ᠮᠤᠩᠭ᠋ᠤᠯ ᠤᠨ ᠨᠢᠭᠤᠴᠠ ᠳᠤᠪᠴᠢᠶᠠᠨ
ᠭᠤᠷᠪᠠᠳᠤᠭᠠᠷ ᠪᠦᠯᠦᠭ ᠂ ᠮᠡᠷᠭᠢᠳ ᠢ ᠰᠦᠨᠦᠭᠡᠭᠰᠡᠨ ᠪᠠ ᠲᠡᠮᠦᠵᠢᠨ ᠳᠤ ᠴᠢᠩᠭᠢᠰ ᠬᠠᠭᠠᠨ ᠴᠤᠯᠠ ᠡᠷᠭᠦᠮᠵᠢᠯᠡᠭᠰᠡᠨ ᠨᠢ

104᠂ ᠲᠠᠠᠳᠠ ᠡᠴᠡ ᠲᠠᠮᠣᠵᠢᠨ᠂ ᠬᠠᠰᠠᠷ᠂ ᠪᠡᠯᠬᠥᠳᠡᠢ ᠭᠣᠷᠪᠠᠭᠣᠯᠠ ᠶᠠᠪᠣᠵᠣ᠂ ᠲᠣᠣᠯᠠ ᠭᠣᠣᠯ ᠤᠨ ᠬᠠᠷ᠎ᠠ ᠰᠢᠭᠣᠢ ᠳᠤ ᠨᠣᠳᠣᠭᠯᠠᠵᠣ ᠪᠠᠢ᠌ᠭ᠎ᠠ ᠸᠠᠩ ᠬᠠᠨ ᠲᠣᠭᠣᠷᠢᠯ ᠳᠤ ᠣᠴᠢᠵᠣ ᠦᠬᠥᠯᠡᠷᠥᠨ᠄ 《ᠰᠠᠨᠠᠮᠰᠠᠷ ᠦᠭᠡᠶ ᠪᠠᠢ᠌ᠳᠠᠯ᠎ᠠ ᠭᠣᠷᠪᠠᠨ ᠮᠠᠷᠭᠢᠳ ᠲᠣᠪᠳᠣᠯᠵᠣ᠂ ᠡᠬᠡᠨᠡᠷ ᠬᠡᠣᠬᠡᠥᠨ ᠢ ᠮᠢᠨᠢ ᠪᠣᠯᠢᠶᠠᠵᠣ ᠠᠪᠣᠪᠠ᠂ ᠬᠠᠨ ᠡᠴᠢᠬᠡ ᠮᠢᠨᠢ ᠡᠬᠡᠨᠡᠷ ᠬᠡᠣᠬᠡᠥᠨ ᠢ ᠮᠢᠨᠢ ᠠᠪᠣᠷᠠᠵᠣ ᠦᠭ᠍‍ᠬᠥᠨ᠎ᠡ ᠦᠦ ᠬᠡᠵᠦ ᠢᠷᠠᠪᠠ》ᠬᠡᠪᠡᠯ᠂ ᠸᠠᠩ ᠬᠠᠨ ᠲᠣᠭᠣᠷᠢᠯ ᠬᠠᠷᠢᠭᠣ ᠦᠬᠥᠯᠡᠷᠥᠨ᠄ 《ᠪᠢ ᠨᠢᠳᠣᠨᠣᠨ ᠵᠢᠯ ᠴᠢᠮᠠᠳᠣ ᠬᠡᠯᠡᠭ᠍ᠰᠡᠨ ᠪᠢᠰᠢ ᠦᠦ᠂ ᠡᠴᠢᠬᠡ ᠶᠢᠨ ᠠᠳᠠᠯᠢ ᠡᠴᠢᠬᠡ ᠬᠡᠵᠦ ᠪᠣᠯᠠᠭᠠᠨ ᠲᠠᠬᠣ ᠠᠪᠴᠢᠷᠠᠵᠣ ᠦᠭ᠍‍ᠬᠥᠭ᠍ᠰᠡᠨ ᠲᠣᠬᠠᠢ ᠳᠤ ᠪᠢ ᠢᠩᠬᠢᠵᠣ ᠬᠡᠯᠡᠭ᠍ᠰᠡᠨ ᠪᠢᠯᠠ

〈ᠪᠣᠯᠠᠭᠠᠨ ᠲᠠᠬᠣ ᠶᠢᠨ ᠴᠢᠨᠢ ᠬᠠᠷᠢᠭᠣ ᠳᠤ

ᠪᠣᠳᠠᠷᠠᠭᠰᠠᠨ ᠣᠯᠣᠰ ᠢ ᠴᠢᠨᠢ

ᠪᠦᠬᠡᠭ᠍ᠨᠡᠷᠠᠬᠥᠯᠵᠦ ᠦᠭ᠍‍ᠬᠥᠢ᠎ᠡ

ᠬᠠᠷ᠎ᠠ ᠪᠣᠯᠠᠭᠠᠨ ᠲᠠᠬᠣ ᠶᠢᠨ ᠴᠢᠨᠢ ᠬᠠᠷᠢᠭᠣ ᠳᠤ

ᠬᠠᠭᠠᠴᠠᠭᠰᠠᠨ ᠣᠯᠣᠰ ᠢ ᠴᠢᠨᠢ ᠬᠠᠮᠳᠣᠳᠬᠠᠵᠣ ᠦᠭ᠍‍ᠬᠥᠢ᠎ᠡ

ᠴᠡᠬᠡᠷ᠎ᠡ ᠪᠠᠨ ᠴᠡᠬᠡᠵᠢᠨ ᠳᠤ ᠪᠠᠢ᠌ᠯᠭ᠎ᠠ

ᠪᠦᠬᠡᠷ᠎ᠡ ᠪᠠᠨ ᠪᠥᠭ᠍ᠰᠡᠨ ᠳᠤ ᠪᠠᠢ᠌ᠯᠭ᠎ᠠ

(ᠡᠠᠬ᠎ᠠ ᠵᠠᠬ᠎ᠠ ᠲᠡᠶ ᠪᠠᠢ᠌ᠭ)〉

ᠬᠡᠵᠦ ᠬᠡᠯᠡᠭ᠍ᠰᠡᠨ ᠪᠢᠯᠠ

ᠣᠳᠣ ᠲᠠᠷᠠ ᠦᠬᠡᠨ ᠳᠡᠭᠡᠨ ᠬᠦᠷᠴᠦ᠂

ᠪᠣᠯᠠᠭᠠᠨ ᠲᠠᠬᠣ ᠶᠢᠨ ᠴᠢᠨᠢ ᠬᠠᠷᠢᠭᠣ ᠳᠤ

ᠪᠦᠬᠥᠳᠡ ᠮᠠᠷᠭᠢᠳ ᠢ

ᠪᠦᠷᠢᠯᠬᠡᠨ ᠲᠣᠪᠳᠣᠯᠵᠣ

ᠪᠦᠷᠳᠡ ᠦᠵᠢᠨ ᠢ ᠴᠢᠨᠢ

ᠪᠣᠴᠠᠭᠠᠵᠣ ᠦᠭ‍ᠭᠦᠢ᠎ᠡ᠂

ᠬᠠᠷ᠎ᠠ ᠪᠣᠯᠠᠭᠠᠨ ᠲᠠᠬᠣ ᠶᠢᠨ ᠴᠢᠨᠢ ᠬᠠᠷᠢᠭᠣ ᠳᠤ

ᠬᠠᠮᠣᠭ ᠮᠠᠷᠭᠢᠳ ᠢ

ᠬᠠᠮᠬ᠎ᠠ ᠴᠣᠬᠢᠵᠣ

ᠬᠠᠳᠣᠨ ᠪᠦᠷᠳᠡ ᠶᠢ ᠴᠢᠨᠢ

ᠬᠠᠷᠢᠭᠣᠯᠵᠣ ᠠᠪᠴᠢᠷᠠᠶ᠎ᠠ᠃

ᠴᠢ ᠵᠠᠮᠣᠬ᠎ᠠ ᠲᠡᠬᠥᠤ ᠳᠤ ᠬᠡᠯᠡ ᠦᠭ᠌᠂ ᠵᠠᠮᠣᠬ᠎ᠠ ᠲᠡᠬᠥᠤ ᠬᠣᠷᠬᠣᠨᠠᠭ ᠵᠤᠪᠣᠷ᠎ᠠ ᠬᠡᠳᠡᠭ ᠭᠠᠵᠠᠷ ᠪᠣᠢ᠂ ᠪᠢ ᠡ᠊ᠠᠳᠠ ᠡᠴᠡ ᠬᠣᠶᠠᠷ ᠲᠥᠮᠡᠨ ᠴᠡᠷᠢᠭ᠌ ᠠᠪᠴᠣ ᠪᠠᠷᠠᠭᠣᠨ ᠭᠠᠷ ᠪᠣᠯᠣᠨ ᠮᠣᠷᠳᠠᠶ᠎ᠠ᠂ ᠵᠠᠮᠣᠬ᠎ᠠ ᠲᠡᠬᠥᠤ ᠬᠣᠶᠠᠷ ᠲᠥᠮᠡᠨ ᠴᠡᠷᠢᠭ᠌ ᠠᠪᠴᠣ ᠵᠠᠬᠥᠨ ᠭᠠᠷ ᠪᠣᠯᠣᠨ ᠮᠣᠷᠢᠯᠠᠭ᠂ ᠪᠢᠳᠠᠨ ᠤ ᠣᠴᠠᠷᠠᠬᠣ ᠪᠣᠯᠵᠣᠭ᠎ᠠ ᠶᠢ ᠵᠠᠮᠣᠬ᠎ᠠ ᠲᠣᠭᠳᠠᠭᠠᠳᠣᠭᠠᠢ》ᠬᠡᠪᠡ᠃

105᠂ ᠲᠠᠮᠣᠵᠢᠨ᠂ ᠬᠠᠰᠠᠷ᠂ ᠪᠡᠯᠬᠥᠳᠡᠢ ᠭᠣᠷᠪᠠᠭᠣᠯᠠ ᠪᠠᠨ᠂ ᠲᠣᠭᠣᠷᠢᠯ ᠬᠠᠨ ᠡᠴᠡ ᠰᠠᠯᠵᠣ ᠬᠡᠷ ᠲᠡᠭᠡᠨ ᠢᠷᠡᠬᠡᠥᠨ ᠲᠠᠮᠣᠵᠢᠨ᠂ ᠵᠠᠮᠤᠬ᠎ᠠ ᠳᠤ ᠬᠠᠰᠠᠷ ᠪᠡᠯᠬᠥᠳᠡᠢ ᠬᠣᠶᠠᠷ ᠢ ᠢᠯᠡᠬᠡᠵᠦ ᠬᠡᠯᠡᠬᠥᠯᠥᠭᠰᠡᠨ ᠨᠢ᠄

《ᠦᠰᠲᠦ ᠮᠠᠷᠭᠢᠳ ᠢᠷᠠᠵᠣ

ᠦᠷᠤ ᠶᠢ ᠮᠢᠨᠢ ᠡᠪᠡᠣᠠᠬᠡᠪᠡ

ᠡᠪᠣᠷ ᠢ ᠮᠢᠨᠢ ᠬᠣᠭᠣᠰᠣᠯᠠᠪᠠ᠂

ᠦᠮᠥᠭ ᠲᠥᠰᠢᠭ᠌ ᠪᠣᠯᠬᠣ

ᠦᠨᠥᠷ ᠲᠥᠷᠥᠯ ᠤᠨ ᠲᠠ ᠨᠡᠷ

ᠦᠰᠢᠶ᠎ᠡ ᠶᠢ ᠠᠪᠴᠣ ᠦᠭ᠍‍ᠬᠥᠨ᠎ᠡ ᠦᠦ

ᠡᠯᠢᠬᠡ ᠵᠢᠷᠥᠬᠡ ᠮᠢᠨᠢ

ᠡᠮᠳᠠᠷᠴᠣ ᠪᠠᠢ᠌ᠨ᠎ᠠ᠂

ᠡᠯᠢᠬᠡᠨ ᠰᠠᠳᠣᠨ ᠲᠠ ᠨᠡᠷ

ᠡᠨᠠ ᠦᠰᠢᠶ᠎ᠡ ᠶᠢ ᠠᠪᠴᠣ ᠦᠭ᠌》ᠬᠡᠪᠡ᠃

ᠪᠠᠰᠠ ᠬᠡᠷᠡᠢᠢᠥᠨ ᠤᠨ ᠲᠣᠭᠣᠷᠢᠯ ᠬᠠᠨ ᠤ ᠦᠬᠡ ᠶᠢ ᠵᠠᠮᠣᠬ᠎ᠠ ᠳᠤ ᠣᠯᠠᠮᠵᠢᠯᠠᠨ ᠬᠡᠯᠡᠭ᠍ᠰᠡᠨ ᠨᠢ᠄ 《ᠡᠷᠳᠠ ᠡᠳᠣᠷ ᠡᠴᠢᠬᠡ ᠬᠠᠨ ᠶᠢᠰᠦᠬᠡᠢ ᠲᠡᠶ ᠡᠪ ᠨᠢᠬᠡᠳᠡᠢ ᠶᠠᠪᠣᠭᠰᠠᠨ ᠶᠢᠠᠨ ᠰᠠᠨᠠᠵᠣ᠂ ᠣᠳᠣ ᠬᠣᠶᠠᠷ ᠲᠥᠮᠡᠨ ᠴᠡᠷᠢᠭ᠌ ᠠᠪᠴᠣ ᠪᠠᠷᠠᠭᠣᠨ ᠭᠠᠷ ᠪᠣᠯᠣᠨ ᠮᠣᠷᠳᠠᠶ᠎ᠠ᠂ ᠵᠠᠮᠤᠬ᠎ᠠ ᠲᠡᠬᠥᠤ ᠬᠣᠶᠠᠷ ᠲᠥᠮᠡᠨ ᠴᠡᠷᠢᠭ᠌ ᠠᠪᠴᠣ ᠵᠠᠬᠥᠨ ᠭᠠᠷ ᠪᠣᠯᠣᠨ ᠮᠣᠷᠢᠯᠠᠳᠣᠭᠠᠢ᠃ ᠬᠠᠮᠳᠣᠷᠠᠬᠣ ᠪᠣᠯᠵᠣᠭ᠎ᠠ ᠶᠢ ᠵᠠᠮᠣᠬ᠎ᠠ ᠲᠡᠬᠥᠤ ᠮᠡᠳᠡᠲᠦᠬᠡᠢ》ᠬᠡᠰᠡᠨ ᠢ ᠣᠯᠠᠮᠵᠢᠯᠠᠪᠠ᠃ ᠡᠳᠡᠬᠡᠷ ᠦᠬᠡ ᠶᠢ ᠰᠣᠨᠣᠰᠴᠣ ᠬᠦᠢᠴᠡᠬᠡᠥᠨ ᠵᠠᠮᠣᠬ᠎ᠠ ᠦᠬᠥᠯᠡᠷᠥᠨ᠄

《ᠦᠨᠦ ᠲᠠᠮᠣᠵᠢᠨ ᠠᠨᠳᠠ

ᠡᠳᠣᠢ ᠵᠤᠪᠠᠯᠠᠩ ᠪᠡᠷᠬᠡ ᠳᠤ

ᠦᠷᠳᠡᠭ᠍ᠳᠡᠭ᠍ᠰᠡᠨ ᠢ ᠰᠣᠨᠣᠰᠣᠭᠠᠳ ᠪᠢ

ᠦᠷᠤ ᠡᠪᠠᠳᠴᠣ

ᠦᠷᠥᠰᠢᠶᠡᠨ ᠰᠠᠨᠠᠨ᠎ᠠ

ᠡᠯᠢᠬᠡ ᠡᠮᠳᠠᠷᠴᠣ

ᠡᠮᠬᠡᠨᠢᠨ ᠭᠠᠰᠢᠭᠣᠳᠠᠨ᠎ᠠ᠃

ᠡᠯ᠎ᠠ ᠦᠰᠢᠶ᠎ᠡ ᠶᠢ ᠨᠡᠬᠡᠵᠦ

ᠡᠳᠡᠬᠡᠷ ᠮᠠᠷᠭᠢᠳ ᠠᠢ᠌ᠮᠠᠭ ᠢ

ᠡᠪᠳᠠᠨ ᠮᠦᠬᠥᠬᠡᠵᠦ

ᠡᠬᠡᠨᠡᠷ ᠪᠦᠷᠳᠡ ᠶᠢ

ᠡᠷᠬᠢᠬᠥᠯᠵᠦ ᠠᠪᠴᠢᠷᠠᠶ᠎ᠠ

ᠬᠠᠮᠣᠭ ᠬᠠᠳ ᠮᠠᠷᠭᠢᠳ ᠢ

ᠬᠠᠮᠬ᠎ᠠ ᠴᠣᠬᠢᠵᠣ

ᠬᠠᠳᠣᠨ ᠪᠦᠷᠳᠡ ᠶᠢ

ᠬᠠᠷᠢᠭᠣᠯᠵᠣ ᠠᠪᠣᠶ᠎ᠠ

ᠲᠠᠪᠢᠷᠠᠬᠣ ᠬᠦᠯᠢᠮ ᠤᠨ ᠴᠢᠮᠡᠬᠡ ᠶᠢ

ᠲᠠᠢ᠌ᠨ ᠤ ᠬᠡᠩᠬᠡᠷᠬᠡ ᠶᠢᠨ ᠲᠠᠭᠣ ᠬᠡᠵᠦ

ᠲᠠᠰᠢᠶᠠᠷᠠᠨ ᠲᠣᠳᠠᠭᠠᠭᠴᠢ ᠲᠣᠭᠳᠠᠭ᠎ᠠ

ᠲᠠᠢ᠌ᠳ

ᠪᠤᠭᠤᠷ᠎ᠠ ᠬᠡᠬᠡᠷ᠎ᠡ ᠳᠤ

ᠲᠠᠰᠢᠶᠠᠯᠳᠣᠨ ᠰᠠᠭᠣᠭ᠎ᠠ ᠪᠢᠵᠠ᠂

ᠳᠠᠪᠬᠤᠷ ᠬᠣᠷᠣᠮᠰᠣᠬ᠎ᠠ ᠶᠢᠨ ᠠᠮᠠᠰᠠᠷ

ᠲᠠᠷᠪᠢᠯᠵᠠᠨ ᠬᠦᠳᠡᠯᠬᠥ ᠳᠤ

ᠲᠠᠢ᠌ᠨ ᠳᠤᠯᠤᠯᠳᠤᠭᠠᠨ ᠪᠣᠯᠪᠠ ᠬᠡᠵᠦ

ᠲᠠᠰᠢᠶᠠᠷᠠᠨ ᠲᠣᠳᠠᠭᠠᠭᠴᠢ

ᠲᠠᠢ᠌ᠷ ᠣᠰᠣᠨ ᠣᠳᠣ

ᠲᠠᠪᠠᠯᠭᠠᠠᠳᠣ ᠤᠷᠬᠤᠨ ᠰᠡᠯᠠᠩᠬᠡ ᠶᠢᠨ

ᠳᠠᠯᠬᠤᠨ ᠠᠷᠠᠯ ᠳᠤ

ᠲᠠᠯᠳᠢᠷᠠᠨ ᠰᠠᠭᠣᠭ᠎ᠠ ᠪᠢᠵᠠ᠂

ᠬᠠᠮᠬᠣᠣᠯ ᠡᠪᠠᠰᠣ ᠬᠡᠢ᠌ᠰᠬᠥ ᠳᠤ

ᠬᠠᠯᠳᠠᠬᠣ ᠲᠠᠢ᠌ᠰᠣᠨ ᠢᠷᠠᠪᠠ ᠬᠡᠵᠦ

ᠬᠠᠷ᠎ᠠ ᠣᠢ ᠴᠢᠭ᠍ᠯᠠᠵᠣ

ᠬᠠᠰᠬᠢᠷᠠᠨ ᠲᠣᠳᠠᠭᠠᠭᠴᠢ ᠮᠠᠭᠣ

ᠬᠠᠭᠠᠳᠠᠢ ᠲᠠᠷᠮᠠᠯᠠ ᠣᠳᠣ

ᠬᠠᠷᠠᠵᠠ ᠶᠢᠨ ᠲᠠᠯᠳᠠ

ᠬᠠᠮᠢᠭᠠᠰᠢ ᠴᠤ ᠦᠭᠡᠶ ᠪᠠᠢ᠌ᠭ᠎ᠠ ᠪᠢᠵᠠ᠂

ᠰᠠᠢ᠌ᠬᠠᠨ ᠬᠢᠯᠭᠣ ᠮᠣᠷᠢᠨ ᠳᠤ

ᠰᠠᠬᠠᠯ ᠡᠪᠠᠰᠣ ᠶᠡᠬᠡ ᠬᠡᠨ᠎ᠡ

ᠰᠠᠬᠠᠯ ᠡᠪᠠᠰᠣ ᠲᠡᠬᠥᠪᠡᠷ

ᠰᠠᠯ ᠬᠢᠵᠣ ᠪᠣᠯᠳᠠᠭ ᠬᠡᠨ᠎ᠡ᠂

ᠦᠨᠦ ᠲᠦᠬᠥᠮ ᠢ ᠪᠣᠳᠣᠵᠣ

ᠡᠪᠠᠰᠣ ᠪᠠᠷ ᠰᠠᠯ ᠬᠢᠵᠣ

ᠦᠷᠬᠡᠨ ᠬᠢᠯᠭᠣ ᠮᠥᠷᠡᠨ ᠢ

ᠥᠩᠬᠡᠷᠡᠵᠦ ᠬᠦᠠᠳᠡᠯᠡᠨ ᠭᠠᠷᠣᠭᠠᠳ

ᠦᠬᠡᠳᠡ ᠦᠭᠡᠶ ᠮᠣᠣᠰᠠᠢ᠌ᠨ ᠮᠠᠷᠭᠢᠳ ᠤᠨ

ᠦᠨᠦᠬᠢ ᠮᠠᠭᠣ ᠲᠣᠭᠳᠠᠭ᠎ᠠ ᠶᠢᠨ

ᠡᠷᠣᠬᠡ ᠡᠬᠥᠳᠡ ᠶᠢ ᠨᠢ ᠡᠪᠳᠠᠵᠣ

ᠦᠮ ᠴᠦᠮ ᠲᠠᠭᠠᠷᠢᠵᠣ

ᠥᠩᠬᠡᠳᠡᠢ ᠡᠳ᠋ ᠢ ᠨᠢ ᠣᠯᠵᠠᠯᠠᠵᠣ

ᠡᠪᠥᠷᠳᠥᠯᠠᠬᠥ ᠡᠮ᠎ᠠ ᠶᠢ ᠨᠢ ᠪᠣᠯᠢᠶᠠᠵᠣ

ᠦᠰᠬᠥ ᠦᠷ᠎ᠡ ᠶᠢ ᠨᠢ ᠲᠠᠰᠣᠯᠵᠣ

ᠦᠰᠢᠶ᠎ᠡ ᠬᠣᠷᠣᠰᠣᠯ ᠶᠢᠠᠨ ᠠᠪᠣᠶ᠎ᠠ︕

ᠬᠣᠳᠣᠭᠳᠣ ᠡᠷᠬᠢᠮ ᠰᠢᠲᠦᠬᠡᠨ ᠢ ᠨᠢ

ᠬᠣᠭᠣ ᠲᠠᠳᠠᠵᠣ ᠡᠪᠳᠡᠬᠡᠥᠨ

ᠬᠣᠪᠠᠬᠠᠢ ᠪᠣᠯᠭᠠᠵᠣ ᠬᠠᠶᠠᠶ᠎ᠠ︕

ᠬᠣᠳᠠᠯᠠ ᠶᠡᠬᠡ ᠣᠯᠣᠰ ᠢ ᠨᠢ

ᠬᠣᠭᠣᠰᠣᠨ ᠪᠣᠯᠳᠠᠯ᠎ᠠ ᠲᠣᠪᠳᠣᠯᠣᠶ᠎ᠠ》ᠬᠡᠪᠡ᠃

106᠂ ᠵᠠᠮᠣᠬ᠎ᠠ ᠪᠠᠰᠠ ᠲᠠᠮᠣᠵᠢᠨ ᠠᠨᠳᠠ᠂ ᠲᠣᠭᠣᠷᠢᠯ ᠬᠠᠨ ᠡᠠᠬ᠎ᠠ ᠬᠣᠶᠠᠷ ᠲᠤ ᠬᠡᠯᠡᠬᠥᠯᠥᠭᠰᠡᠨ ᠨᠢ᠄

《ᠣᠳᠣ ᠪᠢ

ᠬᠠᠷᠠᠭ᠎ᠠ ᠶᠡᠬᠡᠲᠦ (ᠬᠣᠯᠠ ᠡᠴᠡ ᠬᠠᠷᠠᠭᠳᠠᠬᠣ) ᠲᠣᠭ ᠶᠢᠠᠨ ᠲᠠᠬᠢᠵᠣ

ᠬᠠᠷ᠎ᠠ ᠪᠣᠬ᠎ᠠ ᠶᠢᠨ ᠠᠷᠠᠰᠣ ᠪᠠᠷ ᠪᠦᠷᠢᠭ᠍ᠰᠡᠨ

ᠬᠠᠷᠬᠢᠰ ᠲᠠᠭᠣᠳᠠᠢ ᠬᠡᠩᠬᠡᠷᠬᠡ ᠪᠠᠨ ᠲᠠᠯᠠᠳᠴᠣ

ᠬᠠᠳᠣᠨ ᠪᠣᠯᠣᠳ ᠵᠢᠳᠠ ᠪᠠᠨ ᠪᠠᠷᠢᠵᠣ

ᠬᠠᠯᠠᠬᠣ ᠬᠣᠶᠠᠭᠳᠣ ᠲᠠᠪᠠᠯ ᠶᠢᠠᠨ ᠡᠮᠣᠰᠴᠣ

ᠬᠠᠳᠬᠣᠬᠣ ᠵᠠᠪᠠᠳᠣ ᠰᠣᠮᠣ ᠪᠠᠨ ᠣᠨᠢᠯᠠᠵᠣ

ᠬᠠᠷ᠎ᠠ ᠬᠣᠯᠠ ᠮᠣᠷᠢ ᠪᠠᠨ ᠣᠨᠠᠵᠣ

ᠬᠠᠮᠣᠭ ᠣᠯᠠᠨ ᠴᠡᠷᠢᠭ᠌ ᠶᠢᠠᠨ ᠲᠠᠭᠠᠭᠣᠯᠵᠣ

ᠬᠠᠭᠠᠳ ᠮᠠᠷᠭᠢᠳ ᠢ ᠬᠠᠯᠳᠠᠨ ᠲᠣᠪᠳᠣᠯᠵᠣ

ᠬᠠᠳᠬᠣᠯᠳᠣᠨ ᠪᠠᠢ᠌ᠯᠳᠣᠬᠣ ᠪᠠᠷ ᠮᠣᠷᠳᠠᠪᠠ ᠪᠢ᠂

ᠦᠵᠡᠮᠵᠢᠲᠦ ᠰᠠᠢ᠌ᠬᠠᠨ ᠲᠣᠭ ᠶᠢᠠᠨ ᠲᠠᠬᠢᠵᠣ

ᠦᠬᠡᠷ ᠤᠨ ᠠᠷᠠᠰᠣᠨ ᠬᠡᠩᠬᠡᠷᠬᠡ ᠪᠠᠨ ᠲᠠᠯᠠᠳᠴᠣ

ᠦᠷᠬᠥᠯᠵᠢ ᠬᠡᠯᠬᠢᠢ᠎ᠡ ᠬᠣᠶᠠᠭ ᠶᠢᠠᠨ ᠡᠮᠣᠰᠴᠣ

ᠦᠵᠦᠬᠥᠷ ᠬᠣᠷᠴᠠ ᠢᠯᠳᠣ ᠪᠠᠨ ᠪᠠᠷᠢᠵᠣ

ᠦᠨᠡᠬᠡᠷ ᠮᠡᠷᠬᠡᠨ ᠰᠣᠮᠣ ᠪᠠᠨ ᠣᠨᠢᠯᠠᠵᠣ

ᠦᠯᠡᠮᠵᠢ ᠰᠠᠢ᠌ᠨ ᠮᠣᠷᠢ ᠪᠠᠨ ᠣᠨᠣᠵᠣ

ᠦᠢ ᠲᠥᠮᠡᠨ ᠴᠡᠷᠢᠭ᠌ ᠶᠢᠠᠨ ᠲᠠᠭᠠᠭᠣᠯᠵᠣ

ᠦᠬᠡᠠᠴᠡ ᠮᠣᠣᠰᠠᠢ᠌ᠨ ᠮᠠᠷᠭᠢᠳ ᠢᠷᠬᠡᠨ ᠲᠡᠶ

ᠦᠬᠥᠳᠡᠯ᠎ᠡ ᠲᠡᠮᠠᠴᠡᠬᠥ ᠪᠠᠷ ᠨᠢᠬᠡᠠᠳᠡ ᠮᠣᠷᠳᠠᠪᠠ᠃

ᠲᠣᠭᠣᠷᠢᠯ ᠬᠠᠨ ᠡᠠᠬ᠎ᠠ ᠮᠣᠷᠳᠠᠵᠣ᠂ ᠪᠣᠷᠬᠠᠨ ᠬᠠᠯᠳᠣᠨ ᠤ ᠦᠪᠥᠷ ᠶᠢᠠᠷ ᠲᠠᠮᠣᠵᠢᠨ ᠠᠨᠳᠠ ᠶᠢ ᠲᠠᠭᠠᠷᠢᠵᠣ ᠠᠪᠣᠭᠠᠳ ᠣᠨᠣᠨ ᠮᠥᠷᠡᠨ ᠤ ᠡᠬᠢ ᠪᠣᠳᠣᠭᠠᠨ ᠪᠣᠭᠣᠷᠵᠢ ᠬᠡᠳᠡᠭ ᠭᠠᠵᠠᠷ ᠢᠷᠡᠭ᠍ᠳᠥᠨ᠂ ᠪᠢ ᠡ᠊ᠠᠳᠠ ᠡᠴᠡ ᠨᠢᠬᠡᠨ ᠲᠥᠮᠡᠨ ᠴᠡᠷᠢᠭ᠌ ᠠᠪᠴᠣ ᠮᠣᠷᠳᠠᠭᠠᠳ ᠵᠠᠮ ᠳᠤ ᠣᠨᠣᠨ ᠮᠥᠷᠡᠨ ᠳᠤ ᠨᠣᠳᠣᠭᠯᠠᠵᠣ ᠪᠠᠢ᠌ᠭ᠎ᠠ ᠲᠠᠮᠣᠵᠢᠨ ᠠᠨᠳᠠ ᠶᠢᠨ ᠬᠠᠷᠢᠶᠠᠳᠣ ᠨᠡᠷ ᠡᠴᠡ ᠪᠠᠰᠠ ᠨᠢᠬᠡᠨ ᠲᠥᠮᠡᠨ ᠴᠡᠷᠢᠭ᠌ ᠠᠪᠴᠣ᠂ ᠪᠦᠬᠥᠳᠡ ᠬᠣᠶᠠᠷ ᠲᠥᠮᠡᠨ ᠴᠡᠷᠢᠭ᠌ ᠪᠣᠯᠣᠭᠠᠳ ᠪᠣᠳᠣᠭᠠᠨ ᠪᠣᠭᠣᠷᠵᠢ ᠳᠤ ᠣᠴᠢᠵᠣ ᠨᠠᠢ᠌ᠯᠠᠶ᠎ᠠ》ᠬᠡᠵᠦ ᠢᠯᠡᠬᠡᠪᠡ᠃

107᠂ ᠵᠠᠮᠣᠬ᠎ᠠ ᠶᠢᠨ ᠡᠳᠡᠬᠡᠷ ᠦᠬᠡ ᠶᠢ ᠬᠠᠰᠠᠷ ᠪᠡᠯᠬᠥᠳᠡᠢ ᠬᠣᠶᠠᠷ ᠡᠴᠡ ᠲᠠᠮᠣᠵᠢᠨ ᠰᠣᠨᠣᠰᠣᠭᠠᠳ ᠲᠣᠭᠣᠷᠢᠯ ᠬᠠᠨ ᠳᠤ ᠣᠯᠠᠮᠵᠢᠯᠠᠪᠠ᠂ ᠲᠣᠭᠣᠷᠢᠯ ᠬᠠᠨ᠂ ᠵᠠᠮᠣᠬ᠎ᠠ ᠶᠢᠨ ᠦᠬᠡ ᠶᠢ ᠰᠤᠨᠤᠰᠤᠮᠠᠭᠴᠠ ᠬᠣᠶᠠᠷ ᠲᠥᠮᠡᠨ ᠴᠡᠷᠢᠭ᠌ ᠠᠪᠴᠣ ᠮᠣᠷᠳᠠᠭᠠᠳ ᠪᠣᠷᠬᠠᠨ ᠬᠠᠯᠳᠤᠨ ᠤ ᠦᠪᠥᠷ ᠶᠢᠠᠷ ᠬᠡᠷᠥᠯᠥᠨ ᠤ ᠪᠦᠷᠬᠢ ᠡᠷᠬᠢ ᠶᠢ ᠴᠢᠭ᠍ᠯᠠᠨ ᠶᠠᠪᠣᠪᠠ᠂ ᠡᠬᠥᠨ ᠢ ᠲᠠᠮᠣᠵᠢᠨ ᠰᠣᠨᠣᠰᠣᠭᠠᠳ ᠪᠦᠷᠬᠢ ᠡᠷᠬᠢ ᠡᠴᠡ ᠬᠦᠳᠡᠯᠵᠦ᠂ ᠪᠣᠷᠬᠠᠨ ᠬᠠᠯᠳᠣᠨ ᠤ ᠦᠪᠥᠷ ᠲᠦᠩᠬᠡᠯᠢᠭ᠌ ᠦᠬᠡᠳᠡ ᠨᠡᠬᠥᠵᠦ ᠲᠠᠨ᠎ᠠ ᠭᠣᠷᠣᠬᠠᠨ ᠳᠤ ᠣᠴᠢᠵᠣ ᠪᠠᠭᠣᠪᠠ᠃ ᠲᠣᠭᠣᠷᠢᠯ ᠬᠠᠨ᠂ ᠨᠢᠬᠡᠨ ᠲᠥᠮᠡᠨ ᠴᠡᠷᠢᠭ᠌ ᠲᠡᠶ᠂ ᠲᠣᠭᠣᠷᠢᠯ ᠬᠠᠨ ᠤ ᠲᠡᠬᠥᠤ ᠵᠠᠬ᠎ᠠ ᠭᠣᠮᠪᠣ ᠨᠢᠬᠡᠨ ᠲᠥᠮᠡᠨ ᠴᠡᠷᠢᠭ᠌ ᠲᠡᠶ ᠬᠢᠮᠣᠷᠭ᠎ᠠ ᠭᠣᠷᠣᠬ᠎ᠠ ᠶ᠋ᠢᠨ ᠠᠢ᠌ᠯ ᠬᠠᠷᠠᠭᠠᠨ᠎ᠠ ᠬᠡᠳᠡᠭ ᠭᠠᠵᠠᠷ ᠪᠠᠭᠣᠵᠣ ᠪᠦᠬᠥᠢ ᠳᠤ᠂ ᠲᠠᠮᠣᠵᠢᠨ ᠴᠡᠷᠢᠭ᠌ ᠶᠢᠠᠨ ᠠᠪᠴᠣ ᠣᠴᠢᠨ ᠨᠠᠢ᠌ᠯᠠᠨ ᠪᠠᠭᠣᠪᠠ᠃

108᠂ ᠲᠠᠮᠣᠵᠢᠨ᠂ ᠲᠣᠭᠣᠷᠢᠯ ᠬᠠᠨ᠂ ᠵᠠᠬ᠎ᠠ ᠭᠣᠮᠪᠣ ᠭᠣᠷᠪᠠᠭᠣᠯᠠ ᠨᠠᠢ᠌ᠯᠠᠨ ᠬᠦᠳᠡᠯᠵᠦ᠂ ᠣᠨᠣᠨ ᠤ ᠡᠬᠢ ᠪᠣᠳᠣᠭᠠᠨ ᠪᠣᠭᠣᠷᠵᠢ ᠬᠡᠳᠡᠭ ᠭᠠᠵᠠᠷ ᠬᠦᠷᠴᠦ ᠢᠷᠠᠪᠠᠯ ᠡ᠊ᠠᠳᠠ ᠵᠠᠮᠣᠬ᠎ᠠ ᠨᠢᠬᠡᠠᠳᠡ ᠢᠷᠡᠬᠡᠥᠨ ᠭᠣᠷᠪᠠ ᠬᠣᠨᠣᠭ ᠬᠦᠯᠢᠶᠡᠵᠡᠢ᠃ ᠲᠠᠮᠣᠵᠢᠨ᠂ ᠲᠣᠭᠣᠷᠢᠯ᠂ ᠵᠠᠬ᠎ᠠ ᠭᠣᠮᠪᠣ ᠶᠢᠨ ᠴᠡᠷᠢᠭ᠌ ᠤᠳ ᠢ ᠵᠠᠮᠣᠬ᠎ᠠ ᠦᠵᠡᠬᠡᠥᠨ ᠬᠣᠶᠠᠷ ᠲᠥᠮᠡᠨ ᠴᠡᠷᠢᠭ᠌ ᠶᠢᠠᠨ ᠵᠢᠠᠠᠰᠠᠭᠠᠪᠠ᠃ ᠲᠠᠮᠣᠵᠢᠨ᠂ ᠲᠣᠭᠣᠷᠢᠯ ᠬᠠᠨ᠂ ᠵᠠᠬ᠎ᠠ ᠭᠣᠮᠪᠣ ᠭᠣᠷᠪᠠ ᠪᠠᠰᠠ ᠴᠡᠷᠢᠭ᠌ ᠤᠳ ᠶᠢᠠᠨ ᠵᠠᠰᠠᠵᠣ ᠬᠦᠷᠥᠯᠴᠡᠨ ᠨᠠᠢ᠌ᠯᠠᠯᠳᠣᠵᠣ ᠲᠠᠨᠢᠯᠴᠠᠪᠠ᠃ ᠵᠠᠮᠣᠬ᠎ᠠ ᠦᠬᠥᠯᠡᠷᠥᠨ᠄ 《ᠪᠣᠷᠣᠭᠠᠨ ᠲᠣᠬᠢᠶᠠᠯᠳᠣᠪᠠᠴᠣ ᠪᠣᠯᠵᠣᠭᠠᠨ ᠡᠴᠡ ᠬᠣᠵᠢᠳᠠᠬᠣ ᠦᠭᠡᠶ᠂ ᠬᠣᠷ᠎ᠠ ᠲᠣᠬᠢᠶᠠᠯᠳᠣᠪᠠᠴᠣ ᠬᠣᠷᠠᠯ ᠡᠴᠡ ᠰᠠᠭᠠᠳᠠᠬᠣ ᠦᠭᠡᠶ ᠬᠡᠵᠦ ᠮᠣᠩᠭ᠋ᠣᠯ ᠦᠬᠡ ᠪᠠᠷ ᠬᠡᠯᠡᠯᠴᠡᠵᠦ〈ᠵᠠ〉ᠬᠡᠵᠦ ᠠᠨᠳᠠᠭᠠᠢ᠌ᠯᠠᠭᠰᠠᠨ ᠪᠢᠰᠢ ᠪᠢᠯᠢᠤ︖〈ᠵᠠ〉ᠬᠡᠰᠡᠨ ᠴᠠᠭ ᠡᠴᠡ ᠬᠣᠵᠢᠭᠳᠠᠭᠰᠠᠨ ᠡᠳᠡᠬᠡᠥᠨ ᠢ ᠵᠠᠷᠬᠡ ᠲᠣᠳᠣᠷ᠎ᠠ ᠡᠴᠡ ᠬᠠᠰᠣᠶ᠎ᠠ ᠬᠡᠰᠡᠨ ᠪᠢᠰᠢ ᠪᠢᠯᠢᠤ︖》ᠬᠡᠪᠡᠯ᠂ ᠲᠣᠭᠣᠷᠢᠯ ᠬᠠᠨ ᠦᠬᠥᠯᠡᠷᠥᠨ᠄ 《ᠲᠣᠭᠳᠠᠭᠰᠠᠨ ᠪᠣᠯᠵᠣᠭ᠎ᠠ ᠡᠴᠡ ᠭᠣᠷᠪᠠ ᠡᠳᠣᠷ ᠬᠣᠵᠢᠮᠳᠠᠭᠰᠠᠨ ᠤ ᠣᠴᠢᠷ ᠲᠣᠷᠭᠠᠵᠣ ᠪᠣᠷᠣᠭᠣᠰᠢᠶᠠᠬᠣ ᠶᠢ ᠵᠠᠮᠣᠬ᠎ᠠ ᠲᠡᠬᠥᠤ ᠮᠢᠨᠢ ᠮᠠᠳᠠ》ᠬᠡᠪᠡ᠃ ᠪᠣᠯᠵᠣᠭ᠎ᠠ ᠬᠣᠵᠢᠳᠠᠭᠰᠠᠨ ᠲᠣᠬᠠᠢ ᠡᠢ᠌ᠮᠣ ᠦᠬᠡ ᠶᠢ ᠶᠠᠷᠢᠯᠴᠠᠵᠣ ᠥᠩᠬᠡᠷᠡᠪᠡ᠃

109᠂ ᠪᠣᠳᠣᠭᠠᠨ ᠪᠣᠭᠣᠷᠵᠢ ᠡᠴᠡ ᠪᠦᠬᠥᠳᠡᠬᠡᠷ ᠬᠦᠳᠡᠯᠵᠦ᠂ ᠬᠢᠯᠭᠣ ᠮᠥᠷᠡᠨ ᠳᠤ ᠬᠦᠷᠴᠦ ᠰᠠᠯ ᠣᠶᠠᠵᠣ ᠬᠡᠳᠥᠯᠣᠬᠡᠥᠨ ᠪᠣᠭᠣᠷ᠎ᠠ ᠬᠡᠬᠡᠷ᠎ᠡ ᠬᠡᠳᠡᠭ ᠭᠠᠵᠷ ᠣᠴᠢᠵᠣ ᠳᠤᠭᠳᠠᠭ᠎ᠠ ᠪᠠᠬᠢ ᠶᠢᠨ ᠡᠷᠣᠬᠡ ᠲᠡᠬᠡᠷ᠎ᠡ ᠡᠴᠡ ᠨᠥᠮᠥᠷᠢᠨ ᠪᠠᠭᠣᠵᠣ᠂ ᠡᠷᠬᠢᠮ ᠰᠢᠲᠦᠬᠡᠨ ᠢ ᠨᠢ ᠡᠪᠳᠠᠨ ᠰᠦᠢᠳᠬᠡᠵᠦ᠂ ᠡᠮ᠎ᠠ ᠬᠡᠣᠬᠡᠥᠨ ᠢ ᠨᠢ ᠡᠵᠠᠯᠠᠨ ᠪᠣᠯᠢᠶᠠᠪᠠ᠃ ᠬᠣᠳᠣᠭᠳᠣ ᠰᠠᠬᠢᠭᠣᠰᠣ ᠶᠢ ᠨᠢ ᠬᠣᠭᠣ ᠲᠠᠭᠠᠷᠢᠵᠣ ᠬᠣᠳᠠᠯᠠ ᠣᠯᠣᠰ ᠢ ᠨᠢ ᠬᠣᠮᠣᠷᠠᠨ ᠲᠣᠪᠳᠣᠯᠵᠣ ᠬᠣᠭᠣᠰᠣᠨ ᠪᠣᠯᠭᠠᠪᠠ᠃ ᠳᠤᠭᠳᠠᠭ᠎ᠠ ᠪᠠᠬᠢ ᠶᠢ ᠣᠠᠳᠠᠵᠣ ᠪᠠᠢ᠌ᠬᠣ ᠳᠤ ᠲᠠᠭᠠᠷᠢᠨ ᠪᠠᠷᠢᠵᠣ ᠪᠣᠯᠬᠣ ᠪᠠᠢ᠌ᠭᠰᠠᠨ᠂ ᠬᠡᠳᠡᠯ᠎ᠡ ᠬᠢᠯᠭᠣ ᠮᠥᠷᠡᠨ ᠳᠤ ᠨᠣᠳᠣᠭᠯᠠᠬᠣ ᠵᠢᠭᠠᠰᠣᠴᠢᠨ ᠪᠠ ᠪᠣᠯᠠᠭ᠎ᠠ ᠠᠩᠨᠠᠭᠴᠢᠳ᠂ ᠬᠦᠷᠥᠬᠡᠴᠢᠥᠨ 《ᠲ᠋ᠠᠢ᠌ᠰᠣᠨ ᠠᠢ᠌ᠰᠣᠢ》ᠬᠡᠵᠦ ᠲᠠᠷᠠ ᠰᠦᠨᠢ ᠶᠢᠨ ᠲᠣᠳᠣᠷ᠎ᠠ ᠲᠣᠭᠳᠠᠭ᠎ᠠ ᠪᠠᠬᠢ ᠳᠤ ᠬᠡᠯᠡ ᠬᠦᠷᠬᠡᠵᠡᠢ᠃ ᠡᠨᠠ ᠮᠡᠳᠡᠬᠡ ᠶᠢ ᠰᠣᠨᠣᠰᠣᠭᠠᠳ ᠲᠣᠭᠳᠠᠭ᠎ᠠ ᠪᠠ ᠣᠧᠨᠰ (ᠬᠣᠧᠨ) ᠮᠠᠷᠭᠢᠳ ᠤᠨ ᠲᠠᠢ᠌ᠷ ᠣᠰᠣᠨ ᠬᠣᠶᠠᠷ ᠬᠠᠮᠳᠤᠷᠠᠵᠤ ᠴᠦᠬᠡᠨ ᠨᠦᠭᠦᠳ ᠤᠨ ᠬᠠᠮᠳᠣ ᠰᠡᠯᠠᠩᠬᠡ ᠶᠢ ᠣᠷᠣᠭᠣᠳᠠᠵᠣ ᠪᠠᠷᠭᠣᠵᠢᠨ ᠣᠷᠣᠨ  ᠳᠤ ᠲᠣᠳᠠᠭᠠᠨ ᠤᠳᠪᠠ᠃

110᠂ ᠮᠠᠷᠭᠢᠳ ᠤᠨ ᠣᠯᠣᠰ ᠲᠥᠷᠪᠡᠵᠦ᠂ ᠲᠠᠷᠠ ᠰᠦᠨᠢ ᠰᠡᠯᠠᠩᠬᠡ ᠶᠢ ᠣᠷᠣᠭᠣᠳᠠᠨ ᠲᠣᠳᠠᠭᠠᠬᠣ ᠳᠤ ᠮᠠᠨ ᠤ ᠴᠡᠷᠢᠭ᠌ ᠤᠳ ᠲᠥᠷᠪᠡᠭ᠍ᠰᠡᠨ ᠮᠠᠷᠭᠢᠳ ᠢ ᠨᠡᠬᠡᠵᠦ ᠲᠣᠪᠳᠣᠯᠣᠨ ᠲᠡᠬᠡᠷᠡᠮᠳᠡᠨ ᠶᠠᠪᠣᠪᠠ᠃ ᠲᠠᠮᠣᠵᠢᠨ᠂ ᠲᠥᠷᠪᠡᠵᠦ ᠶᠠᠪᠣᠭ᠎ᠠ ᠬᠦᠮᠥᠰ ᠤᠨ ᠲᠣᠮᠳᠠᠭᠣᠷ 《ᠪᠦᠷᠳᠡ ᠪᠦᠷᠳᠡ》ᠬᠡᠵᠦ ᠲᠠᠭᠣᠳᠠᠨ ᠡᠷᠢᠵᠣ ᠶᠠᠪᠣᠳᠠᠯ᠎ᠠ᠂ ᠲᠥᠷᠪᠡᠵᠦ ᠶᠠᠪᠣᠭ᠎ᠠ ᠢᠷᠬᠡᠨ ᠤ ᠲᠣᠳᠣᠷ᠎ᠠ ᠪᠠᠢ᠌ᠭᠰᠠᠨ ᠪᠦᠷᠳᠡ ᠦᠵᠢᠨ ᠲᠠᠮᠣᠵᠢᠨ ᠤ ᠲᠠᠭᠣ ᠶᠢ ᠰᠣᠨᠣᠰᠴᠣ ᠲᠠᠨᠢᠭᠠᠳ ᠲᠡᠷᠬᠡᠨ ᠡᠴᠡ ᠪᠠᠭᠣᠵᠣ ᠬᠤᠸᠠᠭᠴᠢᠨ ᠡᠮᠠᠬᠡᠨ ᠬᠣᠶᠠᠭᠣᠯᠠ ᠬᠦᠶᠥᠵᠦ ᠢᠷᠡᠬᠡᠥᠨ᠂ ᠲᠠᠮᠣᠵᠢᠨ ᠤ ᠵᠢᠯᠣᠭᠣ ᠴᠣᠯᠪᠣᠭᠣᠷ ᠢ ᠪᠠᠷᠢᠵᠣ ᠠᠪᠣᠪᠠ᠃ ᠲᠠᠮᠣᠵᠢᠨ ᠰᠦᠨᠢ ᠶᠢᠨ ᠰᠠᠷᠠᠭᠣᠯ ᠳᠤ ᠦᠵᠡᠪᠡᠯ᠂ ᠪᠦᠷᠳᠡ ᠦᠵᠢᠨ ᠮᠦᠨ ᠲᠣᠯᠠ ᠲᠠᠪᠠᠷᠢᠯᠳᠣᠨ ᠣᠴᠠᠷᠠᠪᠠ᠃ ᠲᠠᠮᠣᠵᠢᠨ ᠮᠦᠨ ᠰᠦᠨᠢ ᠲᠣᠭᠣᠷᠢᠯ ᠬᠠᠨ ᠵᠠᠮᠣᠬ᠎ᠠ ᠠᠨᠳᠠ ᠬᠣᠶᠠᠷ ᠲᠤ ᠬᠦᠮᠥᠨ ᠢᠯᠡᠬᠡᠵᠦ ᠬᠡᠯᠡᠬᠥᠯᠥᠭᠰᠡᠨ ᠨᠢ᠄ 《ᠡᠷᠢᠭ᠍ᠰᠡᠨ ᠬᠦᠮᠥᠨ ᠶᠢᠠᠨ ᠣᠯᠣᠭᠰᠠᠨ ᠲᠣᠯᠠ ᠡᠨᠠ ᠰᠦᠨᠢ ᠲᠣᠪᠳᠣᠯᠬᠣ ᠪᠠᠨ ᠵᠤᠭᠰᠣᠵᠣ ᠡ᠊ᠠᠳᠠ ᠪᠠᠭᠣᠶ᠎ᠠ》ᠬᠡᠪᠡ᠃ ᠲᠥᠷᠪᠡᠵᠦ ᠶᠠᠪᠣᠭᠰᠠᠨ ᠮᠠᠷᠭᠢᠳ ᠤᠳ ᠮᠦᠨ ᠰᠦᠨᠢ ᠬᠠᠮᠢᠭ᠎ᠠ ᠪᠠᠨ ᠬᠦᠷᠥᠭᠰᠡᠨ᠂ ᠲᠠᠷᠠ ᠭᠠᠵᠠᠷ ᠶᠢᠠᠨ ᠪᠠᠭᠣᠵᠣ ᠬᠣᠨᠣᠪᠠ᠃ ᠪᠦᠷᠳᠡ ᠦᠵᠢᠨ ᠮᠠᠷᠭᠢᠳ ᠤᠨ ᠭᠠᠷ ᠡᠴᠡ ᠭᠠᠷᠴᠣ ᠲᠠᠮᠣᠵᠢᠨ ᠲᠡᠶ ᠠᠭᠣᠯᠵᠠᠭᠰᠠ ᠶᠣᠰᠣ ᠡᠢ᠌ᠮᠣ ᠪᠦᠯᠦᠬᠡ᠃

111᠂ ᠣᠷᠢᠳᠣ ᠣᠳᠦᠢ᠌ᠳ ᠮᠠᠷᠭᠢᠳ ᠤᠨ ᠲᠣᠭᠳᠠᠭ᠎ᠠ ᠪᠠᠬᠢ᠂ ᠣᠧᠨᠰ(ᠬᠤᠸᠠ)ᠮᠡᠷᠬᠢᠳ ᠤᠨ ᠳᠠᠢ᠌ᠷ ᠤᠰᠤᠨ᠂ ᠬᠠᠭᠠᠳ ᠮᠠᠷᠭᠢᠳ ᠤᠨ ᠬᠠᠭᠠᠳᠠᠢ ᠲᠠᠷᠮᠠᠯᠠ ᠭᠣᠷᠪᠠᠭᠣᠯᠠ ᠭᠣᠷᠪᠠᠨ ᠵᠠᠭᠣᠨ ᠬᠦᠮᠥᠨ ᠢ ᠲᠠᠭᠠᠭᠣᠯᠵᠣ ᠲᠣᠭᠳᠠᠭ᠎ᠠ ᠪᠠᠬᠢ ᠶᠢᠨ ᠲᠡᠬᠥᠤ ᠶᠡᠬᠡ ᠴᠢᠯᠠᠳᠣ ᠶ᠋ᠢᠨ ᠬᠡᠷᠬᠡᠢ ᠦᠬᠡᠯᠥᠨ ᠢ ᠶᠢᠰᠦᠬᠡᠢ ᠪᠠᠭᠠᠳᠣᠷ ᠲᠤ ᠪᠣᠯᠢᠶᠠᠭᠳᠠᠭᠰᠠᠨ ᠤ ᠦᠰᠢᠶ᠎ᠡ ᠶᠢ ᠠᠪᠣᠨ᠎ᠠ ᠬᠡᠵᠦ ᠲᠠᠷᠠ ᠨᠢᠬᠡ ᠦᠷᠯᠦᠬᠡ ᠮᠣᠷᠳᠠᠭᠰᠠᠨ ᠪᠢᠯᠠ᠃ ᠲᠠᠷᠠ ᠴᠠᠭ ᠲᠤ ᠲᠠᠮᠣᠵᠢᠨ ᠢ ᠪᠣᠷᠬᠠᠨ ᠬᠠᠯᠳᠣᠨ ᠳᠤ ᠲᠣᠳᠠᠭᠠᠯᠭᠠᠵᠣ ᠭᠣᠷᠪᠠ ᠲᠠᠬᠢᠨ ᠲᠣᠭᠣᠷᠢᠵᠣ ᠨᠠᠩᠵᠢᠬᠡᠥᠨ ᠲᠠᠮᠣᠵᠢᠨ ᠢ ᠣᠯᠣᠭᠰᠠᠨ ᠦᠭᠡᠶ᠂ ᠬᠠᠷᠢᠨ ᠪᠦᠷᠳᠡ ᠦᠵᠢᠨ ᠢ ᠪᠠᠷᠢᠨ ᠠᠪᠴᠣ ᠴᠢᠯᠠᠳᠣ ᠶᠢᠨ ᠲᠡᠬᠥᠤ ᠴᠢᠯᠡᠬᠡᠷ ᠪᠦᠬᠡ ᠳᠤ ᠦᠭᠴᠦ ᠠᠰᠠᠷᠠᠭᠣᠯᠣᠭᠰᠠᠨ ᠠᠵᠠᠢ᠃ ᠲᠡᠬᠥᠨ ᠡᠴᠡ ᠬᠣᠢ᠌ᠰᠢ ᠪᠦᠷᠳᠡ ᠦᠵᠢᠨ ᠴᠢᠯᠡᠬᠡᠷ ᠪᠦᠬᠡ ᠶᠢᠨ ᠬᠡᠷ ᠲᠤ ᠪᠠᠢ᠌ᠭᠰᠠᠭᠠᠷ ᠪᠢᠯᠠ᠂ ᠣᠳᠣ ᠴᠢᠯᠡᠬᠡᠷ ᠪᠦᠬᠡ ᠲᠣᠳᠠᠭᠠᠵᠣ ᠭᠠᠷᠣᠭᠠᠳ ᠬᠡᠮᠰᠢᠵᠦ ᠦᠬᠥᠯᠡᠷᠥᠨ᠄

《ᠬᠠᠷ᠎ᠠ ᠮᠠᠭᠣ ᠬᠡᠷᠢᠶ᠎ᠡ

ᠬᠠᠯᠢᠰᠤ ᠬᠣᠯᠳᠣᠰᠣ ᠢᠳᠡᠬᠥ ᠵᠠᠶᠠᠭ᠎ᠠ ᠲᠡᠶ ᠪᠠᠢ᠌ᠳᠠᠯ᠎ᠠ

ᠬᠠᠷᠠᠯᠠᠭ ᠭᠠᠯᠠᠭᠣ ᠶᠢ ᠢᠳᠡᠬᠥ ᠪᠠᠷ

ᠬᠠᠯᠳᠠᠨ ᠲᠡᠮᠠᠴᠡᠬᠥ ᠮᠠᠳᠣ᠂

ᠬᠠᠷᠢᠭᠣ ᠦᠭᠡᠶ ᠮᠠᠭᠣ ᠴᠢᠯᠡᠬᠡᠷ ᠪᠢ

ᠬᠠᠷᠢᠨ ᠶᠡᠬᠡ ᠶᠢ ᠰᠠᠨᠠᠵᠣ

ᠬᠠᠳᠣᠨ ᠦᠵᠢᠨ ᠳᠤ ᠬᠠᠯᠳᠠᠵᠣ

ᠬᠠᠮᠣᠭ ᠮᠠᠷᠭᠢᠳ ᠢᠷᠬᠡᠨ ᠢ

ᠬᠠᠴᠢᠯᠠᠭᠳᠠᠬᠣ ᠠᠶᠣᠯ ᠳᠤ ᠣᠴᠠᠷᠠᠭᠣᠯᠵᠣ

ᠬᠠᠯᠠᠬᠣ ᠨᠥᠮᠥᠷᠢ ᠦᠭᠡᠶ ᠪᠣᠯᠵᠣ

ᠬᠠᠷᠠᠩᠭ᠋ᠣᠢ ᠰᠦᠨᠢ ᠵᠢᠭᠣᠳᠠᠨ ᠭᠠᠷᠴᠣ

ᠬᠠᠳᠠᠨ ᠤ ᠬᠠᠪᠴᠢᠯ ᠳᠤ ᠬᠣᠷᠭᠣᠳᠠᠨ

ᠬᠠᠢ᠌ᠷᠠᠨ ᠠᠮᠢ ᠪᠠᠨ ᠬᠡᠬᠡᠵᠦ

ᠬᠠᠷ᠎ᠠ ᠲᠣᠯᠣᠭᠠᠢ ᠪᠠᠨ ᠠᠯᠳᠠᠬᠣ ᠪᠣᠯᠪᠠ

ᠬᠣᠯᠠ ᠳᠤ ᠮᠠᠭᠣ ᠰᠢᠪᠠᠭᠣ

ᠬᠣᠯᠣᠭᠠᠨ᠎ᠠ ᠣᠬᠣᠳᠠᠨ᠎ᠠ ᠢᠳᠡᠬᠥ ᠵᠠᠶᠠᠭᠠᠳᠠᠢ ᠪᠠᠢ᠌ᠳᠠᠯ᠎ᠠ

ᠬᠣᠨ ᠭᠠᠯᠠᠭᠣ ᠢᠳᠠᠶ᠎ᠠ ᠬᠡᠵᠦ

ᠬᠣᠰᠢᠭᠣ ᠪᠠᠨ ᠪᠢᠯᠡᠬᠥᠳᠡᠬᠥ ᠮᠠᠳᠣ

ᠬᠣᠪᠠᠬᠠᠢ ᠮᠠᠭᠣ ᠴᠢᠯᠡᠬᠡᠷ ᠪᠢ

ᠬᠣᠳᠣᠭᠳᠣ ᠦᠵᠢᠨ ᠬᠠᠳᠣᠨ ᠢ

ᠬᠣᠪᠢᠯᠠᠨ ᠠᠪᠴᠣ ᠢᠷᠡᠬᠡᠥᠨ

ᠬᠣᠳᠠᠯᠠ ᠣᠯᠠᠨ ᠮᠠᠷᠭᠢᠳ ᠳᠤ

ᠬᠣᠣᠷ ᠬᠦᠨᠦᠬᠡᠯ ᠪᠣᠯᠭᠠᠪᠠ᠃

ᠬᠣᠬᠢᠷ ᠮᠠᠭᠣ ᠴᠢᠯᠡᠬᠡᠷ ᠪᠢ

ᠬᠣᠬᠢᠮᠠᠢ ᠮᠠᠭᠣ ᠲᠣᠯᠣᠭᠠᠢ ᠪᠠᠨ

ᠬᠣᠷᠭᠣᠳᠣᠬᠣ ᠭᠠᠵᠠᠷ ᠦᠭᠡᠶ ᠪᠣᠯᠪᠠ

ᠬᠣᠷᠭᠣᠣᠯ ᠤᠨ ᠲᠠᠳᠣᠢ ᠠᠮᠢ ᠪᠠᠨ

ᠠᠷᠴᠢᠯᠠᠬᠣ ᠭᠠᠵᠠᠷ ᠦᠭᠡᠶ ᠪᠣᠯᠪᠠ

ᠬᠠᠷᠠᠩᠭ᠋ᠣᠢ ᠬᠠᠪᠴᠢᠯ ᠳᠤ ᠰᠢᠷᠭᠣᠬᠣ ᠦᠦ

ᠬᠠᠳᠠᠨ ᠤ ᠵᠠᠪᠰᠠᠷ ᠶᠢᠠᠷ ᠣᠷᠣᠬᠣ ᠦᠦ

ᠬᠠᠮᠢᠭ᠎ᠠ ᠣᠴᠢᠬᠤ ᠪᠢᠯᠠ︖》

ᠬᠡᠥᠨ ᠲᠣᠳᠠᠭᠠᠭᠰᠠᠨ ᠠᠵᠢ᠃

112᠂ ᠬᠠᠭᠠᠳᠠᠢ ᠲᠠᠷᠮᠠᠯᠠ ᠶᠢ ᠪᠠᠷᠢᠨ ᠠᠪᠴᠢᠷᠠᠵᠣ᠂ ᠬᠠᠪᠳᠠᠰᠣᠨ ᠲᠦᠩᠬᠡ ᠡᠮᠥᠰᠬᠡᠵᠦ ᠬᠠᠯᠳᠣᠨ ᠠᠭᠣᠯᠠᠨ ᠳᠤ ᠶᠠᠪᠣᠭᠣᠯᠪᠠ᠃ ᠪᠡᠯᠬᠥᠳᠡᠢ ᠶᠢᠨ ᠡᠬᠡ ᠲᠠᠷᠠ ᠠᠢ᠌ᠯ ᠳᠤ ᠪᠣᠢ ᠬᠡᠬᠥ ᠶᠢ ᠰᠣᠨᠣᠰᠣᠭᠠᠳ ᠪᠡᠯᠬᠥᠳᠡᠢ ᠡᠬᠡ ᠪᠠᠨ ᠠᠪᠣᠶ᠎ᠠ ᠬᠡᠵᠦ ᠣᠴᠢᠭᠠᠳ ᠬᠡᠷ ᠤᠨ ᠪᠠᠷᠠᠭᠣᠨ ᠡᠬᠥᠳᠡ ᠪᠠᠷ ᠣᠷᠣᠪᠠᠯ ᠲᠡᠬᠥᠨ ᠤ ᠡᠬᠡ ᠨᠠᠪᠳᠠᠷᠬᠠᠢ ᠨᠡᠬᠡᠢ ᠲᠠᠪᠠᠯ ᠲᠡᠶ ᠪᠦᠬᠡᠥᠨ ᠬᠡᠷ ᠤᠨ ᠵᠠᠬᠥᠨ ᠡᠬᠥᠳᠡ ᠪᠠᠷ ᠭᠠᠷᠴᠣ ᠭᠠᠳᠠᠨ᠎ᠠ ᠶᠢᠨ ᠬᠦᠮᠥᠨ ᠳᠤ ᠦᠬᠥᠯᠡᠷᠥᠨ᠄

《ᠬᠠᠢ᠌ᠷᠠᠳᠣ ᠬᠦᠪᠡᠭᠦᠳ ᠮᠢᠨᠢ

ᠬᠠᠭᠠᠳ ᠤᠨ ᠵᠠᠷᠬᠡ ᠳᠤ ᠬᠦᠷᠴᠦ ᠪᠠᠢ᠌ᠳᠠᠯ᠎ᠠ

ᠬᠠᠷᠢᠨ ᠪᠢ ᠡᠠᠳᠠ

ᠬᠠᠷᠠᠴᠣ ᠮᠠᠭᠣ ᠬᠦᠮᠥᠨ ᠳᠤ

ᠬᠠᠷᠢᠶᠠᠯᠠᠭᠳᠠᠵᠣ ᠶᠠᠪᠣᠨ᠎ᠠ

ᠬᠠᠨ ᠬᠦᠪᠡᠭᠦᠳ ᠤᠨ ᠨᠢᠭᠣᠷ ᠢ

ᠬᠠᠷᠠᠵᠣ ᠶᠠᠭᠠᠬᠢᠨ ᠦᠵᠡᠬᠥ ᠪᠢᠯᠠ︖》

ᠬᠡᠥᠨ ᠬᠦᠨ ᠰᠢᠭᠣᠢ ᠳᠤ ᠬᠦᠶᠥᠵᠦ ᠣᠷᠣᠭᠰᠠᠨ ᠳᠤ ᠬᠣᠢ᠌ᠨ᠎ᠠ ᠡᠴᠡ ᠨᠢ ᠨᠡᠬᠡᠵᠦ ᠡᠷᠢᠬᠡᠥᠨ ᠣᠯᠣᠭᠰᠠᠨ ᠦᠭᠡᠶ᠂ ᠡᠬᠥᠨ ᠳᠤ ᠪᠡᠯᠬᠥᠳᠡᠢ ᠨᠣᠶᠠᠨ᠂ ᠮᠠᠷᠭᠢᠳ ᠣᠪᠣᠭ ᠤᠨ ᠬᠦᠮᠥᠨ ᠢ ᠦᠵᠡᠪᠡᠯ 《ᠡᠬᠡ ᠶᠢ ᠮᠢᠨᠢ ᠠᠪᠴᠢᠷ᠎ᠠ》ᠬᠡᠵᠦ ᠬᠠᠷᠪᠣᠬᠣ ᠪᠢᠯᠠ᠃ ᠪᠣᠷᠬᠠᠨ ᠬᠠᠯᠳᠣᠨ ᠳᠤ ᠲᠠᠮᠣᠵᠢᠨ ᠨᠡᠷ ᠢ ᠲᠣᠪᠳᠣᠯᠣᠭᠰᠠᠨ ᠭᠣᠷᠪᠠᠨ ᠵᠠᠭᠣᠨ ᠮᠠᠷᠭᠢᠳ ᠢ

ᠦᠷ᠎ᠡ ᠶᠢᠨ ᠦᠷ᠎ᠡ ᠶᠢ ᠬᠦᠷᠳᠡᠯ᠎ᠡ

ᠦᠨᠡᠰᠤ ᠶᠢ ᠬᠡᠢ᠌ᠰᠳᠡᠯ᠎ᠡ ᠬᠢᠳᠣᠵᠣ

ᠦᠯᠠᠳᠡᠭ᠍ᠰᠡᠨ ᠡᠮ᠎ᠠ ᠬᠡᠣᠬᠡᠥᠨ ᠢ

ᠡᠬᠥᠳᠡᠨ᠎ᠡ ᠵᠠᠷᠣᠴᠠ ᠪᠣᠯᠭᠠᠵᠣ

ᠦᠵᠡᠰᠬᠥᠯᠠᠩ ᠰᠠᠢ᠌ᠳᠠᠢ ᠵᠠᠷᠢᠮ ᠢ

ᠡᠬᠥᠷᠢᠳᠡ ᠲᠣᠳᠣᠨᠣᠯᠠᠵᠣ ᠠᠪᠣᠪᠠ᠃

113᠂ ᠲᠣᠭᠣᠷᠢᠯ ᠬᠠᠨ᠂ ᠵᠠᠮᠣᠬ᠎ᠠ ᠬᠣᠶᠠᠷ ᠢ ᠲᠠᠮᠣᠵᠢᠨ ᠪᠢᠰᠢᠷᠠᠨ ᠦᠬᠥᠯᠡᠷᠥᠨ᠄

《ᠡᠴᠢᠬᠡ ᠬᠠᠨ ᠲᠣᠭᠣᠷᠢᠯ

ᠡᠷᠬᠢᠮ ᠠᠨᠳᠠ ᠵᠠᠮᠣᠬ᠎ᠠ ᠨᠡᠷ

ᠡᠪ ᠬᠦᠴᠦ ᠶᠢ ᠨᠢᠬᠡᠣᠠᠬᠡᠵᠦ

ᠡᠷᠬᠡᠲᠦ ᠲᠡᠭ᠍ᠷᠢ ᠶᠢᠨ ᠦᠷᠥᠰᠢᠶᠡᠯ ᠶᠢᠠᠷ

ᠡᠬᠡ ᠲᠡᠯᠠᠬᠡᠢ ᠶᠢᠨ ᠢᠪᠡᠬᠡᠯ ᠶᠢᠠᠷ

ᠡᠷᠳᠠᠨ ᠤ ᠦᠰᠢᠶᠡᠲᠦ ᠮᠠᠷᠭᠢᠳ ᠤᠨ

ᠡᠯᠢᠬᠡ ᠵᠢᠷᠥᠬᠡ ᠶᠢ ᠨᠢ ᠡᠮᠳᠠᠯᠠᠵᠣ

ᠡᠷᠬᠢᠮ ᠲᠥᠷᠥᠯ ᠢ ᠨᠢ ᠰᠦᠨᠦᠬᠡᠵᠦ

ᠡᠵᠡᠮᠰᠢᠬᠥ ᠬᠡᠷ ᠢ ᠨᠢ ᠬᠣᠭᠣᠰᠣᠯᠠᠵᠣ

ᠡᠯᠳᠠᠪ ᠵᠦᠢᠯ ᠢ ᠨᠢ ᠣᠯᠵᠠᠯᠠᠪᠠ》ᠬᠡᠪᠡ᠃

ᠮᠠᠷᠭᠢᠳ ᠢᠷᠬᠡᠨ ᠢ ᠲᠡᠢ᠌ᠠᠬᠥ ᠲᠠᠢ᠌ᠯᠠᠵᠣ ᠪᠣᠴᠠᠪᠠ᠃

114᠂ ᠣᠳᠦᠢ᠌ᠳ ᠮᠠᠷᠭᠢᠳ ᠤᠨ ᠲᠥᠷᠪᠡᠵᠦ ᠲᠣᠳᠠᠭᠠᠭᠰᠠᠨ ᠤ ᠬᠣᠢ᠌ᠨ᠎ᠠ ᠲᠠᠳᠠᠨ ᠢ ᠨᠣᠳᠣᠭ ᠲᠡᠬᠡᠷ᠎ᠡ ᠪᠣᠯᠠᠭᠠᠨ ᠮᠠᠯᠠᠭᠠᠢ ᠲ᠋ᠠᠢ᠂ ᠪᠣᠭᠣ ᠶᠢᠨ ᠠᠷᠠᠰᠣᠨ ᠭᠣᠳᠣᠯ ᠲᠡᠶ᠂ ᠪᠣᠯᠠᠭᠠᠨ ᠬᠦᠬᠡᠮᠢ ᠲᠠᠪᠠᠯ ᠲᠡᠶ᠂ ᠨᠢᠳᠣᠨ ᠳᠡᠭᠡᠨ ᠭᠠᠯ ᠲᠡᠶ᠂ ᠨᠢᠭᠣᠷ ᠲᠡᠭᠡᠨ ᠴᠣᠭᠳᠠᠢ ᠬᠦᠴᠦ ᠬᠡᠳᠡᠭ ᠨᠠᠷᠠᠳᠠᠢ᠂ ᠲᠠᠪᠣᠨ ᠨᠠᠰᠣᠳᠠᠢ ᠬᠦᠪᠡᠬᠥᠨ ᠬᠣᠴᠣᠷᠣᠭᠰᠠᠨ ᠢ ᠮᠠᠨ ᠤ ᠴᠡᠷᠢᠭ᠌ ᠤᠳ ᠣᠯᠵᠣ ᠠᠪᠴᠢᠷᠠᠭᠠᠳ ᠦᠬᠡᠯᠥᠨ ᠡᠬᠡ ᠳᠤ ᠪᠡᠯᠡᠭ ᠪᠣᠯᠭᠠᠨ ᠦᠭ᠍ᠪᠡ᠃

115᠂ ᠲᠠᠮᠣᠵᠢᠨ᠂ ᠲᠣᠭᠣᠷᠢᠯ ᠬᠠᠨ ᠵᠠᠮᠣᠬ᠎ᠠ ᠭᠣᠷᠪᠠᠭᠣᠯᠠ ᠨᠠᠢ᠌ᠯᠠᠵᠣ

ᠣᠯᠠᠨ ᠮᠠᠷᠭᠢᠳ ᠤᠨ ᠣᠴᠣᠭᠣᠷ ᠬᠡᠷ ᠢ ᠡᠪᠳᠠᠵᠣ

ᠣᠯᠢᠭᠳᠠᠢ ᠡᠮᠠᠰ ᠢ ᠨᠢ ᠣᠯᠵᠠᠯᠠᠵᠣ

ᠤᠷᠬᠤᠨ ᠰᠡᠯᠠᠩᠬᠡ ᠬᠣᠶᠠᠷ ᠤᠨ

ᠣᠢ ᠲᠠᠯ᠎ᠠ ᠡᠴᠡ ᠪᠣᠴᠠᠪᠠ

ᠳᠠᠯᠬᠤᠨ ᠠᠷᠠᠯ ᠡᠴᠡ ᠬᠦᠳᠡᠯᠵᠦ᠂ ᠲᠠᠮᠣᠵᠢᠨ᠂ ᠵᠠᠮᠣᠬ᠎ᠠ ᠬᠣᠶᠠᠷ ᠬᠣᠷᠬᠣᠨᠠᠭ ᠵᠤᠪᠣᠷ᠎ᠠ ᠶᠢ ᠴᠢᠭ᠍ᠯᠠᠨ ᠶᠠᠪᠣᠪᠠ᠃ ᠲᠣᠭᠣᠷᠢᠯ ᠬᠠᠨ᠂ ᠪᠣᠷᠬᠠᠨ ᠬᠠᠯᠳᠣᠨ ᠤ ᠬᠢᠷ᠎ᠠ ᠪᠠᠷ ᠦᠬᠡᠷᠲᠦ ᠰᠢᠭᠣᠢ ᠶᠢ ᠲᠠᠭᠠᠷᠢᠨ ᠭᠠᠴᠠᠭᠣᠷᠠᠳᠣ (ᠭᠠᠴᠠᠭᠤᠷᠠᠳᠠᠢ )ᠰᠦᠪᠴᠢᠳ᠂ ᠤᠯᠢᠶᠠᠳᠤ (ᠤᠯᠢᠶᠠᠰᠤᠳᠠᠢ) ᠰᠦᠪᠴᠢᠳ ᠭᠡᠳᠡᠭ ᠭᠠᠵᠠᠷ ᠢ ᠳᠠᠭᠠᠷᠢᠵᠤ᠂ ᠠᠩ ᠬᠦᠷᠦᠭᠡ ᠬᠢᠭ᠍ᠰᠡᠭᠡᠷ ᠳᠤᠤᠯᠠ ᠭᠤᠤᠯ ᠤᠨ ᠬᠠᠷ᠎ᠠ ᠰᠢᠭᠤᠢ ᠳᠤ ᠪᠤᠴᠠᠵᠤ ᠬᠠᠷᠢᠪᠠ ᠃

116᠂ ᠲᠠᠮᠣᠵᠢᠨ ᠵᠠᠮᠣᠬ᠎ᠠ ᠬᠣᠶᠠᠷ᠂ ᠬᠣᠷᠬᠣᠨᠠᠭ ᠤᠨ ᠬᠦᠠᠳᠡᠢ ᠳᠤ ᠨᠠᠢ᠌ᠯᠠᠨ ᠪᠠᠭᠣᠵᠣ᠂ ᠡᠷᠳᠠᠨ ᠤ ᠠᠨᠳᠠ ᠪᠣᠯᠣᠯᠴᠠᠭᠰᠠᠨ ᠶ᠋ᠢᠠᠨ ᠲᠣᠷᠠᠳᠴᠣ ᠣᠯᠠᠮ ᠲᠣᠳᠣᠨᠣ ᠪᠣᠯᠵᠣ ᠨᠠᠢ᠌ᠷᠠᠯᠳᠣᠶ᠎ᠠ ᠬᠡᠯᠴᠡᠪᠡ᠃ ᠠᠩᠬ᠎ᠠ ᠣᠷᠢᠳᠣ ᠠᠨᠳᠠ ᠪᠣᠯᠣᠯᠴᠠᠬᠣ ᠳᠤ ᠲᠠᠮᠣᠵᠢᠨ ᠠᠷᠪᠠᠨ ᠨᠢᠬᠡᠨ ᠨᠠᠰᠣᠳᠠᠢ ᠪᠠᠢ᠌ᠭᠰᠠᠨ ᠪᠢᠯᠠ᠃ ᠲᠠᠷᠠ ᠴᠠᠭ ᠲᠤ ᠵᠠᠮᠣᠬ᠎ᠠ ᠨᠢᠬᠡᠨ ᠭᠣᠷ᠎ᠠ ᠶᠢᠨ ᠱᠠᠭ᠎ᠠ ᠶᠢ ᠲᠠᠮᠣᠵᠢᠨ ᠳᠤ ᠦᠭᠴᠦ᠂ ᠲᠠᠮᠣᠵᠢᠨ ᠨᠢᠬᠡᠨ ᠴᠢᠳᠬᠣᠮᠠᠯ ᠱᠠᠭ᠎ᠠ ᠶᠢ ᠵᠠᠮᠣᠬ᠎ᠠ ᠳᠤ ᠦᠭᠴᠦ᠂ ᠣᠨᠣᠨ ᠤ ᠮᠥᠰᠥᠨ ᠲᠡᠬᠡᠷ᠎ᠡ ᠱᠠᠭᠠᠯᠴᠠᠨ ᠨᠠᠭᠠᠳᠣᠵᠣ ᠠᠨᠳᠠ ᠪᠤᠯᠤᠯᠴᠠᠭᠰᠠᠨ ᠪᠢᠯᠠ᠃ ᠲᠡᠬᠥᠨ ᠤ ᠬᠣᠢ᠌ᠳᠣ ᠬᠠᠪᠣᠷ ᠠᠯᠠᠩᠬᠢᠷ ᠨᠣᠮᠣ ᠪᠠᠷ ᠬᠠᠷᠪᠣᠵᠣ ᠪᠠᠢ᠌ᠬᠣ ᠳᠤ᠂ ᠵᠠᠮᠣᠬ᠎ᠠ ᠪᠢᠷᠠᠭᠣᠨ ᠤ ᠬᠣᠶᠠᠷ ᠡᠪᠠᠷ ᠢ ᠨᠠᠭᠠᠵᠣ ᠨᠦᠬᠡᠯᠡᠵᠦ ᠬᠢᠭ᠍ᠰᠡᠨ ᠲᠠᠭᠣᠳᠣ  ᠰᠤᠮᠤ ᠪᠠᠨ ᠳᠡᠮᠦᠵᠢᠨ ᠳᠤ ᠦᠭᠴᠤ᠂ ᠳᠠᠮᠦᠵᠢᠨ ᠠᠷᠴᠠ ᠮᠤᠳᠤᠨ ᠭᠤᠳᠤᠯᠢ (ᠪᠤᠯᠴᠤᠤ)ᠪᠠᠨ ᠵᠠᠮᠤᠬ᠎ᠠ ᠳᠤ ᠦᠭᠴᠤ ᠠᠨᠳᠠ ᠪᠤᠯᠤᠯᠴᠠᠪᠠ᠃ ᠬᠤᠶᠠᠷ ᠤᠳᠠᠭ᠎ᠠ ᠠᠨᠳᠠ ᠪᠤᠯᠤᠯᠴᠠᠭᠰᠠᠨ ᠶᠤᠰᠤ ᠡᠢ᠌ᠮᠤ ᠪᠢᠯᠡ᠃

117᠂ ᠠᠬᠠᠰ ᠲᠡᠬᠡᠳᠥᠰ ᠤᠨ ᠦᠬᠡ ᠶᠢ ᠰᠣᠨᠣᠰᠪᠠᠯ

ᠠᠯᠢᠪᠠ ᠬᠦᠮᠥᠨ ᠬᠠᠷᠢᠯᠴᠠᠨ

ᠠᠨᠳᠠ ᠨᠦᠬᠥᠷ ᠪᠣᠯᠣᠯᠴᠠᠪᠠᠯ

ᠠᠮᠢ ᠪᠠᠶ᠎ᠠ ᠳᠡᠭᠡᠨ

ᠠᠷᠠᠴᠢ ᠪᠣᠯᠵᠣ

ᠠᠯᠢ ᠠᠯᠢᠨ ᠳᠠᠭᠠᠨ

ᠲᠥᠰᠢᠭ᠌ ᠪᠣᠯᠵᠣ

ᠠᠮᠠᠷᠠᠭᠯᠠᠨ ᠬᠠᠨᠢᠯᠠᠬᠣ ᠶᠣᠰᠣᠳᠠᠢ

ᠤᠳᠤ ᠪᠢᠳᠡ ᠠᠮᠠᠷᠠᠭᠯᠠᠨ ᠶᠠᠪᠤᠶ᠎ᠠ ᠭᠡᠵᠦ ᠳᠡᠮᠦᠵᠢᠨ᠂ ᠮᠡᠷᠬᠢᠳ ᠤᠨ ᠳᠤᠭᠳᠠᠭ᠎ᠠ ᠡᠴᠡ ᠤᠯᠵᠠᠯᠠᠵᠤ ᠠᠪᠤᠭᠰᠠᠨ ᠠᠯᠳᠠᠨ ᠪᠦᠰᠡ ᠪᠠᠨ ᠵᠠᠮᠤᠬ᠎ᠠ ᠠᠨᠳᠠ ᠳᠤ ᠪᠦᠰᠡᠯᠡᠬᠦᠯᠵᠤ᠂ ᠳᠤᠭᠳᠠᠭ᠎ᠠ ᠶᠢᠨ ᠡᠰᠡᠭᠡᠯ (ᠡᠷᠡᠮᠡᠭ ᠪᠤᠶᠤ ᠠᠭᠰᠤᠮ ) ᠬᠠᠯᠢᠭᠤᠨ ᠢ ᠵᠠᠮᠤᠬ᠎ᠠ ᠠᠨᠳᠠ ᠳᠤ ᠤᠨᠤᠭᠤᠯᠪᠠ᠃ ᠵᠠᠮᠣᠬ᠎ᠠ ᠬᠠᠷᠢᠭᠣ ᠳᠤ ᠨᠢ ᠣᠧᠨᠰ ᠮᠠᠷᠭᠢᠳ ᠤᠨ ᠲᠠᠢ᠌ᠷ ᠣᠰᠣᠨ ᠡᠴᠡ ᠣᠯᠵᠠᠯᠠᠵᠣ ᠠᠪᠣᠭᠰᠠᠨ ᠠᠯᠳᠠᠨ ᠪᠦᠰᠡ ᠪᠠᠨ ᠲᠠᠮᠣᠵᠢᠨ ᠳᠤ ᠪᠦᠰᠡᠯᠠᠬᠥᠯᠵᠦ᠂ ᠮᠦᠨ ᠲᠠᠢ᠌ᠷ ᠣᠰᠣᠨ ᠤ ᠡᠪᠠᠷᠳᠣ ᠢᠰᠢᠬᠡᠨ ᠴᠠᠭᠠᠨ ᠮᠣᠷᠢ ᠶᠢ ᠲᠠᠮᠣᠵᠢᠨ ᠳᠤ ᠣᠨᠣᠭᠣᠯᠪᠠ᠃

ᠡᠢ᠌ᠠᠬᠥ ᠠᠨᠳᠠ ᠪᠣᠯᠣᠯᠴᠠᠵᠣ

ᠬᠣᠷᠬᠣᠨᠠᠭ ᠵᠤᠪᠣᠷ ᠤᠨ ᠬᠦᠠᠳᠡᠢ ᠳᠤ

ᠬᠣᠯᠳᠠᠭᠠᠷ ᠬᠣᠨ ᠤ ᠦᠪᠥᠷ ᠲᠤ

ᠰᠠᠭᠯᠠᠭᠠᠷ ᠮᠣᠳᠣᠨ ᠤ ᠲᠣᠣᠷ᠎ᠠ

ᠰᠠᠢ᠌ᠬᠠᠨ ᠬᠣᠷᠢᠮ ᠣᠢ᠌ᠯᠠᠳᠴᠣ

ᠰᠠᠢ᠌ᠳᠣᠷ ᠪᠦᠵᠢᠭ᠍ᠯᠡᠨ ᠵᠢᠷᠭᠠᠵᠣ

ᠰᠠᠨᠠᠭ᠎ᠠ ᠰᠠᠳᠬᠢᠯ ᠨᠢᠬᠡᠲᠦᠵᠦ

ᠰᠠᠢ᠌ᠨ ᠨᠦᠭᠦᠳ ᠪᠣᠯᠣᠭᠠᠳ

ᠰᠦᠨᠢ ᠨᠢᠬᠡᠨ ᠬᠦᠠᠵᠢᠯᠡ ᠳᠤ ᠣᠷᠣᠵᠣ ᠬᠣᠨᠣᠬᠣ ᠪᠦᠯᠦᠬᠡ᠃

118᠂ ᠲᠠᠮᠣᠵᠢᠨ ᠵᠠᠮᠣᠬ᠎ᠠ ᠬᠣᠶᠠᠷ ᠢᠨᠠᠭ ᠨᠠᠢ᠌ᠷᠠᠳᠠᠢ ᠪᠠᠢ᠌ᠵᠣ᠂ ᠨᠢᠬᠡᠨ ᠵᠢᠯ ᠬᠠᠭᠠᠰ ᠬᠠᠮᠳᠣ ᠰᠠᠭᠣᠵᠣ᠂ ᠨᠢᠬᠡᠨ ᠡᠳᠣᠷ ᠲᠠᠷᠠ ᠨᠣᠳᠣᠭ ᠡᠴᠡ ᠨᠡᠬᠥᠢ᠎ᠡ ᠬᠡᠯᠴᠡᠵᠦ᠂ ᠵᠤᠨ ᠤ ᠲᠡᠷᠢᠬᠥᠨ ᠰᠠᠷ᠎ᠠ ᠶᠢᠨ ᠠᠷᠪᠠᠨ ᠵᠢᠷᠭᠣᠭᠠᠨ ᠤ ᠣᠯᠠᠭᠠᠨ ᠲᠡᠷᠬᠡᠯ (ᠲᠦᠬᠥᠷᠢᠭ᠌) ᠰᠠᠷᠠ ᠲᠡᠶ ᠡᠳᠣᠷ ᠨᠡᠬᠥᠪᠡ᠃ ᠲᠠᠮᠣᠵᠢᠨ ᠵᠠᠮᠣᠬ᠎ᠠ ᠬᠣᠶᠠᠷ᠂ ᠲᠡᠷᠬᠡ ᠨᠣᠭᠦᠳ ᠤᠨ ᠣᠷᠢᠳᠣ ᠶᠠᠪᠣᠵᠣ ᠪᠠᠢ᠌ᠳᠠᠯ᠎ᠠ ᠵᠠᠮᠣᠬ᠎ᠠ ᠦᠬᠥᠯᠡᠷᠥᠨ᠄

《ᠲᠠᠮᠣᠵᠢᠨ ᠠᠨᠳᠠ ᠡ︕

ᠠᠭᠣᠯᠠᠨ ᠳᠤ ᠰᠢᠬᠠᠨ ᠪᠠᠭᠣᠶ᠎ᠠ᠂

ᠠᠳᠣᠭᠣᠴᠢᠨ ᠳᠤ ᠬᠡᠷ ᠪᠣᠯᠳᠣᠭᠠᠢ︕

(ᠠᠢ ᠵᠦᠪ ᠤᠤ)

ᠭᠣᠣᠯ ᠳᠤ ᠰᠢᠬᠠᠨ ᠪᠠᠭᠣᠶ᠎ᠠ

ᠬᠣᠨᠢᠴᠢᠨ ᠬᠣᠷᠠᠭᠠᠴᠢᠨ ᠨᠡᠷ ᠲᠤ

ᠬᠣᠭᠣᠯᠠ ᠪᠣᠯᠳᠣᠭᠠᠢ︕

(ᠬᠤᠷᠢᠭ ᠦᠭᠡᠢ ᠪᠢᠰᠢ ᠤᠤ)

(ᠬᠠᠭᠠᠰ ᠨᠢ ᠠᠳᠤᠭᠤᠨ ᠤ ᠪᠡᠯᠴᠢᠭᠡᠷ ᠢ ᠳᠠᠳᠠᠵᠤ ᠠᠭᠤᠯᠠᠨ ᠳᠤ ᠪᠠᠭᠤᠶ᠎ᠠ ᠂ ᠬᠠᠭᠠᠰ ᠨᠢ ᠬᠤᠨᠢᠨ ᠪᠡᠯᠴᠢᠭᠡᠷ ᠢ ᠳᠠᠳᠠᠵᠤ ᠭᠤᠤᠯ ᠳᠤ ᠪᠠᠭᠤᠶ᠎ᠠ ᠭᠡᠰᠡᠨ ᠦᠭᠡ ᠪᠤᠯᠤᠯᠳᠠᠢ)᠂ ᠳᠠᠮᠦᠵᠢᠨ᠂ ᠵᠠᠮᠤᠬ᠎ᠠ ᠶᠢᠨ ᠡᠨᠡ ᠦᠭᠡ ᠵᠢ ᠤᠬᠠᠨ ᠶᠠᠳᠠᠵᠤ ᠬᠠᠷᠢᠭᠤ ᠶᠠᠭᠤ ᠴᠤ ᠬᠡᠯᠡᠭᠰᠡᠨ ᠦᠭᠡᠢ ᠬᠤᠴᠤᠷᠤᠭᠠᠳ ᠨᠡᠬᠦᠳᠡᠯ ᠤᠨ ᠳᠡᠷᠭᠡ ᠵᠢ ᠬᠦᠯᠢᠶᠠᠵᠤ ᠦᠭᠡᠯᠤᠨ ᠡᠭᠡ ᠳᠤ ᠦᠬᠦᠯᠡᠷᠤᠨ᠄

《ᠵᠠᠮᠤᠬ᠎ᠠ ᠠᠨᠳᠠ ᠨᠠᠳᠠᠳᠣ ᠬᠡᠯᠡᠪᠡ᠄

ᠠᠭᠣᠯᠠᠨ ᠳᠤ ᠰᠢᠬᠠᠨ ᠪᠠᠭᠣᠶ᠎ᠠ

ᠠᠳᠣᠭᠣᠴᠢᠨ ᠳᠤ ᠬᠡᠷ ᠪᠣᠯᠳᠣᠭᠠᠢ︕

ᠡᠠᠶ᠎ᠠ ᠵᠦᠪ ᠦᠦ︖

ᠭᠣᠣᠯ ᠳᠤ ᠰᠢᠬᠠᠨ ᠪᠠᠭᠣᠶ᠎ᠠ

ᠬᠣᠨᠢᠴᠢᠨ ᠬᠣᠷᠠᠭᠠᠴᠢᠨ ᠨᠡᠷ ᠲᠤ ᠬᠣᠭᠣᠯᠠ ᠪᠣᠯᠳᠣᠭᠠᠢ︕

ᠬᠣᠷᠢᠭ ᠦᠭᠡᠶ ᠪᠢᠰᠢ ᠦᠦ︖ ᠬᠡᠵᠦ ᠦᠬᠥᠯᠡᠪᠡ᠂ ᠪᠢ ᠡᠨᠠ ᠦᠬᠡ ᠶᠢ ᠣᠬᠠᠨ ᠶᠠᠳᠠᠵᠣ ᠬᠠᠷᠢᠭᠣ ᠶᠠᠭᠣ ᠴᠤ ᠡᠰᠠ ᠬᠡᠯᠡᠪᠡ᠃ ᠡᠬᠡ ᠡᠴᠡ ᠠᠰᠠᠭᠣᠶ᠎ᠠ ᠬᠡᠵᠦ ᠢᠷᠠᠪᠠ ᠪᠢ》ᠬᠡᠪᠡ᠃ ᠦᠬᠡᠯᠥᠨ ᠡᠬᠡ ᠶᠢ ᠦᠬᠡ ᠬᠡᠯᠡᠵᠦ ᠠᠮᠵᠢᠭ᠎ᠠ ᠦᠭᠡᠶ ᠪᠠᠢ᠌ᠳᠠᠯ᠎ᠠ᠂ ᠪᠦᠷᠳᠡ ᠦᠵᠢᠨ ᠦᠬᠥᠯᠡᠷᠥᠨ᠄ 《ᠵᠠᠮᠤᠬ᠎ᠠ ᠠᠨᠳᠠ ᠠᠮᠠᠷᠬᠠᠨ ᠣᠢ᠌ᠳᠳᠠᠭ ᠬᠡᠳᠡᠭ ᠪᠢᠯᠠ᠃ ᠣᠳᠣ ᠪᠢᠳᠠᠨ ᠡᠴᠡ ᠣᠢ᠌ᠳᠬᠣ ᠴᠠᠭ ᠨᠢ ᠪᠣᠯᠣᠭᠰᠠᠨ ᠪᠢᠵᠠ᠂ ᠳᠤᠭᠠᠷ ᠤᠨ (ᠰᠠ‍‌ᠶᠢ ᠶᠢᠨ) ᠵᠠᠮᠤᠬ᠎ᠠ ᠠᠨᠳᠠ ᠶᠢᠨ ᠬᠡᠯᠡᠭᠰᠡᠨ ᠨᠢ ᠪᠢᠳᠡᠨ ᠢ ᠵᠢᠱᠢᠶᠯᠡᠭᠰᠡᠨ ᠦᠭᠡ ᠪᠤᠶᠤ ᠃ ᠪᠢᠳᠡ ᠪᠦᠤ ᠪᠠᠭᠤᠶ᠎ᠠ ᠂ ᠡᠨᠡ ᠬᠦᠳᠡᠯᠦᠭᠰᠡᠭᠡᠷ ᠰᠢᠯᠠᠭᠤᠬᠠᠨ ᠵᠠᠮᠤᠬ᠎ᠠ ᠡᠴᠡ ᠬᠠᠭᠠᠴᠠᠵᠤ ᠰᠦᠨᠢ ᠳᠤᠵᠢ ᠶᠠᠪᠤᠶ᠎ᠠ》ᠭᠡᠪᠡ᠃

119᠂ ᠪᠦᠷᠳᠡ ᠦᠵᠢᠨ ᠤ ᠦᠬᠡ ᠶᠢ ᠵᠦᠪᠰᠢᠶᠡᠷᠠᠵᠦ ᠦᠯᠤ ᠪᠠᠭᠣᠨ ᠰᠦᠨᠢ ᠲᠣᠵᠢ ᠶᠠᠪᠣᠵᠣ ᠵᠠᠭᠣᠷ᠎ᠠ ᠮᠦᠷ ᠲᠤ ᠲᠠᠢ᠌ᠴᠢᠭᠣᠳ ᠢ ᠲᠠᠭᠠᠷᠢᠪᠠ᠃ ᠲᠠᠢ᠌ᠴᠢᠭᠣᠳ ᠠᠶᠣᠵᠣ ᠮᠦᠨ ᠰᠦᠨᠢ ᠬᠦᠳᠡᠯᠵᠦ ᠵᠠᠮᠣᠬ᠎ᠠ ᠶᠢᠨ ᠵᠦᠭ᠌ ᠤᠳᠪᠠ᠃ ᠲᠠᠢ᠌ᠴᠢᠭᠣᠳ ᠤᠨ ᠪᠠᠰᠣᠳ ᠤᠨ ᠨᠣᠳᠣᠭ ᠲᠡᠬᠡᠷ᠎ᠡ ᠬᠦᠬᠡᠴᠦ ᠨᠡᠷ᠎ᠡ ᠲᠡᠶ ᠨᠢᠬᠡᠨ ᠦᠴᠥᠬᠡᠨ ᠬᠦᠪᠡᠬᠥᠨ ᠬᠣᠴᠣᠷᠣᠭᠰᠠᠨ ᠢ ᠮᠠᠨᠠᠢ᠌ᠬᠢᠨ ᠣᠯᠵᠣ ᠠᠪᠣᠭᠠᠳ ᠦᠬᠡᠯᠥᠨ ᠡᠬᠡ ᠳᠤ ᠦᠭᠴᠦ ᠲᠡᠵᠢᠬᠡᠯᠬᠡᠪᠡ᠃

120᠂ ᠲᠠᠮᠣᠵᠢᠨ ᠨᠡᠷ ᠲᠠᠷᠠ ᠰᠦᠨᠢ ᠲᠥᠯᠢᠨ ᠶᠠᠪᠣᠵᠣ ᠡᠳᠣᠷ ᠬᠡᠢ᠌ᠬᠥ ᠳᠤ ᠦᠵᠡᠪᠡᠯ᠂ ᠵᠠᠯᠠᠢ᠌ᠷ ᠠᠢ᠌ᠮᠠᠭ ᠤᠨ ᠬᠠᠴᠢᠭᠣᠨ ᠲᠣᠬᠣᠷᠠᠭᠣᠨ᠂ ᠬᠠᠷᠠᠬᠠᠢ ᠲᠣᠬᠣᠷᠠᠭᠣᠨ᠂ ᠬᠠᠷᠠᠯᠳᠠᠢ ᠲᠣᠬᠣᠷᠠᠭᠣᠨ ᠡᠠᠬ᠎ᠠ ᠲᠡᠬᠥᠤ ᠭᠣᠷᠪᠠᠭᠣᠯᠠ ᠰᠦᠨᠢ ᠲᠥᠯᠢᠨ ᠨᠡᠬᠥᠵᠦ ᠲᠠᠭᠠᠯᠳᠠᠨ ᠢᠷᠠᠪᠠ᠃ ᠲᠠᠷᠬᠠᠳ ᠠᠢ᠌ᠮᠠᠭ ᠤᠨ ᠬᠠᠳᠠᠭᠠᠨ᠂ ᠲᠠᠯᠳᠣᠷᠬᠠᠨ ᠡᠠᠬ᠎ᠠ ᠲᠡᠬᠥᠤ ᠲᠠᠪᠣᠭᠣᠯᠠ ᠪᠠᠰᠠ ᠮᠦᠩᠬᠡᠲᠦ ᠬᠢᠶᠠᠨ ᠤ ᠬᠦᠪᠡᠬᠥᠨ ᠥᠩᠬᠥᠷ ᠨᠠᠷ᠂ ᠴᠠᠩᠰᠢᠭᠣᠳ᠂ ᠪᠠᠶᠠᠭᠣᠳ ᠬᠠᠷᠢᠶᠠᠳᠣ ᠨᠡᠷ ᠶᠢᠠᠨ ᠲᠠᠭᠠᠭᠣᠯᠣᠨ ᠢᠷᠠᠪᠠ᠃ ᠪᠠᠷᠣᠯᠠᠰ ᠠᠢ᠌ᠮᠠᠭ ᠡᠴᠡ ᠬᠣᠪᠢᠯᠠᠢ᠂ ᠬᠣᠳᠣᠰ ᠡᠠᠬ᠎ᠠ ᠲᠡᠬᠥᠤ ᠨᠡᠷ ᠢᠷᠠᠪᠠ᠃ ᠮᠠᠩᠭ᠋ᠣᠳ ᠠᠢ᠌ᠮᠠᠭ ᠡᠴᠡ ᠵᠠᠳᠠᠢ᠂ ᠲᠣᠭᠣᠯᠬᠣ ᠴᠠᠷᠪᠢ ᠡᠠᠬ᠎ᠠ ᠲᠡᠬᠥᠤ ᠬᠣᠶᠠᠭᠣᠯᠠ ᠢᠷᠠᠪᠠ᠃ ᠪᠣᠭᠣᠷᠴᠣ ᠶ᠋ᠢᠨ ᠲᠡᠬᠥᠤ ᠦᠬᠡᠯᠡᠨ ᠴᠠᠷᠪᠢ᠂ ᠠᠷᠣᠯᠠᠳ ᠠᠢ᠌ᠮᠠᠭ ᠡᠴᠡ ᠬᠠᠭᠠᠴᠠᠵᠣ ᠡᠠᠬ᠎ᠠ ᠪᠣᠭᠣᠷᠴᠣ ᠳᠠᠭᠠᠨ ᠨᠠᠢ᠌ᠯᠠᠵᠣ ᠢᠷᠠᠪᠠ᠃ ᠵᠠᠯᠮ᠎ᠠ ᠶᠢᠨ ᠲᠡᠬᠥᠤ ᠴᠠᠭᠣᠷᠬᠠᠨ᠂ ᠰᠦᠪᠡᠬᠡᠳᠡᠢ ᠪᠠᠭᠠᠳᠣᠷ᠂ ᠣᠷᠢᠶᠠᠩᠬᠠᠢ ᠠᠢ᠌ᠮᠠᠭ ᠡᠴᠡ ᠰᠠᠯᠵᠣ ᠵᠠᠯᠮ᠎ᠠ ᠳᠤ ᠨᠠᠢ᠌ᠯᠠᠨ ᠢᠷᠠᠪᠠ᠃ ᠪᠠᠰᠣᠳ ᠠᠢ᠌ᠮᠠᠭ ᠡᠴᠡ ᠲᠡᠬᠡᠢ᠂ ᠬᠦᠴᠥᠬᠥᠷ ᠡᠠᠬ᠎ᠠ ᠲᠡᠬᠥᠤ ᠬᠣᠶᠠᠷ ᠢᠷᠠᠪᠠ᠃ ᠰᠥᠯᠳᠥᠰ ᠠᠢ᠌ᠮᠠᠭ ᠡᠴᠡ ᠴᠢᠯᠡᠬᠥᠳᠡᠢ ᠲᠠᠬᠢ᠂ ᠲᠠᠢ᠌ᠴᠢᠭᠣᠳᠠᠢ ᠡᠠᠬ᠎ᠠ ᠲᠡᠬᠥᠤ ᠨᠡᠷ ᠢᠷᠠᠪᠠ᠃ ᠵᠠᠯᠠᠢ᠌ᠷ ᠠᠢ᠌ᠮᠠᠭ ᠤᠨ ᠰᠠᠴᠠ ᠲᠣᠮᠣᠭ᠂ ᠠᠷᠬᠠᠢ ᠬᠠᠰᠠᠷ ᠪᠠᠯᠠ ᠬᠣᠶᠠᠭᠣᠯᠠ ᠬᠦᠪᠡᠬᠥᠨ ᠶᠢᠠᠨ ᠲᠠᠭᠠᠭᠣᠯᠵᠣ ᠢᠷᠠᠪᠠ᠃ ᠬᠣᠩᠬᠣᠳᠠᠨ ᠡᠴᠡ ᠰᠦᠬᠡᠲᠦ ᠴᠠᠷᠪᠢ ᠢᠷᠠᠪᠠ᠃ ᠰᠦᠬᠡᠬᠡᠨ ᠡᠴᠡ ᠵᠠᠬᠡᠢ᠂ ᠬᠣᠩᠳᠠᠭᠣᠷ ᠤᠨ ᠬᠦᠪᠡᠬᠥᠨ ᠰᠦᠬᠡᠬᠡᠢ᠂ ᠵᠡᠬᠦᠨ ᠢᠷᠠᠪᠠ᠃ ᠨᠡᠬᠥᠳᠡᠢ᠂ ᠴᠠᠭᠠᠨ ᠭᠤᠸ᠎ᠠ ᠢᠷᠠᠪᠠ᠃ ᠣᠯᠬᠣᠨᠣᠳ ᠠᠢ᠌ᠮᠠᠭ ᠡᠴᠡ ᠬᠢᠩᠬᠢᠶᠠᠳᠠᠢ᠂ ᠭᠣᠷᠯᠣᠰ ᠠᠢ᠌ᠮᠠᠭ ᠤᠨ ᠰᠡᠴᠢᠬᠥᠷ᠂ ᠲᠦᠷᠪᠡᠥᠨ ᠠᠢ᠌ᠮᠠᠭ ᠤᠨ ᠮᠦᠴᠢ ᠪᠦᠲᠦᠬᠥᠨ ᠨᠡᠷ ᠢᠷᠠᠪᠠ᠃ ᠢᠬᠢᠷᠠᠰ ᠠᠢ᠌ᠮᠠᠭ ᠤᠨ ᠪᠣᠳᠣ᠂ ᠡ᠊ᠠᠳᠠ ᠬᠦᠷᠬᠡᠨ ᠪᠣᠯᠵᠣ ᠪᠠᠢ᠌ᠭᠰᠠᠨ ᠲᠣᠯᠠ ᠬᠠᠮᠳᠣ ᠢᠷᠠᠪᠠ᠃ ᠨᠣᠶᠠᠬᠢᠨ ᠠᠢ᠌ᠮᠠᠭ ᠤᠨ ᠵᠤᠩᠰᠣ ᠢᠷᠠᠪᠠ᠃ ᠣᠷᠣᠨᠠᠷ ᠠᠢ᠌ᠮᠠᠭ ᠡᠴᠡ ᠵᠢᠷᠭᠣᠭᠠᠨ ᠢᠷᠠᠪᠠ᠃ ᠲᠡᠬᠡᠬᠡᠥᠨ ᠪᠠᠷᠣᠯᠠᠰ ᠠᠢ᠌ᠮᠠᠭ ᠡᠴᠡ ᠰᠣᠬᠣ ᠰᠠᠴᠠᠨ᠂ ᠬᠠᠷᠠᠴᠠᠷ ᠬᠦᠪᠡᠬᠥᠨ ᠲᠡᠶ ᠪᠠᠨ ᠢᠷᠠᠪᠠ᠃ ᠪᠠᠰᠠ ᠪᠠᠭᠠᠷᠢᠨ ᠠᠢ᠌ᠮᠠᠭ ᠤᠨ ᠬᠣᠷᠴᠢ ᠣᠰᠣᠨ ᠡᠪᠥᠬᠡᠨ᠂ ᠬᠦᠬᠡᠴᠥᠰ᠂ ᠮᠠᠨᠠᠨ ᠪᠠᠭᠠᠷᠢᠨ ᠶᠢᠠᠨ ᠲᠠᠭᠠᠭᠣᠯᠵᠣ ᠨᠢᠬᠡᠨ ᠬᠦᠷᠢᠶ᠎ᠡ ᠪᠣᠯᠵᠣ ᠢᠷᠠᠪᠠ᠃

121᠂ ᠬᠣᠷᠴᠢ ᠢᠷᠠᠵᠣ ᠦᠬᠥᠯᠡᠷᠥᠨ᠄ 《ᠪᠢᠳᠠ ᠪᠣᠳᠣᠠᠴᠠᠷ ᠪᠣᠭᠳᠠ ᠶᠢᠨ ᠪᠠᠷᠢᠵᠣ ᠠᠪᠣᠭᠰᠠᠨ ᠡᠮ᠎ᠠ ᠡᠴᠡ ᠲᠥᠷᠥᠭᠰᠡᠨ ᠲᠣᠯᠠ ᠵᠠᠮᠤᠬ᠎ᠠ ᠲᠡᠶ ᠬᠡᠪᠡᠯᠢ ᠨᠢᠬᠡᠳᠡᠢ᠂ ᠬᠡᠯᠬᠢᠢ᠎ᠡ ᠨᠢᠬᠡᠳᠡᠢ ᠬᠦᠮᠥᠰ ᠪᠢᠯᠠ᠃ ᠡᠢ᠌ᠮᠣ ᠶᠢᠨ ᠲᠣᠯᠠ ᠵᠠᠮᠣᠬ᠎ᠠ ᠡᠴᠡ ᠬᠠᠭᠠᠴᠠᠵᠣ ᠪᠣᠯᠬᠣ ᠦᠭᠡᠶ᠃ ᠬᠡᠪᠡᠴᠦ ᠵᠠᠭᠠᠷᠢᠨ ᠲᠡᠭ᠍ᠷᠢ ᠢᠷᠠᠵᠣ ᠨᠢᠳᠣᠨ ᠳᠤ ᠮᠢᠨᠢ ᠵᠢᠭᠠᠵᠣ ᠦᠵᠡᠬᠥᠯᠥᠭᠰᠡᠨ ᠨᠢ᠂ ᠬᠤᠸᠠᠭᠴᠢᠨ ᠦᠨᠢᠶ᠎ᠡ ᠢᠷᠠᠵᠣ ᠵᠠᠮᠣᠬ᠎ᠠ ᠵᠢ ᠲᠣᠭᠣᠷᠢᠨ ᠶᠠᠪᠣᠵᠣ᠂ ᠵᠠᠮᠣᠬ᠎ᠠ ᠶᠢ ᠪᠠ ᠬᠡᠷ ᠲᠡᠷᠬᠡ ᠶᠢ ᠨᠢ ᠮᠥᠷᠬᠥᠭ᠍ᠰᠠᠬᠡᠷ ᠦᠷᠣᠬᠡᠰᠥᠨ ᠡᠪᠠᠷ ᠶᠢᠠᠨ ᠬᠣᠭᠣᠯᠵᠣ ᠰᠣᠯᠵᠢᠷ ᠡᠪᠠᠷᠳᠠᠢ ᠪᠣᠯᠣᠭᠠᠳ 〈ᠡᠪᠠᠷ ᠢ ᠮᠢᠨᠢ ᠦᠭ᠌〉ᠬᠡᠵᠦ ᠵᠠᠮᠣᠬ᠎ᠠ ᠶᠢᠨ ᠵᠦᠭ᠌ ᠮᠦᠬᠡᠷᠡᠵᠦ ᠰᠢᠷᠣᠢ ᠰᠠᠵᠢᠯᠠᠨ ᠪᠠᠢ᠌ᠨ᠎ᠠ᠃ ᠪᠠᠰᠠ ᠨᠢᠬᠡᠨ ᠮᠤᠬᠤᠷ ᠤᠬᠠᠭ᠎ᠠ ᠦᠬᠡᠷ ᠢ ᠶᠡᠬᠡ ᠬᠡᠷ ᠲᠤ ᠲᠡᠷᠬᠡᠨ ᠳᠤ ᠬᠦᠯᠯᠡᠵᠡᠢ᠃ ᠳᠡᠷᠡ ᠦᠭᠡᠷ ᠶᠡᠬᠡ ᠳᠡᠷᠭᠡᠬᠦᠷ (ᠵᠠᠮ) ᠵᠢᠠᠷ ᠳᠠᠮᠦᠵᠢᠨ ᠤ ᠬᠤᠢ᠌ᠨ᠎ᠠ ᠡᠴᠡ ᠵᠢᠳᠬᠦᠨ ᠶᠠᠪᠤᠵᠤ ᠮᠦᠭᠡᠷᠡᠨ ᠬᠡᠯᠡᠬᠦ ᠨᠢ ᠄ 〈ᠳᠡᠭᠷᠢ ᠭᠠᠵᠠᠷ ᠡᠶᠡᠯᠳᠤᠵᠤ (ᠵᠦᠪᠯᠡᠵᠤ ) ᠳᠡᠮᠦᠵᠢᠨ ᠤᠯᠤᠰ ᠤᠨ ᠡᠵᠡᠨ ᠪᠤᠯᠳᠤᠭᠠᠢ ᠭᠡᠵᠦ ᠳᠡᠭᠡᠭᠡᠵᠤ ᠬᠦᠷᠭᠡᠵᠤ ᠶᠠᠪᠤᠨ᠎ᠠ〉ᠭᠡᠵᠦ ᠮᠦᠭᠡᠷᠡᠨ᠎ᠡ᠃ ᠡᠢ᠌ᠨᠬᠦ ᠮᠢᠨᠤ ᠨᠢᠳᠤᠨ ᠳᠤ ᠵᠠᠭᠠᠷᠢᠨ ᠳᠡᠭᠷᠢ ᠪᠠᠷ ᠵᠢᠭᠠᠵᠤ ᠦᠵᠡᠬᠦᠯᠪᠠ᠃ ᠳᠠᠮᠦᠵᠢᠨ ᠴᠢ ᠂ ᠤᠯᠤᠰ ᠤᠨ ᠡᠵᠡᠨ ᠪᠤᠯᠪᠠᠯ ᠨᠠᠮᠢ᠋ᠢ ᠤᠷᠢᠳᠠ ᠡᠴᠡ ᠵᠢᠭᠠᠵᠣ ᠬᠡᠯᠡᠭ᠍ᠰᠡᠨ ᠲᠣᠯᠠ ᠬᠡᠷᠬᠢᠨ ᠵᠢᠷᠭᠠᠭᠣᠯᠬᠣ ᠪᠣᠢ︖》ᠬᠡᠵᠦ ᠠᠰᠠᠭᠣᠪᠠᠯ᠂ ᠲᠠᠮᠣᠵᠢᠨ ᠦᠬᠥᠯᠡᠷᠥᠨ᠄《ᠦᠨᠡᠬᠡᠷ ᠪᠢ ᠣᠯᠣᠰ ᠤᠨ ᠡᠵᠠᠨ ᠪᠣᠯᠪᠠᠯ ᠴᠢᠮᠢ᠋ᠢ ᠲᠥᠮᠡᠨ ᠤ ᠨᠣᠶᠠᠨ ᠪᠣᠯᠭᠠᠶ᠎ᠠ》ᠬᠡᠪᠡ᠃ ᠬᠣᠷᠴᠢ ᠦᠬᠥᠯᠡᠷᠥᠨ᠄ 《ᠡᠳᠣᠢ ᠶᠡᠬᠡ ᠲᠥᠷᠤ ᠶᠢᠨ ᠣᠢ᠌ᠯᠠ ᠶᠢ ᠣᠷᠢᠳᠠ ᠡᠴᠡ ᠵᠢᠭᠠᠭᠰᠠᠨ ᠨᠠᠮᠢ᠋ᠢ ᠲᠥᠮᠡᠨ ᠤ ᠨᠣᠶᠠᠨ ᠪᠣᠯᠭᠠᠬᠣ ᠨᠢ ᠶᠠᠮᠠᠷ ᠵᠢᠷᠭᠠᠯᠠᠩ ᠪᠣᠢ︖ ᠨᠠᠮᠢ᠋ᠢ ᠲᠥᠮᠡᠨ ᠤ ᠨᠣᠶᠠᠨ ᠪᠣᠯᠭᠠᠭᠠᠳ ᠪᠦᠬᠥ ᠣᠯᠣᠰ ᠡᠴᠡ ᠭᠣᠸ᠎ᠠ ᠰᠠᠢ᠌ᠬᠠᠨ ᠦᠬᠢᠳ ᠭᠣᠴᠢ ᠶᠢ ᠰᠢᠯᠢᠨ ᠡᠮ᠎ᠠ ᠪᠣᠯᠭᠠᠬᠣ ᠡᠷᠬᠡ ᠶᠢ ᠣᠯᠭᠣ᠂ ᠪᠠᠰᠠ ᠮᠢᠨᠣ ᠶᠠᠭᠣ ᠬᠡᠯᠡᠭ᠍ᠰᠡᠨ ᠪᠦᠬᠥᠨ ᠢ ᠠᠩᠬᠠᠷᠴᠣ ᠰᠣᠨᠣᠰ︕》ᠬᠡᠪᠡ᠃

122᠂ ᠬᠣᠨᠠᠨ ᠲᠡᠷᠢᠬᠥᠳᠡᠨ ᠬᠡᠨᠢᠬᠡᠰ ᠨᠢᠬᠡᠨ ᠬᠦᠷᠢᠶ᠎ᠡ ᠪᠣᠯᠵᠣ᠂ ᠪᠠᠰᠠ ᠲᠠᠷᠢᠳᠠᠢ ᠤᠳᠴᠢᠬᠢᠨ ᠨᠢᠬᠡᠨ ᠬᠦᠷᠢᠶ᠎ᠡ ᠪᠣᠯᠵᠣ ᠢᠷᠠᠪᠠ᠃ ᠵᠠᠳᠠᠷᠠᠨ ᠠᠢ᠌ᠮᠠᠭ ᠤᠨ ᠮᠣᠯᠬᠠᠯᠠᠬᠣ ᠢᠷᠠᠪᠠ᠃ ᠣᠠᠵᠢᠨ ᠰᠠᠬᠠᠢ᠌ᠳ ᠨᠢᠬᠡᠨ ᠬᠦᠷᠢᠶ᠎ᠡ ᠪᠣᠯᠵᠣ ᠢᠷᠠᠪᠠ᠃ ᠵᠠᠮᠣᠬ᠎ᠠ ᠡᠴᠡ ᠡᠢ᠌ᠠᠬᠥ ᠰᠠᠯᠵᠣ ᠬᠦᠳᠡᠯᠣᠬᠡᠥᠨ ᠬᠢᠮᠣᠷᠭ᠎ᠠ ᠭᠣᠷᠣᠬ᠎ᠠ ᠶᠢᠨ ᠠᠢ᠌ᠯ ᠬᠠᠷᠠᠭᠠᠨ᠎ᠠ ᠬᠡᠳᠡᠭ ᠭᠠᠵᠠᠷ ᠬᠦᠷᠴᠦ ᠪᠠᠭᠣᠪᠠ᠃ ᠲᠠᠷᠠ ᠴᠠᠭ ᠲᠤ ᠪᠠᠰᠠ ᠵᠠᠮᠣᠬ᠎ᠠ ᠡᠴᠠ ᠰᠠᠯᠵᠣ ᠵᠦᠷᠬᠢᠨ ᠤ ᠰᠣᠷᠬᠠᠳᠣ ᠵᠦᠷᠬᠢᠨ ᠬᠦᠪᠡᠬᠥᠨ ᠰᠠᠴᠠ ᠪᠠᠬᠢ ᠲᠠᠢ᠌ᠴᠣ ᠬᠣᠶᠠᠷ ᠨᠢᠬᠡᠨ ᠬᠦᠷᠢᠶ᠎ᠡ ᠪᠣᠯᠵᠣ ᠨᠡᠬᠥᠨ ᠲᠠᠢ᠌ᠵᠢ ᠶᠢᠨ ᠬᠦᠪᠡᠬᠥᠨ ᠬᠣᠴᠠᠷ ᠪᠠᠬᠢ ᠨᠢᠬᠡᠨ ᠬᠦᠷᠢᠶ᠎ᠡ ᠪᠣᠯᠵᠣ᠂ ᠬᠣᠳᠠᠯᠠ ᠬᠠᠭᠠᠨ ᠤ ᠬᠦᠪᠡᠬᠥᠨ ᠠᠯᠳᠠᠨ ᠤᠳᠴᠢᠬᠢᠨ ᠨᠢᠬᠡᠨ ᠬᠦᠷᠢᠶ᠎ᠡ ᠪᠣᠯᠵᠣ᠂ ᠵᠠᠮᠣᠬ᠎ᠠ ᠡᠴᠠ ᠰᠠᠯᠵᠣ ᠬᠦᠳᠡᠯᠣᠬᠡᠥᠨ ᠲᠠᠮᠣᠵᠢᠨ ᠢ ᠬᠢᠮᠣᠷᠭ᠎ᠠ ᠭᠣᠷᠣᠬ᠎ᠠ ᠶᠢᠨ ᠠᠢ᠌ᠯ ᠬᠠᠷᠠᠭᠠᠨ᠎ᠠ ᠳᠤ ᠪᠠᠭᠣᠵᠣ ᠪᠠᠢ᠌ᠬᠣ ᠳᠤ ᠨᠠᠢ᠌ᠯᠠᠨ ᠢᠷᠠᠪᠠ᠃ ᠲᠠᠮᠣᠵᠢᠨ ᠨᠡᠷ ᠲᠠᠠᠳᠠ ᠡᠴᠡ ᠨᠡᠬᠥᠵᠦ ᠬᠦᠷᠡᠯᠬᠥ ᠲᠣᠳᠣᠷᠠᠬᠢ ᠰᠠᠩᠬᠥᠷ ᠭᠣᠷᠣᠬᠠᠨ ᠤ ᠬᠠᠷ᠎ᠠ ᠵᠢᠷᠥᠬᠡᠨ ᠤ ᠬᠦᠬᠡ ᠨᠠᠭᠣᠷ ᠲᠤ ᠣᠴᠢᠵᠣ ᠪᠠᠭᠣᠪᠠ᠃

123᠂ ᠠᠯᠳᠠᠨ᠂ ᠬᠣᠴᠠᠷ᠂ ᠰᠠᠴᠠ ᠪᠠᠬᠢ ᠪᠦᠬᠥᠳᠡᠬᠡᠷ ᠵᠦᠪᠯᠡᠯᠲᠦᠵᠦ ᠲᠠᠮᠣᠵᠢᠨ ᠳᠤ ᠦᠬᠥᠯᠡᠷᠥᠨ᠄

《ᠴᠢᠮᠢ᠋ᠢ ᠬᠠᠭᠠᠨ ᠪᠣᠯᠭᠠᠶ᠎ᠠ᠂

ᠲᠠᠮᠣᠵᠢᠨ ᠴᠢᠮᠢ᠋ᠢ ᠬᠠᠭᠠᠨ ᠪᠣᠯᠭᠠᠵᠣ ᠪᠢᠳᠠ

ᠣᠯᠠᠨ ᠲᠠᠢ᠌ᠨ ᠳᠤ

ᠣᠷᠣᠢ᠌ᠯᠠᠨ ᠶᠠᠪᠣᠵᠣ

ᠣᠠᠴᠠ ᠭᠣᠸ᠎ᠠ

ᠦᠬᠢᠥᠨ ᠢ ᠣᠯᠵᠠᠯᠠᠵᠣ

ᠣᠷᠳᠣᠨ ᠰᠠᠢ᠌ᠬᠠᠨ

ᠬᠡᠷ ᠢ ᠠᠪᠴᠣ

ᠣᠯᠠᠨ ᠤ ᠬᠠᠭᠠᠨ

ᠲᠠᠮᠣᠵᠢᠨ ᠳᠤ ᠦᠭ᠍‍ᠬᠥᠢ᠎ᠡ᠃

ᠬᠠᠷᠢ ᠶᠢᠨ ᠢᠷᠬᠡᠨ ᠢ

ᠬᠠᠯᠳᠠᠨ ᠲᠣᠪᠳᠣᠯᠵᠣ

ᠬᠠᠴᠠᠷ ᠭᠣᠸ᠎ᠠ

ᠬᠠᠳᠣᠳ ᠢ ᠣᠯᠵᠠᠯᠠᠵᠣ

ᠬᠠᠳᠠᠷᠢᠶ᠎ᠠ ᠰᠠᠢ᠌ᠳᠣ

ᠠᠭᠳᠠ ᠶᠢ ᠬᠦᠬᠡᠬᠡᠵᠦ

ᠠᠪᠴᠢᠷᠠᠵᠣ ᠦᠭ᠍‍ᠬᠥᠢ᠎ᠡ᠃

ᠣᠷᠣᠭ᠎ᠠ ᠬᠦᠷᠥᠬᠡᠰᠦ ᠶᠢ

ᠠᠪᠠᠯᠠᠬᠣ ᠴᠠᠭ ᠲᠤ

ᠣᠳᠣᠵᠣ ᠣᠢ᠌ᠷᠠᠳᠣᠭᠣᠯᠵᠣ

ᠦᠭ᠍‍ᠬᠥᠢ᠎ᠡ ᠪᠢᠳᠠ᠃

ᠣᠢ ᠶᠢᠨ ᠬᠦᠷᠥᠬᠡᠰᠦ ᠶᠢ

ᠠᠩᠨᠠᠬᠣ ᠴᠠᠭ ᠲᠤ

ᠣᠯᠵᠠ ᠭᠠᠷᠭᠠᠵᠣ ᠦᠭ᠍‍ᠬᠥᠢ᠎ᠡ ᠪᠢᠳᠠ᠃

ᠬᠡᠬᠡᠷ᠎ᠡ ᠶᠢᠨ ᠬᠦᠷᠥᠬᠡᠰᠦ ᠶᠢ

ᠬᠡᠳᠡᠵᠦ ᠠᠪᠠᠯᠠᠬᠣ ᠳᠤ

ᠬᠡᠪᠡᠯᠢ ᠶᠢ ᠨᠢ ᠨᠠᠢ᠌ᠯᠠᠳᠠᠯ᠎ᠠ

ᠰᠢᠬᠠᠵᠣ ᠦᠭ᠍‍ᠬᠥᠢ᠎ᠡ᠃

ᠭᠣᠤ ᠶᠢᠨ ᠬᠦᠷᠥᠬᠡᠰᠦ ᠶᠢ

ᠠᠩᠨᠠᠬᠣ ᠴᠠᠭ ᠲᠤ

ᠭᠣᠶ᠎ᠠ ᠶᠢ ᠨᠢ ᠨᠠᠢ᠌ᠯᠠᠳᠠᠯ᠎ᠠ

ᠰᠢᠬᠠᠵᠣ ᠦᠭ᠍‍ᠬᠥᠢ᠎ᠡ᠃

ᠬᠠᠳᠬᠣᠯᠳᠣᠬᠣ ᠲᠠᠢ᠌ᠨ

ᠪᠣᠯᠬᠣ ᠴᠠᠭ ᠲᠤ

ᠬᠠᠨ ᠲᠠᠮᠣᠵᠢᠨ ᠴᠢᠨᠣ

ᠬᠠᠳᠠᠭᠣ ᠵᠠᠷᠯᠢᠭ ᠢ

ᠬᠠᠢ᠌ᠬᠣᠷᠠᠬᠣ ᠦᠭᠡᠶ ᠶᠠᠪᠣᠪᠠᠯ

ᠬᠠᠳᠣᠨ ᠡᠮ᠎ᠠ ᠡᠴᠡ

ᠬᠠᠭᠠᠴᠠᠭᠣᠯᠣᠨ ᠰᠠᠯᠭᠠᠵᠣ

ᠬᠠᠮᠣᠭ ᠶᠠᠭᠣᠮ᠎ᠠ ᠶᠢ

ᠬᠠᠮᠣᠷᠠᠨ ᠠᠪᠴᠣ

ᠬᠠᠷ᠎ᠠ ᠲᠣᠯᠣᠭᠠᠢ ᠶᠢ ᠮᠢᠨᠢ

ᠬᠠᠶᠠᠵᠣ ᠣᠳᠣᠭᠳᠣᠨ᠃

ᠡᠨᠡᠬᠥ ᠴᠠᠭ ᠲᠤ

ᠡᠵᠠᠨ ᠲᠠᠮᠣᠵᠢᠨ ᠴᠢᠨᠣ

ᠡᠶ᠎ᠡ ᠵᠠᠷᠯᠢᠭ ᠢ

ᠡᠰᠠ ᠲᠠᠭᠠᠬᠣ ᠪᠣᠯ

ᠡᠵᠡᠯᠡᠭ᠍ᠰᠡᠨ ᠠᠷᠠᠳ ᠢ ᠠᠪᠴᠣ

ᠡᠮ᠎ᠠ ᠬᠦᠪᠡᠭᠦᠳ ᠢ ᠪᠣᠯᠢᠶᠠᠵᠣ

ᠡᠨᠠ ᠪᠠᠶ᠎ᠠ ᠶᠢ ᠮᠢᠨᠢ

ᠡᠵᠡᠬᠥᠢ ᠭᠠᠵᠠᠷ

ᠬᠦᠬᠡᠬᠡᠵᠦ ᠣᠷᠬᠢ》ᠬᠡᠪᠡ᠃

ᠡᠢ᠌ᠮᠣ ᠦᠬᠡ ᠶᠢ ᠬᠡᠯᠡᠵᠦ᠂ ᠡᠢ᠌ᠠᠬᠥ ᠠᠮᠨ ᠠᠯᠳᠠᠵᠣ᠂ ᠲᠠᠮᠣᠵᠢᠨ ᠢ ᠴᠢᠩᠬᠢᠰ ᠬᠠᠭᠠᠨ ᠬᠡᠵᠦ ᠨᠠᠷᠠᠢ᠌ᠳᠣᠵᠣ ᠬᠠᠭᠠᠨ ᠪᠣᠯᠭᠠᠪᠠ (ᠴᠢᠩᠬᠢᠰ ᠬᠠᠭᠠᠨ ᠬᠡᠬᠥ ᠨᠢ ᠲᠠᠩᠬᠢᠰ ᠬᠠᠭᠠᠨ᠂ ᠲᠠᠯᠠᠢ ᠬᠠᠭᠠᠨ ᠬᠡᠰᠡᠨ ᠦᠬᠡ ᠪᠣᠯᠣᠯᠳᠠᠢ᠃)

124᠂ ᠴᠢᠩᠬᠢᠰ ᠬᠠᠭᠠᠨ ᠪᠣᠯᠣᠭᠠᠳ ᠪᠣᠭᠣᠷᠴᠣ ᠶᠢᠨ ᠲᠡᠬᠥᠤ ᠦᠬᠡᠯᠡᠨ ᠴᠠᠷᠪᠢ᠂ ᠬᠠᠴᠢᠭᠣᠨ ᠲᠣᠬᠣᠷᠭᠣᠨ ᠪᠠ ᠡᠠᠬ᠎ᠠ ᠲᠡᠬᠥᠤ ᠵᠠᠳᠠᠢ᠂ ᠲᠣᠭᠣᠯᠬᠣ ᠲᠥᠷᠪᠡ ᠳᠤ ᠬᠣᠷᠮᠣᠰᠬ᠎ᠠ ᠠᠭᠰᠠᠭᠣᠯᠪᠠ᠃ ᠥᠩᠬᠥᠷ᠂ ᠰᠦᠢᠬᠡᠲᠦ ᠴᠠᠷᠪᠢ᠂ ᠬᠠᠳᠠᠭᠠᠨ ᠲᠠᠯᠳᠣᠷᠬᠠᠨ ᠭᠣᠷᠪᠠ ᠦᠬᠥᠯᠡᠷᠥᠨ᠄

《ᠦᠷᠯᠦᠬᠡ ᠶᠢᠨ ᠵᠤᠭ᠎ᠠ ᠶᠢ

ᠦᠨᠢᠳᠡ ᠣᠰᠣᠯᠳᠠᠬᠣ ᠦᠭᠡᠶ

ᠦᠳᠡ ᠶᠢᠨ ᠣᠮᠳᠠ ᠶᠢ

ᠡᠬᠥᠷᠢᠳᠡ ᠲᠠᠰᠣᠯᠳᠠᠬᠣ ᠦᠭᠡᠶ

ᠬᠦᠢᠴᠡᠳᠬᠡᠵᠦ ᠪᠠᠢ᠌ᠶ᠎ᠠ》ᠬᠡᠰᠡᠨ ᠲᠣᠯᠠ ᠪᠠᠭᠣᠷᠢᠴᠢᠨ (ᠳᠤᠭᠤᠭᠠᠴᠢ) ᠪᠣᠯᠭᠠᠪᠠ᠃

ᠲᠡᠬᠡᠢ ᠦᠬᠥᠯᠡᠷᠥᠨ᠄

《ᠠᠯᠠᠭ ᠰᠠᠢ᠌ᠬᠠᠨ ᠬᠣᠨᠢᠳ ᠢ

ᠠᠷᠤ ᠲᠦᠬᠥᠷᠠᠩ ᠪᠡᠯᠴᠢᠬᠡᠵᠦ

ᠬᠣᠨᠢᠨ ᠣᠯᠠᠨ ᠰᠥᠷᠥᠭ ᠢ

ᠬᠣᠳᠠ ᠲᠦᠬᠥᠷᠠᠩ ᠦᠰᠬᠡᠵᠦ

ᠬᠣᠪᠳᠣᠭ ᠲᠥᠷᠥᠭᠰᠡᠨ ᠪᠢ ᠴᠢᠨᠢ

ᠬᠣᠣᠰ ᠴᠣᠪᠳᠠᠢ ᠬᠦᠷᠳᠡᠵᠦ

ᠬᠣᠰᠬᠢᠨᠠᠭ ᠮᠢᠬ᠎ᠠ ᠢᠳᠠᠵᠣ

ᠡᠳᠣᠷ ᠲᠣᠳᠣᠮ ᠦᠨᠵᠢᠬᠥ ᠦᠭᠡᠶ

ᠬᠣᠨᠣᠭ ᠲᠣᠳᠣᠮ ᠬᠣᠵᠢᠮᠳᠠᠬᠣ ᠦᠭᠡᠶ

ᠰᠢᠯᠢᠳᠡᠭ ᠢᠷᠬᠡ ᠶᠢ ᠠᠯᠠᠵᠣ

ᠰᠢᠮᠠᠳᠠᠢ ᠱᠥᠯᠤ ᠶᠢ ᠪᠡᠯᠡᠳᠬᠡᠵᠦ ᠶᠠᠪᠣᠶ᠎ᠠ》

ᠬᠡᠰᠡᠨ ᠲᠣᠯᠠ ᠲᠡᠬᠡᠢ ᠪᠠᠷ ᠬᠣᠨᠢ ᠠᠳᠣᠭᠣᠯᠠᠭᠣᠯᠪᠠ᠃ ᠲᠡᠬᠥᠨ ᠤ ᠲᠡᠬᠥᠤ ᠬᠦᠴᠥᠬᠥᠷ ᠦᠬᠥᠯᠡᠷᠥᠨ᠄

《ᠴᠣᠣᠷᠭᠠᠳᠠᠢ ᠲᠡᠷᠬᠡᠨ ᠤ

ᠴᠣᠣᠷᠭ᠎ᠠ ᠴᠦᠴᠡ

ᠴᠣᠴᠠᠷᠠᠨ ᠡᠪᠳᠡᠷᠠᠬᠥ ᠦᠭᠡᠶ ᠪᠣᠯᠭᠠᠵᠣ

ᠲᠠᠩᠬᠡᠯᠢᠭ᠌ ᠲᠡᠶ ᠲᠡᠷᠬᠡ ᠶᠢ

ᠲᠡᠷᠠᠬᠥᠷ ᠵᠠᠮ ᠳᠤ

ᠲᠠᠩᠬᠡᠯᠢᠭ᠌ ᠰᠠᠭᠠᠳᠠᠬᠣ ᠦᠭᠡᠶ ᠪᠣᠯᠭᠠᠵᠣ

ᠲᠡᠷᠬᠡ ᠬᠡᠷ ᠤᠨ ᠠᠵᠢᠯ ᠢ

ᠲᠡᠭ᠍ᠰᠢᠯᠡᠨ ᠵᠠᠰᠠᠵᠣ ᠶᠠᠪᠣᠶ᠎ᠠ》ᠬᠡᠰᠡᠨ ᠲᠣᠯᠠ ᠬᠦᠴᠥᠬᠥᠷ ᠢ ᠲᠡᠷᠬᠡᠴᠢ ᠶᠢᠨ ᠲᠣᠰᠢᠶᠠᠯ ᠳᠤ ᠲᠣᠮᠢᠯᠠᠪᠠ᠃ ᠬᠡᠷ ᠲᠣᠳᠣᠷᠠᠬᠢ ᠬᠡᠷᠬᠡᠢ ᠬᠡᠣᠬᠡᠥᠨ ᠪᠠ ᠵᠠᠷᠣᠴᠠ ᠨᠡᠷ ᠢ ᠲᠣᠳᠣᠢ ᠴᠠᠷᠪᠢ ᠪᠠᠷ ᠵᠠᠬᠢᠷᠠᠭᠣᠯᠪᠠ᠃ ᠬᠠᠰᠠᠷ ᠤᠨ ᠵᠠᠬᠢᠷᠭᠠᠨ ᠳᠤ ᠢᠯᠳᠣ ᠠᠭᠰᠣᠵᠣ ᠶᠠᠪᠣᠬᠣ ᠪᠠᠷ ᠬᠣᠪᠢᠯᠠᠢ᠂ ᠴᠢᠯᠬᠥᠳᠡᠢ᠂ ᠬᠠᠷᠬᠠᠢ ᠲᠣᠬᠣᠷᠭᠣᠨ ᠭᠣᠷᠪᠠ ᠶᠢ ᠲᠣᠮᠢᠯᠠᠵᠣ᠄

《ᠬᠦᠴᠦ ᠲᠥᠷᠢᠮᠡᠬᠡᠢ᠌ᠯᠡᠭ᠍ᠴᠢᠥᠨ ᠤᠨ

ᠬᠦᠵᠦᠬᠥᠤ ᠶᠢ ᠬᠢᠶᠠᠩᠭ᠋ᠠᠷᠳᠠᠵᠣ

ᠣᠮᠣᠭ ᠶᠡᠬᠡᠳᠡᠨ ᠤ

ᠣᠮᠣᠷᠣ ᠶᠢ ᠣᠭᠳᠣᠯᠵᠣ ᠶᠠᠪᠣ》ᠬᠡᠪᠡ᠃

ᠪᠡᠯᠬᠥᠳᠡᠢ᠂ ᠬᠠᠷᠠᠯᠳᠠᠢ ᠲᠣᠬᠣᠷᠭᠣᠨ ᠬᠣᠶᠠᠷ ᠢ᠄ 《ᠠᠭᠳᠠ ᠬᠠᠷᠢᠭᠣᠯᠳᠣᠭᠠᠢ᠂ ᠠᠭᠳᠠᠴᠢᠨ ᠪᠣᠯᠳᠣᠭᠠᠢ》ᠬᠡᠪᠡ᠃ ᠲᠠᠢ᠌ᠴᠢᠭᠣᠳ ᠤᠨ ᠬᠣᠳᠣ ᠮᠣᠷᠢᠴᠢ᠂ ᠮᠣᠯᠠᠬᠠᠯᠬᠣ ᠭᠣᠷᠪᠠ ᠶᠢ 《ᠠᠳᠣᠭᠣ ᠠᠳᠣᠭᠣᠯᠳᠣᠭᠠᠢ》ᠬᠡᠪᠡ᠃ ᠠᠷᠬᠠᠢ ᠬᠠᠰᠠᠷ᠂ ᠲᠠᠬᠠᠷ᠂ ᠰᠦᠬᠡᠬᠡᠢ᠂ ᠴᠠᠭᠣᠷᠬᠠᠨ ᠲ᠋ᠥᠷᠪᠡ ᠶᠢ 《ᠬᠤᠯᠠ ᠶᠢᠨ ᠬᠤᠯᠪᠤᠭᠴᠢ ᠂ ᠤᠢᠢᠷ᠎ᠠ ᠶᠢᠨ ᠤᠳᠤᠴᠢ (ᠬᠤᠯᠠ ᠤᠢ᠌ᠷ᠎ᠠ ᠵᠢ ᠰᠤᠷᠪᠤᠯᠵᠢᠯᠠᠬᠤ ᠭᠠᠵᠠᠷᠴᠢ) ᠪᠤᠯᠳᠤᠭᠠᠢ》ᠭᠡᠪᠡ᠃  ᠰᠦᠪᠡᠬᠡᠳᠡᠢ ᠪᠠᠭᠠᠳᠣᠷ ᠦᠬᠥᠯᠡᠷᠥᠨ᠄

《ᠬᠣᠯᠣᠭᠠᠨ᠎ᠠ ᠣᠭᠣᠳᠠᠨ᠎ᠠ ᠮᠠᠳᠣ

ᠬᠣᠷᠢᠶᠠᠭᠰᠠᠨ ᠬᠦᠷᠣᠩᠬᠡ ᠶᠢ ᠬᠠᠳᠠᠭᠠᠯᠠᠵᠣ

ᠬᠠᠷ᠎ᠠ ᠬᠡᠷᠢᠶ᠎ᠡ ᠮᠠᠳᠣ

ᠬᠠᠮᠣᠭ ᠶᠠᠭᠣᠮ᠎ᠠ ᠶᠢ ᠬᠠᠷᠠᠮᠯᠠᠵᠣ

ᠨᠥᠮᠥᠷᠬᠥ ᠢᠰᠠᠬᠡᠢ ᠮᠠᠳᠣ

ᠨᠦᠬᠥᠬᠡᠰᠦ ᠪᠠᠮᠪᠠᠢ ᠪᠣᠯᠵᠣ

ᠬᠡᠷ ᠣᠷᠣᠨ ᠢ ᠬᠠᠮᠠᠭᠠᠯᠠᠬᠣ

ᠬᠡᠷᠡᠰᠬᠡ ᠶᠢᠨ ᠪᠦᠷᠢᠶᠡᠰᠤ ᠪᠣᠯᠣᠶ᠎ᠠ》ᠬᠡᠪᠡ᠃

125᠂ ᠲᠠᠠᠳᠠ ᠡᠴᠡ ᠴᠢᠩᠬᠢᠰ ᠬᠠᠭᠠᠨ᠂ ᠬᠠᠨ ᠪᠣᠯᠵᠣ ᠪᠣᠭᠣᠷᠴᠣ ᠵᠠᠯᠮ᠎ᠠ ᠬᠣᠶᠠᠷ ᠲᠤ ᠦᠬᠥᠯᠡᠷᠥᠨ᠄

《ᠰᠡᠬᠥᠳᠡᠷ ᠡᠴᠡ ᠦᠬᠡᠷ᠎ᠡ

ᠨᠦᠬᠥᠷ ᠦᠭᠡᠶ ᠪᠠᠢ᠌ᠬᠣ ᠳᠤ

ᠰᠡᠬᠥᠳᠡᠷ ᠮᠢᠨᠢ ᠪᠣᠯᠵᠣ

ᠰᠡᠬᠥᠯ ᠡᠴᠡ ᠦᠬᠡᠷ᠎ᠡ ᠲᠠᠰᠢᠭᠣᠷ ᠦᠭᠡᠶ ᠪᠠᠢ᠌ᠬᠣ ᠳᠤ

ᠰᠡᠬᠥᠯ ᠮᠢᠨᠢ ᠪᠣᠯᠵᠣ

ᠰᠠᠳᠬᠢᠯ ᠢ ᠮᠢᠨᠢ ᠰᠡᠷᠬᠥᠬᠡᠵᠦ

ᠰᠠᠨᠠᠭ᠎ᠠ ᠶᠢ ᠮᠢᠨᠢ ᠠᠮᠠᠷᠠᠭᠣᠯᠣᠭᠰᠠᠨ

ᠵᠢᠷᠥᠬᠡᠨ ᠤ ᠲᠣᠳᠣᠨᠣ ᠨᠦᠭᠦᠳ ᠮᠢᠨᠢ

ᠲᠠ ᠬᠣᠶᠠᠷ ᠬᠠᠮᠣᠭ ᠡᠴᠡ ᠣᠷᠢᠳᠣ ᠢᠷᠠᠵᠣ ᠨᠦᠬᠥᠷᠯᠡᠭ᠍ᠰᠡᠨ ᠲᠣᠯᠠ ᠬᠠᠮᠣᠭ ᠢ ᠠᠬᠠᠯᠠᠨ᠎ᠠ》ᠬᠡᠪᠡ᠃ ᠪᠠᠰᠠ ᠴᠢᠩᠬᠢᠰ ᠬᠠᠭᠠᠨ ᠦᠬᠥᠯᠡᠷᠥᠨ᠄ 《ᠲ᠋ᠡᠭ᠍ᠷᠢ ᠲᠤ ᠦᠷᠥᠰᠢᠶᠡᠭ᠍ᠳᠡᠵᠦ᠂ ᠭᠠᠵᠠᠷ ᠲᠤ ᠢᠪᠡᠬᠡᠭ᠍ᠳᠡᠵᠦ᠂ ᠵᠠᠮᠣᠬ᠎ᠠ ᠡᠴᠡ ᠰᠠᠯᠵᠣ ᠨᠠᠮᠢ᠋ᠢ ᠰᠠᠳᠬᠢᠵᠣ ᠨᠦᠬᠥᠷᠯᠡᠶ᠎ᠡ ᠬᠡᠵᠦ ᠢᠷᠡᠭ᠍ᠰᠡᠨ ᠠᠩᠬᠠᠨ ᠤ ᠦᠯᠵᠡᠢ᠌ᠲᠦ ᠨᠦᠭᠦᠳ ᠮᠢᠨᠢ ᠠᠯᠢᠨ ᠡᠴᠡ ᠴᠤ ᠢᠯᠡᠬᠥᠤ ᠬᠦᠠᠲᠦᠳᠡᠢ ᠪᠠᠢ᠌ᠬᠣ ᠣᠴᠢᠷᠳᠠᠢ ᠲᠣᠯᠠ ᠡᠢ᠌ᠠᠬᠥ ᠲᠠ ᠨᠡᠷ ᠢ ᠵᠤᠬᠢᠬᠣ ᠵᠤᠬᠢᠬᠣ ᠲᠣᠰᠢᠶᠠᠯ ᠳᠤ ᠲᠣᠮᠢᠯᠠᠪᠠ》 ᠬᠡᠪᠡ᠃

126᠂ ᠴᠢᠩᠬᠢᠰ ᠬᠠᠭᠠᠨ ᠢ ᠬᠠᠭᠠᠨ ᠪᠣᠯᠭᠠᠪᠠ ᠬᠡᠵᠦ ᠬᠡᠷᠡᠢ᠌ᠥᠨ ᠤᠨ ᠲᠣᠭᠣᠷᠢᠯ ᠬᠠᠨ ᠳᠤ ᠲᠠᠬᠠᠢ᠂ ᠰᠦᠬᠡᠬᠡᠢ ᠬᠣᠶᠠᠷ ᠢ ᠢᠯᠡᠬᠡᠪᠡᠯ᠂ ᠲᠣᠭᠣᠷᠢᠯ ᠬᠠᠨ ᠦᠬᠥᠯᠡᠷᠥᠨ᠄ 《ᠲᠠᠮᠣᠵᠢᠨ ᠬᠦᠪᠡᠬᠥᠨ ᠢ ᠮᠢᠨᠢ᠂ ᠬᠠᠨ ᠪᠣᠯᠭᠠᠭᠰᠠᠨ ᠨᠢ ᠮᠠᠰᠢ ᠵᠦᠪ᠃ ᠮᠣᠩᠭ᠋ᠣᠯᠴᠣᠳ᠂ ᠬᠠᠨ ᠦᠭᠡᠶ ᠪᠠᠢ᠌ᠵᠣ ᠶᠠᠭᠠᠬᠢᠵᠣ ᠪᠣᠯᠣᠨ᠎ᠠ᠃

ᠡᠨᠠ ᠰᠢᠢᠳᠪᠣᠷᠢ ᠪᠠᠨ ᠡᠪᠳᠡᠬᠥ ᠦᠭᠡᠶ

ᠡᠪ ᠵᠠᠩᠬᠢᠶ᠎ᠠ ᠪᠠᠨ ᠲᠠᠰᠣᠯᠬᠣ ᠦᠭᠡᠶ

ᠡᠬᠡ ᠵᠠᠬᠢᠶ᠎ᠠ ᠠᠯᠳᠠᠬᠣ ᠦᠭᠡᠶ

ᠡᠬᠡᠨᠡᠭ᠍ᠳᠡ ᠵᠢᠷᠣᠮᠳᠠᠢ ᠪᠠᠢ》ᠬᠡᠪᠡ᠃

ᠳᠠᠷᠤᠮ᠄ 69723
ᠴᠠᠭ᠄ 2008 ᠤᠨ ᠤ 07 ᠰᠠᠷ᠎ᠠ ᠶᠢᠨ 01

ᠡᠮᠦᠨᠡᠬᠢ ᠳᠠᠷᠠᠭᠠᠬᠢ

ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃