ᠨᠢᠭᠡ ᠂ ᠳᠦᠷᠪᠠᠨ ᠣᠳᠠᠰᠤᠳᠤ ᠬᠤᠭᠤᠷ ᠤᠨ ᠨᠢᠭᠡᠨ ᠦᠶ᠎ᠡ ᠶᠢᠨ ᠰᠢᠳᠦᠭᠡᠨ ᠪᠠᠭᠰᠢ

ᠡᠷᠡᠭᠡᠢ ᠬᠤᠷᠤᠭᠤᠨ ᠳᠤ ᠪᠠᠨ ᠡᠷᠳᠡᠮ ᠲᠡᠶ ᠳᠠᠮᠤᠷ᠎ᠠ

ᠡᠨ ᠬᠨ ᠭᠦ᠋ ᠭᠦ᠋ ᠭᠦ᠋ ᠭᠦᠢ

ᠡᠵᠡᠨ ᠵᠤᠷᠭᠠᠨ ᠶᠠᠮᠤᠨ ᠳᠤ ᠪᠠᠨ ᠠᠯᠳᠠᠷᠳᠠᠢ ᠳᠠᠮᠤᠷ᠎ᠠ ᠭᠦᠢ

ᠡᠵᠡᠨ ᠵᠤᠷᠭᠠᠨ ᠶᠠᠮᠤᠨ ᠳᠤ ᠪᠠᠨ ᠠᠯᠳᠠᠷᠳᠠᠢ ᠪᠣᠯᠬᠤᠷ

ᠡᠨ ᠬᠨ ᠭᠦ᠋ ᠭᠦ᠋ ᠭᠦ᠋ ᠭᠦᠢ

ᠶ‍ᠢᠰᠤ ᠠᠷᠪᠠᠨ ᠵᠠᠭᠤᠨ ᠴᠡᠷᠢᠭ᠌ ᠴᠢᠨᠢ

ᠡᠰᠡᠷᠭᠦᠤ ᠨᠢ ᠬᠠᠠᠳᠤᠵᠤ ᠴᠢᠳᠠᠬᠤ ᠦᠭᠡᠶ ᠭᠦᠢ ᠁ ᠡᠨᠡᠭᠦ 《 ᠲ᠋ᠠᠮᠤᠷ᠎ᠠ》 ᠭᠡᠭᠦ ᠬᠤᠷᠴᠢᠨ ᠠᠷᠠᠤᠨ ᠤᠨ ᠪᠠᠭᠠᠳᠤᠷᠯᠢᠭ ᠳᠠᠭᠤᠤ ᠶᠢᠨ ᠠᠶ᠎ᠠ ᠶᠢ ᠭᠦᠩᠭᠢᠨᠡᠮ᠎ᠡ ᠭᠦᠭ᠍ᠳᠤ ᠳᠦᠷᠪᠠᠨ ᠣᠳᠠᠰᠤᠳᠤ ᠠᠷᠠᠢ ᠴᠢᠮᠠᠢ ᠪᠦᠷᠢᠨ ᠪᠦᠳᠤᠨ ᠳᠠᠳᠠᠵᠤ ᠰᠤᠷᠤᠭᠰᠠᠨ ᠶᠢᠡᠨ ᠥᠵᠦᠭᠦᠷ ᠦᠭᠡᠶ ᠠᠯᠳᠠᠨ ᠭᠤᠤᠷᠭᠤᠯᠳᠠᠢ ᠶᠢ ᠠᠳᠠᠭᠠᠷᠠᠮ᠎ᠠ ᠠᠶᠠᠯᠠᠭᠤᠯᠴᠢᠬᠠᠭᠰᠠᠨ ᠶᠤᠮ ᠰᠢᠭ ᠠᠷᠪᠠᠭᠠᠤᠨ ᠨᠠᠰᠤᠳᠠᠢ ᠣᠷᠢᠶᠠᠩᠬᠠᠳᠠᠢ ᠰᠦᠨ ᠯᠢᠶᠠᠩ ᠣᠤᠭᠠᠨ ᠪᠦᠳᠦᠭᠡᠯ ᠳᠤ ᠪᠠᠨ ᠰᠤᠭᠳᠤᠭᠤᠷᠠᠵᠤ ᠣᠷᠠᠯᠢᠭ ᠤᠨ ᠠᠮᠵᠢᠯᠳᠠ ᠳᠤ ᠪᠠᠨ ᠱᠠᠩᠳᠠᠭᠤᠷᠠᠭᠠᠤᠨ ᠣᠴᠢᠷ ᠦᠭᠡᠶ ᠶᠡᠭᠡᠪᠠᠷ ᠪᠠᠶᠠᠷᠯᠠᠵᠤ ᠭᠦᠭ᠍ᠰᠡᠵᠤ ᠪᠠᠢ᠌ᠪᠠ᠃

ᠭᠦᠭᠡᠷᠦᠭᠦᠢ ︕ ᠭᠡᠷᠭᠢᠨ ᠭᠦᠭ᠍ᠰᠡᠨ ᠪᠠᠶᠠᠷᠯᠠᠬᠤ ᠦᠭᠡᠶ ᠪᠠᠢ᠌ᠵᠤ ᠳᠡᠢ᠌ᠯᠭᠦ ᠪᠣᠢ ︕ ᠪᠠᠶ᠎ᠠ ᠡᠴᠡ ᠪᠠᠨ ᠦᠨᠳᠦᠷ ᠳᠤᠮᠤ ᠬᠤᠭᠤᠷ ᠶᠢ ᠠᠳᠬᠤᠵᠤ ᠪᠠᠢ᠌ᠭᠠᠤᠨ ᠳᠠᠳᠠᠯ᠎ᠠ ᠭᠡᠪᠠᠯ ᠱᠠᠯ ᠬᠤᠳᠠᠯ ᠡ ︕ ᠳᠠᠪᠠᠷᠢᠵᠤ ᠪᠠᠢ᠌ᠭᠠᠤᠨ ᠳᠠᠳᠠᠯ᠎ᠠ ᠭᠡᠪᠠᠯ ᠰᠠ‍‌ᠶᠢ ᠣᠨᠤᠭᠤᠵᠤ ᠭᠡᠯᠡᠭ᠍ᠰᠡᠨ ᠥᠭᠡ ᠪᠣᠯᠤᠨ᠎ᠠ᠃ ᠠᠳᠬᠤᠭᠤᠯᠢ ᠭᠦᠷᠭᠦ ᠦᠭᠡᠶ ᠶᠤᠮ ᠴᠢᠨᠢ᠂ ᠬᠤᠭᠤᠷ ᠤᠨ ᠠᠷᠠᠯ ᠢ ᠵᠡᠭᠦᠨ ᠭᠠᠷ ᠤᠨ ᠳᠤᠬᠤᠢ ᠳᠤ ᠪᠠᠨ ᠬᠠᠪᠴᠢᠵᠤ ᠪᠠᠢ᠌ᠪᠠᠯ ᠰᠠ‍‌ᠶᠢ ᠪᠢᠴᠢᠬᠠᠨ ᠭᠠᠷ ᠤᠨ ᠣᠬᠤᠷ ᠬᠤᠷᠤᠭᠤ ᠨᠢ ᠴᠢᠪᠬᠠᠳᠠᠰᠤ ᠳᠤ ᠭᠦᠷᠴᠤ᠂ ᠳᠠᠪᠤᠨ ᠬᠤᠷᠤᠭᠤᠨ ᠤ ᠡᠷᠳᠡᠮ ᠶᠢᠡᠨ ᠳᠠᠪᠠᠳᠠᠢ ᠰᠠᠢ᠌ᠬᠠᠨ ᠪᠠᠳᠠᠷᠠᠭᠤᠯᠵᠤ ᠴᠢᠳᠠᠨ᠎ᠠ᠃ ᠭᠦᠭ᠌ ᠢ ᠳᠠᠭᠠᠷᠠᠭᠤᠯᠬᠤ ᠭᠡᠭᠦ ᠳᠤ ᠪᠠᠷᠠᠭᠤᠨ ᠭᠠᠷ ᠨᠢ ᠳᠡᠭᠡᠭ᠍ᠰᠢ ᠭᠦᠴᠦᠯᠡᠨ ᠰᠤᠩᠭ᠋ᠡᠭᠠᠳ ᠪᠠᠰᠠ ᠬᠤᠭᠤᠷ ᠤᠨ ᠴᠢᠭᠢᠨ ᠳᠤ ᠭᠦᠷᠴᠤ ᠳᠡᠢ᠌ᠯᠭᠦ ᠥᠭᠡᠢ ᠪᠣᠯᠬᠤᠷ ᠭᠦᠶᠤᠨ ᠪᠣᠰᠤᠭᠠᠤᠨ ᠯᠠ ᠮᠤᠰᠭᠢᠬᠤ ᠭᠡᠷᠡᠭ᠍ᠳᠡᠢ ᠪᠠᠢ᠌ᠪᠠ᠃

ᠦᠪᠡᠷ ᠶᠢᠡᠨ ᠠᠪᠠᠯᠠᠭᠰᠠᠨ ᠠᠩ ᠤᠨ ᠮᠢᠬ᠎ᠠ ᠠᠮᠳᠠᠳᠠᠢ ᠭᠡᠳᠡᠭ᠌ ᠶᠢᠡᠷ ᠦᠪᠡᠷ ᠤᠨ ᠭᠦᠴᠤ ᠭᠦᠯᠦᠰᠤ ᠪᠠᠷ ᠶᠢᠡᠨ ᠣᠯᠤᠭᠰᠠᠨ ᠠᠮᠵᠢᠯᠳᠠ ᠳᠤ ᠪᠠᠨ ᠭᠦᠮᠤᠨ ᠣᠴᠢᠷᠳᠠᠢ ᠰᠠᠢ᠌ᠬᠠᠨ ᠵᠢᠷᠭᠠᠳᠠᠭ᠃ ᠦᠨᠦᠳᠤᠷ ᠰᠦᠨ ᠯᠢᠶᠠᠩ ᠶᠠᠭ ᠡᠢ᠌ᠮᠦᠷᠭᠦ ᠭᠦᠮᠤᠨ ᠪᠠᠢ᠌ᠯ᠎ᠠ᠃

ᠣᠷᠢᠶᠠᠩᠬᠠᠢ ᠣᠪᠣᠭ ᠲᠡᠶ ᠰᠦᠨ ᠯᠢᠶᠠᠩ ᠪᠣᠯ ᠦᠪᠣᠷ ᠮᠤᠩᠭ᠋ᠤᠯ ᠤᠨ ᠷᠠᠳᠢᠤ᠋ ᠲ᠋ᠸᠯᠸᠢᠰ ᠬᠤᠷᠢᠶᠠᠨ ᠤ ᠣᠷᠠᠯᠢᠭ ᠤᠨ ᠪᠦᠯᠭᠦᠮ ᠤᠨ ᠣᠯᠤᠰ ᠤᠨ ᠳᠠᠰ ᠤᠨ ᠠᠯᠳᠠᠷᠳᠤ ᠭᠦᠭ᠍ᠵᠢᠮᠴᠢᠨ᠃ ᠠᠯᠳᠠᠷᠳᠤ ᠠᠶᠠᠯᠭᠤ ᠵᠤᠬᠢᠶᠠᠭᠴᠢ ᠪᠦᠭᠡᠳ ᠠᠶᠠᠯᠭᠤ ᠭᠦᠭ᠍ᠵᠢᠮ ᠤᠨ ᠰᠤᠷᠭᠠᠨ ᠭᠦᠮᠦᠵᠢᠯᠳᠡᠨ᠂ ᠭᠦᠭ᠍ᠵᠢᠮ ᠤᠨ ᠪᠠᠭᠠᠵᠢ ᠶᠢᠨ ᠰᠢᠨᠠᠴᠢᠯᠠᠨ ᠥᠭᠡᠷᠡᠴᠢᠯᠡᠭ᠍ᠴᠢ᠂ ᠡᠭᠦᠳᠤᠨ ᠪᠦᠳᠦᠭᠡᠭ᠍ᠴᠢ᠃ ᠳᠤᠮᠳᠠᠳᠤ ᠣᠯᠤᠰ ᠤᠨ ᠡᠪ ᠬᠠᠮᠳᠤ ᠨᠠᠮ ᠤᠨ ᠰᠢᠯᠢᠳᠡᠭ᠌ ᠭᠡᠰᠢᠭᠦᠨ᠂ ᠮᠤᠩᠭ᠋ᠤᠯ ᠦᠨᠳᠦᠰᠦᠳᠠᠨ ᠤ ᠰᠤᠳᠤᠨ ᠭᠦᠤ᠃ ᠦᠷᠭᠡᠨ ᠨᠠᠷᠢᠨ ᠭᠤᠤᠯ ᠭᠤᠷᠤᠬ᠎ᠠ ᠲᠡᠶ᠂ ᠦᠨᠳᠦᠷ ᠰᠦᠷᠯᠢᠭ᠌ ᠠᠭᠤᠯᠠ ᠬᠠᠳᠠ ᠲᠡᠶ᠂ ᠦᠪ ᠰᠤᠶᠤᠯ ᠤᠨ ᠵᠤᠵᠠᠭᠠᠨ ᠭᠦᠷᠦᠰᠤ ᠲᠡᠶ᠂ ᠵᠤᠰᠤᠳᠤ ᠴᠢᠭᠤᠯᠭᠠᠨ ᠤ ᠮᠤᠩᠭ᠋ᠤᠯᠵᠢᠨ ᠬᠤᠰᠢᠭᠤᠨ ᠲᠦᠮᠠᠤᠨ ᠵᠡᠭᠦᠨ ᠬᠤᠰᠢᠭᠤᠨ ᠤ ᠥᠭᠡᠷᠳᠤ ᠬᠤᠷᠤᠭ᠎ᠠ ᠠᠢ᠌ᠯ ᠤᠨ ᠬᠠᠯᠠᠭᠤᠨ ᠰᠢᠷᠤᠢ ᠳᠡᠭᠡᠷ᠎ᠡ ᠬᠠᠩᠭᠢᠨᠠᠮ᠎ᠠ ᠠᠶᠠᠯᠭᠤ ᠲᠡᠶ ᠳᠦᠷᠤᠵᠤ᠂ ᠪᠠᠭ᠎ᠠ ᠵᠠᠯᠠᠭᠤ ᠰᠤᠷᠬᠤᠢ ᠶᠢᠨ ᠨᠠᠰᠤᠨ ᠳᠤ ᠪᠠᠨ 《ᠥᠯᠢᠭᠡᠷ ᠤᠨ ᠨᠤᠳᠤᠭ᠂ ᠳᠠᠭᠤᠤ ᠶᠢᠨ ᠣᠷᠤᠨ》 ᠪᠣᠯᠤᠭᠰᠠᠨ ᠬᠤᠷᠴᠢᠨ ᠨᠤᠳᠤᠭ ᠤᠨ ᠡᠯᠢᠭᠡ ᠵᠢᠷᠦᠭᠡᠨ ᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠠᠷᠬᠠᠨ ᠬᠤᠰᠢᠭᠤᠨ ᠤ ᠠᠭᠤᠯᠠ ᠣᠰᠤᠨ ᠤ ᠨᠠᠪᠳᠠᠭ ᠰᠠᠪᠳᠠᠭ ᠡᠴᠡ ᠣᠭᠤᠷᠠᠭ ᠰᠢᠷ᠎ᠠ ᠰᠢᠮ᠎ᠠ ᠳᠡᠵᠢᠭᠡᠯ ᠭᠦᠷᠳᠡᠨ᠂ ᠵᠢᠭᠦᠷ ᠰᠤᠳᠤ ᠪᠠᠨ ᠪᠦᠷᠢᠳᠦᠭᠦᠯᠦᠭ᠍ᠰᠡᠨ ᠵᠤᠯᠵᠠᠭ᠎ᠠ ᠪᠦᠷᠭᠦᠤᠨ᠂ ᠬᠤᠷᠴᠢᠨ ᠭᠠᠵᠠᠷ ᠤᠨ ᠭᠦᠮᠤᠨ ᠰᠤᠶᠤᠯ ᠤᠨ ᠦᠪ ᠭᠦᠷᠦᠩᠭᠡ ᠡᠴᠡ ᠠᠳᠢᠰ ᠰᠢᠭᠦᠰᠤ ᠭᠦᠷᠳᠡᠨ᠂ ᠡᠷ᠎ᠡ ᠵᠤᠷᠢᠭ ᠶᠢᠡᠨ ᠡᠷᠴᠢᠯᠡᠭ᠍ᠰᠡᠨ ᠡᠷᠡᠮᠡᠭᠡᠢ ᠬᠠᠷᠴᠠᠭᠠᠢ᠃

1949 ᠣᠨ ᠤ ᠨᠠᠮᠤᠷ ᠳᠤ ᠪᠠᠢ᠌ᠭᠤᠯᠤᠭᠳᠠᠭᠠᠤᠨ ᠣᠳᠠᠭ᠎ᠠ ᠥᠭᠡᠢ ᠥᠪᠦᠷ ᠮᠤᠩᠭ᠋ᠤᠯ ᠤᠨ ᠣᠷᠠᠨ ᠰᠠᠢ᠌ᠢᠬᠠᠨ ᠤ ᠠᠵᠢᠯᠯᠠᠬᠤ ᠪᠦᠯᠭᠦᠮ ᠳᠤ ᠠᠷᠠᠤᠨ ᠤᠨ ᠣᠷᠠᠯᠢᠭᠴᠢ ᠪᠠᠷ ᠣᠷᠢᠭᠳᠠᠨ᠂ ᠳᠤᠬᠠᠢ ᠶᠢᠨ ᠦᠶ᠎ᠡ ᠶᠢᠨ ᠦᠪᠣᠷ ᠮᠤᠩᠭ᠋ᠤᠯ ᠤᠨ ᠥᠪᠠᠷᠳᠡᠭᠡᠨ ᠵᠠᠰᠠᠬᠤ ᠵᠠᠰᠠᠭ ᠤᠨ ᠭᠠᠵᠠᠷ ᠤᠨ ᠲᠦᠪ ᠪᠠᠢ᠌ᠭᠰᠠᠨ ᠸᠠᠩ ᠤᠨ ᠰᠦᠮ᠎ᠡ ᠣᠳᠤ ᠶᠢᠨ ᠭᠢᠩᠭ᠋ᠠᠨ ᠠᠢ᠌ᠮᠠᠭ ᠤᠨ ᠣᠯᠠᠭᠠᠠᠬᠤᠳᠠ ᠳᠤ ᠣᠴᠢᠵᠠᠢ᠃ ᠡᠭᠦᠷᠦᠭᠡᠳ ᠢᠷᠡᠭ᠍ᠰᠡᠨ ᠭᠦᠳᠡᠭᠡ ᠨᠤᠳᠤᠭ ᠤᠨ ᠠᠷᠠᠤᠨ ᠤᠨ ᠭᠦᠭ᠍ᠵᠢᠮ ᠤᠨ ᠵᠡᠪᠰᠡᠭ᠌ ᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠦᠷᠪᠡᠨ ᠣᠳᠠᠰᠤᠳᠤ ᠬᠤᠭᠤᠷ ᠶᠢᠡᠨ ᠵᠢᠩᠭᠢᠨᠢ ᠪᠠᠷ ᠬᠤᠳᠠ ᠭᠦᠳᠡᠭᠡ ᠶᠢᠨ ᠣᠷᠠᠯᠢᠭ ᠤᠨ ᠳᠠᠪᠴᠠᠩ ᠳᠤ ᠡᠷᠭᠦᠨ ᠭᠠᠷᠭᠠᠵᠤ᠂ ᠣᠪᠠᠳᠢᠰ ᠰᠢᠳᠢ ᠶᠢ ᠨᠢ ᠪᠠᠳᠠᠷᠠᠭᠤᠯᠤᠭᠰᠠᠨ ᠪᠦᠭᠡᠳ ᠦᠪᠡᠷ ᠶᠢᠡᠨ ᠴᠤ ᠬᠤᠪᠢᠰᠬᠠᠯᠳᠤ ᠣᠤᠠᠬ᠎ᠠ ᠣᠷᠠᠯᠢᠭ ᠤᠨ ᠵᠠᠮ ᠵᠢᠠᠷ ᠵᠠᠮᠨᠠᠵᠠᠢ᠃ ᠳᠠᠷᠠ ᠪᠠᠷ ᠭᠦᠮᠤᠨ ᠰᠤᠶᠤᠯ ᠤᠨ ᠣᠷᠠᠯᠢᠭ ᠤᠨ ᠠᠵᠢᠯ ᠶᠢᠡᠨ ᠡᠭᠢᠯᠡᠭᠦᠯᠦᠭᠡᠳ ᠮᠤᠩᠭ᠋ᠤᠯ ᠦᠨᠳᠦᠰᠦᠳᠠᠨ ᠤ ᠪᠠᠨ ᠰᠤᠶᠤᠯ ᠳᠡᠦᠭᠡ ᠶᠢᠨ ᠦᠪ ᠭᠦᠷᠦᠩᠭᠡ ᠶᠢ ᠵᠠᠯᠭᠠᠮᠵᠢᠯᠠᠵᠤ ᠭᠦᠭ᠍ᠵᠢᠭᠦᠯᠤᠨ᠂ ᠭᠦᠮᠤᠨ ᠳᠦᠷᠤᠯᠭᠢᠳᠠᠨ ᠤ ᠰᠤᠶᠤᠨ ᠭᠦᠭ᠍ᠵᠢᠯᠳᠡ ᠶᠢ᠌ ᠲᠦᠯᠭᠢᠨ ᠠᠭᠢᠭᠤᠯᠬᠤ ᠶᠢᠨ ᠳᠠᠷᠬᠠᠨ ᠡᠭᠦᠷᠭᠡ ᠬᠠᠷᠢᠭᠤᠴᠠᠯᠭ᠎ᠠ ᠶᠢ ᠡᠭᠦᠷᠭᠡᠯᠡᠨ ᠠᠪᠣᠭᠰᠠᠨ ᠪᠠᠢ᠌ᠨ᠎ᠠ᠃

1956 ᠣᠨ ᠳᠤ ᠳᠠᠷᠠ ᠦᠪᠣᠷ ᠮᠤᠩᠭ᠋ᠤᠯ ᠤᠨ ᠳᠠᠭᠤᠤ ᠪᠦᠵᠢᠭ᠌ ᠤᠨ ᠪᠦᠯᠭᠦᠮ ᠳᠤ ᠠᠵᠢᠯᠯᠠᠵᠤ ᠪᠠᠢ᠌ᠭᠰᠠᠨ ᠡᠴᠡ ᠪᠠᠨ ᠦᠪᠣᠷ ᠮᠤᠩᠭ᠋ᠤᠯ ᠤᠨ ᠷᠠᠳᠢᠤ᠋ ᠳᠸᠯᠸᠢᠰ ᠬᠤᠷᠢᠶᠠᠨ ᠤ ᠣᠷᠠᠨ ᠰᠠᠢ᠌ᠬᠠᠨ ᠤ ᠪᠦᠯᠭᠦᠮ ᠳᠤ ᠠᠷᠠᠤᠨ ᠤᠨ ᠭᠦᠭ᠍ᠵᠢᠮᠴᠢ ᠪᠠᠷ ᠠᠵᠢᠯ ᠰᠢᠯᠵᠢᠪᠠ᠃

1984 ᠣᠨ ᠳᠤ ᠳᠠᠷᠠ ᠨᠢᠭᠡᠨᠲᠡ ᠳᠠᠯᠠ ᠶᠢᠨ ᠨᠠᠰᠤᠨ ᠤ ᠳᠠᠪᠠᠭ᠎ᠠ ᠶᠢ ᠳᠠᠪᠠᠭᠰᠠᠨ ᠪᠣᠯᠪᠠᠴᠤ ᠳᠤᠮᠳᠠᠳᠤ ᠣᠯᠤᠰ ᠤᠨ ᠡᠪ ᠬᠠᠮᠳᠤ ᠨᠠᠮ ᠳᠤ ᠢᠷᠠᠭᠤ ᠠᠯᠳᠠᠷᠳᠠᠢ ᠪᠠᠷ ᠡᠯᠰᠡᠭ᠍ᠳᠡᠵᠤ᠂ ᠣᠳᠠᠭᠠᠨ ᠵᠢᠯ ᠤᠨ ᠭᠦᠰᠡᠯ ᠡᠷᠡᠮᠡᠯᠵᠡᠯ ᠶᠢᠡᠨ ᠪᠠᠶᠡᠯᠡᠭᠦᠯᠪᠡ᠃

1987 ᠣᠨ ᠳᠤ ᠳᠠᠷᠠ ᠣᠯᠤᠰ ᠤᠨ ᠨᠢᠭᠡᠳᠦᠭᠡᠷ ᠳᠠᠰ ᠤᠨ ᠭᠦᠭ᠍ᠵᠢᠮᠴᠢ ᠶᠢᠨ ᠮᠡᠷᠭᠡᠵᠢᠯ ᠤᠨ ᠴᠤᠯᠠ ᠬᠠᠮᠠᠭᠠᠯᠠᠪᠠ᠃

1997 ᠣᠨ ᠳᠤ ᠨᠠᠰᠤ ᠪᠠᠷᠠᠪᠠ᠃ ᠳᠤᠬᠠᠢ ᠶᠢᠨ ᠵᠢᠯ ᠳᠤ ᠨᠠᠶᠠᠨ ᠳᠤᠯᠤᠭᠠᠨ ᠨᠠᠰᠤᠳᠠᠢ᠃

ᠲ᠋ᠡᠭᠦᠨ ᠤ ᠨᠢᠭᠡ ᠨᠠᠰᠤ ᠪᠣᠯ ᠳᠦᠷᠪᠠᠨ ᠣᠳᠠᠰᠤᠳᠤ ᠬᠤᠭᠤᠷ ᠢ ᠥᠭᠡᠷᠡᠴᠢᠯᠡᠨ ᠰᠢᠨᠡᠳᠭᠡᠵᠤ᠂ ᠳᠡᠭᠦᠯᠳᠡᠷᠵᠢᠭᠦᠯᠤᠨ ᠪᠠᠷᠢᠮᠵᠢᠶᠠᠵᠢᠭᠤᠯᠤᠭᠰᠠᠨ ᠡᠭᠦᠳᠤᠨ ᠪᠦᠳᠦᠭᠡᠯᠴᠢ ᠨᠢᠭᠡ ᠨᠠᠰᠤ ᠮᠦᠨ᠃

ᠲ᠋ᠡᠭᠦᠨ ᠤ ᠨᠢᠭᠡ ᠨᠠᠰᠤ ᠪᠣᠯ ᠠᠷᠠᠤᠨ ᠤᠨ ᠳᠤᠮᠳᠠᠭᠢ ᠭᠦᠭ᠍ᠵᠢᠮ ᠤᠨ ᠪᠠᠭᠠᠵᠢ ᠶᠢ ᠵᠢᠩᠭᠢᠨᠢ ᠣᠷᠠᠯᠢᠭ ᠤᠨ ᠳᠠᠪᠴᠠᠩ ᠳᠤ ᠡᠷᠭᠦᠨ ᠭᠠᠷᠭᠠᠬᠤ ᠪᠠᠷ ᠮᠠᠷᠠᠢ᠌ᠨ ᠴᠢᠷᠮᠠᠢ᠌ᠭᠰᠠᠨ ᠰᠢᠷᠭᠠᠭᠤ ᠬᠠᠳᠠᠭᠤᠵᠢᠯᠳᠤ ᠨᠢᠭᠡ ᠨᠠᠰᠤ ᠮᠦᠨ᠃

ᠲ᠋ᠠᠷᠠ ᠨᠢᠭᠡ ᠨᠠᠰᠤᠨ ᠤ ᠰᠢᠷᠭᠠᠭᠤ ᠬᠠᠳᠠᠭᠤᠵᠢᠯᠳᠠᠢ ᠰᠤᠷᠤᠯᠴᠠᠯᠭ᠎ᠠ᠂ ᠴᠢᠷᠮᠠᠢ᠌ᠯᠭ᠎ᠠ᠂ ᠰᠤᠳᠤᠯᠤᠯᠭ᠎ᠠ ᠪᠠᠷ ᠳᠠᠮᠵᠢᠨ ᠮᠤᠩᠭ᠋ᠤᠯ ᠦᠨᠳᠦᠰᠦᠳᠠᠨ ᠤ ᠡᠷᠳᠡᠨ ᠤ ᠭᠦᠩᠭᠢᠨᠡᠮ᠎ᠡ ᠭᠦᠭ᠍ᠳᠤ ᠳᠦᠷᠪᠡᠨ ᠣᠳᠠᠰᠤᠳᠤ ᠬᠤᠭᠤᠷ ᠤᠨ ᠵᠥᠪᠭᠡᠨ ᠥᠯᠢᠭᠡᠷ ᠬᠤᠯᠪᠣᠭ᠎ᠠ ᠭᠡᠯᠡᠭᠦ ᠳᠤ ᠬᠠᠪᠰᠤᠷᠴᠤ ᠭᠦᠭ᠍ᠵᠢᠮᠳᠡᠭᠦ ᠪᠠᠭᠠᠵᠢ ᠪᠠᠢ᠌ᠭᠰᠠᠨ ᠬᠤᠪᠢ ᠵᠠᠶᠠᠭ᠎ᠠ ᠶᠢ ᠨᠢ ᠥᠭᠡᠷᠡᠴᠢᠯᠡᠵᠤ᠂ ᠡᠭᠦᠳᠤᠨ ᠪᠦᠳᠦᠭᠡᠯᠴᠢ ᠴᠢᠨᠠᠷᠳᠠᠢ ᠥᠭᠡᠷᠡᠴᠢᠯᠡᠯᠳᠡ ᠭᠢᠭᠡᠳ ᠂ ᠴᠢᠩᠭᠢᠨᠡᠮ᠎ᠡ ᠭᠦᠭ᠍ᠳᠡᠢ ᠬᠠᠮᠵᠢᠬᠤ ᠭᠦᠭ᠍ᠵᠢᠮ᠂ ᠭᠤᠴᠤᠯᠠᠯ ᠭᠦᠭ᠍ᠵᠢᠮ᠂ ᠨᠠᠢ᠌ᠷᠠᠯ ᠭᠦᠭ᠍ᠵᠢᠮ ᠤᠨ ᠪᠠᠭᠠᠵᠢ ᠪᠣᠯᠤᠭᠰᠠᠨ ᠵᠢᠵᠢᠭ᠌ ᠳᠦᠷᠪᠠᠨ ᠣᠳᠠᠰᠤᠳᠤ ᠬᠤᠭᠤᠷ ᠢ ᠵᠤᠭᠢᠶᠠᠪᠠ᠃ ᠣᠳᠤ ᠳᠦᠷᠪᠠᠨ ᠣᠳᠠᠰᠤᠳᠤ ᠬᠤᠭᠤᠷ ᠨᠢ ᠳᠦᠷᠤᠯ ᠵᠣᠢ᠌ᠯ ᠤᠨ ᠳᠠᠯ᠎ᠠ ᠪᠠᠷ ᠡᠯᠪᠠᠭ᠍ᠵᠢᠵᠤ᠂ ᠭᠡᠳᠤ ᠭᠦᠩᠭᠢᠨᠡᠮ᠎ᠡ ᠭᠦᠭ᠍ᠳᠤ᠂ ᠭᠦᠩᠭᠢᠨᠡᠮ᠎ᠡ ᠭᠦᠭ᠍ᠳᠤ᠂ ᠬᠠᠩᠭᠢᠨᠠᠮ᠎ᠠ ᠭᠦᠭ᠍ᠳᠤ᠂ ᠴᠢᠩᠭᠢᠨᠠᠮ᠎ᠠ ᠭᠦᠭ᠍ᠳᠤ᠂ ᠭᠡᠳᠤ ᠴᠢᠩᠭᠢᠨᠠᠮ᠎ᠠ ᠭᠦᠭ᠍ᠳᠤ ᠭᠡᠵᠤ ᠳᠠᠪᠤᠨ ᠵᠣᠢ᠌ᠯ ᠬᠤᠪᠢᠶᠠᠬᠤ ᠪᠣᠯᠵᠤ᠂ ᠳᠤᠭᠯᠠᠯᠳᠠ ᠶᠢᠨ ᠳᠠᠪᠴᠠᠩ ᠳᠡᠭᠡᠷᠡᠭᠢ ᠣᠢ᠌ᠯᠠᠳᠤᠯ ᠭᠡᠷᠡᠭ᠍ᠴᠡᠭᠡ᠂ ᠪᠠᠢ᠌ᠷᠢ ᠰᠠᠭᠤᠷᠢ ᠨᠢ ᠴᠤᠭᠤᠷ᠂ ᠮᠤᠷᠢᠨ ᠬᠤᠭᠤᠷ᠂ ᠪᠢᠰᠭᠢᠭᠦᠷ᠂ ᠱᠠᠠᠵᠠ ᠵᠡᠷᠭᠡ ᠭᠦᠭ᠍ᠵᠢᠮ ᠤᠨ ᠪᠠᠭᠠᠵᠢ ᠲᠡᠶ ᠮᠦᠷ ᠰᠠᠴᠠᠭᠤ ᠪᠣᠯᠤᠭᠰᠠᠨ ᠪᠣᠶᠤ ᠵᠠᠷᠢᠮ ᠳᠠᠯ᠎ᠠ ᠪᠠᠷ ᠳᠠᠪᠠᠭᠤ ᠪᠠᠢ᠌ᠷᠢ ᠲᠡᠶ ᠪᠣᠯᠤᠭᠰᠠᠨ ᠪᠠᠢ᠌ᠨ᠎ᠠ᠃ ᠳᠡᠭᠡᠭᠡᠳ ᠮᠤᠩᠭ᠋ᠤᠯ ᠦᠨᠳᠦᠰᠦᠳᠠᠨ ᠤ ᠰᠤᠶᠤᠯ ᠣᠷᠠᠯᠢᠭ ᠲᠤ ᠪᠠᠰᠠ ᠨᠢᠭᠡᠨ ᠭᠤᠤᠯ ᠭᠦᠭ᠍ᠵᠢᠮ ᠤᠨ ᠪᠠᠭᠠᠵᠢ ᠮᠡᠡᠳᠦᠯᠡᠭ᠍ᠰᠡᠨ ᠪᠢᠯᠠ ︕

ᠰᠦᠨ ᠯᠢᠶᠠᠩ ᠪᠠᠭᠰᠢ ᠪᠣᠯ ᠶᠤᠰᠤᠳᠠᠢ ᠳᠦᠷᠤᠯᠭᠢ ᠶᠢᠨ ᠠᠶᠠᠯᠭᠤ ᠭᠦᠭ᠍ᠵᠢᠮ ᠤᠨ ᠠᠪᠢᠶᠠᠰᠤᠳᠠᠨ ᠪᠠᠭᠰᠢ ᠪᠣᠯᠬᠤ ᠶᠤᠮ᠃ ᠳᠠᠷᠠ ᠮᠤᠩᠭ᠋ᠤᠯ ᠦᠨᠳᠦᠰᠦᠳᠠᠨ ᠤ ᠠᠯᠢ ᠣᠯᠠᠨ ᠥᠯᠢᠭᠡᠷ ᠬᠤᠯᠪᠣᠭ᠎ᠠ ᠶᠢᠨ ᠠᠶᠠᠰ᠂ ᠠᠷᠠᠤᠨ ᠤᠨ ᠳᠠᠭᠤᠤ ᠶᠢᠨ ᠠᠶᠠᠰ ᠪᠠ ᠰᠦᠮ᠎ᠡ ᠭᠡᠢ᠌ᠤᠨ ᠤᠨ ᠭᠦᠭ᠍ᠵᠢᠮᠳᠤ ᠣᠩᠰᠢᠯᠭ᠎ᠠ ᠶᠢᠨ ᠡᠡᠶᠡᠰ ᠂ ᠪᠦᠭᠡ ᠮᠦᠷᠭᠦᠯ ᠤᠨ ᠪᠦᠭᠡᠯᠡᠯ ᠠᠶᠠᠰ ᠳᠤ ᠪᠦᠷ ᠨᠠᠷᠢᠨ ᠨᠢᠮᠪᠠᠢ ᠰᠤᠳᠤᠯᠤᠯ ᠭᠢᠵᠤ᠂ ᠡᠭᠦᠳᠤᠨ ᠪᠦᠳᠦᠭᠡᠯᠴᠢ ᠣᠪᠣᠷ ᠶᠢᠡᠷ ᠬᠠᠠᠳᠤᠨ᠂ ᠰᠢᠨᠠᠴᠢᠯᠠᠯ ᠥᠭᠡᠷᠡᠴᠢᠯᠡᠯᠳᠡ ᠭᠢᠭ᠍ᠰᠡᠨ ᠪᠦᠭᠡᠳ ᠰᠢᠨ᠎ᠠ ᠭᠦᠭ᠍ᠵᠢᠮ ᠤᠨ ᠠᠶ᠎ᠠ ᠶᠢ ᠴᠤ ᠡᠭᠦᠳᠤᠨ ᠪᠦᠳᠦᠭᠡᠵᠤ᠂ ᠦᠪᠡᠷ ᠤᠨ ᠣᠠᠴᠠᠯᠢᠭ ᠲᠡᠶ ᠭᠡᠪ ᠨᠠᠮᠪᠠᠵᠢᠭᠰᠠᠨ ᠳᠦᠷᠪᠠᠨ ᠣᠳᠠᠰᠤᠳᠤ ᠬᠤᠭᠤᠷ ᠤᠨ ᠴᠢᠩᠭᠢᠨᠠᠮ᠎ᠠ ᠭᠦᠭ᠌ ᠤᠨ ᠪᠦᠷᠢᠨ ᠳᠦᠭᠦᠷ ᠰᠢᠰᠲ᠋ᠸᠮ ᠢ ᠪᠦᠷᠢᠯᠳᠦᠭᠦᠯᠦᠭ᠍ᠰᠡᠨ ᠪᠠᠢ᠌ᠨ᠎ᠠ᠃

ᠲ᠋ᠠᠷᠠ ᠪᠠᠷ ᠬᠤᠭᠤᠷ ᠤᠨ ᠥᠯᠢᠭᠡᠷ ᠤᠨ ᠵᠠᠪᠰᠠᠷ ᠤᠨ ᠠᠶ᠎ᠠ ᠶᠢ ᠣᠷᠠᠨ ᠪᠦᠳᠦᠭᠡᠯᠴᠢ ᠪᠠᠷ ᠥᠭᠡᠷᠡᠴᠢᠯᠡᠨ ᠠᠮᠢᠵᠢᠷᠠᠭᠤᠯᠵᠤ᠂ ᠳᠦᠷᠪᠠᠨ ᠣᠳᠠᠰᠤᠳᠤ ᠬᠤᠭᠤᠷ ᠤᠨ ᠭᠤᠴᠤᠯᠠᠯ ᠭᠦᠭ᠍ᠵᠢᠮ ᠤᠨ ᠠᠶ᠎ᠠ ᠪᠣᠯᠭᠠᠨ ᠡᠭᠦᠳᠦᠭ᠍ᠰᠡᠨ ᠨᠢ ᠥᠨᠡᠭᠡᠷ ᠭᠠᠢ᠌ᠬᠠᠮᠰᠢᠭᠳᠠᠢ᠃ ᠳᠡᠭᠦᠨ ᠤ ᠤᠬᠢ ᠪᠦᠳᠦᠭᠡᠯ ᠪᠣᠯᠬᠤ ᠦᠵᠦᠮ ᠤᠨ ᠮᠤᠳᠤᠨ ᠤ ᠣᠷᠢᠶᠠᠩᠭ᠋ᠤ ᠰᠢᠭ᠌ ᠣᠯᠠᠨ ᠠᠷᠪᠢᠨ ᠨᠤᠭᠤᠯᠤᠭ᠎ᠠ ᠲᠡᠶ 《ᠦᠵᠦᠮ ᠤᠨ ᠣᠷᠢᠶᠠᠯᠠᠩ》 ᠭᠡᠳᠡᠭ᠌ ᠠᠶ᠎ᠡ ᠪᠠ ᠣᠷᠢᠨ ᠬᠠᠪᠣᠷ ᠢ ᠣᠭᠳᠤᠵᠤ ᠭᠠᠭᠠᠯᠠᠵᠤ ᠢᠷᠡᠭ᠍ᠰᠡᠨ 《ᠬᠠᠪᠣᠷ ᠤᠨ ᠭᠠᠯᠠᠭᠤ》 ᠭᠡᠭᠦ ᠬᠤᠶᠠᠷ ᠠᠶ᠎ᠠ ᠶᠢ᠌ ᠣᠷᠠᠯᠢᠭᠵᠢᠭᠤᠯᠤᠨ ᠪᠦᠳᠦᠭᠡᠭ᠍ᠰᠡᠨ ᠢ ᠠᠯᠳᠠᠷᠳᠤ ᠴᠤᠭᠤᠷᠴᠢᠨ ᠪᠦᠷᠢᠡᠪᠠᠶᠡᠷ ᠪᠠᠭᠰᠢ ᠡᠴᠡ ᠨᠤᠲ᠋ ᠲᠤ ᠳᠡᠮᠳᠡᠭᠯᠡᠵᠤ ᠦᠭ‍ᠭᠦᠭ᠍ᠰᠡᠨ ᠪᠠᠢ᠌ᠯ᠎ᠠ᠃ ᠨᠠᠩ ᠢᠯᠠᠩᠭ᠋ᠤᠶ᠎ᠠ᠂ ᠡᠷᠳᠡᠨ ᠤ ᠣᠷᠳᠤᠨ ᠤ ᠭᠦᠭ᠍ᠵᠢᠮ ᠡᠴᠡ ᠣᠷᠠᠯᠢᠭ ᠣᠯᠠᠮᠵᠢᠯᠠᠯ ᠲᠡᠶ 《ᠨᠢ᠋ᠮᠠᠨ ᠠᠶᠠᠯᠭᠤ》 ᠶ᠋ᠢ ᠰᠢᠭᠦᠮᠵᠢᠯᠡᠯᠳᠡᠢ ᠪᠠᠷ ᠵᠠᠯᠭᠠᠮᠵᠢᠯᠠᠵᠤ᠂ ᠪᠣᠯᠪᠠᠰᠤᠷᠠᠭᠤᠯᠤᠨ ᠰᠢᠯᠢᠳᠡᠭ᠍ᠵᠢᠭᠦᠯᠦᠭᠡᠳ ᠮᠤᠩᠭ᠋ᠤᠯ ᠦᠨᠳᠦᠰᠦᠳᠠᠨ ᠤ ᠠᠷᠠᠤᠨ ᠤᠨ ᠭᠦᠭ᠍ᠵᠢᠮ ᠤᠨ ᠳᠤᠳᠤᠷ᠎ᠠ ᠬᠤᠪᠣᠷ ᠴᠤᠬᠠᠭ᠂ ᠣᠭᠢ ᠰᠢᠯᠢᠳᠡᠭ᠌ ᠭᠦᠭ᠍ᠵᠢᠮ ᠤᠨ ᠠᠶ᠎ᠠ ᠪᠣᠯᠭᠠᠨ ᠡᠭᠦᠳᠦᠭᠡᠳ 《ᠰᠦᠨ ᠯᠢᠶᠠᠩ ᠤᠨ ᠨᠢ᠋ᠮᠠᠨ ᠠᠶᠠᠯᠭᠤ 》᠂ 《ᠰᠦᠨ ᠯᠢᠶᠠᠩ ᠤᠨ ᠨᠢ᠋ᠮᠠᠨ ᠨᠤᠲ᠋》 ᠭᠡᠭᠦ ᠡᠷᠭᠢᠮ ᠳᠡᠭᠡᠳᠤ ᠴᠤᠯᠠ ᠨᠢ ᠲ᠋ᠡᠯᠡᠭᠡᠢ ᠳᠠᠶᠠᠭᠠᠷ ᠠᠯᠳᠠᠷᠰᠢᠭᠰᠠᠨ ᠪᠠᠢ᠌ᠨ᠎ᠠ᠃ ᠬᠤᠷᠴᠢᠨ ᠤ ᠨᠢ᠋ᠮᠠᠨ ᠠᠶᠠᠯᠭᠤ ᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠰᠦᠨ ᠯᠢᠶᠠᠩ ᠤᠨ ᠨᠢ᠋ᠮᠠᠨ ᠠᠶᠠᠯᠭᠤ ᠪᠣᠯ ᠭᠡᠨ ᠴᠤ ᠭᠡᠰᠡᠨ ᠬᠠᠯᠳᠠᠵᠤ ᠪᠣᠯᠤᠰᠢ ᠦᠭᠡᠶ ᠰᠦᠨ ᠯᠢᠶᠠᠩ ᠤᠨ ᠳᠠᠷᠬᠠᠯᠠᠭᠰᠠᠨ ᠭᠦᠭ᠍ᠵᠢᠮ ᠪᠣᠯᠬᠤ ᠶᠢ ᠳᠡᠯᠡᠭᠡᠢ ᠳ᠋ᠠᠭᠢᠨ ᠶᠢᠡᠷ ᠶᠢᠡᠨ ᠮᠡᠳᠡᠷᠡᠭ᠍ᠰᠡᠨ ᠶᠤᠮ᠃

ᠬᠤᠷᠴᠢᠨ ᠠᠷᠠᠤᠨ ᠤᠨ ᠳᠠᠭᠤᠤ ᠶᠢ ᠳᠠᠭᠤᠯᠠᠬᠤ ᠣᠷᠠᠯᠢᠭ ᠡᠴᠡ ᠭᠦᠭ᠍ᠵᠢᠮ ᠤᠨ ᠣᠷᠠᠯᠢᠭ ᠪᠣᠯᠭᠠᠭᠰᠠᠨ ᠠᠩᠬᠠᠨ ᠤ ᠪᠦᠳᠦᠭᠡᠯ 《ᠾᠧᠶ‍ᠢᠩᠬᠤᠸᠠᠷ 》᠂ 《ᠮᠠᠳᠠᠷᠠᠢ᠌ᠮ᠎ᠠ》 ᠵᠡᠷᠭᠡ ᠪᠠᠢ᠌ᠬᠤ ᠪᠠ ᠰᠡᠭᠦᠯᠡᠷ ᠨᠢ ᠳᠠᠷᠬᠠᠨ ᠳᠠᠭᠤᠴᠢᠨ ᠴᠠᠭᠠᠠᠪᠠᠷᠰ ᠡᠴᠡ ᠰᠦᠨ ᠯᠢᠶᠠᠩ ᠪᠠᠭᠰᠢ ᠵᠢᠨ ᠬᠤᠭᠤᠷᠳᠠᠯᠭ᠎ᠠ ᠶᠢ᠌ ᠲ᠋ᠠᠭᠠᠵᠤ ᠳᠠᠭᠤᠯᠠᠭᠰᠠᠨ 《ᠬᠠᠨ ᠰᠢᠤ ᠶ‍ᠢᠩ》᠂ 《ᠲ᠋ᠠᠨᠠᠪᠠᠯ》 ᠵᠡᠷᠭᠡ ᠨᠢ ᠣᠳᠤᠭᠢ ᠰᠢᠨ᠎ᠠ ᠳᠠᠭᠤᠯᠠᠬᠤ ᠭᠡᠪ ᠨᠠᠮᠪᠠ ᠶᠢ ᠪᠦᠷᠢᠯᠳᠦᠭᠦᠯᠤᠨ ᠂ ᠡᠡᠷᠡᠳ ᠤᠨ ᠲ᠋ᠠᠭᠤᠤ ᠶᠢᠨ ᠠᠶ᠎ᠠ ᠵᠢᠨ ᠭᠤᠸ᠎ᠠ ᠰᠠᠢ᠌ᠬᠠᠨ ᠢ ᠣᠯᠠᠮ ᠳᠤᠪᠣᠢ᠌ᠯᠭᠠᠵᠤ᠂ ᠭᠦᠮᠤᠨ ᠵᠤᠨ ᠤ ᠣᠶᠤᠨ ᠰᠠᠨᠠᠭᠠᠨ ᠳᠤ ᠳᠡᠵᠢᠭᠡᠯ ᠭᠦᠷᠳᠡᠭᠡᠮᠵᠢ ᠪᠣᠯᠭᠠᠭᠠᠳ ᠬᠤᠷᠴᠢᠨ ᠰᠤᠶᠤᠯ ᠤᠨ ᠦᠨ᠎ᠡ ᠴᠠᠨ᠎ᠠ᠂ ᠥᠩᠭᠡ ᠭᠡᠷᠡᠯ ᠢ ᠣᠯᠠᠮ ᠢᠯᠡᠭᠦᠤ ᠭᠢᠯᠠᠯᠵᠠᠭᠤᠯᠤᠭᠰᠠᠨ ᠪᠠᠢ᠌ᠨ᠎ᠠ᠃

ᠣᠠᠴᠠᠭᠠᠢ᠌ᠯᠠᠨ᠂ ᠳᠠᠷᠠ ᠣᠯᠠᠨ ᠠᠷᠠᠤᠨ ᠤᠨ ᠳᠠᠭᠤᠤ ᠶᠢᠨ ᠪᠣᠷᠤᠭᠵᠢᠭᠤᠨ ᠠᠶ᠎ᠠ ᠨᠤᠭᠤᠳ ᠨᠢ ᠶᠠᠭ ᠯᠠ ᠠᠯᠳᠠᠨ ᠤ ᠭᠦᠳᠡᠷ ᠤᠨ ᠬᠠᠢ᠌ᠯᠤᠰᠢ ᠮᠠᠳᠤ ᠳᠡᠭᠦᠨ ᠤ ᠴᠡᠭᠡᠵᠢ ᠰᠡᠳᠭᠢᠯ ᠳᠤ ᠰᠢᠷᠭᠠᠭᠠᠭᠳᠠᠨ ᠪᠣᠯᠪᠠᠰᠤᠷᠠᠭᠳᠠᠵᠤ᠂ ᠰᠢᠵᠢᠷᠯᠠᠨ ᠣᠷᠤᠰᠴᠤ ᠣᠠᠳᠤᠷᠤᠨ ᠭᠠᠷᠤᠭᠠᠳ ᠲ᠋ᠡᠭᠦᠨ ᠤ ᠪᠠᠷᠢᠭᠰᠠᠨ ᠳᠦᠷᠪᠠᠨ ᠣᠳᠠᠰᠤᠳᠤ ᠬᠤᠭᠤᠷ ᠲᠤ ᠰᠢᠩᠭᠡᠵᠤ᠂ ᠣᠷᠠᠨ ᠠᠪᠢᠶᠠᠰᠤᠯᠢᠭ ᠬᠤᠭᠤᠷᠳᠠᠯᠭ᠎ᠠ ᠪᠠᠷ ᠳᠠᠮᠵᠢᠨ ᠢᠷᠠᠭᠤ ᠰᠠᠢ᠌ᠬᠠᠨ ᠭᠦᠭ᠍ᠵᠢᠮ ᠠᠶᠠᠯᠭᠤ ᠪᠣᠯᠤᠨ ᠡᠭᠡᠰᠢᠭᠯᠡᠭ᠍ᠳᠡᠭᠡᠳ ᠭᠦᠳᠡᠭᠡ ᠳᠠᠯ᠎ᠠ ᠶᠢᠨ ᠡᠪᠠᠰᠤᠨ ᠤ ᠰᠤᠷ ᠢ ᠰᠢᠭᠦᠷᠤᠨ᠂ ᠭᠦᠭᠡ ᠣᠭᠳᠠᠷᠭᠤᠢ ᠶᠢᠨ ᠡᠭᠦᠯᠡᠨ ᠤ ᠳᠤᠯᠤᠭᠠᠢ ᠶᠢ ᠭᠡᠵᠢᠭᠡᠳᠡᠭ᠍ᠰᠡᠭᠡᠷ ᠬᠤᠷᠴᠢᠨ ᠤ ᠳᠠᠯ᠎ᠠ ᠨᠤᠳᠤᠭ ᠲᠤ ᠭᠠᠵᠠᠷ ᠰᠠᠢ ᠦᠭᠡᠶ ᠬᠠᠩᠭᠢᠨᠠᠨ ᠳᠠᠭᠤᠷᠢᠰᠴᠤ᠂ ᠦᠷᠭᠡᠨ ᠣᠯᠠᠨ ᠮᠠᠯᠴᠢᠨ ᠳᠠᠷᠢᠶᠠᠴᠢᠳ ᠤᠨ ᠴᠢᠭᠢᠨ ᠤ ᠭᠡᠩᠭᠡᠷᠭᠡ ᠶᠢ ᠳᠠᠯᠠᠳᠤᠨ᠂ ᠴᠡᠭᠡᠵᠢᠨ ᠤ ᠣᠶᠠᠩᠭ᠋᠎ᠠ ᠶᠢ ᠭᠦᠭ᠍ᠵᠢᠭᠡᠨ᠂ ᠵᠢᠷᠦᠭᠡ ᠰᠡᠳᠭᠢᠯ ᠤᠨ ᠭᠤᠸ᠎ᠠ ᠰᠠᠢ᠌ᠬᠠᠨ ᠤ ᠭᠦᠷᠳᠡᠭᠡᠮᠵᠢ ᠪᠣᠯᠤᠨ ᠴᠤᠤᠷᠢᠶᠠᠳᠤᠯ᠎ᠠ᠃ ᠡᠨᠡ ᠨᠢ ᠮᠠᠯᠴᠢᠨ ᠠᠷᠠᠤᠨ ᠤᠨ ᠪᠦᠭᠦᠢᠯᠡ ᠠᠮᠢᠳᠤᠷᠠᠯ ᠳᠠᠮᠠᠴᠠᠯ ᠤᠨ ᠠᠯᠬᠤᠮ ᠶᠠᠪᠣᠴᠠ ᠳᠤᠨᠢ ᠭᠦᠭ᠌ ᠠᠢᠵᠢᠮ ᠨᠡᠮᠡᠭ᠍ᠰᠡᠨ ᠪᠠᠢ᠌ᠳᠠᠭ᠂ ᠭᠦᠰᠡᠯ ᠰᠠᠨᠠᠭ᠎ᠠ ᠶᠢ ᠨᠢ ᠴᠡᠪᠠᠷᠰᠢᠭᠦᠯᠵᠤ᠂ ᠭᠦᠴᠤ ᠵᠤᠷᠢᠭ ᠢ ᠨᠢ ᠡᠷᠴᠢᠯᠡᠭ᠍ᠰᠡᠨ ᠪᠠᠢ᠌ᠳᠠᠭ᠃

ᠲ᠋ᠠᠷᠠ ᠪᠠᠷ ᠳ᠋ᠠᠩ ᠭᠠᠭᠴᠠ ᠠᠶ᠎ᠠ ᠵᠤᠬᠢᠶᠠᠵᠤ ᠬᠤᠭᠤᠷ ᠣᠢ᠌ᠯᠠᠳᠴᠤ ᠶᠠᠪᠣᠭᠰᠠᠨ ᠭᠦᠮᠤᠨ ᠳᠠᠳᠤᠢ ᠯᠠ ᠪᠢᠰᠢ᠃ ᠲ᠋ᠠᠷᠠ ᠪᠣᠯ ᠮᠦᠨ ᠴᠤ ᠨᠢᠭᠡᠨ ᠠᠶᠠᠯᠭᠤ ᠭᠦᠭ᠍ᠵᠢᠮ ᠤᠨ ᠰᠢᠯᠭᠠᠷᠠᠭᠰᠠᠨ ᠰᠤᠷᠭᠠᠨ ᠭᠦᠮᠦᠵᠢᠯᠳᠡᠨ ᠮᠦᠨ᠃ ᠳᠠᠷᠤᠢ 《ᠭᠦᠮᠤᠨ ᠳᠦᠷᠤᠯᠭᠢᠳᠠᠨ ᠤ ᠣᠶᠤᠨ ᠤ ᠢᠨᠵᠧᠨᠧᠷ 》 ᠮᠥᠨ᠃ ᠳᠡᠭᠦᠨ ᠤ ᠦᠪᠡᠷ ᠶᠢᠡᠨ ᠰᠤᠷᠭᠠᠭᠰᠠᠨ ᠭᠠᠷ ᠤᠨ ᠱᠠᠪᠢ ᠸᠠᠩ ᠪᠣᠤ ᠴᠸᠩ᠂ ᠱᠤᠸᠠᠩᠬᠤ᠂ ᠠᠯᠳᠠᠠᠪᠠᠭᠠᠨ᠎ᠠ᠂ ᠪᠠᠶᠠᠠᠪᠣᠯᠠᠭ ᠭᠡᠵᠤ ᠭᠡᠳᠦᠢ ᠣᠯᠠᠨ ᠡᠷᠳᠡᠮᠳᠡᠨ ᠪᠠᠢ᠌ᠬᠤ ᠡᠴᠡ ᠭᠠᠳᠠᠨ᠎ᠠ ᠣᠯᠠᠮᠯᠠᠭᠰᠠᠨ ᠱᠠᠪᠢ ᠡᠤ ᠶᠦᠨ ᠯᠦᠩ ᠂ ᠳᠠᠭᠢᠨ ᠣᠯᠠᠮᠯᠠᠭᠰᠠᠨ ᠱᠠᠪᠢ ᠳᠤᠭᠠᠯᠠᠰᠢ ᠥᠭᠡᠢ ᠭᠡᠵᠤ ᠭᠡᠳᠤᠨ ᠦᠶ᠎ᠡ ᠣᠯᠠᠮᠯᠠᠭᠰᠠᠨ ᠪᠦᠭᠡᠳ ᠪᠠᠰᠠ ᠭᠦᠶ‍ᠦᠪᠦᠷᠢ ᠱᠡᠪᠢ ᠪᠦᠷᠢᠡᠪᠠᠶᠡᠷ᠂ ᠪᠣᠤ ᠶᠢᠨ ᠱᠡᠨ ᠭᠡᠵᠤ ᠴᠥᠭᠡᠨ ᠪᠣᠰᠤ ᠪᠠᠢ᠌ᠳᠠᠭ᠃ ᠨᠠᠩ ᠢᠯᠠᠩᠭ᠋ᠤᠶ᠎ᠠ ᠰᠤᠷᠭᠠᠭᠤᠯᠢ ᠳᠤ ᠰᠤᠷᠴᠤ ᠪᠠᠢ᠌ᠭ᠎ᠠ ᠰᠤᠷᠤᠭᠴᠢ ᠶᠢᠨ ᠳᠤᠭ᠎ᠠ ᠶᠢ ᠭᠡᠷᠭᠢᠨ ᠳᠤᠭᠠᠯᠠᠬᠤ ᠪᠢᠯᠠ ︕ ᠣᠠᠴᠠᠭᠠᠢ᠌ᠯᠠᠨ ᠳᠤᠷᠠᠳᠤᠭᠤᠰᠢᠳᠠᠢ ᠨᠢ᠂ ᠨᠤᠨ ᠬᠤᠷᠴᠢᠨ ᠤ ᠦᠷᠭᠡᠨ ᠠᠭᠤᠳᠠᠮ ᠨᠤᠳᠤᠭ ᠳᠠᠭᠢ ᠬᠤᠭᠤᠷᠴᠢᠨ ᠪᠦᠷᠢ 《ᠡᠪᠦᠭᠡ ᠪᠠᠭᠰᠢ》ᠭᠡᠵᠦ᠂ ᠳᠡᠳᠡᠭᠡᠷ ᠣᠯᠠᠨ ᠱᠠᠪᠢ ᠭᠢᠭᠡᠳ ᠰᠤᠷᠤᠭᠴᠢᠳ ᠨᠢ ᠪᠦᠭᠦ ᠣᠯᠤᠰ ᠤᠨ ᠡᠯ᠎ᠡ ᠭᠠᠵᠠᠷ ᠣᠷᠤᠨ ᠤ ᠣᠷᠠᠯᠢᠭ ᠤᠨ ᠹᠷᠤᠠᠲ᠋ ᠲᠤ ᠭᠢᠯᠠᠷᠠᠭᠤᠯᠵᠤ ᠶᠠᠪᠣᠭ᠎ᠠ ᠪᠦᠭᠡᠳ ᠳᠡᠭᠦᠨ ᠤ ᠬᠤᠭᠤᠷᠳᠠᠯᠭ᠎ᠠ ᠶᠢᠨ ᠭᠡᠪ ᠨᠠᠮᠪᠠ ᠶᠢ ᠪᠦᠷᠢᠯᠳᠦᠭᠦᠯᠦᠭ᠍ᠰᠡᠨ ᠦᠪᠡᠷᠮᠢᠴᠠ ᠣᠠᠴᠠᠯᠢᠭ ᠲᠡᠶ ᠱᠤᠳᠤᠷᠠᠭᠤᠯᠤᠨ ᠴᠤᠭᠢᠬᠤ ᠠᠷᠭ᠎ᠠ᠂ ᠬᠤᠸᠠᠷᠯᠠᠵᠤ ᠣᠯᠠᠷᠢᠭᠤᠯᠬᠤ ᠠᠷᠭ᠎ᠠ ᠵᠡᠷᠭᠡ ᠶᠢ ᠪᠠᠭᠳᠠᠭᠠᠵᠤ ᠳᠦᠷᠢᠮᠵᠢᠭᠦᠯᠤᠨ ᠪᠠᠷᠢᠮᠵᠢᠶᠠᠯᠠᠭᠤᠯᠤᠭᠰᠠᠨ ᠭᠦᠭ᠍ᠵᠢᠮ ᠠᠶᠠᠯᠭᠤ ᠨᠢ ᠳᠤᠰᠬᠠᠢ ᠭᠢᠴᠢᠶᠠᠯ ᠤᠨ ᠪᠠᠢ᠌ᠷᠢ ᠲᠡᠶ ᠰᠤᠷᠭᠠᠭᠤᠯᠢ ᠶᠢᠨ ᠰᠤᠷᠬᠤ ᠪᠢᠴᠢᠭ᠌ ᠲᠤ ᠰᠤᠩᠭ᠋ᠤᠭᠳᠠᠨ ᠣᠷᠤᠵᠤ᠂ ᠮᠤᠩᠭ᠋ᠤᠯ ᠦᠨᠳᠦᠰᠦᠳᠠᠨ ᠤ ᠠᠷᠠᠤᠨ ᠤᠨ ᠰᠤᠶᠤᠯ ᠣᠷᠠᠯᠢᠭ ᠤᠨ ᠦᠪᠡᠷᠮᠢᠴᠠ ᠭᠡᠪ ᠨᠠᠮᠪᠠᠳᠤ ᠬᠤᠪᠣᠷ ᠨᠠᠠᠳᠢᠨ ᠡᠳ᠋ ᠪᠣᠯᠤᠭᠰᠠᠨ ᠪᠠ ᠲᠦᠷᠪᠠᠨ ᠣᠳᠠᠰᠤᠳᠤ ᠬᠤᠭᠤᠷ ᠤᠨ ᠵᠢᠭᠠᠨ ᠰᠤᠷᠭᠠᠯᠳᠠ ᠶᠢᠨ ᠰᠤᠩᠭ᠋ᠤᠳᠠᠭ ᠵᠢᠭᠠᠬᠤ ᠮᠠᠲ᠋ᠸᠷᠢᠶᠠᠯ ᠪᠣᠯᠵᠠᠢ᠃

ᠰᠦᠨ ᠯᠢᠶᠠᠩ ᠮᠤᠩᠭ᠋ᠤᠯ ᠦᠨᠳᠦᠰᠦᠳᠠᠨ ᠤ ᠰᠢᠯᠢᠳᠡᠭ᠌ ᠦᠪ ᠰᠤᠶᠤᠯ ᠤᠨ ᠵᠠᠯᠭᠠᠮᠵᠢᠯᠠᠵᠤ ᠭᠦᠭ᠍ᠵᠢᠭᠦᠯᠭᠦ ᠶᠢᠨ ᠠᠷᠢᠭᠤᠨ ᠳᠠᠷᠬᠠᠨ ᠣᠢ᠌ᠯᠠᠰ ᠲᠤ ᠭᠡᠮᠵᠢᠵᠤ ᠶᠠᠠᠳᠠᠰᠢ ᠦᠭᠡᠶ ᠨᠠᠮᠠᠷᠢ ᠬᠠᠠᠳᠢᠪ ᠶᠢᠡᠨ ᠡᠷᠭᠦᠭ᠍ᠰᠡᠨ ᠶᠤᠮ᠃

ᠰᠦᠨ ᠯᠢᠶᠠᠩ ᠭᠡᠵᠤ ᠳᠤᠷᠠᠳᠬᠤ ᠲᠡᠶ ᠵᠡᠷᠭᠡ ᠪᠠᠷ ᠬᠤᠷᠴᠢᠨ ᠨᠤᠳᠤᠭ ᠤᠨ ᠥᠳᠡᠯᠦᠭ᠍ᠰᠡᠨ ᠵᠠᠯᠠᠭᠤ ᠡᠪᠦᠭᠡᠳ ᠭᠦᠭ᠍ᠰᠢᠳ ᠭᠡᠰᠡᠨ ᠦᠭᠡᠶ ᠳᠡᠭᠦᠨ ᠲᠡᠶ ᠮᠠᠰᠢ ᠤᠢ᠌ᠷ᠎ᠡ ᠳᠤᠳᠤᠨᠤᠰᠤᠭ ᠪᠠᠢ᠌ᠵᠤ ᠡᠷᠡᠭᠡᠢ ᠬᠤᠷᠤᠭᠤ ᠭᠤᠵᠣᠢ᠌ᠯᠭᠠᠨ 《ᠡᠷᠳᠡᠮ ᠲᠡᠶ ᠭᠦᠮᠤᠨ ᠡ ︕》 ᠭᠡᠵᠤ ᠮᠠᠭᠳᠠᠵᠠᠭᠠᠨ᠎ᠠ᠃

ᠲ᠋ᠠᠷᠠ ᠪᠣᠯ ᠬᠤᠷᠴᠢᠨ ᠨᠤᠳᠤᠭ ᠤᠨ ᠮᠤᠩᠭ᠋ᠤᠯᠴᠤᠳ ᠤᠨ ᠶᠢᠡᠨ ᠣᠮᠤᠭᠳᠤ ᠭᠦᠪᠠᠭᠦᠨ ᠨᠢ ᠮᠦᠨ᠃ ᠳᠡᠭᠦᠨ ᠤ ᠣᠮᠤᠭ ᠵᠤᠷᠢᠭ ᠨᠢ ᠨᠢᠳᠤ ᠠᠯᠳᠠᠮ᠎ᠠ ᠦᠷᠭᠡᠨ ᠠᠭᠤᠳᠠᠮ ᠬᠤᠷᠴᠢᠨ ᠤ ᠳᠠᠯ᠎ᠠ ᠨᠤᠳᠤᠭ ᠡᠴᠡ ᠪᠠᠨ ᠰᠢᠯᠢᠳᠡᠭ᠌ ᠡᠷ᠎ᠡ ᠶᠢᠨ ᠳᠦᠷᠤᠯ ᠣᠯᠤᠭᠠᠤᠨ᠂ ᠥᠩᠭᠡᠳᠤ ᠭᠦᠷᠦᠰᠤ ᠰᠢᠮᠠᠳᠤ ᠰᠢᠷᠤᠢ ᠡᠴᠡ ᠨᠢ ᠣᠭᠤᠷᠠᠭ ᠳᠡᠵᠢᠭᠡᠯ ᠭᠦᠷᠳᠡᠭ᠍ᠰᠡᠨ ᠡᠴᠡ ᠪᠣᠯᠤᠭᠰᠠᠨ ᠶᠤᠮ᠃ ᠶᠠᠭ ᠡᠢ᠌ᠮᠤ ᠡᠴᠡ ᠳᠠᠷᠠ ᠬᠤᠭᠤᠷ ᠶᠢᠡᠨ ᠡᠷᠭᠦᠨ ᠭᠦᠭ᠌ ᠶᠢᠡᠨ ᠨᠡᠢ᠌ᠯᠡᠭᠦᠯᠵᠤ᠂ ᠮᠠᠰᠢ ᠣᠯᠠᠨ ᠰᠢᠯᠢᠳᠡᠭ᠌ ᠰᠠᠢ᠌ᠬᠠᠨ ᠠᠶᠠᠯᠭᠤ ᠭᠦᠭ᠍ᠵᠢᠮ ᠤᠨ ᠣᠷᠠᠨ ᠪᠦᠳᠦᠭᠡᠯ ᠢ ᠭᠦᠭᠯᠡᠨ ᠭᠠᠷᠭᠠᠵᠤ᠂ ᠡᠭᠡ ᠨᠤᠳᠤᠭ ᠤᠨ ᠶᠢᠡᠨ ᠴᠡᠩᠭᠡᠷ ᠣᠭᠳᠠᠷᠭᠤᠢ᠂ ᠴᠡᠴᠡᠭ᠍ᠳᠤ ᠳᠠᠯ᠎ᠠ᠂ ᠦᠨᠳᠦᠷ ᠠᠭᠤᠯᠠ ᠦᠷᠭᠡᠨ ᠮᠦᠷᠠᠨ ᠤ ᠭᠤᠶᠤ ᠰᠠᠢ᠌ᠬᠠᠨ ᠢ ᠵᠢᠷᠤᠭᠯᠠᠨ ᠣᠶᠠᠩᠭ᠋ᠠᠯᠠᠵᠤ᠂ ᠡᠷᠡᠯᠭᠡᠭ᠌ ᠮᠤᠩᠭ᠋ᠤᠯᠴᠤᠳ ᠤᠨ ᠶᠢᠡᠨ ᠠᠰᠪᠣᠷᠢ ᠵᠠᠩ᠂ ᠰᠢᠯᠤᠭᠤᠨ ᠠᠭᠠᠯᠢ᠂ ᠪᠠᠭᠠᠳᠤᠷ ᠵᠤᠷᠢᠭ᠂ ᠪᠠᠬᠠᠳᠦᠮ᠎ᠡ ᠢᠷᠡᠭᠡᠳᠦᠢ ᠶᠢ ᠬᠤᠭᠤᠷ ᠤᠨ ᠡᠭᠡᠰᠢᠭ᠌ ᠶᠢᠡᠷ ᠶᠢᠡᠨ ᠠᠮᠢᠳᠤᠯᠢᠭ ᠳᠦᠷᠰᠦᠯᠢᠭ᠌᠂ ᠨᠢᠳᠤᠨ ᠳᠤ ᠥᠵᠡᠭ᠍ᠳᠡᠮ᠎ᠡ ᠭᠠᠷ ᠲᠤ ᠪᠠᠷᠢᠭᠳᠠᠮ᠎ᠠ ᠵᠢᠷᠤᠭᠯᠠᠨ ᠳᠤᠰᠬᠠᠵᠤ᠂ ᠠᠷᠠᠤᠨ ᠲᠦᠮᠡᠨ ᠤ ᠪᠠᠨ ᠠᠮᠢᠳᠤᠷᠠᠯ ᠤᠨ ᠥᠩᠭᠡ ᠪᠣᠳᠤᠭ ᠢ ᠦᠣᠡᠭᠡᠷᠡᠭᠦᠯᠵᠤ᠂ ᠵᠤᠷᠢᠭ ᠢ ᠨᠢ ᠡᠷᠴᠢᠯᠡᠵᠤ᠂ ᠢᠳᠡᠭᠡᠯ ᠶᠢ ᠨᠢ ᠳᠡᠭᠦᠯᠳᠡᠷᠵᠢᠭᠦᠯᠦᠭᠡᠳ᠂ ᠨᠤᠳᠤᠭ ᠣᠰᠤ᠂ ᠦᠨᠳᠦᠰᠦᠳᠠᠨ ᠶᠠᠰᠤᠳᠠᠨ ᠳᠤ ᠪᠠᠨ ᠦᠨᠡᠠᠴᠢ ᠬᠠᠢ᠌ᠷ᠎ᠠ ᠰᠡᠳᠬᠢᠯᠭᠡ ᠪᠠᠨ ᠢᠯᠡᠷᠡᠭᠦᠯᠦᠭ᠍ᠰᠡᠨ ᠪᠠᠢ᠌ᠳᠠᠭ ᠃ ᠳᠡᠭᠦᠨ ᠤ 《ᠨᠢ᠋ᠮᠠᠨ ᠠᠶᠠᠯᠭᠤ》᠂ 《ᠦᠵᠦᠮ ᠤᠨ ᠣᠷᠢᠶᠠᠯᠠᠩ》᠂ 《ᠬᠠᠪᠣᠷ ᠤᠨ ᠭᠠᠯᠠᠭᠤ》᠂ 《ᠬᠠᠨ ᠰᠢᠤ ᠶ‍ᠢᠩ》᠂ 《ᠸᠠᠨ ᠯᠢ》᠂ 《ᠰᠢᠯᠤ》᠂ 《ᠱᠢ ᠯᠢᠤ》᠂ 《ᠶᠠᠩᠵᠤᠤᠷ ᠰᠦᠢ᠌ ᠯᠢᠩ》᠂ 《 ᠡᠦᠭ᠍ᠶ‍ᠦᠡᠽᠡ᠊ᠨᠳᠡᠨ》 ᠮᠠᠳᠤ ᠶᠢᠨ ᠲᠦᠯᠦᠭᠡᠯᠡᠭᠦ ᠴᠢᠨᠠᠷᠳᠠᠢ ᠭᠦᠭ᠍ᠵᠢᠮ ᠠᠶᠠᠯᠭᠤ ᠶᠢᠨ ᠰᠢᠯᠢᠳᠡᠭ᠌ ᠣᠷᠠᠨ ᠪᠦᠳᠦᠭᠡᠯ ᠨᠢ ᠪᠦᠷ ᠯᠠ ᠬᠤᠷᠴᠢᠨ ᠨᠤᠳᠤᠭ ᠤᠨ ᠰᠢᠮᠡᠯᠢᠭ ᠭᠦᠷᠦᠰᠤᠨ ᠳᠤ ᠭᠦᠷᠦᠰᠦᠯᠡᠵᠤ᠂ ᠳᠠᠯ᠎ᠠ ᠨᠤᠳᠤᠭ ᠤᠨ ᠠᠮᠢᠳᠤᠷᠠᠯ ᠤᠨ ᠭᠡᠪ ᠳᠦᠷᠰᠤ ᠶᠢ ᠣᠷᠠᠯᠠᠨ ᠪᠦᠳᠦᠭᠡᠵᠤ᠂ ᠡᠯᠪᠠᠭ᠌ ᠪᠠᠶᠠᠯᠢᠭ ᠮᠠᠯᠵᠢᠬᠤ ᠳᠠᠷᠢᠶᠠᠯᠠᠬᠤ ᠠᠮᠢᠳᠤᠷᠠᠯ ᠤᠨ ᠣᠷᠠᠨ ᠵᠢᠷᠤᠭ ᠢ ᠳᠡᠯᠭᠡᠨ ᠥᠵᠡᠭᠦᠯᠦᠭ᠍ᠰᠡᠨ ᠶᠤᠮ᠃ ᠳᠠᠷᠠ ᠬᠤᠷᠴᠢᠨ ᠨᠤᠳᠤᠭ ᠤᠨ ᠰᠤᠳᠤᠨ ᠭᠦᠪᠠᠭᠦᠨ ᠤ ᠣᠠᠴᠠ ᠶᠢᠨ ᠭᠢᠷᠠᠬᠠᠢ ᠬᠠᠷᠠᠭᠠᠯᠠᠯ ᠶᠢᠡᠷ ᠠᠮᠢᠳᠤᠷᠠᠯ ᠤᠨ ᠦᠨᠡᠨ ᠳᠤ ᠠᠵᠢᠭᠯᠠᠯᠳᠠ ᠭᠢᠵᠤ᠂ ᠠᠮᠢᠳᠤᠷᠠᠯ ᠤᠨ ᠴᠤᠭᠢᠯᠭ᠎ᠠ ᠶᠢ ᠭᠦᠨ ᠣᠢ᠌ᠯᠠᠭᠠᠨ᠂ ᠠᠮᠢᠳᠤᠷᠠᠯ ᠢ ᠣᠯᠠᠨ ᠳᠠᠯ᠎ᠠ ᠶᠢᠨ ᠵᠤᠭᠰᠤᠴᠠ ᠡᠴᠡ ᠪᠣᠷᠤᠭᠵᠢᠭᠤᠨ ᠰᠢᠨ᠎ᠠ ᠰᠡᠪᠠᠭᠦᠨ ᠶᠢᠡᠷ ᠵᠢᠷᠤᠭᠯᠠᠨ ᠳᠡᠮᠳᠡᠭᠯᠡᠵᠤ᠂ ᠡᠭᠡᠰᠢᠭᠯᠡᠨ ᠳᠠᠭᠤᠯᠠᠳᠠᠭ ᠡᠴᠡ ᠳᠡᠭᠦᠨ ᠤ ᠣᠷᠠᠨ ᠪᠦᠳᠦᠭᠡᠯ ᠨᠢ ᠡᠷᠡᠰ ᠴᠢᠩᠭ᠋᠎ᠠ ᠭᠦᠨ ᠣᠤᠠᠬ᠎ᠠ ᠪᠦᠭᠦᠢ ᠣᠷᠠᠯᠢᠭ ᠤᠨ ᠦᠪᠡᠷᠮᠢᠴᠠ ᠴᠢᠨᠠᠷ ᠢ ᠳᠤᠳᠤᠷᠠᠭᠤᠯᠤᠨ᠂ ᠠᠮᠢᠳᠤᠷᠠᠯ ᠤᠨ ᠮᠠᠭᠳᠠᠭᠠᠯ ᠳᠠᠭᠤᠤ ᠶᠢ ᠬᠠᠩᠭᠢᠨᠠᠳᠠᠯ᠎ᠠ ᠣᠶᠠᠩᠭ᠋ᠠᠯᠠᠵᠤ᠂ ᠭᠤᠸ᠎ᠠ ᠰᠠᠢ᠌ᠬᠠᠨ ᠰᠡᠳᠬᠢᠯᠭᠡᠳᠤ ᠳᠦᠷᠢ ᠶᠢ ᠠᠮᠢᠳᠤ ᠴᠤᠪᠣᠭᠤᠯᠢᠭ ᠶᠢᠡᠷ ᠣᠷᠠᠯᠠᠵᠤ᠂ ᠭᠦᠮᠦᠰ ᠢ ᠰᠠᠢ᠌ᠨ ᠰᠠᠢ᠌ᠬᠠᠨ᠂ ᠵᠤᠯ ᠵᠢᠷᠭᠠᠯᠳᠤ ᠠᠮᠢᠳᠤᠷᠠᠯ ᠳᠤ ᠣᠷᠢᠶᠠᠯᠠᠨ ᠳᠠᠯᠠᠯᠤᠭᠰᠠᠨ ᠪᠢᠯᠠ ︕

ᠴᠠᠭ ᠮᠦᠴᠡ ᠣᠷᠤᠰᠬᠠᠯ ᠪᠣᠯᠵᠤ᠂ ᠣᠨ ᠵᠢᠯ ᠣᠷᠴᠢᠨ ᠥᠩᠭᠡᠷᠡᠨ᠎ᠡ᠃ ᠬᠠᠮᠤᠭ ᠪᠠᠢ᠌ᠭᠰᠠᠨ ᠬᠠᠷ᠎ᠠ ᠴᠠᠭᠠᠨ᠂ ᠬᠠᠯᠠᠭᠤᠨ ᠭᠦᠢᠳᠡᠨ᠂ ᠬᠠᠢ᠌ᠷ᠎ᠠ ᠬᠠᠯᠠ ᠵᠡᠷᠭᠡ ᠬᠤᠭᠤᠷᠮᠠᠭᠯᠠᠭᠰᠠᠨ ᠮᠠᠨ ᠤ ᠡᠨᠡ ᠠᠮᠢᠳᠤᠷᠠᠯ᠂ ᠡᠷᠭᠢᠯᠳᠡ ᠦᠭᠡᠶ ᠥᠩᠭᠡᠷᠡᠨ ᠣᠳᠤᠭᠰᠠᠨ ᠣᠨ ᠵᠢᠯ ᠤᠨ ᠪᠢᠳᠠᠨ ᠳᠤ ᠥᠯᠡᠳᠡᠭᠡᠨ ᠦᠭ‍ᠭᠦᠭ᠍ᠰᠡᠨ ᠪᠣᠶᠤ ᠪᠢᠳᠠᠨ ᠡᠴᠡ ᠠᠪᠴᠤ ᠶᠡᠪᠤᠭᠰᠡᠨ ᠲ᠋ᠡᠷᠡ ᠪᠦᠭᠦᠨ ᠢ ᠦᠨᠦᠳᠤᠷ ᠪᠢᠳᠠ ᠡᠷᠭᠢᠴᠡᠭᠦᠯᠤᠨ ᠳᠤᠷᠠᠰᠬᠠᠬᠤ ᠶᠢ ᠱᠠᠭᠠᠷᠳᠠᠬᠤ ᠨᠢ ᠳᠤᠯᠭᠠᠮ᠎ᠠ ᠪᠣᠯᠵᠠᠢ᠃

ᠰᠦᠨ ᠯᠢᠶᠠᠩ ᠪᠢᠳᠠᠨ ᠳᠤ ᠨᠢᠭᠡᠨ ᠰᠠᠳᠤᠪ ᠬᠠᠩᠭ᠋ᠠᠵᠤ᠂ ᠳᠦᠷᠪᠠᠨ ᠣᠳᠠᠰᠤᠳᠤ ᠬᠤᠭᠤᠷ ᠪᠢᠳᠠᠨ ᠳᠤ ᠨᠢᠭᠡᠨ ᠭᠡᠰᠡᠭ᠌ ᠣᠷᠤᠨ ᠵᠠᠢ ᠶᠢ ᠣᠯᠭᠤᠵᠤ ᠥᠭ᠍ᠴᠡᠢ᠃

ᠲ᠋ᠠᠷᠠ ᠪᠠᠷ ᠠᠤᠭ᠎ᠠ ᠣᠢ᠌ᠯᠠᠰ ᠢ ᠪᠦᠳᠦᠭᠡᠵᠤ ᠴᠢᠳᠠᠭᠰᠠᠨ ᠤ ᠭᠤᠤᠯ ᠰᠢᠯᠳᠠᠭᠠᠨ ᠨᠢ ᠲ᠋ᠠᠷᠠ ᠮᠤᠩᠭ᠋ᠤᠯ ᠦᠨᠳᠦᠰᠦᠳᠠᠨ ᠤ ᠪᠠᠨ ᠲ᠋ᠡᠦᠭᠡ ᠰᠤᠶᠤᠯ ᠳᠤ ᠲᠤᠢ᠌ᠯ ᠤᠨ ᠬᠠᠢ᠌ᠷᠠᠳᠠᠢ᠃ ᠳᠠᠷᠠ ᠳᠦᠷᠪᠠᠨ ᠣᠳᠠᠰᠤᠳᠤ ᠬᠤᠭᠤᠷ ᠤᠨ ᠣᠷᠠᠯᠢᠭ ᠲᠤ ᠲᠤᠢ᠌ᠯ ᠤᠨ ᠬᠠᠢ᠌ᠷᠠᠳᠠᠢ᠂ ᠳᠠᠷᠠ ᠣᠷᠠᠨ ᠪᠦᠳᠦᠭᠡᠯᠭᠡ ᠶᠢᠨ ᠠᠵᠢᠯ ᠢ ᠦᠪᠡᠷ ᠤᠨ ᠨᠢᠭᠡ ᠨᠠᠰᠤᠨ ᠤ ᠪᠠᠨ ᠠᠷᠢᠭᠤᠳ ᠳᠠᠷᠬᠠᠨ ᠣᠢ᠌ᠯᠠᠰ ᠶᠢᠡᠨ ᠪᠣᠯᠭᠠᠭᠰᠠᠨ ᠳᠤ ᠣᠷᠤᠰᠢᠨ᠎ᠠ᠃

ᠲ᠋ᠠᠷᠠ ᠰᠤᠶᠤᠯ ᠣᠷᠠᠯᠢᠭ ᠤᠨ ᠦᠪ ᠵᠤᠵᠠᠭᠠᠨ ᠭᠦᠷᠦᠩᠭᠡ ᠲᠡᠶ ᠬᠤᠷᠴᠢᠨ ᠠᠮᠢᠳᠤᠷᠠᠯ ᠡᠴᠡ ᠪᠠᠶᠠᠯᠢᠭ ᠬᠤᠷᠠᠮᠳᠤᠭᠤᠯᠭ᠎ᠠ ᠠᠪᠴᠤ ᠬᠤᠪᠢ ᠶᠢᠨ ᠣᠢ ᠪᠢᠯᠢᠭ᠌ ᠶᠢᠡᠨ ᠨᠡᠭᠡᠭᠡᠭ᠍ᠳᠡᠭᠦᠯᠵᠤ᠂ ᠣᠢ᠌ᠯᠠᠯ ᠰᠡᠷᠡᠭᠦᠢ ᠪᠠᠨ ᠰᠠᠢ᠌ᠵᠢᠷᠠᠭᠤᠯᠤᠭᠰᠠᠨ ᠪᠠᠢ᠌ᠨ᠎ᠠ᠃

ᠲ᠋ᠠᠷᠠ ᠰᠢᠷᠭᠠᠭᠤ ᠬᠠᠳᠠᠭᠤᠯᠵᠢᠯᠳᠠᠢ ᠴᠢᠷᠮᠠᠢ᠌ᠳᠠᠭ᠂ ᠣᠬᠤᠴᠢᠯᠠᠨ ᠰᠥᠪᠠᠭ᠍ᠴᠢᠯᠡᠵᠤ ᠣᠷᠤᠯᠳᠤᠳᠠᠭ᠂ ᠠᠯᠢᠪᠠ ᠭᠦᠴᠢᠷᠳᠡᠯ ᠢ ᠢᠯᠠᠨ ᠳᠠᠪᠠᠳᠠᠭ ᠰᠦᠰᠦ ᠵᠤᠷᠢᠭᠳᠠᠢ᠃

ᠲ᠋ᠠᠷᠠ ᠳᠦᠷᠪᠠᠨ ᠣᠳᠠᠰᠤᠳᠤ ᠬᠤᠭᠤᠷ ᠲᠤ ᠳᠦᠷᠤᠯᠭᠢ ᠶᠢᠨ ᠬᠤᠪᠢ ᠪᠠᠷᠢᠯᠳᠤᠯᠭ᠎ᠠ ᠲᠡᠶ᠃ ᠳᠡᠭᠦᠨ ᠤ ᠰᠢᠷᠭᠠᠭᠤ ᠪᠣᠯᠪᠠᠰᠤᠷᠠᠯ ᠬᠠᠳᠠᠭᠤᠵᠢᠯᠳᠤ ᠴᠢᠷᠮᠠᠢ᠌ᠯᠭ᠎ᠠ ᠨᠢ ᠳᠡᠭᠦᠨ ᠢ ᠳᠦᠷᠪᠠᠨ ᠣᠳᠠᠰᠤᠳᠤ ᠬᠤᠭᠤᠷ ᠤᠨ ᠰᠠᠭᠢᠭᠤᠯᠰᠤᠨ ᠪᠣᠯᠭᠠᠭᠰᠠᠨ ᠪᠠᠢ᠌ᠨ᠎ᠠ᠃


(ᠦᠷᠭᠦᠯᠵᠢᠡᠯᠯ ᠪᠣᠢ)


ᠵᠤᠬᠢᠶᠠᠭᠴᠢ ᠶᠢᠨ ᠬᠠ‍‌ᠶᠢᠭ ᠄ ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤᠨ ᠤ ᠱᠸᠪᠠᠷᠳᠤ ᠳ᠋ᠠᠭᠢ ᠮᠤᠩᠭ᠋ᠤᠯ ᠦᠨᠳᠦᠰᠦᠳᠠᠨ ᠤ ᠳᠤᠮᠳᠠᠳᠤ ᠰᠤᠷᠭᠠᠭᠤᠯᠢ

ᠵᠤᠬᠢᠶᠠᠭᠴᠢ᠄ ᠲᠠᠩᠨᠤᠳ ᠬᠠᠢ᠌ᠬᠤ
ᠳᠠᠷᠤᠮ᠄ 2137
ᠴᠠᠭ᠄ 2012 ᠤᠨ ᠤ 08 ᠰᠠᠷ᠎ᠠ ᠶᠢᠨ 26
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁