ᠨᠣ᠋·ᠪᠠᠭᠠᠳᠤᠷ ᠄ 《ᠪᠢᠯᠢᠭ᠌ ᠤᠨ ᠭᠡᠭᠡᠪᠴᠢ》
ᠨᠢᠭᠡ ᠂ ᠶᠢᠷᠲᠢᠨᠴᠦ ᠲᠠᠢ ᠲᠠᠨᠢᠯᠴᠠᠶ᠎ᠠ
ᠭᠤᠷᠪᠠᠳᠤᠭᠠᠷ ᠬᠡᠰᠡᠭ ᠂ ᠢᠯᠡᠯᠳᠡ ᠶᠢᠨ ᠠᠶ‍ᠠᠨ ᠤ ᠵᠢᠪᠬᠤᠯᠠᠩᠳᠤ ᠳᠠᠭᠤᠤ

ᠶ‍ᠠᠮᠠᠷ ᠥᠷᠳᠡᠭ᠌ ᠵᠠᠷᠤᠴᠠᠭᠤᠯᠤᠭᠰᠠᠨ ᠴᠤ ᠵᠠᠪᠠᠯ ᠠᠮᠵᠢᠯᠳᠠ ᠣᠯᠬᠤ ᠭᠡᠷᠡᠭ᠍ᠳᠡᠢ᠃ ᠭᠢᠷᠢ ᠵᠡᠷᠭᠡ ᠠᠶ‍ᠤᠯ ᠪᠠᠷᠳᠠᠭᠠᠳᠠᠢ ᠪᠠᠢ᠌ᠭᠰᠠᠨ ᠴᠤ ᠵᠠᠪᠠᠯ ᠳᠠᠢ᠌ᠯᠵᠤ ᠭᠠᠷᠬᠤ ᠭᠡᠷᠡᠭ᠍ᠳᠡᠢ᠃ ᠡᠡᠶ‍ᠡᠨ ᠵᠠᠮ ᠶ‍ᠠᠮᠠᠷᠬᠠᠨ ᠪᠠᠷᠭᠡ ᠰᠠᠭᠠᠤᠨ ᠲᠡᠶ ᠪᠠᠢ᠌ᠭᠰᠠᠨ ᠴᠤ ᠵᠠᠪᠠᠯ ᠳᠤᠭᠤᠯᠵᠤ ᠭᠠᠷᠬᠤ ᠭᠡᠷᠡᠭ᠍ᠳᠡᠢ᠃ ᠤᠴᠢᠷ ᠨᠢ ᠠᠮᠵᠢᠯᠳᠠ ᠣᠯᠬᠤ ᠦᠭᠡᠶ ᠪᠣᠯ ᠣᠷᠤᠰᠢᠨ ᠳᠤᠭᠳᠠᠨᠢᠬᠤ ᠠᠷᠭ᠎ᠠ ᠦᠭᠡᠶ ᠶ‍ᠤᠮ᠃


 ᠊᠊᠊᠊᠊᠊᠊᠊᠊᠊᠊᠊᠊᠊᠊᠊᠊᠊᠊᠊᠊᠊᠊᠊ ᠴᠸᠷᠴᠢᠯ         


ᠭᠦᠮᠤᠨ ᠤ ᠶ‍ᠢᠷᠳᠢᠠᠴᠤ ᠳᠤ ᠭᠡᠵᠢᠶ‍ᠡᠳᠡ ᠠᠶ‍ᠤᠯ ᠪᠠᠷᠳᠡᠭ᠎ᠠ᠂ ᠭᠦᠴᠢᠷ ᠪᠠᠷᠭᠡᠰᠢᠶ‍ᠡᠯ ᠳᠠᠭᠠᠯᠳᠤᠵᠤ ᠪᠠᠢ᠌ᠳᠠᠭ᠃ ᠵᠤᠷᠢᠭ ᠮᠠᠭᠤᠳᠠᠢ ᠭᠦᠮᠤᠨ ᠪᠣᠯ ᠵᠥᠪᠭᠡᠨ ᠭᠦᠴᠢᠷ ᠳᠠᠯ᠎ᠠ ᠶᠢ ᠨᠢ ᠣᠯᠵᠤ ᠬᠠᠷᠠᠭᠠᠤᠨ ᠰᠦᠰᠤ ᠨᠢ ᠭᠡᠮᠭᠡᠷᠡᠵᠤ ᠨᠢᠭᠡᠯᠡ ᠣᠷᠤᠨ ᠳᠠᠭᠠᠨ ᠡᠷᠭᠢᠴᠡᠨ ᠭᠠᠰᠠᠯᠵᠤ ᠭᠤᠩᠭᠢᠨᠠᠵᠤ ᠪᠠᠢ᠌ᠭᠠᠤᠨ ᠨᠢᠭᠡ ᠨᠠᠰᠤ ᠪᠠᠨ ᠥᠷᠦᠴᠢᠭᠡᠳᠡᠭ᠌ ᠨᠢ ᠵᠥᠩᠳᠡᠭᠡᠨ᠃ ᠭᠦᠴᠢᠷ ᠡᠴᠡ ᠠᠶ‍ᠤᠬᠤ᠂ ᠲ᠋ᠤᠭᠳᠠᠭᠰᠠᠨ ᠬᠠᠷᠠᠯᠳᠠ ᠦᠭᠡᠶ᠂ ᠦᠪᠠᠷ ᠤᠨ ᠪᠠᠶ᠎ᠠ ᠳᠡᠭᠡᠨ ᠢᠳᠡᠭᠡᠯ ᠦᠭᠡᠶ ᠵᠡᠷᠭᠡ ᠭᠤᠷᠪᠠᠨ ᠡᠯᠸᠮᠸᠨ᠋ᠲ᠋ ᠪᠣᠯ ᠭᠦᠮᠤᠨ ᠳᠦᠷᠤᠯᠭᠢᠳᠠᠨ ᠤ ᠠᠮᠵᠢᠳᠠ ᠣᠯᠬᠤ ᠵᠠᠮ ᠳᠡᠭᠡᠷᠡᠭᠢ ᠳᠠᠪᠠᠬᠤ ᠳᠤ ᠪᠠᠷᠭᠡᠳᠡᠢ ᠭᠤᠷᠪᠠᠨ ᠳᠠᠪᠠᠭ᠎ᠠ ᠪᠤᠯᠤᠨ᠎ᠠ᠃ ᠶ‍ᠡᠭᠡᠩᠭᠢ ᠭᠦᠮᠤᠨ ᠳᠠᠪᠠᠭᠠᠨ ᠤ ᠨᠠᠭᠠᠨ᠎ᠠ ᠬᠠᠰᠢᠭᠳᠠᠵᠤ᠂ ᠶ‍ᠠᠭ ᠯᠠ ᠭᠦᠷᠢ ᠬᠤᠷᠤᠬᠠᠢ ᠰᠢᠷᠭᠡᠭ᠌ ᠪᠦᠭᠡᠯᠵᠢᠨ ᠦᠪᠠᠷ ᠤᠨ ᠪᠠᠶ᠎ᠠ ᠪᠠᠨ ᠳᠤᠤᠷᠯᠠᠬᠤ ᠯᠤᠭ᠎ᠠ ᠡᠡᠳᠡᠯᠢ᠂ ᠡᠷᠡᠭᠡᠯᠵᠡᠯ ᠬᠤᠷᠤᠭᠤᠯᠵᠠᠯ ᠤᠨ 《ᠨᠢᠮᠭᠡᠨ ᠬᠠᠯᠢᠰᠤᠨ》 ᠲ᠋ᠤᠳᠤᠷ᠎ᠠ ᠪᠠᠨ ᠣᠶ‍ᠠᠭᠳᠠᠵᠤ ᠪᠠᠢ᠌ᠭᠠᠤᠨ ᠨᠠᠰᠤ ᠪᠠᠨ ᠪᠠᠷᠠᠳᠠᠭ ᠪᠠᠢ᠌ᠨ᠎ᠠ᠃

ᠡᠷᠪᠠᠭᠡᠢ ᠶᠢᠨ ᠪᠠᠭ ᠳᠤᠳᠤᠷ᠎ᠠ᠂ ᠬᠤᠷᠴᠠ ᠥᠩᠭᠡ ᠶᠢᠨ ᠭᠡ ᠪᠢᠳᠠᠷ ᠶᠢᠡᠷ ᠴᠤᠬᠤᠷᠯᠠᠨ ᠮᠢᠷᠠᠯᠵᠠᠭᠰᠠᠨ ᠭᠤᠸ᠎ᠠ ᠰᠠᠢ᠌ᠬᠠᠨ ᠵᠢᠷᠤᠭ ᠲᠡᠶ᠂ ᠬᠤᠶ‍ᠠᠷ ᠵᠢᠭᠦᠷ ᠶᠢᠡᠨ ᠳᠡᠯᠭᠡᠪᠠᠯ ᠨᠢᠭᠡ ᠳᠤᠬᠤᠢ ᠣᠷᠳᠤ ᠪᠠᠢ᠌ᠳᠠᠭ 《ᠸᠡᠩ ᠡᠷᠪᠠᠭᠡᠢ》 ᠭᠡᠭ᠍ᠴᠢ ᠳᠤᠮᠤ ᠡᠷᠪᠠᠭᠡᠢ ᠪᠠᠢ᠌ᠳᠠᠭ᠃ ᠡᠨᠡ ᠡᠷᠪᠠᠭᠡᠢ ᠳᠡᠯᠡᠭᠡᠢ ᠳᠡᠭᠡᠷ᠎ᠡ ᠳᠣᠢ᠌ᠯ ᠤᠨ ᠬᠤᠪᠣᠷ ᠴᠤᠬᠠᠭ ᠪᠠᠢ᠌ᠳᠠᠭ ᠡᠴᠡ ᠪᠤᠯᠵᠤ᠂ ᠨᠢᠭᠡ ᠵᠠᠭᠪᠣᠷ ᠨᠢ ᠠᠷᠪᠠᠨ ᠳᠦᠮᠠᠨ ᠳ᠋ᠤᠯᠯᠠᠷ ᠭᠦᠷᠴᠤ ᠪᠣᠢ ᠭᠡᠨ᠎ᠡ᠃ ᠡᠨᠡ ᠡᠷᠪᠠᠭᠡᠢ ᠭᠠᠷᠬᠤ ᠳᠠᠭᠠᠨ ᠴᠢᠬᠤᠯ ᠢᠪᠴᠤᠤᠬᠠᠨ ᠬᠤᠷᠤᠬᠠᠢ ᠶᠢᠨ ᠭᠡᠷ ᠳᠤᠳᠤᠷ᠎ᠠ ᠨᠠᠪᠴᠢᠵᠤ᠂ ᠮᠤᠠᠳᠠᠭ ᠳᠤᠮᠤ ᠪᠠᠶ᠎ᠠ ᠪᠠᠷ ᠵᠢᠡᠨ 《ᠭᠡᠷ》 ᠵᠢᠠᠨ ᠳᠦᠭ᠍ᠵᠢᠴᠢᠭᠡᠳᠡᠭ᠌ ᠪᠣᠯᠬᠤᠷ᠂ ᠭᠠᠳᠠᠭᠰᠢ ᠭᠠᠷᠬᠤ ᠪᠠᠷ ᠭᠦᠴᠦᠯᠡᠭᠦ ᠳᠤᠳᠤᠮ ᠨᠥᠭᠡ ᠪᠠᠨ ᠣᠯᠠᠮ ᠴᠢᠩᠭ᠋᠎ᠠ ᠳᠦᠭ᠍ᠵᠢᠭᠡᠤᠨ ᠳᠦᠮᠠᠨ ᠤ ᠶ‍ᠢᠰᠤᠨ ᠮᠢᠩᠭ᠋᠎ᠠ ᠶ‍ᠢᠰᠤᠨ ᠵᠠᠭᠤ ᠶ‍ᠢᠷᠠ ᠶ‍ᠢᠰᠤ ᠨᠢ ᠪᠦᠷ ᠪᠣᠭᠤᠭᠳᠠᠭᠠᠤᠨ ᠥᠭᠦᠴᠢᠭᠡᠳᠡᠭ᠌ ᠪᠢᠯᠡ᠃ ᠭᠦᠮᠦᠰ ᠡᠨᠡ ᠡᠷᠪᠠᠭᠡᠢ ᠶᠢ ᠭᠠᠷᠭᠠᠵᠤ ᠠᠪᠬᠤ ᠶᠢᠨ ᠳᠦᠯᠦᠭᠡ᠂ ᠨᠡᠪᠴᠢᠵᠤ ᠭᠠᠷᠬᠤ ᠪᠠᠷ ᠳᠠᠯᠴᠢᠯᠠᠵᠤ ᠪᠠᠢ᠌ᠭ᠎ᠠ ᠦᠶ᠎ᠠ ᠳ᠋ᠦᠨᠢ 《ᠭᠡᠷ》 ᠊ᠢ ᠨᠢ ᠰᠠᠳᠠᠯᠵᠤ ᠦᠭ‍ᠭᠦᠭ᠍ᠰᠡᠨ ᠳᠤ᠂ ᠡᠨᠡ ᠡᠷᠪᠠᠭᠡᠢ ᠶ‍ᠡᠭᠡᠯ᠎ᠡ ᠠᠮᠠᠷᠬᠠᠨ ᠭᠠᠷᠤᠭᠰᠠᠨ ᠪᠣᠯᠪᠠᠴᠤ ᠨᠢᠰᠴᠤ ᠴᠢᠳᠠᠬᠤ ᠦᠭᠡᠶ ᠪᠣᠯᠤᠭᠰᠠᠨ ᠠᠵᠢ᠃ ᠣᠤᠯ ᠨᠢ ᠳᠠᠷᠠ ᠨᠢᠰᠭᠦ ᠴᠢᠳᠠᠪᠣᠷᠢ ᠪᠠᠨ ᠨᠠᠪᠴᠢᠵᠤ ᠭᠠᠷᠬᠤ ᠪᠠᠷ ᠠᠮᠢ ᠴᠦᠯᠠᠨ ᠳᠠᠯᠴᠢᠯᠠᠵᠤ ᠪᠠᠢ᠌ᠭᠠᠤᠨ ᠣᠯᠤᠭᠰᠠᠨ ᠪᠠᠢ᠌ᠵᠡᠢ᠃ ᠨᠢᠰᠭᠦ ᠠᠮᠢᠳᠠᠨ ᠪᠣᠯ ᠨᠢᠰᠴᠤ ᠶ‍ᠠᠪᠣᠬᠤ ᠶᠢᠨ ᠵᠠᠢ᠌ᠴᠠᠨ ᠳᠠᠭᠠᠨ ᠠᠮᠢᠳᠤᠷᠠᠬᠤ ᠨᠥᠭᠦᠴᠡᠯ ᠶᠢᠡᠨ ᠪᠦᠷᠢᠯᠳᠦᠭᠦᠯᠳᠡᠭ᠌ ᠪᠣᠯᠬᠤᠷ᠂ ᠨᠢᠰᠴᠤ ᠴᠢᠳᠠᠬᠤ ᠦᠭᠡᠶ ᠪᠣᠯ ᠣᠷᠤᠰᠢᠨ ᠳᠤᠭᠳᠠᠨᠢᠬᠤ ᠡᠷᠭᠡ ᠪᠠᠨ ᠠᠯᠳᠠᠵᠤ ᠪᠣᠰᠤᠳ ᠠᠮᠢᠳᠠᠨ ᠤ ᠢᠳᠠᠰᠢ ᠪᠣᠯᠬᠤ ᠳᠤ ᠭᠦᠷᠦᠨ᠎ᠡ᠃ 《ᠸᠠᠩ ᠡᠷᠪᠠᠭᠡᠢ》 ᠵᠢᠨ ᠨᠡᠪᠴᠢᠭᠦ ᠶ‍ᠠᠪᠣᠴᠠ ᠡᠢ᠌ᠮᠦᠷᠭᠦ ᠬᠠᠷᠠᠰᠠᠯᠳᠠᠢ ᠪᠠᠢ᠌ᠵᠤ᠂ ᠬᠠᠢ᠌ᠷ᠎ᠠ ᠨᠠᠢ᠌ᠷ ᠦᠭᠡᠶ ᠡᠭᠡ ᠪᠠᠢ᠌ᠭᠠᠯᠢ ᠶᠢᠨ ᠣᠶ‍ᠠᠷᠠᠭᠤᠨ ᠵᠢᠪᠬᠤᠯᠠᠩᠳᠠᠢ ᠳᠠᠭᠤᠯᠠᠯ ᠪᠤᠯᠪᠠ᠃ ᠲ᠋ᠡᠭᠡᠭᠦ ᠳᠤ᠂ ᠠᠤᠭ᠎ᠠ ᠡᠭᠦᠳᠦᠯᠳᠡ ᠠᠪᠣᠷᠭᠤ ᠪᠦᠳᠦᠭᠡᠯ ᠲᠡᠶ ᠳᠡᠯᠡᠭᠡᠢ ᠶᠢᠨ ᠠᠯᠳᠠᠷᠳᠤ ᠭᠦᠮᠦᠰ ᠤᠨ ᠠᠯᠢ ᠨᠢ ᠡᠢ᠌ᠮᠦᠷᠭᠦᠤ ᠭᠦᠴᠢᠷ ᠵᠤᠪᠠᠯᠠᠩ ᠢ ᠳᠤᠭᠤᠯᠠᠭᠰᠠᠨ ᠦᠭᠡᠶ ᠪᠣᠢ︖

ᠲ᠋ᠤᠮᠳᠠᠳᠤ ᠣᠯᠤᠰ ᠤᠨ ᠪᠢᠴᠢᠭ᠌ ᠤᠨ ᠰᠤᠷᠭᠠᠯᠳᠠᠨ ᠮᠸᠩᠽᠢ 《ᠬᠤᠷᠮᠤᠰᠳᠠ ᠳᠡᠭ᠍ᠷᠢ ᠡᠴᠡ ᠴᠢᠮᠠᠳᠤᠷ ᠶ‍ᠡᠭᠡ ᠣᠢ᠌ᠯᠠᠰ ᠢ ᠨᠠᠢ᠌ᠳᠠᠭᠰᠠᠨ ᠴᠠᠭ ᠲᠤᠷ᠂ ᠵᠤᠷᠢᠭᠤᠳᠠ ᠡᠷᠴᠢ ᠵᠤᠷᠢᠭ ᠢ ᠴᠢᠨᠢ ᠮᠤᠬᠤᠭᠠᠨ᠂ ᠪᠠᠶ᠎ᠠ ᠢ ᠴᠢᠨᠢ ᠵᠥᠳᠡᠭᠡᠨ ᠭᠡᠳᠡᠰᠤ ᠶᠢ ᠴᠢᠨᠢ ᠥᠯᠦᠰᠭᠡᠵᠤ᠂ ᠥᠵᠡᠯ ᠪᠣᠳᠤᠯ ᠢ ᠴᠢᠨᠢ ᠰᠠᠮᠠᠷᠠᠭᠤᠯᠬᠤ ᠨᠢ ᠯᠠᠪᠳᠠᠢ》 ᠭᠡᠵᠤ ᠰᠥᠷᠡᠭᠡᠢ ᠭᠦᠨ ᠣᠬᠠᠭᠠᠯᠢᠭ ᠭᠡᠯᠡᠭ᠍ᠰᠡᠨ ᠶ‍ᠦᠮ᠃ ᠶ‍ᠡᠭᠡ ᠣᠢ᠌ᠯᠠᠰ ᠪᠦᠳᠦᠭᠡᠭᠦ ᠭᠦᠮᠤᠨ ᠯᠠᠪᠳᠠᠢ ᠠᠷᠪᠢᠨ ᠡᠯᠡ ᠬᠠᠯᠠ ᠠᠮᠰᠠᠵᠤ᠂ ᠣᠯᠠᠨ ᠭᠦᠴᠢᠷ ᠪᠠᠷᠭᠡᠰᠢᠶ‍ᠡᠯ ᠳᠤᠭᠤᠯᠵᠤ ᠪᠠᠢ᠌ᠭᠠᠤᠨ ᠵᠤᠷᠢᠯᠭ᠎ᠠ ᠳᠠᠭᠠᠨ ᠭᠦᠷᠦᠭ᠍ᠰᠡᠨ ᠪᠠᠢ᠌ᠬᠤ ᠶ‍ᠦᠰᠦᠳᠡᠢ᠃ ᠭᠦᠮᠤᠨ ᠠᠶ‍ᠠᠨ ᠤ ᠵᠠᠮ ᠤᠨ ᠪᠠᠷᠭᠡ ᠰᠠᠭᠠᠤᠨ ᠳᠡᠢ 《ᠨᠢᠭᠡ ᠪᠠᠨ ᠦᠵᠠᠵᠤ ᠨᠡᠭᠡᠢ ᠪᠠᠨ ᠳᠠᠢ᠌ᠯᠬᠤ》 ᠵᠤᠷᠢᠭ ᠦᠭᠡᠶ᠂ ᠪᠠᠭ᠎ᠠ ᠯᠠ ᠠᠯᠮᠠᠢ᠌ᠷᠠᠵᠤ ᠵᠤᠷᠢᠭ ᠰᠤᠯᠠᠷᠠᠭᠰᠠᠭᠠᠷ ᠠᠯᠢᠪᠠ ᠭᠤᠶ‍ᠤ ᠰᠠᠢ᠌ᠬᠠᠨ ᠭᠦᠰᠡᠯ ᠴᠢᠨᠢ ᠵᠡᠭᠦᠳᠤ ᠪᠣᠯᠤᠨ ᠵᠠᠮᠬᠠᠷᠠᠵᠤ᠂ ᠨᠠᠪᠴᠢᠵᠤ ᠳᠡᠢ᠌ᠯᠭᠦ ᠥᠭᠡᠢ 《ᠸᠡᠩ ᠡᠷᠪᠠᠭᠡᠢ》 ᠰᠢᠭ᠌ ᠬᠤᠷᠤᠬᠠᠢ ᠶᠢᠨ ᠭᠡᠷ ᠲᠡᠭᠡᠨ ᠪᠣᠭᠤᠭᠳᠠᠬᠤ ᠳᠤ ᠭᠦᠷᠦᠨ᠎ᠡ᠃ ᠭᠦᠮᠤᠨ ᠳᠦᠷᠤᠯᠭᠢᠳᠠᠨ ᠳᠤ ᠭᠦᠰᠡᠯᠡᠩ ᠶᠢᠡᠨ ᠪᠠᠶ‍ᠡᠯᠡᠭᠦᠯᠵᠤ ᠳᠡᠢ᠌ᠯᠭᠦ ᠦᠭᠡᠶ ᠡᠴᠡ ᠢᠯᠡᠭᠦᠤ ᠬᠠᠷᠠᠮᠰᠠᠯᠳᠠᠢ ᠲᠡᠶ ᠶ‍ᠠᠪᠣᠳᠠᠯ ᠥᠭᠡᠷ᠎ᠡ ᠪᠠᠰᠠ ᠪᠠᠢ᠌ᠨ᠎ᠠ ᠭᠡᠵᠢ ᠦᠦ︖

ᠵᠤᠬᠢᠶᠠᠭᠴᠢ᠄ ᠨᠣ᠋·ᠪᠠᠭᠠᠳᠤᠷ
ᠳᠠᠷᠤᠮ᠄ 6307
ᠴᠠᠭ᠄ 2009 ᠤᠨ ᠤ 04 ᠰᠠᠷ᠎ᠠ ᠶᠢᠨ 29

ᠡᠮᠦᠨᠡᠬᠢ   ᠳᠠᠷᠠᠭᠠᠬᠢ

ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃