨ ᠬᠡᠯᠡᠶ᠎ᠡ ᠬᠡᠪᠡᠯ᠂ ᠲᠣᠳᠠᠭᠣ ᠪᠠᠨ ᠭᠣᠶᠣᠶ᠎ᠠ ᠬᠡᠪᠡᠯ ᠲᠠᠮ ᠬᠦᠮᠥᠨ ᠶᠢᠠᠷ ᠪᠣᠤ ᠬᠡᠯᠡᠬᠥᠯᠵᠦ ᠪᠠᠢ᠃ ᠦᠪᠡᠷ ᠤᠨ ᠪᠠᠶ᠎ᠠ ᠪᠠᠷ ᠠᠭᠣᠯᠵᠠᠵᠣ᠂ ᠦᠪᠡᠷ ᠤᠨ ᠠᠮᠨ ᠪᠠᠷ ᠰᠠᠨᠠᠭᠰᠠᠨ ᠶᠢᠠᠨ ᠬᠡᠯᠡᠵᠦ᠂ ᠲᠣᠳᠠᠭᠰᠠᠨ ᠶᠢᠠᠨ ᠭᠣᠶᠣᠵᠣ ᠪᠠᠢ》 ᠬᠡᠵᠦ ᠵᠠᠷᠯᠢᠭ ᠪᠣᠯᠪᠠ᠃ ᠪᠠᠰᠠ 《ᠰᠣᠷᠬᠠᠨ ᠰᠢᠷ᠎ᠠ᠂ ᠪᠠᠳᠠᠢ᠂ ᠬᠢᠰᠢᠯᠢᠭ ᠲᠠ ᠭᠣᠷᠪᠠᠨ ᠲᠠᠷᠬᠠᠨ᠂

ᠣᠯᠠᠨ ᠲᠠᠢ᠌ᠰᠣᠨ ᠢ ᠲᠣᠪᠳᠣᠯᠵᠣ

ᠣᠯᠵᠠ ᠶᠠᠭᠣᠮ᠎ᠠ ᠣᠯᠪᠠᠯ

ᠣᠯᠣᠭᠰᠠᠨ ᠶᠢᠠᠨ ᠪᠦᠷᠢᠨ ᠠᠪᠣᠳᠣᠭᠠᠢ

ᠠᠶᠠᠨ ᠠᠪᠠ ᠬᠢᠵᠣ

ᠡᠠᠩ ᠬᠦᠷᠥᠬᠡᠰᠦ ᠠᠯᠠᠪᠠᠯ

ᠠᠯᠠᠭᠰᠠᠨ ᠶᠢᠠᠨ ᠪᠦᠷᠢᠨ ᠠᠪᠣᠳᠣᠭᠠᠢ︕》

ᠬᠡᠵᠦ ᠵᠠᠷᠯᠢᠭ ᠪᠣᠯᠪᠠ᠃ 《ᠰᠣᠷᠬᠠᠨ ᠰᠢᠷ᠎ᠠ ᠪᠣᠯ ᠲᠠᠢ᠌ᠴᠢᠭᠣᠳ ᠤᠨ ᠲᠦᠳᠡᠬᠡ ᠶᠢᠨ ᠬᠡᠷ ᠤᠨ ᠬᠦᠮᠥᠨ᠃ ᠪᠠᠳᠠᠢ ᠬᠢᠰᠢᠯᠢᠭ ᠬᠣᠶᠠᠷ ᠪᠣᠯ ᠴᠠᠷᠠᠨ ᠤ ᠠᠳᠣᠭᠣᠴᠢᠨ ᠬᠦᠮᠥᠨ ᠪᠢᠯᠠ᠃ ᠣᠳᠣ ᠮᠢᠨᠣ ᠰᠢᠳᠠᠷ ᠬᠣᠷᠴᠢ (ᠨᠣᠮᠣ ᠰᠣᠮᠣ ᠠᠭᠰᠠᠭᠴᠢ) ᠪᠣᠯᠵᠣ᠂ ᠬᠣᠷᠢᠮ ᠳᠤ ᠬᠣᠠᠳᠠᠭ᠎ᠠ ᠲ᠋ᠡᠪᠰᠢᠬᠥᠯᠵᠦ᠂ ᠲᠠᠷᠬᠠᠨ ᠡᠷᠬᠡ ᠲᠡᠶ ᠵᠢᠷᠭᠠᠵᠣ ᠶᠠᠪᠣᠳᠣᠭᠠᠢ︕》 ᠬᠡᠵᠦ ᠵᠠᠷᠯᠢᠭ ᠪᠣᠯᠪᠠ᠃

220᠂ ᠪᠠᠰᠠ ᠴᠢᠩᠬᠢᠰ ᠬᠠᠭᠠᠨ ᠨᠠᠶᠠᠭ᠎ᠠ ᠳᠤ ᠦᠬᠥᠯᠡᠷᠥᠨ᠄ 《ᠰᠢᠷᠡᠬᠡᠲᠦ ᠡᠪᠥᠬᠡᠨ᠂ ᠠᠯᠠᠭ ᠨᠠᠶᠠᠭ᠎ᠠ ᠬᠣᠶᠠᠷ ᠬᠦᠪᠡᠬᠥᠨ ᠤ ᠬᠠᠮᠳᠣ ᠲᠠᠷᠭᠣᠳᠠᠢ ᠬᠢᠷᠢᠯᠳᠣᠭ ᠢ ᠪᠠᠷᠢᠵᠣ ᠠᠪᠴᠢᠷᠠᠬᠣ ᠵᠠᠮ ᠳᠤ ᠬᠣᠳᠣᠭᠣᠯ ᠨᠣᠭᠣ ᠳᠤ ᠬᠦᠷᠥᠬᠡᠥᠨ ᠨᠠᠶᠠᠭ᠎ᠠ ᠶᠢᠨ ᠬᠡᠯᠡᠭ᠍ᠰᠡᠨ ᠨᠢ᠄ 〈ᠪᠢᠳᠠ ᠬᠠᠨ ᠡᠵᠠᠨ ᠶᠢᠠᠨ ᠶᠠᠭᠠᠬᠢᠨ ᠲᠠᠪᠴᠢᠵᠣ ᠪᠠᠷᠢᠵᠣ ᠤᠳᠬᠣ ᠪᠣᠢ︖〉 ᠬᠡᠵᠦ ᠰᠠᠳᠬᠢᠯ ᠲᠥᠪᠳᠡᠬᠥ ᠦᠭᠡᠶ ᠪᠣᠯᠣᠭᠠᠳ ᠲᠠᠷᠭᠣᠳᠠᠢ ᠶᠢ ᠰᠣᠯᠠ ᠲᠠᠯᠪᠢᠨ ᠪᠣᠴᠠᠭᠠᠵᠣ᠂ ᠰᠢᠷᠡᠬᠡᠲᠦ ᠡᠪᠥᠬᠡᠨ᠂ ᠬᠦᠪᠡᠬᠥᠨ ᠠᠯᠠᠭ ᠨᠠᠶᠠᠭ᠎ᠠ ᠨᠡᠷ ᠲᠡᠶ ᠬᠠᠮᠳᠣ ᠢᠷᠠᠵᠣ ᠨᠠᠶᠠᠭ᠎ᠠ ᠶᠢᠨ ᠬᠡᠯᠡᠭ᠍ᠰᠡᠨ ᠨᠢ᠄〈ᠪᠢᠳᠠ ᠬᠠᠨ ᠲᠠᠷᠭᠣᠳᠠᠢ ᠬᠢᠷᠢᠯᠳᠣᠭ ᠢ ᠭᠠᠷᠳᠠᠨ ᠪᠠᠷᠢᠵᠣ ᠢᠷᠠᠵᠣ ᠶᠠᠪᠣᠭᠠᠳ ᠵᠢᠴᠢ ᠲᠠᠪᠴᠢᠨ ᠶᠠᠳᠠᠵᠣ ᠲᠠᠯᠪᠢᠨ ᠪᠣᠴᠠᠭᠠᠭᠠᠳ ᠪᠢᠳᠠ ᠴᠢᠩᠬᠢᠰ ᠬᠠᠭᠠᠨ ᠳᠤ ᠬᠦᠴᠦ ᠪᠠᠨ ᠦᠭ‍ᠬᠦᠢ᠎ᠡ ᠬᠡᠵᠦ ᠢᠷᠠᠪᠠ᠃ ᠬᠡᠷᠪᠡ ᠬᠠᠨ ᠶᠢᠠᠨ ᠪᠠᠷᠢᠵᠣ ᠢᠷᠠᠪᠠᠯ ᠬᠠᠨ ᠡᠵᠠᠨ ᠶᠢᠠᠨ ᠪᠠᠷᠢᠭᠰᠠᠨ ᠬᠠᠷᠠᠴᠣ ᠠᠷᠠᠳ ᠲᠤ ᠶᠠᠭᠠᠬᠢᠵᠣ ᠢᠳᠡᠬᠡᠬᠥ ᠪᠣᠢ〉 ᠬᠡᠬᠥ ᠪᠢᠯᠠ᠃ ᠬᠠᠨ ᠳᠠᠭᠠᠨ ᠬᠠᠯᠳᠠᠵᠣ ᠴᠢᠳᠠᠭᠰᠠᠨ ᠦᠭᠡᠢ ᠳᠤᠯᠠ ᠳᠡᠳᠡᠨ ᠢ ᠳᠤᠰ (ᠦᠪᠡᠷ ᠤᠨ) ᠬᠠᠭᠠᠨ ᠶᠢᠠᠨ ᠬᠠᠢ᠌ᠷᠠᠯᠠᠬᠤ ᠶᠡᠬᠡ ᠶᠣᠰᠣ ᠶᠢ ᠮᠡᠳᠡᠭ᠍ᠰᠡᠨ ᠬᠦᠮᠥᠰ ᠬᠡᠵᠦ ᠦᠬᠡ ᠶᠢ ᠵᠦᠪᠰᠢᠶᠡᠵᠦ᠂ ᠨᠢᠬᠡᠨ ᠣᠢ᠌ᠯᠠ ᠬᠡᠷᠡᠭ ᠢ ᠲᠣᠰᠢᠶᠠᠶ᠎ᠠ ᠬᠡᠰᠡᠨ ᠪᠢᠯᠠ᠂ ᠪᠣᠭᠣᠷᠴᠣ ᠪᠠᠷᠠᠭᠣᠨ ᠭᠠᠷ ᠤᠨ ᠲᠥᠮᠡᠨ ᠢ ᠵᠠᠬᠢᠷᠬᠣ ᠨᠣᠶᠠᠨ ᠪᠣᠯᠪᠠ᠂ ᠮᠣᠬᠣᠯᠠᠢ ᠬᠦᠸᠧ ᠸᠠᠩ ᠪᠣᠯᠵᠣ ᠵᠡᠭᠦᠨ ᠭᠠᠷ ᠤᠨ ᠲᠥᠮᠡᠨ ᠢ ᠵᠠᠬᠢᠷᠬᠣ ᠨᠣᠶᠠᠨ ᠪᠣᠯᠪᠠ᠃ ᠣᠳᠣ ᠨᠠᠶᠠᠭ᠎ᠠ᠂ ᠲᠦᠪ ᠤᠨ ᠲᠥᠮᠡᠨ ᠢ ᠵᠠᠬᠢᠷᠬᠣ ᠨᠣᠶᠠᠨ ᠪᠣᠯᠳᠣᠭᠠᠢ》 ᠬᠡᠵᠦ ᠵᠠᠷᠯᠢᠭ ᠪᠣᠯᠪᠠ᠃

221᠂ ᠪᠠᠰᠠ ᠵᠠᠪᠠ᠂ ᠰᠦᠪᠡᠬᠡᠳᠡᠢ ᠬᠣᠶᠠᠷ ᠢ ᠦᠪᠡᠷ ᠤᠨ ᠣᠯᠣᠭᠰᠠᠨ ᠵᠦᠬᠡᠬᠡᠭ᠍ᠰᠡᠨ ᠢᠷᠬᠡᠨ ᠶᠢᠠᠨ ᠮᠢᠩᠭ᠋ᠠᠳᠣ ᠪᠣᠯᠭᠠᠨ ᠵᠠᠬᠢᠷᠣᠭᠳᠣᠨ ᠬᠡᠪᠡ᠃

222᠂ ᠪᠠᠰᠠ ᠬᠣᠨᠢ ᠬᠠᠷᠢᠭᠣᠯᠣᠭᠴᠢ ᠲᠡᠬᠡᠢ ᠳᠤ ᠮᠢᠩᠭ᠋ᠠᠳᠣ ᠶᠢ ᠡ᠊ᠠᠳᠠ ᠲᠠᠠᠳᠠ ᠡᠴᠡ ᠴᠣᠭᠯᠠᠭᠣᠯᠵᠣ ᠦᠭ‍ᠬᠦᠬᠡᠥᠨ ᠮᠢᠩᠭ᠋ᠠᠨ ᠤ ᠨᠣᠶᠠᠨ ᠪᠣᠯᠭᠠᠪᠠ᠃

223᠂ ᠪᠠᠰᠠ ᠮᠣᠳᠣᠴᠢ ᠲᠠᠷᠬᠠᠨ ᠬᠦᠴᠥᠬᠥᠷ ᠲᠤ ᠦᠭ‍ᠬᠦ ᠢᠷᠬᠡᠨ ᠲᠣᠳᠠᠭᠳᠠᠭᠰᠠᠨ ᠲᠣᠯᠠ ᠪᠣᠰᠣᠳ ᠨᠣᠶᠠᠳ ᠤᠨ ᠠᠯᠪᠠᠳᠣ ᠨᠡᠷ ᠡᠴᠠ ᠲᠠᠳᠠᠵᠣ ᠴᠣᠭᠯᠠᠭᠣᠯᠣᠭᠰᠠᠨ ᠢᠷᠬᠡᠨ ᠢ ᠵᠠᠳᠠᠷᠠᠨ ᠤ ᠮᠣᠯᠬᠠᠯᠬᠣ ᠳᠤ ᠵᠦᠬᠡᠷ ᠨᠡᠢ᠌ᠯᠡᠬᠥᠯᠵᠦ᠂ ᠬᠦᠴᠥᠬᠥᠷ ᠮᠣᠯᠬᠠᠯᠬᠣ ᠬᠣᠶᠠᠷ ᠨᠢᠬᠡ ᠮᠢᠩᠭ᠋ᠠᠨ ᠢ ᠬᠠᠪᠰᠣᠷᠣᠨ ᠵᠦᠪᠯᠠᠵᠦ ᠵᠠᠬᠢᠷᠣᠭᠳᠣᠨ》 ᠬᠡᠪᠡ᠃

224᠂ ᠣᠯᠣᠰ ᠢ ᠪᠠᠢ᠌ᠭᠣᠯᠬᠣ ᠳᠤ ᠵᠢᠣᠠᠬᠥᠭ᠍ᠰᠡᠨ ᠬᠦᠮᠥᠰ ᠢ ᠲᠥᠮᠡᠨ ᠤ ᠨᠣᠶᠠᠳ᠂ ᠮᠢᠩᠭ᠋ᠠᠨ ᠤ ᠨᠣᠶᠠᠳ᠂ ᠵᠠᠭᠣᠨ ᠤ ᠨᠣᠶᠠᠳ᠂ ᠠᠷᠪᠠᠨ ᠤ ᠨᠣᠶᠠᠳ ᠪᠣᠯᠭᠠᠵᠣ᠂ ᠰᠣᠶᠣᠷᠬᠠᠯ ᠢ ᠦᠭ‍ᠬᠦ ᠬᠦᠮᠥᠰ ᠲᠤ ᠰᠣᠶᠣᠷᠬᠠᠯ ᠶᠢᠠᠨ ᠦᠭᠴᠦ᠂ ᠵᠠᠷᠯᠢᠭ ᠢ ᠪᠠᠭᠣᠯᠭᠠᠬᠣ ᠬᠦᠮᠥᠰ ᠲᠤ ᠵᠠᠷᠯᠢᠭ ᠶᠢᠠᠨ ᠪᠠᠭᠣᠯᠭᠠᠵᠣ ᠴᠢᠩᠬᠢᠰ ᠬᠠᠭᠠᠨ ᠵᠠᠷᠯᠢᠭ ᠪᠣᠯᠣᠷᠣᠨ᠄ 《ᠣᠷᠢᠳᠣ ᠪᠢ ᠨᠠᠶᠠᠨ ᠬᠡᠪᠳᠡᠬᠥᠯ ᠮᠠᠨᠠᠭᠠᠴᠢ ᠲᠡᠶ᠂ ᠲᠠᠯᠠᠨ ᠰᠢᠳᠠᠷ ᠬᠡᠰᠢᠭ᠍ᠳᠡᠨ ᠲᠡᠶ ᠪᠠᠢ᠌ᠪᠠ᠃ ᠣᠳᠣ ᠮᠦᠩᠬᠡ ᠲᠡᠭ᠍ᠷᠢ ᠶᠢᠨ ᠦᠷᠥᠰᠢᠶᠡᠯ ᠢᠶᠡᠷ᠂ ᠲᠡᠭ᠍ᠷᠢ ᠭᠠᠵᠠᠷ ᠤᠨ ᠢᠪᠡᠬᠡᠯ ᠶ᠋‍ᠢᠠᠷ ᠬᠦᠴᠦ ᠠᠣᠭ᠎ᠠ ᠨᠡᠮᠡᠭ᠍ᠳᠡᠵᠦ᠂ ᠬᠦᠷ ᠶᠡᠬᠡ ᠤᠯᠤᠰ ᠢ ᠬᠠᠮᠳᠤᠳᠬᠠᠵᠤ᠂ ᠭᠠᠭᠴᠠ ᠵᠢᠯᠤᠭᠤᠨ ᠳᠠᠭᠠᠨ ᠣᠷᠣᠭᠣᠯᠣᠭᠰᠠᠨ ᠲᠣᠯᠠ ᠣᠳᠣ ᠨᠠᠳᠠ ᠳᠤ ᠮᠢᠩᠭ᠋ᠠᠨ ᠰᠢᠳᠡᠷ ᠬᠡᠰᠢᠭᠳᠡᠨ ᠢ ᠢᠯᠭᠠᠵᠤ ᠦᠭ᠂ ᠬᠡᠪᠳᠡᠬᠦᠯ᠂ ᠬᠤᠷᠴᠢᠨ᠂ ᠲᠣᠷᠬᠠᠭ ᠤᠳ ᠤᠨ ᠬᠠᠮᠳᠣ ᠪᠦᠬᠥᠳᠡ ᠲᠥᠮᠡᠨ ᠬᠦᠮᠥᠨ ᠪᠣᠯᠭᠠᠵᠣ ᠦᠭᠲᠦᠬᠡᠢ︕》 ᠬᠡᠵᠦ ᠵᠠᠷᠯᠢᠭ ᠪᠣᠯᠪᠠ᠃ ᠪᠠᠰᠠ ᠴᠢᠩᠬᠢᠰ ᠬᠠᠭᠠᠨ᠂ ᠬᠡᠰᠢᠭ᠍ᠳᠡᠨ ᠢ ᠢᠯᠭᠠᠵᠣ ᠲᠣᠮᠢᠯᠠᠬᠣ ᠲᠣᠬᠠᠢ ᠮᠢᠩᠭ᠋ᠠᠨ ᠤ ᠨᠣᠶᠠᠳ ᠲᠤ ᠲᠣᠩᠬᠠᠭ ᠵᠠᠷᠯᠢᠭ ᠪᠠᠭᠣᠯᠭᠠᠭᠰᠠᠨ ᠨᠢ᠄ 《ᠮᠢᠨᠣ ᠬᠡᠰᠢᠭ᠍ᠳᠡᠨ ᠢ ᠲᠣᠮᠢᠯᠠᠬᠣ ᠳᠤ ᠲᠥᠮᠠᠲᠦ᠂ ᠮᠢᠩᠭ᠋ᠠᠳᠣ᠂ ᠵᠠᠭᠣᠳᠣ ᠶᠢᠨ ᠨᠣᠶᠠᠳ ᠤᠨ ᠬᠦᠪᠡᠭᠦᠳ᠂ ᠰᠣᠯᠠ ᠬᠦᠮᠥᠨ ᠤ ᠬᠦᠪᠡᠭᠦᠳ ᠤᠨ ᠲᠣᠳᠣᠷ᠎ᠠ ᠡᠴᠡ ᠮᠢᠨᠣ ᠲᠡᠷᠬᠡᠳᠡ ᠲᠠᠩᠴᠡᠬᠥ ᠪᠢᠯᠢᠭ᠌ ᠡᠷᠳᠠᠮᠳᠠᠢ᠂ ᠪᠠᠶ᠎ᠠ ᠰᠠᠢ᠌ᠳᠠᠢ ᠶᠢ ᠨᠢ ᠢᠯᠭᠠᠵᠣ ᠣᠷᠣᠭᠣᠯᠳᠣᠭᠠᠢ᠃ ᠮᠢᠨᠣ ᠰᠢᠳᠠᠷ ᠴᠡᠷᠢᠭ᠌ ᠲᠤ ᠣᠷᠣᠬᠣ ᠳᠠᠭᠠᠨ ᠮᠢᠩᠭ᠋ᠠᠨ ᠤ ᠨᠣᠶᠠᠳ ᠤᠨ ᠬᠦᠪᠡᠭᠦᠳ᠂ ᠠᠷᠪᠠᠨ ᠨᠦᠬᠥᠷ (ᠴᠡᠷᠢᠭ᠌)᠂ ᠨᠢᠬᠡ ᠲᠡᠬᠥᠤ ᠪᠠᠨ ᠲᠠᠭᠠᠭᠣᠯᠵᠣ ᠢᠷᠡᠲᠦᠬᠡᠢ᠃ ᠵᠠᠭᠣᠨ ᠤ ᠨᠣᠶᠠᠳ ᠤᠨ ᠬᠦᠪᠡᠭᠦᠳ ᠲᠠᠪᠣᠨ ᠨᠦᠬᠥᠷ᠂ ᠨᠢᠬᠡ ᠲᠡᠬᠥᠤ ᠪᠠᠨ ᠲᠠᠭᠠᠭᠣᠯᠵᠣ ᠢᠷᠡᠲᠦᠬᠡᠢ᠃ ᠠᠷᠪᠠᠨ ᠤ ᠨᠣᠶᠠᠳ ᠤᠨ ᠬᠦᠪᠡᠭᠦᠳ ᠪᠠᠰᠠ ᠰᠣᠯᠠ ᠬᠦᠮᠥᠨ ᠤ ᠬᠦᠪᠡᠭᠦᠳ᠂ ᠭᠣᠷᠪᠠᠨ ᠨᠦᠬᠥᠷ ᠨᠢᠬᠡ ᠲᠡᠬᠥᠤ ᠪᠠᠨ ᠲᠠᠭᠠᠭᠣᠯᠵᠣ ᠢᠷᠡᠲᠦᠬᠡᠢ᠃ ᠢᠩᠬᠢᠬᠥ ᠳᠡᠭᠡᠨ ᠲᠠᠳᠠ ᠣᠭ ᠭᠠᠵᠠᠷ ᠡᠴᠡ ᠪᠠᠨ ᠣᠨᠣᠯᠭ᠎ᠠ ᠮᠣᠷᠢ ᠪᠠᠨ ᠪᠡᠯᠡᠳᠬᠡᠵᠦ ᠢᠷᠡᠲᠦᠬᠡᠢ᠃ ᠮᠢᠨᠣ ᠰᠢᠳᠠᠷ ᠴᠡᠷᠢᠭ᠌ ᠲᠤ ᠢᠷᠡᠬᠥ ᠮᠢᠩᠭ᠋ᠠᠨ ᠤ ᠨᠣᠶᠠᠳ ᠤᠨ ᠬᠦᠪᠡᠭᠦᠳ ᠠᠷᠪᠠᠨ ᠨᠦᠭᠦᠳ᠂ ᠬᠡᠷᠩᠯᠠᠬᠥ ᠶᠠᠭᠣᠮ᠎ᠠ ᠪᠠᠨ ᠬᠠᠷᠢᠶᠠᠳᠣ ᠮᠢᠩᠭ᠋ᠠᠨ ᠤ ᠲᠣᠳᠣᠷ᠎ᠠ ᠡᠴᠡ ᠲᠠᠳᠠᠵᠣ ᠠᠪᠣᠭᠳᠣᠨ᠃ ᠡᠴᠢᠬᠡ ᠶᠢᠨ ᠦᠭ‍ᠬᠦᠭ᠍ᠰᠡᠨ ᠬᠣᠪᠢ ᠬᠡᠰᠢᠭ᠌ ᠪᠣᠶᠣ ᠦᠪᠡᠷ ᠤᠨ ᠣᠯᠣᠭᠰᠠᠨ ᠵᠦᠬᠡᠬᠡᠭ᠍ᠰᠡᠨ ᠮᠣᠷᠢ᠂ ᠶᠠᠭᠣᠮ᠎ᠠ ᠬᠡᠳᠥᠢ ᠪᠠᠢ᠌ᠪᠠᠴᠣ᠂ ᠦᠮᠴᠢ ᠬᠣᠪᠢ ᠡᠴᠡ ᠠᠩᠬᠢᠳᠠ ᠪᠢᠳᠠᠨ ᠤ ᠵᠢᠭᠠᠭᠰᠠᠨ ᠬᠡᠮᠵᠢᠶ᠎ᠡ ᠪᠠᠷ ᠠᠪᠴᠣ ᠪᠡᠯᠡᠳᠬᠡᠵᠦ ᠢᠷᠡᠲᠦᠬᠡᠢ᠃ ᠵᠠᠭᠣᠨ ᠤ ᠨᠣᠶᠠᠳ ᠤᠨ ᠬᠦᠪᠡᠭᠦᠳ᠂ ᠲᠠᠪᠣᠨ ᠨᠦᠭᠦᠳ ᠲᠡᠶ᠂ ᠠᠷᠪᠠᠨ ᠤ ᠨᠣᠶᠠᠳ ᠪᠠᠰᠠ ᠰᠣᠯᠠ ᠬᠦᠮᠥᠨ ᠤ ᠬᠦᠪᠡᠭᠦᠳ᠂ ᠭᠣᠷᠪᠠᠨ ᠨᠦᠭᠦᠳ ᠲᠡᠶ᠂ ᠮᠦᠨ ᠦᠮᠴᠢ ᠬᠣᠪᠢ ᠡᠴᠡ ᠠᠩᠬᠢᠳᠠ ᠮᠦᠨ ᠲᠠᠷᠠ ᠶᠣᠰᠣᠭᠠᠷ ᠬᠡᠷᠩᠯᠠᠬᠥ ᠮᠣᠷᠢ᠂ ᠶᠠᠭᠣᠮ᠎ᠠ ᠪᠠᠨ ᠪᠡᠯᠡᠳᠬᠡᠵᠦ ᠢᠷᠡᠲᠦᠬᠡᠢ︕》 ᠬᠡᠵᠦ ᠵᠠᠷᠯᠢᠭ ᠪᠣᠯᠪᠠ᠃ 《ᠮᠢᠩᠭ᠋ᠠᠳᠣ᠂ ᠵᠠᠭᠣᠳᠣ᠂ ᠠᠷᠪᠠᠳᠣ ᠶᠢᠨ ᠨᠣᠶᠠᠳ ᠣᠯᠠᠨ ᠬᠦᠮᠥᠨ᠂ ᠪᠢᠳᠠᠨ ᠤ ᠡᠨᠠ ᠵᠠᠷᠯᠢᠭ ᠢ ᠰᠣᠨᠣᠰᠣᠭᠠᠳ ᠵᠦᠷᠢᠴᠡᠵᠦ ᠲᠠᠪᠠᠪᠠᠯ ᠴᠢᠩᠭ᠋ᠠᠯᠠᠨ ᠰᠢᠳᠬᠡᠨ᠎ᠡ᠃ ᠪᠢᠳᠠᠨ ᠤ ᠰᠢᠳᠠᠷ ᠴᠡᠷᠢᠭ᠌ ᠲ᠋ᠤ ᠣᠷᠣᠪᠠᠯ ᠵᠤᠬᠢᠬᠣ ᠬᠦᠮᠥᠨ ᠪᠣᠯᠳᠠᠷᠠᠵᠣ ᠪᠢᠳᠠᠨ ᠤ ᠲᠡᠷᠬᠡᠳᠡ ᠶᠠᠪᠣᠬᠣ ᠳᠤ ᠪᠠᠨ ᠪᠡᠷᠬᠡᠰᠢᠶᠡᠪᠡᠯ ᠦᠬᠡᠷ᠎ᠡ ᠬᠦᠮᠥᠨ ᠢ ᠣᠷᠣᠭᠣᠯᠣᠭᠠᠳ ᠲᠡᠬᠥᠨ ᠢ ᠰᠢᠳᠬᠡᠵᠦ᠂ ᠡᠴᠢᠨ᠎ᠠ ᠬᠣᠯᠠ ᠭᠠᠵᠠᠷ ᠴᠥᠯᠡᠶ᠎ᠡ》 ᠬᠡᠵᠦ ᠵᠠᠷᠯᠢᠭ ᠪᠣᠯᠪᠠ᠃ 《ᠪᠢᠳᠠᠨ ᠤ ᠲᠡᠷᠬᠡᠳᠡ ᠲᠣᠳᠣᠨᠣ ᠶᠠᠪᠣᠵᠣ ᠰᠣᠷᠣᠯᠴᠠᠶ᠎ᠠ ᠬᠡᠵᠦ ᠪᠢᠳᠠᠨ ᠳᠤ ᠢᠷᠡᠬᠥ ᠠᠷᠠᠳ ᠢ ᠪᠦᠤ ᠬᠣᠷᠢᠭᠯᠠᠳᠣᠭᠠᠢ》 ᠬᠡᠪᠡ᠃

225᠂ ᠴᠢᠩᠬᠢᠰ ᠬᠠᠭᠠᠨ ᠤ ᠵᠠᠷᠯᠢᠭ ᠤᠨ ᠶᠣᠰᠣ ᠪᠠᠷ ᠮᠢᠩᠭ᠋ᠠᠳᠣ᠂ ᠵᠠᠭᠣᠳᠣ᠂ ᠠᠷᠪᠠᠳᠣ ᠶᠢᠨ ᠨᠣᠶᠠᠳ ᠤᠨ ᠬᠦᠪᠡᠭᠦᠳ ᠢ ᠢᠯᠭᠠᠵᠣ ᠶᠠᠪᠣᠭᠣᠯᠣᠭᠠᠳ᠂ ᠣᠷᠢᠳᠣ ᠪᠠᠢ᠌ᠭᠰᠠᠨ ᠨᠠᠶᠠᠨ ᠬᠡᠪᠳᠡᠬᠥᠯ ᠢ ᠨᠢ᠋ᠮᠠᠨ ᠵᠠᠭᠣ ᠪᠣᠯᠭᠠᠪᠠ᠃ ᠨᠢ᠋ᠮᠠᠨ ᠵᠠᠭᠣ ᠲᠡᠬᠡᠷ᠎ᠡ ᠨᠠᠮᠠᠵᠣ ᠮᠢᠩᠭ᠎ᠠ ᠪᠣᠯᠭᠠᠳᠣᠭᠠᠢ ᠬᠡᠪᠡ᠃ ᠬᠡᠪᠳᠡᠬᠥᠯ ᠳᠤ ᠣᠷᠣᠬᠣ ᠬᠦᠮᠥᠰ ᠢ ᠪᠦᠤ ᠢᠳᠬᠠᠵᠣ ᠬᠣᠷᠢᠭᠯᠠᠳᠣᠭᠠᠢ ᠬᠡᠵᠦ ᠵᠠᠷᠯᠢᠭ ᠪᠣᠯᠪᠠ᠃ ᠬᠡᠪᠳᠡᠬᠥᠯ ᠢ ᠶᠡᠬᠡ ᠨᠡᠬᠥᠷᠢᠨ ᠵᠠᠬᠢᠷᠴᠣ ᠮᠢᠩᠭ᠋ᠠᠨ ᠤ ᠨᠣᠶᠠᠨ ᠪᠣᠯᠳᠣᠭᠠᠢ ᠬᠡᠵᠦ ᠵᠠᠷᠯᠢᠭ ᠪᠣᠯᠪᠠ᠃ ᠪᠠᠰᠠ ᠲᠥᠷᠪᠡᠨ ᠵᠠᠭᠣᠨ ᠬᠣᠷᠴᠢᠨ ᠢ ᠲᠣᠮᠢᠯᠠᠵᠣ᠂ ᠬᠣᠷᠴᠢᠨ ᠢ ᠵᠠᠯᠮ᠎ᠠ ᠶᠢᠨ ᠬᠦᠪᠡᠬᠥᠨ ᠶᠢᠰᠦᠠᠳᠡᠬᠡ ᠠᠬᠠᠯᠠᠵᠣ᠂ ᠲᠦᠬᠡ ᠶᠢᠨ ᠬᠦᠪᠡᠬᠥᠨ ᠪᠦᠬᠢᠳᠡᠢ ᠲᠡᠶ ᠵᠦᠪᠯᠠᠵᠦ ᠵᠠᠬᠢᠷᠳᠣᠭᠠᠢ ᠬᠡᠪᠡ᠃ ᠲᠣᠷᠬᠠᠭ ᠤᠳ᠂ ᠬᠡᠰᠢᠭ᠍ᠳᠡᠨ ᠨᠡᠷ ᠢ ᠲᠥᠷᠪᠡᠨ ᠡᠬᠡᠯᠵᠢ ᠪᠠᠷ ᠮᠠᠨᠠᠬᠣ ᠪᠣᠯᠭᠠᠵᠣ᠂ ᠶᠢᠰᠦᠠᠳᠡᠬᠡ ᠨᠢᠬᠡᠨ ᠡᠬᠡᠯᠵᠢ ᠶᠢᠨ ᠬᠣᠷᠴᠢᠨ ᠢ ᠵᠠᠬᠢᠷᠴᠣ᠂ ᠪᠦᠬᠢᠳᠡᠢ ᠨᠦᠬᠥᠬᠡ ᠡᠬᠡᠯᠵᠢ ᠶᠢᠨ ᠬᠣᠷᠴᠢᠨ ᠢ ᠵᠠᠬᠢᠷᠴᠣ᠂ ᠬᠣᠷᠬᠣᠳᠠᠭ ᠭᠣᠷᠪᠠᠳᠣᠭᠠᠷ ᠡᠬᠡᠯᠵᠢ ᠶᠢᠨ ᠬᠣᠷᠴᠢᠨ ᠢ ᠵᠠᠬᠢᠷᠴᠣ᠂ ᠯᠠᠪᠯᠠᠬ᠎ᠠ ᠲ᠋ᠥᠷᠪᠡᠲᠦᠬᠡᠷ ᠡᠬᠡᠯᠵᠢ ᠶᠢᠨ ᠬᠣᠷᠴᠢᠨ ᠢ ᠵᠠᠬᠢᠷᠴᠣ ᠶᠠᠪᠣᠳᠣᠭᠠᠢ᠃ ᠨᠣᠮᠣ ᠰᠣᠮᠣ ᠠᠭᠰᠠᠭᠰᠠᠨ ᠬᠣᠷᠴᠢᠨ ᠲᠣᠷᠬᠠᠭ ᠤᠳ ᠤᠨ ᠴᠡᠷᠢᠭ᠌ ᠢ ᠡᠢ᠌ᠠᠬᠥ ᠵᠠᠬᠢᠷᠴᠣ ᠶᠠᠪᠣᠳᠣᠭᠠᠢ᠃ ᠬᠣᠷᠴᠢᠨ ᠢ ᠮᠢᠩᠭ᠎ᠠ ᠪᠣᠯᠭᠠᠵᠣ ᠶᠢᠰᠦᠠᠳᠡᠬᠡ ᠵᠠᠬᠢᠷᠴᠣ ᠶᠠᠪᠣᠳᠣᠭᠠᠢ︕ ᠬᠡᠵᠦ ᠵᠠᠷᠯᠢᠭ ᠪᠣᠯᠪᠠ᠃

226᠂ 《ᠣᠷᠢᠳᠣ ᠦᠬᠡᠯᠡᠨ ᠴᠠᠷᠪᠢ ᠶᠢᠨ ᠵᠠᠬᠢᠷᠴᠣ ᠪᠠᠢ᠌ᠭᠰᠠᠨ ᠲᠣᠷᠬᠠᠭ ᠤᠳ ᠲᠡᠬᠡᠷ᠎ᠡ ᠨᠠᠮᠠᠵᠣ ᠮᠢᠩᠭ᠎ᠠ ᠪᠣᠯᠭᠠᠭᠠᠳ᠂ ᠪᠣᠭᠣᠷᠴᠣ ᠶᠢᠨ ᠣᠷᠣᠭ(ᠦᠷ᠎ᠡ) ᠦᠭᠡᠯᠡᠨ ᠴᠠᠷᠪᠢ ᠪᠠᠷ ᠵᠠᠬᠢᠷᠣᠭᠣᠯᠣᠶ᠎ᠠ᠃ ᠪᠠᠰᠠ ᠨᠢᠭᠡᠨ ᠮᠢᠩᠭᠠᠨ ᠳᠤᠷᠬᠠᠭ ᠤᠳ ᠢ ᠮᠤᠬᠤᠯᠠᠢ ᠶᠢᠨ ᠤᠷᠤᠭ ᠪᠤᠬ᠎ᠠ ᠪᠠᠷ ᠵᠠᠬᠢᠷᠤᠭᠤᠯᠤᠶ᠎ᠠ᠃ ᠢᠯᠦᠬᠡᠢ ᠶᠢᠨ ᠣᠷᠣᠭ ᠠᠯᠴᠢᠳᠠᠢ ᠪᠠᠷ ᠨᠢᠬᠡᠨ ᠮᠢᠩᠭ᠋ᠠᠨ ᠲᠣᠷᠬᠠᠭ ᠤᠳ ᠢ ᠵᠠᠬᠢᠷᠠᠭᠣᠯᠣᠶ᠎ᠠ᠃ ᠨᠢᠬᠡᠨ ᠮᠢᠩᠭ᠋ᠠᠨ ᠲᠣᠷᠬᠠᠭ ᠤᠳ ᠢ ᠲᠣᠳᠠᠢ ᠴᠠᠷᠪᠢ ᠪᠡᠷ ᠵᠠᠬᠢᠷᠣᠭᠣᠯᠣᠶ᠎ᠠ᠃ ᠪᠠᠰᠠ ᠨᠢᠬᠡᠨ ᠮᠢᠩᠭ᠋ᠠᠨ ᠲᠣᠷᠬᠠᠭ ᠤᠳ ᠢ ᠲᠣᠭᠣᠯᠬᠣ ᠴᠠᠷᠪᠢ ᠪᠠᠷ ᠵᠠᠬᠢᠷᠣᠭᠣᠯᠣᠶ᠎ᠠ᠃ ᠨᠢᠬᠡᠨ ᠮᠢᠩᠭ᠋ᠠᠨ ᠲᠣᠷᠬᠠᠭ ᠤᠳ ᠢ ᠵᠦᠷᠴᠢᠳᠡᠢ ᠶᠢᠨ ᠣᠷᠣᠭ ᠴᠠᠨᠠᠢ ᠪᠠᠷ ᠵᠠᠬᠢᠷᠣᠭᠣᠯᠣᠶ᠎ᠠ᠃ ᠨᠢᠬᠡᠨ ᠮᠢᠩᠭ᠋ᠠᠨ ᠲᠣᠷᠬᠠᠭ ᠤᠳ ᠢ ᠠᠯᠴᠢ ᠶᠢᠨ ᠣᠷᠣᠭ ᠠᠬᠣᠳᠠᠢ ᠪᠠᠷ ᠵᠠᠬᠢᠷᠣᠭᠣᠯᠣᠶ᠎ᠠ᠃ ᠨᠢᠬᠡᠨ ᠮᠢᠩᠭ᠋ᠠᠨ ᠪᠠᠭᠠᠳᠣᠷ ᠴᠡᠷᠢᠭ᠌ ᠢ ᠰᠢᠯᠢᠵᠣ ᠠᠷᠬᠠᠢ ᠬᠠᠰᠠᠷ ᠢᠶᠡᠷ ᠵᠠᠬᠢᠷᠣᠭᠣᠯᠣᠭᠠᠳ ᠡᠩ ᠤᠨ ᠡᠳᠣᠷ ᠡᠬᠡᠯᠵᠢᠯᠡᠬᠥ ᠲᠣᠷᠬᠠᠭ ᠴᠡᠷᠢᠭ᠌ ᠪᠣᠯᠭᠠᠵᠣ᠂ ᠬᠠᠳᠬᠣᠯᠳᠣᠨ ᠪᠠᠢ᠌ᠯᠳᠣᠬᠣ ᠡᠳᠣᠷ ᠬᠠᠮᠣᠭ ᠤᠨ ᠲᠡᠷᠢᠬᠥᠨ ᠳᠤ ᠪᠠᠭᠠᠳᠣᠷᠯᠠᠭᠣᠯᠣᠨ ᠶᠠᠪᠣᠭᠣᠯᠣᠶ᠎ᠠ︕》 ᠬᠡᠵᠦ ᠵᠠᠷᠯᠢᠭ ᠪᠣᠯᠪᠠ᠃ ᠣᠯᠠᠨ ᠮᠢᠩᠭ᠋ᠠᠳᠣ ᠡᠴᠡ ᠢᠯᠭᠠᠵᠣ ᠢᠷᠡᠬᠥᠯᠥᠭᠰᠡᠨ ᠬᠦᠮᠥᠰ ᠢ ᠨᠢ᠋ᠮᠠᠨ ᠮᠢᠩᠭ᠋ᠠᠨ ᠲᠣᠷᠬᠠᠭ ᠤᠳ ᠪᠣᠯᠭᠠᠪᠠ᠃ ᠬᠣᠶᠠᠷ ᠮᠢᠩᠭ᠋ᠠᠨ ᠬᠡᠪᠳᠡᠬᠥᠯ᠂ ᠬᠣᠷᠴᠢᠨ ᠤ ᠬᠠᠮᠳᠣ ᠪᠦᠬᠥᠳᠡ ᠨᠢᠬᠡᠨ ᠲᠥᠮᠡᠨ ᠬᠡᠰᠢᠭ᠍ᠳᠡᠨ ᠪᠣᠯᠪᠠ᠃ ᠴᠢᠩᠬᠢᠰ ᠬᠠᠭᠠᠨ ᠵᠠᠷᠯᠢᠭ ᠪᠣᠯᠣᠷᠣᠨ᠄ 《ᠪᠢᠳᠠᠨ ᠤ ᠰᠢᠳᠠᠷ ᠲᠥᠮᠡᠨ ᠬᠡᠰᠢᠭ᠍ᠳᠡᠨ ᠢ ᠪᠡᠬᠢᠵᠢᠬᠥᠯᠵᠦ ᠶᠡᠬᠡ ᠭᠣᠣᠯ ᠤᠨ ᠴᠡᠷᠢᠭ᠌ ᠪᠣᠯᠭᠠᠶ᠎ᠠ︕》 ᠬᠡᠵᠦ ᠵᠠᠷᠯᠢᠭ ᠪᠣᠯᠪᠠ᠃

227᠂ ᠪᠠᠰᠠ ᠴᠢᠩᠬᠢᠰ ᠬᠠᠭᠠᠨ ᠵᠠᠷᠯᠢᠭ ᠪᠣᠯᠵᠣ ᠡᠳᠣᠷ ᠤᠨ ᠵᠠᠰᠠᠭ᠎ᠠ ᠶᠢᠨ (ᠡᠭᠡᠯᠵᠢᠨ) ᠲᠥᠷᠪᠡᠨ ᠡᠬᠡᠯᠵᠢ ᠪᠣᠯᠭᠠᠵᠣ᠂ ᠡᠬᠡᠯᠵᠢ ᠶᠢᠨ ᠠᠬᠠᠯᠠᠭᠴᠢ ᠨᠡᠷ ᠢ ᠲᠣᠮᠢᠯᠠᠭᠰᠠᠨ ᠨᠢ᠄ ᠪᠣᠬ᠎ᠠ᠂ ᠨᠢᠬᠡᠨ ᠡᠬᠡᠯᠵᠢ ᠶᠢᠨ ᠬᠡᠰᠢᠭ᠍ᠳᠡᠨ ᠢ ᠵᠠᠬᠢᠷᠴᠣ᠂ ᠵᠠᠰᠠᠵᠣ ᠶᠠᠪᠣ᠃ ᠠᠯᠴᠢᠳᠠᠢ ᠨᠢᠬᠡᠨ ᠡᠬᠡᠯᠵᠢ ᠶᠢᠨ ᠬᠡᠰᠢᠭ᠍ᠳᠡᠨ ᠢ ᠵᠠᠬᠢᠷᠴᠣ᠂ ᠵᠠᠰᠠᠵᠣ ᠶᠠᠪᠣ᠃ ᠲᠣᠳᠠᠢ ᠴᠠᠷᠪᠢ ᠨᠢᠬᠡᠨ ᠡᠬᠡᠯᠵᠢ ᠶᠢᠨ ᠬᠡᠰᠢᠭ᠍ᠳᠡᠨ ᠢ ᠵᠠᠬᠢᠷᠴᠣ᠂ ᠵᠠᠰᠠᠵᠣ ᠶᠠᠪᠣ᠃ ᠲᠣᠭᠣᠯᠬᠣ ᠴᠠᠷᠪᠢ ᠨᠢᠬᠡᠨ ᠡᠬᠡᠯᠵᠢ ᠶᠢᠨ ᠬᠡᠰᠢᠭ᠍ᠳᠡᠨ ᠢ ᠵᠠᠬᠢᠷᠴᠣ᠂ ᠵᠠᠰᠠᠵᠣ ᠶᠠᠪᠣ᠃ ᠡᠨᠠ ᠲᠥᠷᠪᠡᠨ ᠡᠬᠡᠯᠵᠢ ᠶᠢᠨ ᠬᠡᠰᠢᠭ᠍ᠳᠡᠨ ᠢ ᠵᠠᠬᠢᠷᠬᠣ ᠠᠬᠠᠯᠠᠭᠴᠢᠳ ᠢ ᠲᠣᠮᠢᠯᠠᠵᠣ ᠲᠣᠩᠬᠠᠭ ᠵᠠᠷᠯᠢᠭ ᠪᠠᠭᠣᠯᠭᠠᠭᠠᠳ ᠪᠠᠰᠠ ᠡᠬᠡᠯᠵᠢ ᠶᠢᠨ ᠠᠬᠠᠯᠠᠭᠴᠢᠳ᠂ ᠬᠠᠷᠢᠶᠠᠳᠣ ᠬᠡᠰᠢᠭ᠍ᠳᠡᠨ ᠶᠢᠠᠨ ᠵᠢᠠᠠᠰᠠᠭᠠᠵᠤ ᠡᠬᠡᠯᠵᠢ ᠬᠡᠰᠢᠭ᠌ ᠲᠤ ᠣᠷᠣᠭᠣᠯᠣᠭᠠᠳ ᠭᠣᠷᠪᠠ ᠬᠣᠨᠣᠭᠠᠳ ᠰᠣᠯᠢᠯᠴᠠᠭᠣᠯᠣᠨ᠎ᠠ᠃ ᠬᠡᠰᠢᠭ᠍ᠲᠦ ᠬᠦᠮᠥᠨ᠂ ᠡᠬᠡᠯᠵᠢ ᠪᠠᠨ ᠲᠠᠰᠣᠯᠪᠠᠯ ᠲᠠᠷᠠ ᠡᠬᠡᠯᠵᠢ ᠲᠠᠰᠣᠯᠣᠭᠰᠠᠨ ᠬᠦᠮᠥᠨ ᠢ ᠭᠣᠷᠪᠠᠨ ᠪᠠᠷᠢᠶᠠᠰ ᠵᠠᠠᠴᠢᠶ᠎ᠠ᠃ ᠲᠠᠷᠠ ᠲᠠᠬᠢᠨ ᠡᠬᠡᠯᠵᠢ ᠪᠠᠨ ᠲᠠᠰᠣᠯᠪᠠᠯ ᠲᠣᠯᠣᠭᠠᠨ ᠪᠠᠷᠢᠶᠠᠰ ᠵᠠᠠᠴᠢᠶ᠎ᠠ᠃ ᠪᠠᠰᠠ ᠲᠠᠷᠠ ᠬᠦᠮᠥᠨ ᠪᠠᠶ᠎ᠠ ᠡᠷᠠᠬᠥᠯ ᠪᠦᠬᠡᠥᠨ ᠡᠬᠡᠯᠵᠢ ᠶᠢᠨ ᠠᠬᠠᠯᠠᠭᠴᠢᠳ ᠤᠨ ᠵᠦᠪᠰᠢᠶᠡᠷᠡᠯ ᠦᠭᠡᠶ ᠪᠠᠷ ᠭᠣᠷᠪᠠᠳᠣᠭᠠᠷ ᠣᠳᠠᠭ᠎ᠠ ᠡᠬᠡᠯᠵᠢ ᠶᠢ ᠲᠠᠰᠣᠯᠪᠠᠯ ᠭᠣᠴᠢᠨ ᠲᠣᠯᠣᠭᠠᠨ ᠪᠠᠷᠢᠶᠠᠰ ᠵᠠᠠᠴᠢᠭᠠᠳ᠂ ᠪᠢᠳᠠᠨ ᠳᠤ ᠪᠠᠷ᠎ᠠ ᠪᠣᠯᠬᠣ ᠡᠴᠡ ᠪᠡᠷᠬᠡᠰᠢᠶᠡᠭ᠍ᠰᠡᠨ ᠡᠳᠡᠬᠡᠥᠨ ᠬᠡᠵᠦ ᠦᠵᠡᠬᠡᠥᠨ ᠡᠴᠢᠨ᠎ᠠ ᠬᠣᠯᠠ ᠭᠠᠵᠠᠷ ᠲᠤ ᠴᠥᠯᠡᠶ᠎ᠡ︕ ᠬᠡᠵᠦ ᠵᠠᠷᠯᠢᠭ ᠪᠣᠯᠪᠠ᠃ ᠡᠬᠡᠯᠵᠢ ᠶᠢᠨ ᠠᠬᠠᠯᠠᠭᠴᠢᠳ᠂ ᠭᠣᠷᠪᠠᠨ ᠡᠬᠡᠯᠵᠢ ᠶᠢᠨ ᠬᠡᠰᠢᠭ᠍ᠳᠡᠨ ᠳᠤ ᠲᠣᠬᠠᠢ ᠪᠦᠷᠢ ᠡᠨᠠ ᠵᠠᠷᠯᠢᠭ ᠢ ᠰᠣᠨᠣᠰᠬᠠᠵᠣ ᠪᠠᠢ᠌ᠳᠣᠭᠠᠢ᠃ ᠡᠰᠠ ᠰᠣᠨᠣᠰᠬᠠᠭᠰᠠᠨ ᠪᠣᠯ ᠡᠬᠡᠯᠵᠢ ᠶᠢᠨ ᠠᠬᠠᠯᠠᠭᠴᠢᠳ ᠪᠣᠷᠣᠭᠣ ᠶᠢ ᠬᠦᠯᠢᠶᠡᠨ᠎ᠡ᠃ ᠵᠠᠷᠯᠢᠭ ᠢ ᠰᠣᠨᠣᠰᠣᠭᠰᠠᠨ ᠪᠠᠢ᠌ᠳᠠᠯ᠎ᠠ᠂ ᠵᠦᠷᠢᠴᠡᠬᠦ ᠪᠣᠶᠣ ᠵᠠᠷᠯᠢᠭ ᠶᠢᠠᠷ ᠲᠣᠭᠳᠠᠭᠠᠭᠰᠠᠨ ᠡᠬᠡᠯᠵᠢ ᠶᠢ ᠲᠠᠰᠣᠯᠪᠠᠯ ᠬᠡᠰᠢᠭ᠍ᠳᠡᠨ ᠢ ᠪᠣᠷᠣᠭᠣᠰᠢᠶᠠᠨ ᠰᠢᠳᠬᠡᠨ᠎ᠡ ᠬᠡᠵᠦ ᠵᠠᠷᠯᠢᠭ ᠪᠣᠯᠪᠠ᠃ ᠡᠬᠡᠯᠵᠢ ᠶᠢᠨ ᠠᠬᠠᠯᠠᠭᠴᠢᠳ ᠭᠠᠭᠴᠠ ᠬᠥ ᠠᠬᠠᠯᠠᠭᠴᠢ ᠬᠡᠰᠡᠨ ᠲᠠᠳᠣᠢ ᠪᠠᠷ ᠬᠠᠮᠳᠣ ᠮᠠᠨᠠᠵᠣ ᠪᠠᠢ᠌ᠭ᠎ᠠ ᠬᠡᠰᠢᠭ᠍ᠳᠡᠨ ᠢ ᠮᠢᠨᠣ ᠵᠦᠪᠰᠢᠶᠠᠷᠡᠯ ᠦᠭᠡᠶ ᠪᠠᠷ ᠪᠦᠤ ᠰᠢᠳᠬᠡᠭ᠍ᠳᠥᠨ᠃ ᠬᠡᠮ ᠦᠢᠯᠡᠳᠦᠭᠰᠡᠨ ᠬᠦᠮᠦᠨ ᠢ ᠬᠡᠯᠡᠭᠳᠤᠨ᠃ ᠮᠦᠬᠦᠷᠢᠬᠦᠯᠭᠦᠨ (ᠠᠯᠠᠬᠤ) ᠶᠤᠰᠤᠳᠠᠢ ᠪᠤᠯ ᠪᠢᠳᠡ ᠮᠦᠬᠦᠷᠢᠬᠦᠯᠦᠶ᠎ᠠ᠃ ᠵᠠᠨᠴᠢᠬᠤ ᠶᠣᠰᠣᠳᠠᠢ ᠶᠢ ᠬᠡᠪᠳᠡᠬᠥᠯᠵᠦ ᠵᠠᠠᠴᠢᠶ᠎ᠠ᠃ ᠠᠬᠠᠯᠠᠭᠴᠢ ᠨᠡᠷ᠂ ᠠᠬᠠᠯᠠᠭᠴᠢ ᠬᠡᠰᠡᠨ ᠲᠠᠳᠣᠢ ᠪᠠᠷ ᠠᠳᠠᠯᠢ ᠡᠷᠬᠡ ᠲᠡᠶ ᠬᠡᠰᠢᠭ᠍ᠳᠡᠨ ᠳᠤ ᠮᠢᠨᠢ᠂ ᠦᠪᠡᠷ ᠤᠨ ᠭᠠᠷ ᠬᠦᠯ ᠢ ᠬᠦᠷᠬᠡᠵᠦ ᠵᠠᠠᠴᠢᠪᠠᠯ ᠪᠠᠷᠢᠶᠠᠨ ᠤ ᠬᠠᠷᠢᠭᠣ ᠳᠤ ᠪᠠᠷᠢᠶᠠᠳᠠᠵᠣ ᠨᠢᠳᠣᠷᠭ᠎ᠠ ᠶᠢᠨ ᠬᠠᠷᠢᠭᠣ ᠳᠤ ᠨᠢᠳᠣᠷᠭᠠᠳᠠᠵᠣ ᠵᠠᠠᠴᠢᠳᠣᠭᠠᠢ ᠬᠡᠪᠡ᠃

228᠂ ᠪᠠᠰᠠ ᠴᠢᠩᠬᠢᠰ ᠬᠠᠭᠠᠨ ᠵᠠᠷᠯᠢᠭ ᠪᠣᠯᠣᠷᠣᠨ᠄ 《ᠭᠠᠳᠠᠭᠠᠳᠣ ᠮᠢᠩᠭ᠋ᠠᠨ ᠤ ᠨᠣᠶᠠᠳ ᠡᠴᠡ ᠮᠢᠨᠣ ᠬᠡᠰᠢᠭ᠍ᠳᠡᠨ ᠤ ᠶᠠᠷᠣ ᠶᠢᠨ ᠬᠦᠮᠥᠰ ᠡᠷᠬᠢᠮ ᠪᠦᠬᠡᠥᠨ ᠭᠠᠳᠠᠭᠠᠳᠣ ᠵᠠᠭᠣᠨ ᠤ ᠨᠣᠶᠠᠳ᠂ ᠠᠷᠪᠠᠨ ᠤ ᠨᠣᠶᠠᠳ ᠡᠴᠡ ᠮᠢᠨᠣ ᠬᠡᠰᠢᠭ᠍ᠳᠡᠨ ᠤ ᠬᠦᠳᠡᠴᠢ ᠡᠷᠬᠢᠮ ᠲᠣᠯᠠ ᠭᠠᠳᠠᠭᠠᠳᠣ ᠮᠢᠩᠭ᠋ᠠᠨ ᠤ ᠨᠣᠶᠠᠳ᠂ ᠮᠢᠨᠣ ᠬᠡᠰᠢᠭ᠍ᠳᠡᠨ ᠲᠡᠶ ᠲᠠᠮᠠᠴᠠᠵᠣ ᠬᠡᠷᠡᠯᠲᠦᠪᠡᠯ ᠮᠢᠩᠭ᠋ᠠᠨ ᠤ ᠨᠣᠶᠠᠨ ᠢ ᠰᠢᠳᠬᠡᠢ᠎ᠡ︕ ᠬᠡᠵᠦ ᠵᠠᠷᠯᠢᠭ ᠪᠣᠯᠪᠠ᠃

229᠂ ᠪᠠᠰᠠ ᠴᠢᠩᠬᠢᠰ ᠬᠠᠭᠠᠨ ᠵᠠᠷᠯᠢᠭ ᠪᠣᠯᠵᠣ ᠡᠬᠡᠯᠵᠢ ᠶᠢᠨ ᠬᠡᠰᠢᠭ᠍ᠳᠡᠨ ᠤ ᠨᠣᠶᠠᠳ ᠲᠤ ᠵᠠᠷᠯᠢᠭ ᠲᠣᠩᠬᠠᠭᠯᠠᠭᠰᠠᠨ ᠨᠢ᠄ ᠬᠣᠷᠴᠢᠨ ᠲᠣᠷᠬᠠᠭ ᠤᠳ ᠬᠡᠰᠢᠭ᠌ (ᠡᠭᠡᠯᠵᠢ) ᠳᠤ ᠤᠷᠤᠵᠤ ᠂ ᠡᠳᠦᠷ ᠤᠨ ᠬᠠᠮᠠᠭᠠᠯᠠᠭᠴᠢᠳ ᠵᠦᠭ ᠵᠦᠭ ᠲᠤ ᠮᠦᠷᠤ ᠮᠦᠷᠤ ᠳᠡᠭᠡᠨ ᠶᠠᠪᠤᠵᠤ ᠨᠠᠷᠠᠨ ᠰᠢᠩᠬᠡᠬᠥ ᠡᠴᠡ ᠡᠮᠣᠨ᠎ᠠ ᠬᠡᠪᠳᠡᠬᠥᠯ ᠳᠤ [ᠮᠠᠨᠠᠭᠠᠴᠢᠳ ᠬᠠᠮᠠᠭᠠᠯᠠᠬᠣ ᠠᠵᠢᠯ ᠶᠢᠠᠨ ᠰᠢᠯᠵᠢᠬᠥᠯᠦᠬᠡᠥᠨ] ᠵᠠᠢ᠌ᠯᠠᠵᠣ ᠭᠠᠳᠠᠨ᠎ᠠ ᠭᠠᠷᠴᠣ ᠬᠣᠨᠣᠳᠣᠭᠠᠢ᠃ ᠪᠢᠳᠠᠨ ᠢ ᠰᠦᠨᠢ ᠬᠡᠪᠳᠡᠬᠥᠯ ᠤᠨ ᠴᠡᠷᠢᠭ᠌ ᠬᠠᠮᠠᠭᠠᠯᠠᠨ᠎ᠠ᠃ ᠬᠣᠷᠴᠢᠨ ᠨᠣᠮᠣ ᠰᠣᠮᠣ ᠪᠠᠨ᠂ ᠪᠠᠭᠣᠷᠢᠴᠢ (ᠳᠤᠭᠤᠭᠠᠴᠢ) ᠨᠠᠷ ᠠᠶᠠᠭ᠎ᠠ ᠰᠠᠪᠠ ᠪᠠᠨ ᠬᠡᠪᠳᠡᠬᠦᠯ ᠳᠤ ᠳᠤᠰᠢᠶᠠᠵᠤ ᠦᠭ᠍‍ᠬᠦᠭᠡᠳ ᠭᠠᠷᠴᠤ ᠬᠤᠨᠤᠳᠤᠭᠠᠢ᠃ ᠭᠠᠳᠠᠨ᠎ᠠ ᠬᠤᠨᠤᠭᠰᠠᠨ ᠬᠣᠷᠴᠢᠨ᠂ ᠲᠣᠷᠬᠠᠭ ᠤᠳ᠂ ᠪᠠᠭᠣᠷᠢᠴᠢ ᠨᠡᠷ ᠪᠢᠳᠠᠨ ᠢ ᠱᠥᠯᠤ ᠢᠳᠠᠳᠠᠯ᠎ᠠ ᠣᠶᠠᠭᠠᠨ ᠤ ᠲᠠᠠᠳᠠ ᠬᠦᠯᠢᠶᠡᠵᠦ ᠪᠠᠢ᠌ᠭᠠᠳ ᠬᠡᠪᠳᠡᠬᠥᠯ  ᠳᠤ ᠮᠡᠳᠡᠭ᠍ᠳᠡᠵᠦ᠂ ᠪᠢᠳᠠᠨ ᠢ ᠱᠥᠯᠤ ᠢᠳᠡᠭ᠍ᠰᠡᠨ ᠤ ᠲᠠᠷᠠᠭ᠎ᠠ ᠲᠣᠳᠣᠭᠰᠢ ᠣᠷᠣᠵᠣ᠂ ᠬᠣᠷᠴᠢᠨ ᠨᠣᠮᠣ ᠰᠣᠮᠣ ᠪᠠᠨ ᠠᠪᠴᠣ᠂ ᠲᠣᠷᠬᠠᠭ ᠤᠳ ᠰᠠᠭᠣᠷᠢ ᠪᠠᠨ ᠡᠵᠠᠯᠠᠵᠣ᠂ ᠪᠠᠭᠣᠷᠢᠴᠢ ᠨᠡᠷ ᠠᠶᠠᠭ᠎ᠠ ᠰᠠᠪᠬ᠎ᠠ ᠪᠠᠨ ᠠᠪᠴᠣ ᠠᠵᠢᠯ ᠶᠢᠠᠨ ᠬᠢᠲᠦᠬᠡᠢ᠃ ᠡᠬᠡᠯᠵᠢ ᠬᠡᠰᠢᠭ᠌ ᠤᠨ ᠬᠦᠮᠥᠰ ᠡᠨᠠ ᠲᠣᠭᠳᠠᠭᠠᠭᠰᠠᠨ ᠡᠬᠡᠯᠵᠢ ᠶᠢᠨ ᠬᠠᠣᠯᠢ ᠶᠢ ᠮᠥᠷᠳᠡᠵᠦ ᠶᠠᠪᠣ ᠬᠡᠵᠦ ᠵᠠᠷᠯᠢᠭ ᠪᠣᠯᠪᠠ᠃ ᠨᠠᠷᠠᠨ ᠰᠢᠩᠬᠡᠭ᠍ᠰᠡᠨ ᠤ ᠬᠤᠢ᠌ᠨ᠎ᠠ ᠣᠷᠳᠣᠨ ᠤ ᠬᠤᠢ᠌ᠭᠣᠷ ᠣᠷᠳᠣᠭᠣᠷ ᠶᠠᠪᠣᠬᠣ ᠬᠦᠮᠥᠨ ᠢ ᠬᠡᠪᠳᠡᠬᠥᠯ ᠮᠠᠨᠠᠭᠠᠴᠢ ᠨᠡᠷ ᠪᠠᠷᠢᠵᠣ ᠬᠣᠨᠣᠭᠠᠳ ᠮᠠᠷᠭᠠᠰᠢ ᠦᠷᠯᠦᠬᠡ ᠪᠠᠢ᠌ᠴᠠᠭᠠᠨ ᠠᠰᠠᠭᠣᠭᠳᠣᠨ᠃ ᠬᠡᠪᠳᠡᠬᠥᠯ᠂ ᠬᠠᠯᠠᠭ᠎ᠠ ᠪᠠᠨ ᠢᠷᠡᠬᠥ ᠳᠤ ᠲᠡᠮᠳᠡᠭ ᠶᠢᠠᠨ ᠰᠢᠯᠵᠢᠬᠥᠯᠵᠦ ᠦᠭ‍ᠬᠦᠬᠡᠥᠨ ᠴᠢᠯᠦᠬᠡᠯᠡᠭ᠍ᠳᠡᠨ᠎ᠡ᠃ ᠮᠠᠨᠠᠭ᠎ᠠ ᠪᠠᠨ ᠰᠢᠯᠵᠢᠬᠥᠯᠥᠭᠰᠡᠨ ᠬᠡᠪᠳᠡᠬᠥᠯ ᠭᠠᠷᠴᠣ ᠣᠳᠣᠳᠣᠭᠠᠢ ᠬᠡᠪᠡ᠃ ᠬᠡᠪᠳᠡᠬᠥᠯ᠂ ᠰᠦᠨᠢ ᠣᠷᠳᠣᠨ ᠤ ᠣᠷᠴᠢᠮ ᠪᠠᠢ᠌ᠵᠣ ᠡᠬᠥᠳᠡ ᠶᠢ ᠬᠠᠷᠠᠭᠠᠯᠵᠠᠵᠣ᠂ ᠣᠷᠣᠬᠣ ᠶᠢ ᠵᠠᠪᠳᠣᠬᠣ ᠬᠦᠮᠥᠨ ᠤ ᠮᠥᠷᠤ ᠶᠢ ᠮᠥᠯᠲᠦ ᠴᠣᠬᠢᠵᠣ᠂ ᠲᠣᠯᠣᠭᠠᠢ ᠶᠢ ᠲᠣᠩᠰᠢᠨ ᠴᠠᠪᠴᠢᠵᠣ ᠬᠠᠶᠠᠳᠣᠭᠠᠢ᠃ ᠰᠦᠨᠢ ᠶᠠᠭᠠᠷᠠᠯᠳᠠᠢ ᠮᠡᠳᠡᠬᠡ ᠶᠢ ᠬᠦᠷᠬᠡᠵᠦ ᠬᠦᠮᠥᠨ ᠢᠷᠠᠪᠠᠯ ᠣᠷᠢᠳᠠᠪᠠᠷ ᠬᠡᠪᠳᠡᠬᠥᠯ ᠳᠤ ᠮᠡᠳᠡᠭ᠍ᠳᠡᠬᠡᠥᠨ ᠬᠡᠷ ᠤᠨ ᠠᠷᠤ ᠳᠤ ᠬᠡᠪᠳᠡᠬᠥᠯ ᠤᠨ ᠬᠠᠮᠳᠣ ᠪᠠᠢ᠌ᠵᠣ᠂ ᠬᠡᠯᠡᠬᠥ ᠦᠬᠡ ᠪᠠᠨ ᠭᠠᠳᠠᠨ᠎ᠠ ᠡᠴᠡ ᠬᠡᠯᠡᠭ᠍ᠳᠥᠨ᠃ ᠬᠡᠪᠳᠡᠬᠥᠯ ᠤᠨ ᠰᠠᠭᠣᠷᠢ ᠲᠡᠬᠡᠷ᠎ᠡ ᠬᠡᠨ ᠴᠤ ᠰᠠᠭᠣᠵᠣ ᠦᠯᠤ ᠪᠣᠯᠣᠨ᠎ᠠ᠃ ᠬᠡᠪᠳᠡᠬᠥᠯ ᠤᠨ ᠵᠦᠪᠰᠢᠶᠡᠷᠡᠯ ᠦᠭᠡᠶ ᠪᠠᠷ ᠬᠡᠨ ᠴᠤ ᠣᠷᠣᠵᠣ ᠦᠯᠤ ᠪᠣᠯᠣᠨ᠎ᠠ᠃ ᠬᠡᠪᠳᠡᠬᠥᠯ ᠤᠨ ᠲᠡᠷᠬᠡᠳᠡᠬᠥᠷ ᠬᠡᠨ ᠴᠤ ᠶᠠᠪᠣᠵᠣ ᠦᠯᠤ ᠪᠣᠯᠣᠨ᠎ᠠ᠃ ᠬᠡᠪᠳᠡᠬᠥᠯ ᠤᠨ ᠵᠠᠪᠰᠠᠷ ᠶᠢᠠᠷ ᠶᠠᠪᠣᠵᠣ ᠦᠯᠤ ᠪᠣᠯᠣᠨ᠎ᠠ᠃ ᠬᠡᠪᠳᠡᠬᠥᠯ ᠤᠨ ᠲᠣᠭ᠎ᠠ ᠶᠢ ᠠᠰᠠᠭᠣᠵᠣ ᠦᠯᠤ ᠪᠣᠯᠣᠨ᠎ᠠ᠃ ᠬᠡᠪᠳᠡᠬᠥᠯ ᠤᠨ ᠲᠡᠷᠬᠡᠳᠡᠬᠥᠷ ᠶᠠᠪᠣᠭᠰᠠᠨ ᠬᠦᠮᠥᠨ ᠢ ᠪᠠᠷᠢᠳᠣᠭᠠᠢ᠃ ᠬᠡᠪᠳᠡᠬᠥᠯ ᠤᠨ ᠲᠣᠭ᠎ᠠ ᠶᠢ ᠠᠰᠠᠭᠣᠭᠰᠠᠨ ᠬᠦᠮᠥᠨ ᠢ ᠲᠠᠷᠠ ᠡᠳᠣᠷ ᠤᠨ ᠣᠨᠣᠭᠰᠠᠨ ᠡᠮᠠᠬᠡᠯ ᠲ᠋ᠠᠢ᠂ ᠬᠠᠵᠠᠭᠠᠷ ᠲᠡᠶ ᠮᠣᠷᠢ ᠶᠢ᠂ ᠡᠮᠥᠰᠥᠭᠰᠡᠨ ᠪᠦᠷᠢᠨ ᠬᠣᠪᠴᠠᠰᠣ ᠶᠢ ᠬᠡᠪᠳᠡᠬᠥᠯ ᠠᠪᠣᠳᠣᠭᠠᠢ ᠬᠡᠵᠦ ᠵᠠᠷᠯᠢᠭ ᠪᠣᠯᠪᠠ᠃ ᠡᠯᠵᠢᠬᠡᠳᠡᠢ ᠢᠳᠡᠬᠡᠯ ᠲᠡᠶ ᠬᠦᠮᠥᠨ ᠪᠣᠯᠪᠠᠴᠣ ᠬᠡᠪᠳᠡᠬᠥᠯ ᠤᠨ ᠲᠡᠷᠬᠡᠳᠡᠬᠥᠷ ᠦᠳᠡᠰᠢ ᠶᠠᠪᠣᠵᠣ ᠪᠠᠷᠢᠭᠳᠠᠭᠰᠠᠨ ᠪᠢᠰᠢᠤ︖

ᠳᠠᠷᠤᠮ᠄ 65440
ᠴᠠᠭ᠄ 2008 ᠤᠨ ᠤ 07 ᠰᠠᠷ᠎ᠠ ᠶᠢᠨ 09

ᠡᠮᠦᠨᠡᠬᠢ ᠳᠠᠷᠠᠭᠠᠬᠢ

ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃