ᠪᠠᠯᠪᠠᠴᠢ ᠶᠢᠨ ᠷᠠᠰᠢᠶᠠᠨ ᠳᠤ ᠪᠠᠢ᠌ᠭᠰᠠᠨ ᠨᠢᠭᠡ ᠣᠷᠤᠢ ᠪᠢ ᠨᠡᠷᠡ᠂ ᠰᠡᠷᠡ᠂ ᠲ᠋ᠡᠯᠡᠭᠡᠢ ᠶᠢᠨ ᠪᠦᠮᠪᠦᠷᠴᠡᠭ᠌ ᠭᠤᠷᠪᠠ ᠨᠢᠭᠡ ᠨᠢᠭᠡᠨ ᠲᠡᠶ ᠪᠠᠨ ᠪᠦᠷ ᠣᠢ᠌ᠷᠠᠬᠠᠨ ᠪᠣᠯᠵᠤ ᠠᠭᠤᠯᠵᠠᠭᠰᠠᠨ ᠰᠤᠨᠢᠨ ᠭᠠᠢ᠌ᠬᠠᠮᠰᠢᠭᠳᠠᠢ ᠪᠠᠢ᠌ᠭᠠᠯᠢ ᠶᠢᠨ ᠥᠵᠡᠭ᠍ᠳᠡᠯ ᠢ ᠣᠯᠵᠤ ᠬᠠᠷᠠᠭᠰᠠᠨ ᠶ‍ᠦᠮ᠃ ᠲ᠋ᠡᠷᠡᠭᠡᠨ ᠠᠭᠱᠠᠨ ᠳ᠋ᠤ 《ᠨᠠᠷᠠ ᠰᠠᠷᠠ ᠣᠳᠤᠨ ᠭᠤᠷᠪᠠ ᠶᠠᠭᠤ ᠪᠣᠢ ᠊᠊᠊᠊᠊᠊᠊᠊᠊᠊᠊ ᠴᠢᠠᠳᠠᠮᠤᠨᠢ ᠡᠷᠳᠡᠨᠢ》 ᠭᠡᠰᠡᠨ ᠳᠠᠭᠤᠤ ᠵᠢᠨ ᠥᠭᠡ ᠰᠠᠨᠠᠭᠠᠨ ᠳᠤ ᠣᠷᠤᠭᠰᠠᠨ ᠪᠦᠭᠡᠤᠨ ᠭᠤᠷᠪᠠᠨ ᠴᠢᠭ᠌ ᠨᠢᠭᠡ ᠬᠠᠪᠳᠠᠭᠠᠢ ᠶᠢ ᠪᠦᠳᠦᠭᠡᠭᠦ ᠳᠤᠭᠠᠨ ᠤ ᠹᠦᠩᠺᠼ ᠂ ᠮᠤᠩᠭ᠋ᠤᠯᠴᠤᠳ ᠶᠠᠭᠤᠨ ᠳᠤ ᠭᠤᠷᠪᠠ ᠶᠢᠨ ᠳᠤᠭ᠎ᠠ ᠶᠢ ᠡᠷᠭᠢᠮᠯᠡᠳᠡᠭ᠌ ᠶᠤᠰᠤ ᠭᠢᠭᠡᠤᠨ ᠮᠤᠩᠭ᠋ᠤᠯ ᠣᠯᠤᠰ ᠶᠠᠭᠠᠭᠢᠬᠤ ᠳᠤ ᠪᠠᠨ ᠰᠤᠶᠤᠩᠪᠣ ᠳᠠᠮᠠᠭ᠎ᠠ ᠪᠠᠷ ᠣᠯᠤᠰ ᠤᠨ ᠰᠦᠯᠳᠡ ᠪᠠᠨ ᠪᠣᠯᠭᠠᠭᠰᠠᠨ ᠢ ᠪᠣᠳᠠᠳᠤ ᠪᠠᠶ᠎ᠠ ᠪᠠᠷ ᠣᠯᠠᠮ ᠭᠦᠡᠵᠡᠭᠡᠢ ᠤᠬᠠᠭᠠᠷᠠᠭᠰᠠᠨ᠃ ᠡᠨᠡ ᠨᠢ ᠭᠡᠷᠡᠭ᠌ ᠳᠡᠭᠡᠷ᠎ᠡ ᠪᠠᠨ ᠰᠠᠪᠠ ᠶ‍ᠢᠷᠳᠢᠠᠴᠤ ᠶᠢᠨ ᠳᠤᠭᠳᠠᠯᠴᠠᠭ᠎ᠠ ᠶᠢ ᠳᠠᠭᠢᠠᠳᠠ ᠣᠬᠠᠭᠠᠷᠠᠭᠰᠠᠨ ᠭᠡᠷᠡᠭ᠌ ᠪᠢᠯᠠ᠃

ᠪᠢ ᠵᠢᠯ ᠤᠨ ᠳᠦᠷᠪᠡᠨ ᠣᠯᠠᠷᠢᠯ ᠳᠤ ᠮᠥᠯᠢᠭᠦᠨ ᠠᠮᠢᠰᠬᠤᠯ ᠳᠠᠯᠪᠢᠵᠤ ᠂ ᠵᠢᠷᠭᠤᠭ᠎ᠠ ᠳᠤᠯᠤᠭᠠᠨ ᠰᠠᠷ᠎ᠠ ᠳᠤ ᠴᠤ ᠮᠥᠩᠭᠦᠨ ᠳᠤᠭᠤᠯᠭ᠎ᠠ ᠭᠡᠳᠡᠷᠦᠭ᠍ᠰᠡᠨ ᠨᠤᠶᠠᠯᠢᠭ ᠦᠨᠳᠦᠷ ᠠᠭᠤᠯᠠᠰ ᠤᠨ ᠬᠤᠭᠤᠷᠤᠠᠳᠤ ᠲᠦᠷᠦᠵᠤ ᠥᠰᠦᠭ᠍ᠰᠡᠨ ᠪᠣᠯᠬᠤᠷ ᠡᠢ᠌ᠮᠦᠷᠭᠦᠤ ᠥᠵᠡᠭ᠍ᠳᠡᠯ ᠢ ᠶᠠᠷᠤ ᠳᠡᠭᠡᠨ ᠣᠯᠵᠤ ᠬᠠᠷᠠᠭᠰᠠᠨ ᠦᠭᠡᠶ᠂ ᠠᠰᠬ᠎ᠠ ᠦᠨᠳᠦᠷ ᠠᠭᠤᠯᠠᠰ ᠲᠤ ᠬᠠᠯᠬᠠᠯᠠᠭᠳᠠᠭᠰᠠᠨ ᠨᠠᠷᠠ ᠰᠠᠷᠠ ᠭᠠᠷᠬᠤ ᠨᠢ ᠤᠳᠠᠭᠠᠨ᠂ ᠰᠢᠩᠭᠡᠭᠦ ᠨᠢ ᠬᠤᠷᠳᠤᠨ ᠪᠣᠯᠬᠤᠷ ᠭᠡᠨ ᠨᠢᠭᠡᠨ ᠲᠡᠶ ᠪᠠᠨ ᠭᠡᠵᠢᠶᠡᠳᠡ ᠣᠯᠵᠤ ᠠᠭᠤᠯᠵᠠᠳᠠᠭ ᠦᠭᠡᠶ ᠪᠠᠢ᠌ᠯ᠎ᠡ ᠃ ᠭᠡᠳᠡᠯ᠎ᠡ ᠡ᠊ᠨᠳᠡ ᠪᠣᠯ ᠬᠠᠷᠢᠨ ᠬᠠᠮᠢᠭ᠎ᠠ ᠨᠢᠭᠡ ᠵᠤᠭᠰᠤᠭᠰᠠᠨ ᠭᠠᠵᠠᠷ ᠨᠢ ᠬᠠᠮᠤᠭ ᠤᠨ ᠦᠨᠳᠦᠷ ᠴᠢᠭ᠌ ᠪᠣᠯᠵᠤ ᠂ ᠬᠠᠷᠠᠭ᠎ᠠ ᠮᠤᠬᠤᠭᠠᠭᠰᠠᠨ ᠬᠠᠨᠠᠭᠠᠷ ᠠᠭᠤᠳᠠᠮ ᠳᠠᠯ᠎ᠠ ᠶᠢᠨ ᠳᠤᠮᠳᠠ᠂ ᠬᠠᠯᠬᠠᠯᠠᠬᠤ ᠠᠭᠤᠯᠠ ᠪᠠᠢ᠌ᠬᠤ ᠦᠭᠡᠶ ᠪᠣᠯᠬᠤᠷ ᠬᠠᠮᠢᠭᠠᠰᠢ ᠪᠠᠨ ᠬᠠᠷᠠᠭᠰᠠᠨ ᠴᠤ ᠳᠡᠯᠡᠭᠡᠢ ᠶᠢᠨ ᠪᠦᠮᠪᠦᠷᠴᠡᠭ᠌ ᠨᠠᠷᠠ ᠰᠠᠷᠠ ᠲᠡᠶ ᠪᠠᠨ ᠠᠳᠠᠯᠢ ᠳᠦᠭᠦᠷᠢᠭ ᠭᠡᠯᠪᠠᠷᠢᠳᠡᠢ ᠪᠦᠩᠬᠦᠢ᠌ᠨ᠎ᠡ᠃ ᠡᠡᠯᠦᠰ ᠳᠡᠭ᠍ᠷᠢ ᠶᠢᠨ ᠬᠠᠶᠠᠭ᠎ᠠ ᠲᠡᠶ ᠵᠠᠯᠭᠠᠯᠳᠤᠭᠰᠠᠨ ᠠᠶᠠᠭᠠᠨ ᠤ ᠭᠦᠪᠠᠭᠡ ᠰᠢᠭ᠌ ᠵᠠᠬ᠎ᠠ ᠳᠡᠭᠡᠷ᠎ᠡ ᠨᠢ ᠠᠯᠬᠤᠭᠠᠤᠨ ᠭᠦᠷᠦᠭ᠍ᠰᠡᠭᠡᠷ ᠴᠠᠭᠠᠰᠢ ᠪᠠᠨ ᠪᠠᠷᠤᠭ ᠪᠦᠮᠪᠦᠷᠢᠭᠡᠤᠨ ᠣᠷᠤᠴᠢᠬᠠᠬᠤ ᠳᠦᠷᠦᠭ᠍ᠳᠡᠯ ᠦᠭ‍ᠭᠦᠨ᠎ᠡ᠃ ᠮᠤᠩᠭ᠋ᠤᠯ ᠨᠤᠳᠤᠭ ᠤᠨ ᠮᠥᠯᠢᠭᠡᠷ ᠠᠭᠤᠳᠠᠮ ᠭᠠᠵᠠᠷ ᠤᠨ ᠭᠠᠳᠠᠷᠭᠤ ᠳᠡᠭᠡᠷ᠎ᠡ ᠡᠴᠡ ᠪᠠᠷᠠᠭᠤᠨ ᠬᠣᠢ᠌ᠰᠢ ᠪᠠᠷᠠᠯᠠᠪᠠᠯ ᠭᠦᠷᠳᠤᠨ ᠣᠯᠠᠭᠠᠨ ᠨᠠᠷᠠᠨ ᠤ ᠳᠤᠤᠷ᠎ᠠ ᠭᠦᠷᠡᠩᠳᠤᠨ ᠬᠤᠷᠠᠭᠰᠠᠨ ᠠᠭᠰᠢᠭᠤᠨ ᠬᠠᠷ᠎ᠠ ᠡᠭᠦᠯᠡᠰ ᠳᠤᠨᠤᠵᠢᠷᠠᠨ ᠭᠤᠭᠤᠵᠢᠵᠤ᠂ ᠲᠦᠮᠡ ᠪᠣᠮᠠᠨ ᠳᠡᠭ᠍ᠷᠢ ᠶᠢᠨ ᠴᠡᠷᠢᠭ᠌ ᠳᠡᠭᠡᠰᠤ ᠳᠠᠯᠪᠢᠭᠠᠤᠨ ᠭᠤᠯᠭᠤᠨ ᠪᠠᠭᠤᠵᠤ ᠢᠷᠡᠭᠦ ᠰᠢᠭ᠌ ᠭᠠᠢ᠌ᠬᠠᠯᠳᠠᠢ ᠬᠠᠷᠠᠭᠳᠠᠪᠠ᠃  ᠡᠨᠡ ᠦᠶ᠎ᠡ ᠭᠦᠮᠤᠨ ᠳᠤ ᠣᠷᠠᠨ ᠳᠦᠰᠦᠭᠯᠡᠯ᠂ ᠡᠯᠳᠡᠪ ᠬᠤᠯᠪᠤᠨ ᠪᠣᠳᠤᠯᠳᠠ ᠡᠷᠡᠭᠡ ᠦᠭᠡᠶ ᠣᠷᠤᠵᠤ ᠢᠷᠡᠨ᠎ᠡ᠃ ᠡᠷᠳᠡᠨ ᠤ ᠭ᠍ᠷᠧᠭ ᠤᠨ ᠠᠯᠳᠠᠷᠳᠤ ᠰᠢᠡᠵᠢᠯᠡᠭᠦ ᠣᠬᠠᠭᠠᠠᠳᠠᠨ ᠠᠷᡁᠢᠮᠸᠳ᠋ ᠄ 《ᠨᠠᠳᠠ ᠳᠤ ᠨᠢᠭᠡ ᠳᠤᠯᠬᠤ ᠴᠢᠭ᠌ ᠦᠭ‍ᠭᠦᠭᠡᠴᠢ ᠂ ᠲ᠋ᠡᠯᠡᠭᠡᠢ ᠶᠢᠨ ᠪᠦᠮᠪᠦᠷᠴᠡᠭ᠌ ᠢ ᠪᠢ ᠭᠠᠭᠴᠠᠬᠠᠨ ᠭᠦᠰᠢᠭᠡᠤᠨ ᠭᠠᠷᠭᠠᠴᠢᠬᠠᠶ᠎ᠠ》 ᠭᠡᠵᠤ ᠭᠡᠯᠡᠭ᠍ᠰᠡᠨ ᠰᠢᠭ᠌ ᠨᠠᠳᠠ ᠳᠤ ᠨᠢᠭᠡ ᠡᠭᠦᠯᠡᠨ ᠱᠠᠳᠤ ᠥᠭ᠍ᠳᠡᠭ᠌ ᠪᠣᠯ ᠭᠢᠰᠭᠢᠵᠤ ᠪᠠᠢ᠌ᠭ᠎ᠠ ᠣᠷᠤᠨ ᠡᠴᠡ ᠪᠠᠨ ᠪᠢ ᠨᠠᠷᠠ᠂ ᠰᠠᠷᠠ ᠶᠢᠨ ᠠᠯᠢᠨ ᠳᠤ ᠨᠢ ᠴᠤ ᠳᠤᠯᠤᠭᠠᠤᠨ ᠭᠠᠷᠴᠢᠬᠠᠮᠠᠷ ᠪᠣᠯᠤᠮᠵᠢ ᠲᠡᠶ ᠰᠠᠨᠠᠭᠳᠠᠪᠠ᠃ ᠶᠠᠭ ᠯᠠ ᠡᠷᠳᠡ ᠭᠠᠯᠪᠠ ᠶᠢᠨ ᠡᠢ᠌ᠮᠦᠷᠭᠦᠤ ᠨᠢᠭᠡ ᠣᠷᠤᠢ ᠭᠠᠳᠠᠷ ᠣᠷᠴᠢᠯᠠᠩ ᠤᠨ ᠭᠦᠮᠦᠰ ᠨᠠᠷᠠ ᠰᠠᠷᠠ ᠪᠠᠷ ᠠᠮᠠᠷᠠᠯᠳᠠ ᠶᠢᠨ ᠥᠷᠳᠡᠭᠡ ᠪᠣᠯᠭᠠᠵᠤ ᠨᠠᠭᠠᠰᠢ ᠪᠠᠨ ᠳᠡᠭᠡᠭᠡᠤᠨ ᠥᠰᠦᠷᠦᠭᠡᠤᠨ ᠪᠠᠭᠤᠵᠤ ᠢᠷᠡᠭ᠍ᠰᠡᠨ ᠪᠠᠢ᠌ᠵᠤ ᠪᠣᠯᠬᠤ ᠶᠤᠮ᠃ ᠨᠠᠷᠠ ᠰᠠᠷᠠᠨ ᠳᠡᠭᠡᠷ᠎ᠡ ᠣᠰᠤ ᠪᠠᠢ᠌ᠬᠤ ᠦᠭᠡᠶ᠂ ᠲ᠋ᠡᠯᠡᠭᠡᠢ ᠶᠢᠨ ᠪᠦᠮᠪᠦᠷᠴᠡᠭ᠌ ᠳᠡᠭᠡᠷ᠎ᠡ ᠪᠠᠢ᠌ᠬᠤ ᠪᠠᠢ᠌ᠬᠤ ᠳᠤ ᠪᠠᠨ ᠪᠠᠰᠠ ᠷᠠᠰᠢᠶᠠᠨ ᠣᠰᠤ ᠪᠠᠢ᠌ᠨ᠎ᠠ᠂ ᠭᠠᠳᠠᠷ ᠣᠷᠴᠢᠯᠠᠩ ᠤᠨ ᠭᠦᠮᠦᠰ ᠭᠠᠩᠳᠠᠮᠠᠯ ᠬᠠᠭᠤᠷᠠᠢ ᠶᠢᠨ ᠰᠢᠯᠢ ᠳᠡᠭᠡᠷ᠎ᠡ ᠪᠠᠭᠤᠵᠤ ᠢᠷᠡᠭᠦ ᠳᠤ ᠪᠠᠨ ᠣᠰᠤ ᠡᠷᠢᠵᠤ ᠭᠠᠵᠠᠷ ᠢ ᠡᠷᠦᠭᠡᠤᠨ ᠷᠠᠰᠢᠶᠠᠨ ᠭᠠᠷᠭᠠᠭᠰᠠᠨ ᠭᠡᠵᠤ ᠳᠦᠰᠦᠭᠯᠡᠵᠤ ᠪᠣᠯᠤᠨ᠎ᠠ᠃ ᠪᠠᠯᠪᠠᠴᠢ ᠶᠢᠨ ᠷᠠᠰᠢᠶᠠᠨ ᠨᠡᠭᠡᠷᠡᠨ ᠴᠤ ᠳᠤᠬᠠᠢ ᠶᠢᠨ ᠭᠠᠵᠠᠷ ᠤᠨ ᠭᠦᠮᠦᠰ ᠳᠤ 《ᠠᠶᠤᠤᠯᠢᠬᠠᠢ ᠶᠢᠨ ᠭᠤᠤ》 ᠭᠡᠵᠤ ᠨᠡᠷᠡᠯᠡᠭ᠍ᠳᠡᠭ᠍ᠰᠡᠨ ᠨᠠᠮᠬᠠᠨ ᠳᠤᠯᠤᠭᠠᠤᠨ ᠤᠨ ᠠᠷᠤ ᠴᠢᠮᠠᠷᠬᠠᠢ ᠳᠤ ᠮᠠᠯᠳᠠᠭᠰᠠᠨ ᠰᠢᠭ ᠬᠤᠩᠬᠤᠷ ᠡᠴᠡ ᠪᠣᠷᠭᠢᠯᠤᠨ ᠭᠠᠷᠴᠤ ᠪᠠᠢ᠌ᠨ᠎ᠡ᠃ ᠡᠨᠡ ᠪᠣᠯ ᠪᠠᠯᠪᠠᠴᠢ ᠶᠢᠨ ᠷᠠᠰᠢᠶᠠᠨ ᠤ ᠡᠭᠦᠰᠴᠤ ᠪᠦᠳᠦᠭ᠍ᠰᠡᠨ ᠳᠤᠬᠠᠢ ᠣᠷᠠᠯᠢᠭᠵᠢᠭᠤᠯᠤᠨ ᠰᠡᠳᠭᠢᠭ᠍ᠰᠡᠨ ᠨᠢᠭᠡ ᠵᠣᠢ᠌ᠯ ᠤᠨ ᠳᠦᠰᠦᠭᠯᠡᠯ ᠪᠣᠯᠬᠤ ᠶ‍ᠦᠮᠰᠡᠨ᠃ ᠭᠡᠳᠡᠯ᠎ᠡ ᠭᠧᠦᠯᠦᠭᠢ ᠶᠢᠨ ᠳᠤᠬᠠᠢ ᠪᠦᠳᠦᠭᠦᠪᠴᠢᠭᠡᠨ ᠮᠡᠳᠡᠯᠭᠡ ᠮᠠᠨᠢ ᠥᠭᠡᠷ᠎ᠡ ᠨᠢᠭᠡ ᠪᠣᠯᠤᠮᠵᠢ ᠶᠢ ᠣᠳᠠᠯ ᠦᠭᠡᠶ ᠨᠠᠳᠠ ᠳᠤ ᠭᠡᠯᠡᠵᠤ ᠦᠭ‍ᠭᠦᠯ᠎ᠡ᠃ ᠪᠤᠯᠠᠭ ᠭᠠᠷᠴᠤ ᠪᠠᠢ᠌ᠭ᠎ᠠ ᠡᠨᠡ ᠬᠤᠩᠬᠤᠷ ᠂ ᠭᠠᠵᠠᠷ ᠤᠨ ᠲᠦᠪᠰᠢᠨ ᠡᠴᠡ ᠵᠠᠭᠤᠭᠠᠤᠨ ᠮᠸᠲ᠋ᠷ ᠳᠤᠤᠷ᠎ᠠ ᠮᠥᠷᠳᠡᠭᠡᠨ ᠠᠶᠠᠭ᠎ᠠ ᠰᠢᠭ ᠣᠩᠬᠤᠷ ᠪᠣᠯᠤᠭᠰᠠᠨ ᠨᠢ ᠠᠯᠢ ᠳ᠋ᠢᠸᠠᠩᠭ᠋ᠠᠷ ᠤᠨ ᠨᠢᠭᠡᠨ ᠴᠠᠭ ᠲᠤ ᠳᠦᠭᠡᠷᠢᠭ᠍ᠰᠡᠨ ᠳᠤᠮᠤ ᠰᠤᠯᠢᠷ ᠣᠳᠤ ᠱᠤᠤᠭᠢᠨ ᠪᠠᠭᠤᠵᠤ ᠢᠷᠡᠭᠡᠤᠨ ᠭᠠᠵᠠᠷ ᠢ ᠴᠦᠮᠦ ᠴᠤᠭᠢᠵᠤ ᠣᠰᠤ ᠭᠠᠷᠭᠠᠭᠰᠠᠨ ᠨᠢ ᠢᠯᠠ ᠮᠡᠳᠡᠭ᠍ᠳᠡᠨ᠎ᠡ ᠃ ᠪᠤᠯᠠᠭ ᠤᠨ ᠬᠤᠩᠬᠤᠷ ᠤᠨ ᠡᠷᠭᠢᠨ ᠳᠤᠭᠤᠷᠢᠨ ᠤ ᠬᠤᠷᠢᠭᠠᠤᠨ ᠭᠠᠵᠠᠷ ᠲᠤ ᠳᠠᠪᠤᠨ ᠬᠤᠰᠢᠭᠤ ᠮᠠᠯ ᠤᠨ ᠱᠠᠭ᠎ᠠ ᠰᠢᠭ ᠡᠯᠢᠭᠡᠨ ᠭᠦᠷᠡᠩ ᠵᠢᠵᠢᠭ᠍‍ᠭᠡᠨ ᠴᠢᠯᠠᠭᠤ ᠨᠤᠭᠤᠳ ᠬᠠᠮᠢᠭ᠎ᠠ ᠨᠢᠭᠡᠳᠡᠢ ᠦᠭᠡᠶ ᠭᠦᠯᠭᠦᠭᠡᠷᠡᠭᠦ ᠨᠢ ᠭᠠᠵᠠᠷ ᠤᠨ ᠭᠠᠳᠠᠷᠭᠤ ᠲᠡᠶ ᠬᠠᠷᠭᠤᠭᠰᠠᠨ ᠰᠤᠯᠢᠷ ᠣᠳᠤ ᠳᠡᠯᠪᠠᠷᠡᠭᠡᠤᠨ ᠪᠣᠳᠠᠷᠠᠭᠰᠠᠨ ᠭᠡᠵᠤ ᠪᠢ ᠪᠣᠳᠤᠭᠠᠤᠨ ᠥᠭᠡᠷ ᠤᠨ ᠠᠯᠠᠭ ᠮᠢᠬ᠎ᠠ ᠰᠢᠭ ᠳᠠᠷᠠ ᠰᠠᠠᠰᠠᠷ ᠤᠨ ᠨᠠᠷᠠᠨ ᠴᠢᠯᠠᠭᠤ ᠨᠤᠭᠤᠳ ᠡᠴᠡ ᠳᠡᠭᠦᠨ ᠠᠪᠴᠤ ᠰᠤᠨᠢᠷᠬᠠᠯ ᠪᠣᠯᠭᠠᠨ ᠬᠠᠳᠠᠭᠠᠯᠠᠭᠰᠠᠨ ᠶ‍ᠦᠮ᠃ ᠭᠡᠳᠡᠯ᠎ᠡ ᠷᠠᠰᠢᠶᠠᠨ ᠪᠣᠯᠠᠭ ᠤᠨ ᠣᠢ᠌ᠷ᠎ᠠ ᠬᠤᠪᠢ ᠳ᠋ᠠᠭᠢ ᠭᠠᠵᠠᠷ ᠤᠨ ᠪᠦᠳᠦᠴᠡ ᠳᠤ ᠨᠠᠷᠢᠨ ᠪᠠᠢ᠌ᠴᠠᠭᠠᠯᠳᠠ ᠭᠢᠭᠡᠤᠨ ᠰᠠᠶ‍ᠢ ᠡ᠊ᠨᠳᠡ ᠣᠷᠢᠳᠤ ᠨᠢ ᠭᠠᠯᠳᠤ ᠠᠭᠤᠯᠠ ᠶᠢᠨ ᠠᠵᠢᠯᠯᠠᠭᠠᠨ ᠨᠢᠭᠡ ᠦᠶ᠎ᠡ ᠭᠦᠴᠦᠳᠡᠢ ᠶᠠᠪᠣᠭᠳᠠᠭᠰᠠᠨ ᠢ ᠣᠯᠵᠤ ᠮᠠᠳᠠᠯ᠎ᠠ᠃ ᠪᠠᠯᠪᠠᠴᠢ ᠶᠢᠨ ᠷᠠᠰᠢᠶᠠᠨ ᠤ ᠡᠷᠭᠢᠨ ᠳᠤᠭᠤᠷᠢᠨ ᠳ᠋ᠠᠭᠢ ᠨᠠᠮᠠᠬᠠᠨ ᠳᠤᠯᠤᠭᠠᠤᠨ ᠨᠢ ᠮᠠᠭᠮᠠ ᠶᠢᠨ ᠭᠦᠳᠡᠯᠭᠡᠭᠡᠨ ᠪᠣᠶᠤ ᠳ᠋ᠢᠶᠠᠰᠲ᠋ᠷᠤᠫᠢᠽᠮ ᠤᠨ ᠦᠶ᠎ᠡ ᠳ᠋ᠠᠭᠢ ᠰᠥᠨᠦᠭ᠍ᠰᠡᠨ ᠭᠠᠯᠳᠤ ᠠᠭᠤᠯᠠ ᠪᠦᠭᠡᠤᠨ ᠳᠡᠭᠦᠨ ᠤ ᠣᠷᠤᠢ ᠪᠠᠷ ᠰᠢᠳᠠᠩᠬᠠᠢ ᠭᠦᠷᠡᠩ ᠥᠭᠡᠷ ᠴᠢᠯᠠᠭᠤ ᠨᠤᠭᠤᠳ ᠣᠯᠠᠨ ᠪᠠᠢ᠌ᠭ᠎ᠠ ᠨᠢ ᠭᠠᠯᠳᠤ ᠠᠭᠤᠯᠠ ᠶᠢᠨ ᠦᠨᠡᠰᠤᠳᠤ ᠪᠣᠳᠠᠷᠠᠩ ᠪᠣᠯᠬᠤ ᠨᠢ ᠦᠵᠡᠳᠠᠯ᠎ᠠ ᠢᠯᠡᠷᠡᠭᠡᠢ᠃ ᠰᠤᠯᠢᠷ ᠣᠳᠤ ᠪᠠᠭᠤᠭᠰᠠᠨ ᠭᠠᠵᠠᠷ ᠪᠣᠯᠭᠠᠨ ᠡᠴᠡ ᠷᠠᠰᠢᠶᠠᠨ ᠪᠣᠷᠭᠢᠯᠬᠤ ᠠᠯᠪᠠ ᠦᠭᠡᠶ᠂ ᠷᠠᠰᠢᠶᠠᠨ ᠪᠣᠯ ᠭᠠᠯᠳᠤ ᠠᠭᠤᠯᠠ ᠶᠢᠨ ᠳᠠᠰᠤᠷᠠᠯ ᠤᠨ ᠴᠤᠷᠭᠤ ᠪᠠᠷ ᠰᠢᠬᠠᠭᠳᠠᠨ ᠭᠠᠷᠴᠤ ᠢᠷᠡᠭ᠍ᠰᠡᠨ ᠭᠠᠵᠠᠷ ᠤᠨ ᠭᠦᠨ ᠳᠠᠪᠬᠤᠷᠭ᠎ᠠ ᠳᠤᠤᠷᠠᠭᠢ ᠡᠷᠦᠳᠡᠰᠤ ᠶᠢᠨ ᠳᠠᠷᠬᠠᠨ ᠰᠢᠩᠭᠡᠭ᠍ᠰᠡᠨ ᠣᠰᠤ ᠪᠣᠯᠬᠤ ᠶᠤᠮᠰᠠᠨ᠃ ᠮᠢᠨᠤ ᠳᠡᠭᠦᠵᠤ ᠠᠪᠣᠭᠰᠠᠨ ᠡᠯᠢᠭᠡᠨ ᠭᠦᠷᠡᠩ ᠴᠢᠯᠠᠭᠤ ᠨᠤᠭᠤᠳ ᠪᠣᠯ ᠰᠤᠯᠢᠷ ᠣᠳᠤᠨ ᠤ ᠭᠡᠯᠳᠡᠷᠭᠡᠢ ᠪᠢᠰᠢ᠂ ᠭᠠᠵᠠᠷ ᠤᠨ ᠴᠦᠮ᠎ᠡ ᠡᠴᠡ ᠥᠯᠢᠶᠡᠭ᠍ᠳᠡᠨ ᠭᠠᠷᠴᠤ ᠢᠷᠡᠭ᠍ᠰᠡᠨ ᠰᠢᠩᠭᠡᠨ ᠮᠠᠭᠮᠠ ᠶᠢᠨ ᠴᠠᠷᠴᠠᠮᠠᠯ ᠤᠳ ᠪᠠᠢ᠌ᠯ᠎ᠠ᠃ ᠲ᠋ᠠᠷᠠ ᠴᠢᠯᠠᠭᠤᠳ ᠤᠨ ᠭᠦᠷᠡᠩ ᠣᠯᠠᠭᠠᠨ ᠥᠩᠭᠡ ᠨᠢ ᠣᠳᠤ ᠴᠤ ᠭᠡᠰᠡᠨ ᠭᠡᠳᠤᠨ ᠮᠢᠩᠭ᠋ᠠᠨ ᠭᠷᠠᠳᠦ᠋ᠰ ᠬᠠᠯᠠᠭᠤᠨ ᠶᠢᠡᠷ ᠶᠢᠡᠨ ᠪᠠᠢ᠌ᠭ᠎ᠠ ᠰᠢᠭ ᠳᠦᠷᠦᠭ᠍ᠳᠡᠯ ᠦᠭ‍ᠭᠦᠨ᠎ᠡ᠃ ᠢᠩᠭᠢᠭᠡᠤᠨ ᠪᠣᠳᠤᠪᠠᠯ ᠪᠠᠯᠪᠠᠴᠢ ᠶᠢᠨ ᠷᠠᠰᠢᠶᠠᠨ ᠨᠠᠳᠠ ᠵᠠᠬ᠎ᠠ ᠳᠤ ᠪᠠᠨ ᠭᠡᠳᠤᠨ ᠲᠦᠮᠡᠨ ᠣᠨ᠂ ᠴᠠᠭᠠᠰᠢᠯᠠᠪᠠᠯ ᠭᠡᠳᠤᠨ ᠠᠷᠪᠠᠨ ᠳᠦᠮᠡ᠂ ᠭᠡᠳᠤᠨ ᠵᠠᠭᠤᠨ ᠲᠦᠮᠡᠨ ᠣᠨ ᠤ ᠳᠡᠦᠭᠡ ᠲᠡᠶ ᠪᠤᠯᠵᠠᠢ᠃ ᠭᠡᠳᠡᠯ᠎ᠡ ᠭᠦᠮᠤᠨ ᠲᠦᠷᠦᠯᠭᠢᠳᠠᠨ ᠡ᠊ᠨᠳᠡ ᠷᠠᠰᠢᠶᠠᠨ ᠪᠠᠢ᠌ᠬᠤ ᠶᠢ ᠣᠯᠵᠤ ᠮᠡᠳᠡᠭ᠍ᠰᠡᠨ ᠨᠢ ᠡᠨᠡᠦᠭᠡᠨ ᠤ ᠶᠠᠪᠣᠳᠠᠯ ᠪᠣᠯᠤᠨ᠎ᠠ ᠃ ᠬᠠᠷᠢᠨ ᠬᠠᠮᠤᠭ ᠡᠴᠡ ᠡᠮᠦᠨ᠎ᠡ ᠷᠠᠰᠢᠶᠠᠨ ᠭᠦᠷᠳᠡᠵᠤ ᠪᠠᠢ᠌ᠭᠰᠠᠨ ᠨᠢ ᠪᠠᠯᠠᠷ ᠡᠷᠳᠡᠨ ᠤ ᠠᠮᠢᠳᠠᠨ ᠠᠷᠢᠶᠠᠳᠠᠨ ᠪᠣᠯᠬᠤ ᠪᠦᠭᠡᠤᠨ ᠳᠠᠷᠠ ᠳᠤᠳᠤᠷ᠎ᠠ ᠡᠷᠢᠶᠡᠨ ᠤ ᠠᠪᠣᠷᠭᠤ ᠭᠦᠷᠪᠠᠯ ᠴᠤ ᠪᠠᠢ᠌ᠭᠰᠠᠨ ᠨᠢ ᠶᠠᠷᠢᠶᠠᠨ ᠦᠭᠡᠶ᠂ ᠲ᠋ᠡᠭᠡᠭᠦ ᠳᠤ ᠪᠠᠨ ᠪᠠᠯᠪᠠᠴᠢ ᠶᠢᠨ ᠷᠠᠰᠢᠶᠠᠨ ᠪᠣᠯ ᠠᠯᠢ ᠡᠷᠳᠡᠨ ᠤ᠂ ᠪᠠᠢ᠌ᠭᠠᠯᠢ ᠶᠢᠨ᠂ ᠪᠠᠰᠠ ᠶᠡᠭᠡ ᠳᠠᠯ᠎ᠠ ᠶᠢᠨ ᠨᠡᠭᠦᠳᠡᠯᠴᠢᠳ ᠤᠨ ᠭᠢ ᠪᠠᠢ᠌ᠵᠤ ᠳᠠᠭᠠᠷᠠᠨ᠎ᠠ ᠃ 2000 ᠵᠢᠯ ᠤᠨ ᠡᠮᠦᠨ᠎ᠡ ᠡᠴᠡ ᠡᠨᠡ ᠨᠤᠳᠤᠭ ᠲᠤ ᠮᠠᠯᠵᠢᠵᠤ ᠪᠠᠢ᠌ᠭᠰᠠᠨ ᠡᡁᠦ᠋ᠩᠨᠤ᠂ ᠰᠢᠶᠡᠡᠪᠢ᠂ ᠲᠦᠷᠺ ᠤᠳ᠂ ᠠᠷᠤ ᠣᠷᠤᠨ (ᠿᠤ ᠷᠠᠨ ᠪᠣᠶᠤ ᠡᠡᠸᠡᠷ) ᠵᠡᠷᠭᠡ ᠣᠭᠰᠠᠭᠠᠳᠠᠨ ᠨᠤᠭᠤᠳ ᠤᠨ ᠮᠠᠯᠴᠢᠨ ᠠᠷᠠᠤᠨ ᠷᠠᠰᠢᠶᠠᠨ ᠵᠡᠰᠡᠯ ᠂ ᠴᠡᠭᠡᠨ ᠵᠡᠰᠡᠯ ᠂ ᠳᠦᠭᠡᠨ᠎ᠡ ᠵᠠᠰᠠᠯ ᠤᠨ ᠣᠯᠠᠮᠵᠢᠯᠠᠯᠳᠤ ᠠᠨᠠᠭᠠᠬᠤ ᠣᠬᠠᠭᠠᠨ ᠲᠡᠶ ᠪᠠᠢ᠌ᠭᠰᠠᠨ ᠳᠡᠮᠳᠡᠭᠯᠡᠯ ᠪᠣᠢ᠃ ᠴᠢᠩᠭᠢᠰ ᠬᠠᠭᠠᠨ ᠠᠯᠳᠠᠨ ᠣᠯᠤᠰ ᠢ ᠳᠠᠢ᠌ᠯᠠᠷ᠎ᠠ ᠮᠤᠷᠳᠠᠬᠤ ᠵᠠᠮ ᠳᠤ ᠪᠠᠨ ᠡ᠊ᠨᠳᠡ ᠪᠠᠭᠤᠳᠠᠯᠯᠠᠵᠤ ᠷᠠᠰᠢᠶᠠᠨ ᠠᠮᠰᠠᠭᠠᠤᠨ ᠭᠠᠷᠤᠭᠰᠠᠨ ᠳᠤᠬᠠᠢ ᠣᠯᠠᠮᠵᠢᠯᠠᠯ ᠶᠠᠷᠢᠶ᠎ᠠ ᠮᠤᠩᠭ᠋ᠤᠯᠴᠤᠳ ᠤᠨ ᠳᠤᠮᠳᠠ ᠦᠯᠠᠳᠠᠵᠠᠢ᠃ ᠲ᠋ᠠᠷᠠ ᠦᠶ᠎ᠡ ᠳᠤ ᠡᠨᠡ ᠪᠣᠯᠠᠭ ᠢ ᠵᠥᠪᠭᠡᠨ ᠶᠡᠭᠡ ᠴᠦᠯ ᠤᠨ ᠴᠠᠩᠭ᠋ᠠᠭ᠎ᠠ ᠳᠠᠢ᠌ᠯᠬᠤ ᠣᠮᠳᠠᠭᠠᠨ ᠳᠠᠳᠤᠢ ᠪᠢᠰᠢ ᠡᠪᠠᠦᠡᠴᠢᠨ ᠵᠠᠰᠠᠬᠤ ᠷᠠᠰᠢᠶᠠᠨ ᠭᠡᠵᠤ ᠮᠡᠳᠡᠳᠡᠭ᠌ ᠪᠠᠢ᠌ᠭᠰᠠᠨ ᠴᠤ ᠪᠠᠢ᠌ᠵᠤ ᠮᠠᠳᠠᠨ᠎ᠠ᠃ ᠠᠷᠪᠠᠭᠠᠤᠨ ᠲᠦᠮᠡᠨ ᠴᠢᠷᠢᠭ᠌ ᠮᠤᠷᠢᠳ ᠤᠨ ᠴᠠᠩᠭ᠋ᠠᠭ᠎ᠠ ᠶᠢ ᠳᠠᠢ᠌ᠯᠠᠵᠤ ᠴᠢᠳᠠᠭᠰᠠᠨ ᠶᠢᠡᠷ ᠪᠣᠳᠤᠬᠤ ᠳᠤ ᠡᠨᠡ ᠪᠣᠯᠠᠭ ᠳᠠᠷᠠ ᠦᠶ᠎ᠡ ᠳᠤ ᠭᠡᠴᠢᠨᠡᠭᠡᠨ ᠭᠦᠴᠦᠳᠡᠢ ᠣᠷᠭᠢᠯᠵᠤ ᠪᠠᠢ᠌ᠭᠰᠠᠨ ᠢ ᠮᠠᠳᠠᠵᠤ ᠪᠣᠯᠤᠨ᠎ᠠ᠃

ᠪᠠᠯᠪᠠᠴᠢ ᠶᠢᠨ ᠷᠠᠰᠢᠶᠠᠨ ᠰᠢᠯᠢ ᠶᠢᠨ ᠭᠤᠤᠯ ᠠᠢ᠌ᠮᠠᠭ ᠤᠨ ᠣᠤᠯ ᠤᠨ ᠠᠪᠠᠭᠨᠠᠷ ᠬᠤᠰᠢᠭᠤᠨ ᠤ ᠷᠠᠰᠢᠶᠠᠠᠪᠣᠯᠠᠭ ᠰᠤᠮᠤᠨ ᠤ ᠭᠢᠯᠢ ᠳᠤ ᠪᠣᠢ᠂ ᠰᠢᠯᠢᠩᠬᠤᠳᠠ ᠡᠴᠡ ᠬᠣᠢ᠌ᠰᠢ ᠬᠤᠶᠠᠷ ᠵᠠᠭᠤᠨ ᠭᠠᠵᠠᠷ ᠵᠠᠢ᠌ᠳᠠᠢ᠃ ᠮᠤᠷᠢᠳᠠᠢ ᠭᠦᠮᠤᠨ ᠳᠠᠭᠢᠭᠠᠤᠨ ᠬᠣᠢ᠌ᠰᠢ ᠪᠠᠨ ᠶᠠᠪᠣᠪᠠᠯ ᠡᠳᠦᠷ ᠤᠨ ᠠᠶᠠᠨ ᠶᠢᠡᠷ ᠮᠤᠩᠭ᠋ᠤᠯ ᠣᠯᠤᠰ ᠤᠨ ᠳᠠᠷᠢᠭᠠᠩᠭ᠋᠎ᠠ ᠳᠤ ᠭᠦᠷᠴᠤ ᠪᠤᠯᠤᠨ᠎ᠠ᠃ ᠡ᠊ᠨᠳᠡ ᠬᠠᠳᠠ ᠮᠤᠳᠤ ᠪᠠᠢ᠌ᠬᠤ ᠦᠭᠡᠶ᠃ ᠭᠦᠷᠦᠰᠤ ᠰᠢᠷᠤᠢ ᠳᠠᠴᠢᠷ ᠨᠢᠮᠭᠡᠨ ᠴᠥᠯᠡᠷᠭᠡᠭ᠌ ᠭᠠᠵᠠᠷ ᠪᠣᠯᠪᠠᠴᠤ᠂ ᠬᠤᠷ᠎ᠠ ᠪᠣᠷᠤᠭ᠎ᠠ ᠲᠡᠶ ᠵᠢᠯ ᠳᠤ ᠬᠤᠷ ᠪᠠᠯᠴᠢᠭᠡᠷ ᠡᠪᠦᠳᠦᠭ᠌ ᠳᠠᠪᠠᠮ᠎ᠠ ᠣᠷᠭᠤᠳᠠᠭ ᠪᠠᠢ᠌ᠭᠰᠠᠨ ᠭᠡᠯᠴᠡᠨ᠎ᠡ᠃ ᠷᠡᠰᠢᠶᠡᠨ ᠪᠣᠯᠠᠭ ᠡᠴᠡ ᠥᠭᠡᠷ᠎ᠡ ᠡ᠊ᠨᠳᠡ ᠢᠯᠠ ᠣᠰᠤ ᠪᠠᠢ᠌ᠬᠤ ᠦᠭᠡᠶ ᠪᠣᠯᠬᠤᠷ ᠣᠢ᠌ᠷ᠎ᠠ ᠣᠷᠴᠢᠮ ᠤᠨ ᠭᠦᠮᠤᠨ ᠮᠠᠯ ᠪᠦᠷ ᠢᠷᠠᠵᠤ ᠣᠮᠳᠠ ᠠᠪᠳᠠᠭ ᠪᠠᠢ᠌ᠵᠠᠢ᠃ ᠪᠠᠯᠪᠠᠴᠢ ᠭᠡᠳᠡᠭ᠌ ᠨᠠᠷ᠎ᠠ ᠶᠢᠨ ᠳᠤᠬᠠᠢ ᠳᠤ ᠨᠤᠳᠤᠭ ᠤᠨ ᠭᠦᠮᠦᠰ ᠤᠨ ᠳᠤᠮᠳᠠ ᠡᠢ᠌ᠮᠦᠷᠭᠦ ᠰᠤᠨᠤᠰᠬᠠᠯ ᠥᠯᠡᠳᠡᠵᠢ᠄ ᠡᠷᠳᠡ ᠴᠠᠭ ᠲᠤ ᠨᠢᠭᠡᠨ ᠭᠡᠯᠭᠢᠶ᠎ᠡ ᠠᠶᠠᠨ ᠡᠭᠦᠪᠠᠷ ᠥᠩᠭᠡᠷᠡᠭᠦ ᠳᠤ ᠪᠠᠨ ᠣᠷᠣᠢ᠌ᠳᠠᠵᠤ᠂ ᠪᠣᠯᠠᠭ ᠤᠨ ᠵᠡᠭᠦᠨ ᠳᠠᠠᠵᠢᠨ ᠳᠡᠭᠡᠷ᠎ᠡ ᠬᠤᠨᠤᠭᠯᠠᠭᠰᠠᠨ ᠳᠤ ᠰᠦᠨᠢ ᠳᠤᠮᠳᠠ ᠪᠠᠷᠠᠭᠤᠨ ᠳᠤᠤᠷ᠎ᠠ ᠨᠢ 《 ᠪᠠᠯ ᠪᠠᠯ ᠂ ᠫᠣᠯ ᠫᠣᠯ 》 ᠭᠡᠰᠡᠨ ᠡᠮ ᠨᠦᠳᠦᠵᠦ ᠪᠠᠢ᠌ᠭ᠎ᠠ ᠰᠢᠭ ᠰᠥᠷᠡᠭᠡᠢ ᠶᠡᠭᠡ ᠪᠠᠯᠪᠠᠬᠤ ᠳᠠᠭᠤᠨ ᠭᠠᠷᠤᠭᠠᠤᠨ ᠪᠠᠢ᠌ᠭᠰᠠᠨ ᠭᠡᠨ᠎ᠡ᠃ ᠡᠡᠶᠡᠡᠴᠢᠳ ᠳ᠋ᠸᠩ ᠪᠠᠷᠢᠭᠠᠤᠨ ᠳᠠᠷᠠ ᠣᠷᠤᠭᠤ ᠣᠴᠢᠵᠤ ᠥᠵᠡᠭ᠍ᠰᠡᠨ ᠳᠤ ᠬᠤᠤᠠᠳᠤᠭ ᠤᠨ ᠠᠮᠠᠰᠠᠷ ᠤᠨ ᠴᠢᠨᠡᠭᠡ ᠭᠠᠵᠠᠷ ᠤᠨ ᠨᠥᠭᠡ ᠪᠠᠷ ᠰᠠᠬᠠᠷᠠᠬᠤ ᠴᠠᠭᠠᠨ ᠣᠰᠤᠨ ᠪᠠᠢ᠌ᠨ ᠪᠠᠢ᠌ᠨ ᠭᠡᠳᠤᠨ ᠵᠠᠩ ᠦᠨᠳᠦᠷ ᠳᠡᠭᠡᠭ᠍ᠰᠢ ᠣᠷᠭᠢᠯᠤᠨ ᠭᠠᠷᠴᠤ ᠪᠠᠯ ᠪᠠᠯ ᠪᠠᠭᠤᠵᠤ ᠪᠠᠢ᠌ᠭᠰᠠᠨ ᠢ ᠬᠠᠷᠠᠵᠠᠢ ᠃ ᠲ᠋ᠡᠭᠡᠭᠡᠤᠨ ᠮᠠᠰᠢᠳᠠ ᠭᠠᠢ᠌ᠬᠠᠵᠤ ᠡᠨᠡ ᠣᠰᠤᠨ ᠡᠴᠡ ᠭᠦᠮᠤᠨ ᠮᠠᠯ ᠲᠡᠶ ᠪᠠᠨ ᠴᠠᠩᠭ᠋ᠠᠭ᠎ᠠ ᠪᠠᠨ ᠳᠠᠢ᠌ᠯᠠᠵᠤ ᠮᠤᠷᠳᠠᠬᠤ ᠳᠤ ᠪᠠᠨ 《ᠪᠠᠯᠪᠠᠴᠢ ᠶᠢᠨ ᠣᠰᠤ》 ᠭᠡᠰᠡᠨ ᠨᠠᠷ᠎ᠠ ᠬᠠᠢ᠌ᠷᠠᠯᠠᠭᠰᠠᠨ ᠭᠡᠨ᠎ᠡ᠃  《ᠪᠠᠯᠪᠠᠴᠢ ᠶᠢᠨ ᠣᠰᠤ》 ᠴᠢᠯᠦᠭᠡᠯᠡᠭᠦ ᠶᠢᠨ ᠡᠭᠢᠨ ᠪᠣᠯᠳᠠᠯ᠎ᠠ ᠮᠦᠨ ᠶᠠᠩᠵᠤ ᠪᠠᠷ ᠶᠢᠡᠨ ᠣᠷᠭᠢᠯᠳᠠᠭ ᠪᠠᠢ᠌ᠭᠰᠠᠨ ᠢ ᠦᠨᠳᠦᠷ ᠨᠠᠰᠤᠳᠠᠤᠨ ᠭᠡᠷᠡᠴᠢᠯᠡᠨ ᠥᠭᠦᠯᠡᠨ᠎ᠡ ᠃ ᠡᠨᠡ ᠭᠠᠢ᠌ᠬᠠᠮᠰᠢᠭᠳᠤ ᠣᠰᠤᠨ ᠢ ᠷᠠᠰᠢᠶᠠᠨ ᠭᠡᠵᠤ ᠵᠢᠩᠭᠢᠨᠢ ᠪᠠᠷ ᠮᠡᠳᠡᠭ᠍ᠰᠡᠨ ᠪᠦᠭᠡᠤᠨ ᠥᠰᠦᠭ᠌ ᠪᠢᠴᠢᠭ᠌ ᠤᠨ ᠪᠠᠷᠢᠮᠳᠠ ᠲᠡᠶ ᠪᠣᠯᠤᠭᠰᠠᠨ ᠨᠢ ᠴᠢᠩ ᠣᠯᠤᠰ ᠤᠨ ᠡᠶᠡᠪᠠᠷ ᠵᠠᠰᠠᠭᠴᠢ ᠶᠢᠨ ᠠᠷᠪᠠᠨ ᠭᠤᠳᠠᠭᠠᠷ ᠡᠤᠨ (1656) ᠡᠴᠡ ᠡᠭᠢᠯᠡᠵᠡᠢ ᠃ ᠳᠠᠷᠭᠤᠨ ᠣᠭᠤᠨᠤ ᠶᠢᠨ ᠮᠦᠷ ᠮᠦᠰᠭᠢᠵᠤ ᠳᠠᠷ ᠶᠢᠡᠨ ᠪᠠᠷᠠᠳᠠᠯ᠎ᠠ ᠴᠠᠩᠭ᠋ᠠᠵᠤ ᠳᠣᠢ᠌ᠯᠳᠠᠭᠰᠠᠨ ᠬᠤᠶᠠᠷ ᠠᠩᠴᠢᠨ ᠡᠭᠦᠪᠠᠷ ᠥᠩᠭᠡᠷᠡᠭᠦ ᠳᠤ ᠪᠠᠨ ᠪᠣᠯᠠᠭ ᠳᠡᠭᠡᠷ᠎ᠡ ᠢᠷᠠᠵᠤ ᠣᠰᠤᠨ ᠡᠴᠡ ᠨᠢ ᠠᠮᠰᠠᠭᠠᠤᠨ ᠭᠦᠮᠤᠨ ᠮᠤᠷᠢᠨ ᠤ ᠭᠢᠨᠢ ᠭᠦᠰᠢᠭᠡ ᠴᠠᠩᠭ᠋ᠠᠭ᠎ᠠ ᠳᠡᠷᠡᠭᠡᠨ ᠳᠤᠤᠷ᠎ᠠ ᠪᠠᠨ ᠳᠠᠢ᠌ᠯᠤᠭᠳᠠᠭᠰᠠᠨ ᠳᠤ ᠶᠡᠭᠡᠳᠡ ᠪᠢᠰᠢᠷᠡᠵᠤ᠂ ᠡᠨᠡ ᠪᠣᠯᠠᠭ ᠡᠩ ᠤᠨ ᠣᠰᠤ ᠪᠢᠰᠢ᠂ ᠠᠯᠳᠠᠨ ᠳᠡᠯᠡᠭᠡᠢ ᠳᠤ ᠬᠤᠪᠣᠷᠬᠠᠨ ᠷᠠᠰᠢᠶᠠᠨ ᠪᠣᠯᠬᠤ ᠶᠢ ᠮᠡᠳᠡᠵᠢ᠃ ᠰᠡᠭᠦᠯ ᠳᠤ ᠨᠢ ᠪᠣᠷᠤ ᠰᠢᠷ᠎ᠠ ᠲᠡᠶ ᠨᠢᠭᠡᠨ ᠰᠠᠮᠠᠭᠠᠨ ᠢᠷᠠᠵᠤ ᠣᠰᠤᠨ ᠡᠴᠡ ᠪᠢᠳᠡᠭᠦᠯᠤᠨ ᠣᠤᠭᠤᠭᠠᠤᠨ ᠠᠷᠬᠠᠭ ᠨᠢ ᠪᠦᠷᠢᠮᠦᠰᠤᠨ ᠡᠳᠡᠭᠡᠭ᠍ᠰᠡᠨ ᠭᠡᠨ᠎ᠡ᠃

ᠪᠠᠯᠪᠠᠴᠢ ᠶᠢᠨ ᠷᠠᠰᠢᠶᠠᠨ ᠊ᠤ ᠡᠮᠴᠢᠯᠡᠭᠡᠨ ᠤ ᠣᠢ᠌ᠯᠠᠳᠤᠯ ᠢ ᠵᠢᠩᠭᠢᠨᠢ ᠣᠯᠵᠤ ᠳᠠᠨᠢᠭᠰᠠᠨ ᠨᠢ ᠭᠤᠮᠪᠤᠨ ᠂ ᠯᠠᠪᠷᠤᠩ ᠂ ᡀᠠᠰᠠ ᠭᠦᠷᠳᠡᠯ᠎ᠡ ᠶᠠᠪᠣᠵᠤ ᠠᠨᠠᠭᠠᠬᠤ ᠣᠬᠠᠭᠠᠨ ᠳᠤ ᠨᠡᠪᠳᠡᠷᠡᠭ᠍ᠰᠡᠨ ᠮᠤᠩᠭ᠋ᠤᠯ ᠮᠠᠮᠠ ᠨᠡᠷ ᠪᠠᠢ᠌ᠭ᠎ᠠ ᠶᠤᠮ᠃ 1989 ᠣᠨ ᠳᠤ ᠬᠠᠯᠬ᠎ᠠ ᠶᠢᠨ ᠶᠡᠭᠡ ᠡᠷᠳᠡᠮᠳᠡᠨ ᠪ᠊ · ᠷᠢᠠᠴᠢᠨ ᠤ ᠭᠠᠷ ᠤᠨ ᠱᠠᠪᠢ ᠂ ᠠᠯᠳᠠᠷᠳᠤ ᠣᠷᠴᠢᠭᠤᠯᠤᠭᠴᠢ ᠠᠺᠢᠮ ᠭᠤᠸᠠᠢ ᠮᠠᠨ ᠤ ᠭᠢᠨ ᠶᠢᠡᠷ ᠢᠷᠡᠭ᠍ᠰᠡᠨ ᠳᠤ ᠰᠠᠷᠬᠤᠤᠨ ᠭᠡᠮᠨᠡᠵᠤ ᠰᠤᠯᠠ ᠵᠤᠭᠤᠭᠳᠠᠬᠤ ᠵᠠᠭᠤᠷ᠎ᠠ ᠮᠤᠩᠭ᠋ᠤᠯᠴᠤᠳ ᠤᠨ ᠳᠤᠷᠣᠢ᠌ᠳᠠᠭᠰᠠᠨ ᠰᠢᠯᠳᠠᠭᠠᠨ ᠤ ᠳᠤᠬᠠᠢ ᠬᠠᠭᠤᠴᠢᠯᠠᠵᠤ ᠂ ᠰᠢᠷ᠎ᠠ ᠶᠢᠨ ᠱᠠᠰᠢᠨ ᠤ ᠣᠴᠠᠷᠠᠭᠤᠯᠤᠭᠰᠠᠨ ᠬᠤᠤᠷ ᠨᠥᠯᠦᠭᠡ ᠶᠢᠨ ᠳᠠᠯ᠎ᠠ ᠪᠠᠷ ᠵᠢᠱᠢᠶᠠᠯᠠᠵᠤ ᠭᠡᠯᠡᠭ᠍ᠰᠡᠨ ᠳᠤ ᠳᠠᠷᠠ ᠬᠠᠷᠢᠨ ᠮᠤᠩᠭ᠋ᠤᠯ ᠰᠤᠶᠤᠯ ᠤᠨ ᠭᠦᠭ᠍ᠵᠢᠯᠳᠡ ᠳᠤ ᠥᠵᠡᠭᠦᠯᠦᠭ᠍ᠰᠡᠨ ᠯᠠᠮᠠ ᠨᠡᠷ ᠤᠨ ᠢᠳᠠᠪᠭᠢ ᠣᠢ᠌ᠯᠠᠳᠤᠯ ᠢ ᠦᠨᠳᠦᠷ ᠥᠨᠡᠯᠡᠭ᠍ᠰᠡᠨ ᠪᠠᠢ᠌ᠪᠡ᠃ ᠨᠡᠭᠡᠷᠡᠨ ᠴᠤ ᠪᠠᠰᠠ ᠳᠠᠢ᠌ᠮᠤ ᠨᠢᠭᠡᠨ ᠳᠠᠯ᠎ᠠ ᠲᠡᠶ ᠪᠠᠢ᠌ᠭᠰᠠᠨ ᠢ ᠥᠭᠡᠢ᠌ᠰᠭᠡᠵᠤ ᠦᠯᠦ ᠪᠣᠯᠤᠨ᠎ᠠ᠃ ᠠᠷᠪᠠᠨ ᠨᠢ᠋ᠮᠠᠳᠤᠭᠠᠷ ᠵᠠᠭᠤᠨ ᠤ ᠠᠯᠳᠠᠷᠳᠤ ᠯᠠᠮᠠᠬᠠᠢ ᠠᠭᠸᠠᠩᠳᠠᠮᠫᠢᠯ ᠭᠦᠦᠰᠢ 《ᠪᠠᠯᠪᠠᠴᠢ ᠶᠢᠨ ᠷᠠᠰᠢᠶᠠᠨ ᠤ ᠰᠠᠩ ᠤᠨ ᠰᠤᠳᠤᠷ》 ᠲ᠋ᠤ ᠪᠠᠨ᠄  《ᠭᠡᠢ᠂ ᠰᠢᠷ᠎ᠡ᠂ ᠪᠠᠳ‍ᠭᠠᠨ᠎ᠠ ᠬᠠᠪᠰᠤᠷᠤᠨ ᠬᠤᠷᠠᠭᠰᠠᠨ ᠬᠤᠤᠷ ᠤᠨ ᠵᠣᠢ᠌ᠯ᠂ ᠪᠣᠷᠤ ᠶᠢᠨ ᠡᠪᠠᠦᠡᠴᠢᠨ᠂ ᠴᠢᠰᠤ᠂ ᠶᠡᠷ᠎ᠡ ᠶᠢᠨ ᠠᠷᠬᠠᠭ᠂ ᠬᠠᠪᠣᠳᠠᠷ᠂ ᠨᠢᠳᠤ᠂ ᠰᠢᠳᠤᠨ ᠤ ᠭᠡᠮ ᠳᠡᠷᠢᠭᠦᠳᠡᠨ ᠳᠦᠷᠪᠡᠨ ᠵᠠᠭᠤ ᠳᠦᠷᠪᠡᠨ ᠡᠮᠭᠡᠭ᠌ ᠤᠨ ᠠᠯᠢᠨ ᠳᠤ ᠴᠤ ᠳᠤᠰ ᠷᠠᠰᠢᠶᠠᠨ ᠢ ᠣᠤᠭᠤᠵᠤ᠂ ᠣᠭᠢᠶᠠᠵᠤ᠂ ᠱᠠᠪᠰᠢᠪᠠᠯ ᠴᠦᠮ ᠳᠤᠰᠠᠯᠠᠬᠤ ᠪᠣᠯᠠᠢ》 ᠭᠡᠮᠡᠨ ᠳᠡᠮᠳᠡᠭᠯᠡᠵᠡᠢ᠃ ᠲ᠋ᠡᠭᠡᠭᠡᠤᠨ ᠡ᠊ᠨᠳᠡ ᠷᠠᠰᠢᠶᠠᠯᠠᠭᠴᠢᠳ ᠵᠢᠯ ᠡᠴᠡ ᠵᠢᠯ ᠨᠡᠮᠡᠭ᠍ᠳᠡᠭᠦ ᠪᠤᠯᠵᠠᠢ᠃ ᠰᠡᠭᠦᠯ ᠳᠤ ᠨᠢ ᠰᠢᠯᠢ ᠶᠢᠨ ᠭᠤᠤᠯ ᠴᠢᠭᠤᠯᠭᠠᠨ ᠤ ᠳᠡᠷᠢᠭᠦᠨ ᠠᠪᠠᠭ᠎ᠠ ᠳ᠋ᠠ ᠸᠠᠩ ᠭᠤᠮᠪᠤᠨ ᠡᠴᠡ ᠴᠣᠢ᠌ᠰᠢ ᠷᠢᠡᠪᠦᠴᠧ ᠭᠡᠭᠡᠨ ᠢ ᠵᠠᠯᠠᠵᠤ ᠢᠷᠡᠭᠡᠤᠨ ᠪᠠᠯᠪᠠᠴᠢ ᠶᠢᠨ ᠷᠠᠰᠢᠶᠠᠨ ᠳᠤ ᠰᠢᠯᠭᠠᠨ ᠪᠠᠢ᠌ᠴᠠᠭᠠᠯᠳᠠ ᠭᠢᠯᠭᠡᠭ᠍ᠰᠡᠨ ᠳᠤ ᠮᠦᠨ ᠠᠭᠸᠠᠩᠳᠠᠮᠫᠢᠯ ᠤᠨ ᠣᠨᠤᠰᠢᠯᠠᠯ ᠯᠤᠭ᠎ᠠ ᠠᠳᠠᠯᠢᠬᠠᠨ ᠪᠤᠯᠪᠠ᠃ ᠡᠨᠡ ᠨᠢ ᠰᠢᠡᠵᠢᠯᠡᠭᠦ ᠣᠬᠠᠭᠠᠨ ᠭᠦᠭ᠍ᠵᠢᠭᠡ ᠦᠭᠡᠶ ᠳᠠᠷᠠ ᠦᠶ᠎ᠡ ᠶᠢᠨ ᠰᠢᠡᠵᠢᠯᠡᠭᠦ ᠣᠬᠠᠭᠠᠠᠴᠢ ᠨᠤᠳᠠᠯᠠᠯ ᠪᠣᠯᠤᠭᠰᠠᠨ ᠭᠡᠷᠡᠭ᠌ ᠪᠢᠯᠠ᠃ ᠪᠠᠯᠪᠠᠴᠢ ᠶᠢᠨ ᠷᠠᠰᠢᠶᠠᠨ ᠤ ᠣᠰᠤ ᠲᠤᠩᠭ᠋ᠠᠯᠠᠭ᠂ ᠭᠦᠴᠢᠯᠯᠢᠭ᠌ ᠮᠦᠷᠳᠠᠯ᠎ᠠ ᠪᠠᠨ ᠳᠠᠷᠢ ᠭᠠᠩᠭ᠋᠎ᠠ ᠶᠢᠨ ᠠᠮᠳᠠ ᠲᠡᠶ᠂ ᠣᠤᠭᠤᠭᠠᠤᠨ ᠰᠠᠭᠤᠬᠤ ᠳᠤ ᠫᠢᠸᠣ᠋ ᠵᠠᠯᠭᠢᠯᠠᠵᠤ ᠪᠠᠢ᠌ᠭ᠎ᠠ ᠰᠢᠭ ᠳᠦᠷᠦᠭ᠍ᠳᠡᠯ ᠦᠭ‍ᠭᠦᠨ᠎ᠡ ᠃ ᠲ᠋ᠡᠭᠦᠨ ᠳᠤ ᠠᠬᠤᠯᠠᠭᠳᠠᠬᠤ ᠡᠷᠦᠳᠡᠰᠤ ᠶᠢᠨ ᠡᠯᠸᠮᠸᠨ᠋ᠲ᠋ ᠤᠳ ᠲᠤ ᠡᠳᠦᠭᠡ ᠴᠠᠭ ᠤᠨ ᠰᠢᠡᠵᠢᠯᠡᠭᠦ ᠣᠬᠠᠭᠠᠨ ᠤ ᠨᠤᠳᠠᠯᠠᠯᠳᠠ ᠭᠢᠭ᠍ᠰᠡᠨ ᠢ ᠦᠨᠳᠦᠰᠦᠯᠠᠪᠠᠯ ᠳᠡᠯᠡᠭᠡᠢ ᠳᠤ ᠠᠯᠳᠠᠷᠳᠠᠢ ᠹᠠᠷᠠᠠᠼᠢ ᠶᠢᠨ ᠸᠢᠰᠢ ᠷᠠᠰᠢᠶᠠᠨ ᠪᠣᠶᠤ ᠣᠭᠤᠨᠤ ᠶᠢᠨ ᠷᠠᠰᠢᠶᠠᠨ ᠲᠡᠶ ᠳᠡᠩᠴᠡᠭᠦ ᠭᠡᠮᠵᠢᠶᠡᠨ ᠳᠤ ᠭᠦᠷᠴᠤ᠂ ᠭᠦᠮᠤᠨ ᠤ ᠪᠠᠶ᠎ᠠ ᠶᠢᠨ ᠣᠯᠠᠨ ᠵᠣᠢ᠌ᠯ ᠤᠨ ᠬᠠᠭᠤᠴᠢᠨ ᠠᠷᠬᠠᠭ ᠢ ᠠᠨᠠᠭᠠᠬᠤ ᠭᠠᠢ᠌ᠬᠠᠮᠰᠢᠭᠳᠤ ᠣᠢ᠌ᠯᠠᠳᠤᠯ ᠲᠡᠶ ᠪᠣᠯᠬᠤ ᠶᠢ ᠭᠡᠷᠡᠴᠢᠯᠡᠵᠡᠢ᠃

ᠪᠠᠯᠪᠠᠴᠢ ᠶᠢᠨ ᠷᠠᠰᠢᠶᠠᠨ ᠢ ᠵᠢᠩᠭᠢᠨᠢ ᠡᠮᠴᠢᠯᠡᠭᠡᠨ ᠳᠤ ᠠᠰᠢᠭᠯᠠᠭᠰᠠᠨ ᠭᠦᠮᠤᠨ ᠪᠣᠯ ᠠᠷᠤ ᠬᠤᠷᠴᠢᠨ ᠨᠤᠳᠤᠭ ᠲᠡᠶ ᠳ᠋ᠠᠭᠪᠠ ᠮᠠᠮᠠ ᠪᠣᠯᠤᠨ᠎ᠠ᠃ ᠳᠠᠭᠪᠠ ᠮᠠᠮᠠ ᠪᠠᠭ᠎ᠠ ᠡᠴᠡ ᠪᠠᠨ ᠪᠠᠠᠳᠢ ᠪᠣᠯᠵᠤ ᠨᠤᠮ ᠰᠤᠷᠤᠭᠠᠤᠨ ᠪᠠᠷᠠᠭᠤᠨ ᠭᠠᠵᠠᠷ ᠭᠤᠮᠪᠤᠨ ᠂ ᠯᠠᠪᠷᠤᠩ ᠭᠦᠷᠳᠡᠯ᠎ᠡ ᠶᠠᠪᠣᠵᠤ ᠠᠨᠠᠭᠠᠬᠤ ᠣᠬᠠᠭᠠᠨ ᠤ ᠪᠢᠰᠢᠯᠭᠠᠯ ᠳᠡᠭᠦᠰᠭᠡᠭᠡᠤᠨ ᠮᠢᠠᠳᠤᠪ ᠤᠨ ᠰᠦᠮ᠎ᠡ ᠳᠡᠭᠡᠷ᠎ᠡ ᠢᠷᠠᠵᠤ ᠷᠠᠤᠠᠨ᠎ᠠ ᠮᠠᠷᠠᠮᠪᠠ ᠶᠢᠨ ᠳᠤᠤᠷ᠎ᠠ ᠳᠠᠳᠤᠯᠭ᠎ᠠ ᠭᠢᠵᠤ ᠪᠠᠢ᠌ᠭᠰᠠᠨ ᠶᠢᠡᠨ ᠪᠠᠯᠪᠠᠴᠢ ᠶᠢᠨ ᠷᠠᠰᠢᠶᠠᠨ ᠤ ᠡᠭᠢ ᠣᠠᠳᠤᠷᠤᠭ᠎ᠠ ᠪᠦᠷᠢ ᠶᠢᠨ ᠭᠢᠨᠢ ᠡᠮᠴᠢᠯᠡᠭᠡᠨ ᠤ ᠰᠢᠠᠵᠢ ᠴᠢᠨᠠᠷ᠂ ᠣᠠᠴᠠᠯᠢᠭ ᠲᠤ ᠳᠤᠭᠢᠷᠠᠭᠤᠯᠤᠨ ᠭᠡᠷᠡᠭᠯᠡᠭᠦ ᠵᠤᠷ ᠪᠢᠴᠢᠨ ᠮᠤᠩᠭ᠋ᠤᠯ ᠲᠦᠪᠡᠳ ᠡᠮ ᠯᠦᠭᠡ ᠣᠶᠠᠯᠳᠤᠭᠤᠯᠤᠨ ᠵᠠᠷᠤᠵᠤ ᠰᠢᠩᠭᠡᠭᠡᠯᠳᠡ ᠶᠢᠨ ᠰᠢᠰᠲ᠋ᠸᠮ ᠳᠤ ᠬᠤᠷᠠᠯᠳᠤᠭᠰᠠᠨ ᠪᠣᠷᠤ ᠰᠢᠷ᠎ᠠ ᠶᠢᠨ ᠠᠷᠬᠠᠭ᠂ ᠡᠯᠢᠭᠡᠨ ᠡᠪᠠᠦᠡᠴᠢᠨ ᠵᠡᠷᠭᠡ ᠶᠢ ᠭᠠᠢ᠌ᠬᠠᠯᠳᠠᠢ ᠵᠠᠰᠠᠭᠠᠤᠨ ᠶᠡᠭᠡ ᠯᠠ ᠠᠯᠳᠠᠷ ᠮᠠᠠᠳᠤᠵᠠᠢ᠃ ᠲ᠋ᠠᠷᠠ ᠪᠠᠷ ᠪᠣᠯᠠᠭ ᠤᠨ ᠵᠡᠭᠦᠨ ᠳᠠᠠᠵᠢᠨ ᠳᠡᠭᠡᠷ᠎ᠡ ᠠᠷᠪᠠᠭᠠᠤᠨ ᠳᠠᠰᠤᠯᠭ᠎ᠠ ᠪᠠᠢ᠌ᠰᠢᠩ ᠲᠡᠶ ᠡᠮᠴᠢ ᠶᠢᠨ ᠬᠤᠷᠢᠶ᠎ᠠ ᠪᠠᠢ᠌ᠭᠤᠯᠵᠤ᠂ ᠬᠤᠯᠠ ᠣᠢ᠌ᠷ᠎ᠠ ᠶᠢᠨ ᠡᠪᠠᠦᠡᠴᠢᠳᠡᠨ ᠳᠤ ᠳᠤᠰᠠᠯᠠᠵᠤ ᠶᠠᠪᠣᠭᠰᠠᠨ ᠶᠢᠡᠨ ᠶᠡᠷᠡᠭᠡᠤᠨ ᠣᠨ ᠤ ᠡᠴᠦᠰ ᠶᠢᠡᠷ ᠨᠤᠳᠤᠭ ᠲᠤ ᠪᠠᠨ ᠬᠠᠷᠢᠵᠤ ᠳᠠᠭᠠᠯᠠᠯ ᠳᠡᠭᠦᠰᠳᠡᠯ᠎ᠡ ᠪᠠᠨ ᠡ᠊ᠨᠳᠡ ᠰᠠᠭᠤᠭᠰᠠᠨ ᠡᠡᠵᠢ᠃ ᠲ᠋ᠡᠭᠡᠭᠦ ᠳᠤ ᠪᠠᠨ ᠵᠤᠤ ᠣᠳᠠ ᠶᠢᠨ ᠭᠦᠮᠦᠰ ᠂ ᠢᠯᠡᠩᠭ᠋ᠦᠶ᠎ᠡ ᠠᠷᠤ ᠬᠤᠷᠴᠢᠨ ᠤ ᠮᠤᠩᠭ᠋ᠤᠯᠴᠤᠳ ᠵᠢᠯ ᠪᠦᠷᠢ ᠷᠠᠰᠢᠶᠠᠨ ᠭᠦᠷᠳᠡᠭ᠍ᠴᠢᠳ ᠤᠨ ᠬᠠᠭᠠᠰ ᠡᠴᠡ ᠢᠯᠡᠭᠦᠤ ᠳᠤᠭ᠎ᠠ ᠶᠢ ᠡᠵᠡᠯᠡᠵᠤ ᠪᠠᠢ᠌ᠳᠠᠭ ᠨᠢ ᠳ᠋ᠠᠭᠪᠠ ᠮᠠᠮᠠ ᠶᠢ ᠰᠢᠳᠦᠳᠡᠭ᠌ ᠡᠴᠡ ᠪᠣᠯᠤᠭᠰᠠᠨ ᠶ‍ᠦᠮ᠃ ᠡᠳᠦᠭᠡ ᠪᠠᠯᠪᠠᠴᠢ ᠶᠢᠨ ᠷᠠᠰᠢᠶᠠᠨ ᠳᠡᠭᠡᠷ᠎ᠡ ᠯᠠᠮᠠ ᠡᠮᠴᠢ ᠪᠠᠢ᠌ᠬᠤ ᠦᠭᠡᠶ ᠪᠣᠯᠤᠭᠰᠠᠨ ᠪᠣᠯᠪᠠᠴᠤ ᠳᠠᠳᠠᠨ ᠤ ᠡᠷᠳᠡᠮ ᠣᠢ᠌ᠯᠠᠰ ᠢ ᠵᠠᠯᠭᠠᠮᠵᠢᠯᠠᠭᠰᠠᠨ ᠰᠢᠨ᠎ᠠ ᠴᠠᠭ ᠤᠨ ᠮᠤᠩᠭ᠋ᠤᠯ ᠡᠮᠴᠢ ᠨᠡᠷ ᠡᠪᠠᠦᠡᠴᠢᠨ ᠵᠤᠪᠠᠯᠠᠩᠳᠠᠨ ᠳᠤ ᠪᠠᠨ ᠪᠣᠶᠠᠨ ᠨᠤᠮ ᠥᠢᠯᠡᠳᠦᠭ᠍ᠰᠡᠭᠡᠷ ᠪᠠᠢ᠌ᠨ᠎ᠠ᠃

ᠪᠢ ᠪᠠᠯᠪᠠᠴᠢ ᠶᠢᠨ ᠷᠠᠰᠢᠶᠠᠨ ᠤ ᠷᠢᠳᠢ ᠰᠢᠳᠢ ᠶᠢᠨ ᠳᠤᠬᠠᠢ ᠠᠯᠢ ᠭᠡᠳᠥᠢᠨ ᠳᠤᠭᠤᠯᠤᠭᠰᠠᠨ ᠪᠦᠭᠡᠤᠨ ᠭᠠᠢ᠌ᠬᠠᠮᠰᠢᠭᠳᠤ ᠳᠠᠷᠠ ᠣᠰᠤᠨ ᠳᠡᠭᠡᠷ᠎ᠡ ᠭᠦᠷᠭᠦ ᠶᠤᠮᠰᠠᠨ ᠭᠡᠵᠤ ᠭᠦᠰᠡᠭ᠍ᠰᠡᠭᠡᠷ ᠣᠨ ᠣᠳᠠᠯᠤᠭ᠎ᠠ᠃ ᠬᠤᠳᠠ ᠳᠤ ᠣᠷᠤᠵᠤ ᠠᠮᠢᠳᠤᠷᠠᠭᠰᠠ ᠡᠴᠡ ᠬᠣᠢ᠌ᠰᠢ ᠰᠥ᠋ ᠰᠠᠭᠠᠯᠢ ᠡᠴᠡ ᠪᠠᠨ ᠵᠠᠢ᠌ᠳᠠᠭᠤ ᠪᠣᠯᠵᠤ᠂ ᠬᠤᠤᠵᠤᠤ ᠳ᠋ᠠᠯᠢᠶᠤᠤ ᠭᠠᠬᠠᠢ ᠶᠢᠨ ᠮᠢᠬ᠎ᠠ ᠲᠡᠶ ᠨᠠᠩᠭᠢᠶᠠᠤᠨ ᠬᠤᠭᠤᠯᠠ᠂ ᠭᠢᠮᠢ ᠶᠢᠨ ᠪᠣᠷᠳᠤᠭᠤᠷ᠂ ᠳᠠᠷᠢᠶᠠᠯᠠᠩ ᠤᠨ ᠡᠮ ᠲᠡᠶ ᠨᠤᠭᠤᠭ᠎ᠠ ᠪᠣᠳᠠᠭ᠎ᠠ ᠢᠳᠡᠭ᠍ᠰᠡᠭᠡᠷ ᠪᠠᠢ᠌ᠵᠤ ᠪᠠᠶ᠎ᠠ ᠰᠠᠤᠠᠭᠢᠯ ᠶᠡᠭᠡᠳᠡ ᠴᠢᠯᠡᠭᠡᠷᠭᠡᠨ ᠪᠣᠷᠤ ᠰᠢᠷ᠎ᠠ ᠠᠬᠠᠳᠠᠭᠠᠤᠨ᠂ ᠰᠠᠪᠠ ᠴᠤᠯᠠ ᠪᠠᠨ ᠠᠷᠢᠭᠤᠤᠠᠬᠠᠨ ᠰᠠᠨᠠᠭ᠎ᠠ ᠰᠠᠤᠠᠭᠢᠯ ᠶᠢᠡᠨ ᠴᠡᠪᠠᠷᠰᠢᠭᠦᠯᠭᠦ ᠶᠢᠨ ᠳᠦᠤᠰ ᠪᠣᠯᠵᠤ ᠪᠠᠢ᠌ᠭᠰᠠᠨ ᠢ ᠭᠡᠯᠡᠭᠡᠤᠨ ᠶᠠᠭᠠᠭᠢᠬᠤ ᠪᠣᠢ︕ ᠪᠠᠯᠪᠠᠴᠢ ᠶᠢᠨ ᠷᠠᠰᠢᠶᠠᠨ ᠳᠤ ᠳᠡᠭᠡᠭᠡᠤᠨ ᠨᠢᠭᠡ ᠭᠦᠷᠦᠭ᠍ᠰᠡᠨ ᠨᠢ ᠠᠷᠬᠠᠭ ᠤᠨ ᠬᠠᠷᠠᠩᠭ᠋ᠤᠢ ᠶᠢ ᠠᠷᠢᠯᠭᠠᠬᠤ ᠵᠠᠪᠰᠢᠶᠠᠨ ᠣᠯᠳᠠᠭᠰᠠᠨ ᠳᠠᠳᠤᠢ ᠦᠭᠡᠶ᠂ ᠠᠮᠢᠳᠤᠷᠠᠯ ᠳᠤ ᠭᠦᠡᠵᠡᠭᠡᠢ᠌ᠷᠡᠵᠤ ᠠᠷᠠᠤᠨ ᠲᠦᠮᠡᠨ ᠲᠡᠶ ᠪᠠᠨ ᠣᠢ᠌ᠷᠠᠳᠤᠬᠤ ᠲᠤᠬᠢᠶᠠᠯ ᠴᠤ ᠨᠢᠭᠡ ᠢᠷᠡᠭ᠍ᠰᠡᠨ ᠶᠤᠮ᠃ ᠪᠠᠯᠪᠠᠴᠢ ᠳᠤ ᠭᠦᠯᠤᠨ ᠪᠣᠢ᠌ᠷ ᠡᠴᠡ ᠠᠯᠠᠱᠠ ᠭᠦᠷᠳᠡᠯᠡᠭᠢ ᠠᠭᠤᠳᠠᠮ ᠶᠡᠭᠡ ᠨᠤᠳᠤᠭ ᠤᠨ ᠭᠠᠵᠠᠷ ᠪᠣᠯᠭᠠᠨ ᠤ ᠮᠤᠩᠭ᠋ᠤᠯᠴᠤᠳ ᠵᠤᠨ ᠪᠣᠯᠭᠠᠨ ᠢᠷᠠᠨ᠎ᠠ᠃ ᠷᠠᠰᠢᠶᠠᠨ ᠣᠤᠭᠤᠬᠤ ᠬᠠᠮᠤᠭ ᠤᠨ ᠳᠤᠭᠢᠳᠠᠢ ᠴᠠᠭ ᠪᠣᠯ ᠮᠠᠯ ᠰᠥᠷᠦᠭ᠌ ᠳᠠᠷᠭᠤᠯᠠᠵᠤ᠂ ᠲ᠋ᠠᠷᠢᠶ᠎ᠠ ᠲᠦᠮᠦᠰᠦ ᠪᠠᠶᠡᠯᠡᠭᠡᠤᠨ᠂ ᠡᠡᠵᠢᠯ ᠶᠠᠪᠣᠳᠠᠯ ᠬᠤᠷᠢᠶᠠᠭᠳᠠᠭᠰᠠᠨ ᠵᠤᠨ ᠤ ᠰᠡᠯᠡᠭᠦᠤ ᠦᠶ᠎ᠡ ᠪᠣᠯᠬᠤᠷ ᠠᠯᠢ ᠴᠤ ᠵᠢᠯ ᠬᠤᠯᠠ ᠣᠢ᠌ᠷ᠎ᠠ ᠶᠢᠨ ᠭᠡᠳᠤᠨ ᠮᠢᠩᠭ᠋ᠠᠨ ᠭᠦᠮᠤᠨ ᠢᠷᠠᠵᠤ ᠶᠠᠪᠣᠨ᠎ᠠ᠃ ᠢᠯᠠᠩᠭ᠋ᠤᠶ᠎ᠠ ᠬᠠᠯᠠᠭᠤᠨ ᠠᠮᠢᠰᠬᠤᠯ ᠳᠤ ᠪᠦᠳᠡᠵᠤ ᠂ ᠪᠤᠭᠢᠷ ᠣᠳᠤᠭᠠᠨ ᠳᠤ ᠠᠩᠭ᠋ᠠᠯᠵᠠᠭᠰᠠᠨ ᠬᠤᠳᠠ ᠵᠢᠨ ᠭᠢᠨ ᠳᠤ ᠠᠪᠴᠤ ᠭᠡᠯᠡᠪᠠᠯ ᠠᠭᠠᠷ ᠣᠰᠤ ᠴᠡᠪᠠᠷᠭᠡᠨ ᠷᠠᠰᠢᠶᠠᠨ ᠳᠤ ᠢᠷᠠᠵᠤ ᠰᠠᠭᠤᠬᠤ ᠨᠢ ᠶᠤᠰᠤᠳᠠᠢ ᠯᠠ ᠰᠡᠷᠢᠭᠦᠨ ᠵᠤᠰᠠᠯᠠᠩ ᠳᠤ ᠪᠠᠨ ᠭᠠᠷᠤᠭᠰᠠᠨ ᠰᠢᠭ ᠳᠠᠭᠠᠳᠠᠢ ᠵᠢᠷᠭᠠᠯᠳᠠᠢ ᠰᠠᠨᠠᠭᠳᠠᠨ᠎ᠠ᠃ ᠪᠠᠯᠪᠠᠴᠢ ᠶᠢᠨ ᠷᠠᠰᠢᠶᠠᠨ ᠳᠤ ᠬᠤᠨᠤᠵᠤ ᠭᠡᠪᠳᠡᠭᠦ᠂ ᠢᠳᠡᠵᠤ ᠣᠤᠭᠤᠬᠤ ᠪᠠ ᠡᠮᠴᠢᠯᠡᠭᠡ ᠵᠡᠷᠭᠡ ᠥᠢᠯᠡᠴᠢᠯᠡᠭᠡᠨ ᠤ ᠪᠦᠷᠢᠨ ᠳᠦᠭᠦᠷ ᠰᠢᠰᠲ᠋ᠸᠮ ᠪᠦᠷᠢᠯᠳᠦᠭ᠍ᠰᠡᠨ ᠪᠦᠭᠡᠤᠨ ᠭᠦᠮᠤᠨ ᠣᠯᠠᠨ ᠦᠶ᠎ᠡ ᠳᠤ ᠨᠢ ᠣᠢ᠌ᠷ᠎ᠠ ᠣᠷᠴᠢᠮ ᠤᠨ ᠮᠠᠯᠴᠢᠳ ᠪᠠᠰᠠ ᠮᠤᠩᠭ᠋ᠤᠯ ᠭᠡᠷ ᠶᠢᠡᠨ ᠠᠪᠴᠢᠷᠠᠨ ᠵᠢᠭ᠍ᠳᠡᠷᠡᠭᠦᠯᠤᠨ ᠪᠠᠷᠢᠭᠠᠤᠨ ᠢᠳᠡᠭᠡ ᠰᠢᠭᠦᠰᠤ ᠭᠠᠷᠭᠠᠵᠤ ᠠᠶ᠎ᠠ ᠳᠤᠭᠢᠳᠠᠢ ᠥᠢᠯᠡᠴᠢᠯᠡᠭᠡ ᠬᠠᠩᠭ᠋ᠠᠨ᠎ᠠ᠃ ᠮᠢᠨᠤ ᠨᠤᠳᠤᠭ ᠤᠨ ᠳᠡᠭᠦᠤ᠂ ᠤᠨᠠᠭᠠᠨ ᠨᠠᠢ᠌ᠵᠢ ᡀᠠᠮᠠᠵᠠᠪ ᠷᠠᠰᠢᠶᠠᠠᠪᠣᠯᠠᠭ ᠰᠤᠷᠭᠠᠭᠤᠯᠢ ᠶᠢᠨ ᠵᠠᠭᠢᠷᠤᠯ ᠤᠨ ᠠᠵᠢᠯ ᠡᠴᠡ ᠪᠠᠨ ᠴᠢᠯᠦᠭᠡᠯᠡᠭ᠍ᠳᠡᠭᠡᠤᠨ ᠳ᠋ᠠᠭᠪᠠ ᠮᠠᠮᠠ ᠶᠢᠨ ᠪᠠᠢ᠌ᠭᠤᠯᠤᠭᠰᠠᠨ ᠡᠮᠴᠢ ᠶᠢᠨ ᠬᠤᠷᠢᠶᠠᠨ ᠤ ᠠᠷᠪᠠᠭᠠᠤᠨ ᠳᠠᠰᠤᠯᠭ᠎ᠠ ᠪᠠᠢ᠌ᠰᠢᠩ ᠢ ᠬᠤᠳᠠᠯᠳᠤᠨ ᠠᠪᠴᠤ ᠪᠠᠭᠤᠳᠠᠯ ᠡᠷᠭᠢᠯᠡᠭ᠍ᠰᠡᠨ ᠡᠴᠡ ᠳᠠᠠᠳᠠ ᠰᠠᠭᠤᠭᠰᠠᠨ ᠨᠢ ᠨᠠᠳᠠ ᠳᠤ ᠣᠯᠠᠮ ᠳᠠᠭᠠᠳᠠᠢ ᠰᠠᠨᠠᠭᠳᠠᠪᠠ᠃ ᡀᠠᠮᠠᠵᠠᠪ ᠬᠠᠭᠤᠴᠢ ᠰᠠᠢ᠌ᠨ ᠮᠡᠳᠡᠳᠡᠭ᠌ ᠪᠦᠭᠡᠤᠨ ᠠᠬ᠎ᠠ ᠳᠡᠭᠦᠤ ᠳᠠᠨᠢᠯ ᠣᠯᠠᠨ ᠪᠣᠯᠬᠤᠷ ᠵᠤᠭᠤᠭ ᠲᠤ ᠳᠤᠷᠠᠳᠠᠢ ᠡᠪᠦᠭᠡᠤᠨ ᠭᠦᠭ᠍ᠰᠢᠳ ᠳᠠᠳᠠᠨ ᠤ ᠭᠢᠨ ᠶᠢᠡᠷ ᠵᠥᠩᠳᠡᠭᠡᠨ ᠴᠤᠭᠯᠠᠷᠠᠨ᠎ᠠ᠃ ᠵᠠᠪᠰᠢᠶᠠᠨ ᠶᠢᠡᠷ ᠷᠠᠰᠢᠶᠠᠯᠠᠭᠴᠢᠳ ᠨᠤᠮ ᠵᠤᠬᠢᠶᠠᠯ ᠪᠠᠢ᠌ᠩᠭ᠋ᠤ ᠣᠩᠰᠢᠳᠠᠭ ᠶᠢᠡᠷ ᠶᠢᠡᠨ ᠨᠠᠮᠠᠶ᠋ᠢ ᠮᠡᠳᠡᠭᠦ ᠦᠭᠡᠶ ᠭᠦᠮᠤᠨ ᠴᠥᠭᠡᠨ᠂ ᠰᠡᠳᠭᠢᠯ ᠤᠨ ᠥᠭᠡ ᠪᠠᠨ ᠨᠠᠳᠠ ᠳᠤ ᠭᠡᠯᠡᠭᠦ ᠭᠦᠮᠤᠨ ᠡᠡᠷᠪᠢᠨ᠃ ᠡᠨᠡ ᠪᠦᠭᠦᠨ ᠨᠢ ᠪᠠᠯᠪᠠᠴᠢ ᠶᠢᠨ ᠷᠠᠰᠢᠶᠠᠨ ᠤ ᠣᠯᠠᠷᠢᠯ ᠬᠤᠪᠢᠰᠤᠯ ᠤᠨ ᠳᠡᠦᠭᠡ ᠪᠠ ᠭᠠᠵᠠᠷ ᠭᠠᠵᠠᠷ ᠤᠨ ᠮᠤᠩᠭ᠋ᠤᠯᠴᠤᠳ ᠤᠨ ᠪᠣᠳᠤᠯ ᠰᠠᠨᠠᠯ ᠵᠢᠴᠢ ᠠᠮᠢᠳᠤᠷᠠᠯ ᠠᠬᠤᠢ ᠶᠢ ᠣᠢ᠌ᠯᠠᠭᠠᠬᠤ ᠳᠤ ᠶᠡᠭᠡ ᠯᠠ ᠳᠤᠰᠠ ᠪᠣᠯᠤᠭᠰᠠᠨ ᠶᠤᠮ᠃

ᠪᠠᠯᠪᠠᠴᠢ ᠶᠢᠨ ᠷᠠᠰᠢᠶᠠᠨ ᠳᠤ ᠭᠤᠷᠪᠠᠨ ᠵᠢᠯ ᠳᠠᠷᠠᠭᠠᠯᠠᠨ ᠭᠦᠷᠭᠦ ᠪᠦᠷᠢ ᠹᠦ᠋ ᠶᠢᠨ ᠬᠠᠯᠠᠭᠤᠨ ᠪᠣᠯᠤᠭᠰᠠᠨ ᠪᠠᠢ᠌ᠬᠤ ᠳᠤ ᠨᠤᠭᠤᠭᠠᠨ ᠤ ᠪᠠᠷ᠎ᠠ ᠬᠠᠷᠠᠭᠳᠠᠬᠤ ᠦᠭᠡᠶ ᠪᠠᠢ᠌ᠯ᠎ᠡ ᠃ ᠡᠨᠡ ᠨᠤᠳᠤᠭ ᠲᠤ ᠬᠠᠪᠣᠷ ᠡᠴᠡ ᠨᠠᠭᠠᠰᠢ ᠳᠤᠰᠤᠯ ᠪᠣᠷᠤᠭ᠎ᠠ ᠴᠤ ᠣᠷᠤᠭ᠎ᠠ ᠦᠭᠡᠶ ᠪᠠᠢ᠌ᠵᠠᠢ᠃ ᠮᠠᠯᠴᠢᠳ ᠳᠡᠭᠡᠭᠡᠤᠨ ᠮᠠᠯ ᠶᠢᠡᠨ ᠶᠠᠭᠠᠭᠢᠵᠤ ᠳᠡᠩᠭᠡᠷᠡᠭᠦᠯᠵᠤ ᠪᠠᠢ᠌ᠭ᠎ᠠ ᠳᠤᠬᠠᠢ ᠰᠠᠨᠠᠭ᠎ᠠ ᠪᠣᠯᠵᠤ᠂ ᠨᠠᠮᠠᠶ᠋ᠢ ᠪᠣᠯᠭᠤᠭᠠᠨ ᠳᠤᠬᠤᠨᠢᠭᠤᠯᠤᠭᠰᠠᠨ ᠰᠢᠯᠢ ᠶᠢᠨ ᠭᠤᠤᠯ ᠤᠨ ᠢᠷᠠᠭᠤ ᠨᠠᠢ᠌ᠷᠠᠭᠴᠢ ᠲ · ᠡᠯᠭᠡᠩᠭᠡ ᠂ ᠳ · ᠰᠡᠷᠡᠩᠸᠡᠩᠵᠢᠯ᠂ ᠶ‍ᠣ᠋ · ᠪᠢᠯᠢᠭ᠍ᠪᠠᠭᠠᠳᠤᠷ᠂ ᠡᠡᠯᠳᠡᠡᠭᠡᠷᠡᠯ ᠨᠡᠷ ᠤᠨ ᠳᠤᠳᠤᠷ᠎ᠠ ᠡᠴᠡ ᠳᠤᠷᠵᠢᠰᠦ᠋ᠷᠤᠩ ᠂ ᠫᠣ ·ᠴᠤᠭᠳᠤᠨᠠᠷᠠᠨ ᠮᠠᠨ ᠤ ᠭᠡᠳᠦᠭᠦᠯᠡ ᠷᠠᠰᠢᠶᠠᠨ ᠪᠣᠯᠠᠭ ᠡᠴᠡ ᠪᠠᠷᠠᠭᠤᠨ ᠡᠮᠦᠨ᠎ᠡ ᠰᠠᠭᠤᠭ᠎ᠠ ᠮᠠᠯᠴᠢᠨ ᠦᠨᠡᠠᠪᠠᠶᠠᠷ ᠤᠨ ᠭᠢᠨ ᠶᠢᠡᠷ ᠭᠦᠷᠴᠤ ᠪᠠᠢ᠌ᠳᠠᠯ ᠢ ᠣᠢ᠌ᠯᠠᠭᠠᠭᠰᠠᠨ ᠳᠤ ᠭᠠᠩ ᠤᠨ ᠭᠡᠴᠡᠭᠦᠤ ᠳᠤ ᠴᠢᠷᠠᠢ ᠨᠢ ᠭᠦᠷᠳᠡᠯ᠎ᠡ ᠰᠢᠷᠠᠯᠠᠭᠰᠠᠨ ᠳᠠᠷᠠ ᠠᠢ᠌ᠯ ᠤᠨ ᠭᠢᠨ ᠰᠠᠭᠤᠭᠠᠤᠨ ᠰᠠᠭᠤᠷᠢ ᠦᠭᠡᠶ ᠪᠣᠯᠬᠤ ᠭᠡᠮᠵᠢᠶᠡᠨ ᠳᠤ ᠭᠦᠷᠴᠡᠢ᠃ ᠪᠠᠢ᠌ᠭᠠᠯᠢ ᠨᠢ ᠮᠠᠭᠤᠳᠠᠵᠤ ᠨᠤᠳᠤᠭ ᠳᠤᠷᠣᠢ᠌ᠳᠠᠭᠰᠠᠨ ᠳᠤᠬᠠᠢ ᠰᠢᠯᠳᠠᠭᠠᠨ ᠢ ᠰᠤᠷᠠᠬᠤ ᠳᠤ᠄  《ᠬᠠᠢ᠂ ᠣᠷᠢᠳᠤ ᠨᠢ ᠪᠢᠳᠠ ᠰᠢᠯᠢᠩᠬᠤᠳᠠ ᠶᠢᠨ ᠠᠷᠤ ᠪᠠᠷ ᠭᠢ ᠣᠰᠤ ᠰᠢᠷᠤᠢ ᠰᠠᠢ᠌ᠳᠠᠢ ᠡᠪᠦᠯᠵᠢᠶᠡᠨ ᠨᠤᠳᠤᠭ ᠲᠤ ᠰᠠᠭᠤᠷᠢᠰᠢᠳᠠᠭ ᠪᠠᠢ᠌ᠭᠰᠠᠨ ᠶᠤᠮ᠂ ᠲ᠋ᠠᠷᠠ ᠭᠠᠵᠠᠷ ᠢ ᠣᠳᠤ ᠪᠦᠷ ᠳᠠᠷᠢᠶᠠᠴᠵᠤᠨ ᠡᠵᠡᠯᠡᠴᠢᠭᠡᠭ᠍ᠰᠡᠨ᠃ ᠡᠨᠡ ᠪᠣᠯ ᠮᠠᠨ ᠤ ᠵᠤᠰᠠᠭᠠᠯ ᠤᠨ ᠭᠠᠵᠠᠷ᠃ ᠲ᠋ᠠᠷᠠ ᠦᠶ᠎ᠡ ᠳᠤ ᠪᠢᠳᠠ ᠡᠪᠦᠯᠵᠢᠶᠡᠨ ᠡᠴᠡ ᠪᠠᠨ ᠡᠨᠡ ᠦᠶ᠎ᠡ ᠪᠠᠷ ᠵᠤᠰᠠᠵᠤ ᠢᠷᠡᠭᠦ ᠳᠤ ᠪᠠᠭ᠎ᠠ ᠮᠠᠯ ᠣᠷᠤᠭᠠᠤᠨ ᠥᠵᠡᠭ᠍ᠳᠡᠭᠦ ᠦᠭᠡᠶ ᠡᠷᠢᠭᠦᠯᠳᠡᠭ᠌ ᠵᠤᠵᠠᠭᠠᠨ ᠪᠠᠯᠴᠢᠭᠡᠷ ᠭᠠᠷᠴᠢᠬᠠᠳᠠᠭ ᠪᠠᠢ᠌ᠭᠰᠠᠨ᠃ ᠣᠳᠤ ᠥᠵᠡᠭᠦ ᠦᠭᠡᠶ ᠦᠦ᠂ ᠣᠳᠤᠷᠯᠠᠵᠤ ᠨᠤᠳᠤᠭ ᠰᠤᠯᠢᠬᠤ ᠪᠣᠯᠤᠮᠵᠢ ᠦᠭᠡᠶ ᠪᠣᠯᠤᠭᠰᠠᠨ ᠡᠴᠡ ᠭᠠᠭᠴᠠ ᠵᠤᠰᠠᠭᠠᠯ ᠳᠡᠭᠡᠷ᠎ᠡ ᠵᠢᠯ ᠤᠨ ᠳᠦᠷᠪᠡᠨ ᠤᠯᠠᠷᠢᠯ ᠢ ᠥᠩᠭᠡᠷᠡᠭᠦᠯᠭᠦ ᠳᠤ ᠶᠠᠭᠤ ᠳᠡᠰᠭᠦ ᠪᠤᠢ︕ ᠥᠭᠡᠢ᠂ ᠰᠤᠨᠢᠨ ᠶᠤᠮ᠂ ᠣᠷᠢᠳᠤ ᠡᠨᠡ ᠦᠶ᠎ᠡ ᠳᠤ ᠬᠤᠷ᠎ᠠ ᠪᠣᠷᠤᠭᠠᠨ ᠣᠷᠤᠳᠠᠭ ᠯᠠ ᠪᠠᠢ᠌ᠭᠰᠠᠨ ᠰᠢᠳᠠ ᠂ ᠣᠳᠤ ᠴᠢᠨᠢ ᠬᠠᠷᠢᠨ ᠳᠤᠰᠤᠯ ᠴᠤ ᠣᠨᠠᠭᠠᠬᠤ ᠦᠭᠡᠶ ᠪᠣᠯᠵᠠᠢ︕ 》 ᠭᠡᠵᠤ ᠦᠨᠡᠠᠪᠠᠶᠠᠷ ᠭᠠᠴᠢᠭᠳᠠᠨ᠎ᠠ ᠃ ᠡᠨᠡ ᠶᠤᠰᠤᠳᠠᠢ ᠳᠡᠷᠭᠡᠳᠡ ᠨᠢ ᠭᠦᠮᠤᠨ ᠤ ᠭᠠᠮᠰᠢᠭ ᠪᠣᠯᠤᠭᠠᠤᠨ ᠶᠠᠭᠠᠭᠢᠶ᠎ᠠ ᠭᠡᠵᠤ ᠪᠠᠢ᠌ᠬᠤ ᠳᠤ ᠳᠡᠭᠡᠷ᠎ᠡ ᠡᠴᠡ ᠨᠢ ᠳᠡᠭ᠍ᠷᠢ ᠪᠠᠰᠠ ᠳᠠᠷᠤᠯᠠᠭᠰᠠᠨ ᠶᠠᠪᠣᠳᠠᠯ ᠪᠣᠯᠵᠠᠢ ᠃ ᠹᠷᠠᠠᠼᠢ ᠶᠢᠨ ᠠᠯᠳᠠᠷᠳᠤ ᠵᠤᠬᠢᠶᠠᠯᠴᠢ ᠢᠦᠢ᠌‍ᠭ᠋‍ᠤ᠋ ᠄  《 ᠪᠠᠢ᠌ᠭᠠᠯᠢ ᠪᠣᠯ ᠴᠠᠢ᠌ᠯᠭᠠᠨ ᠰᠠᠤᠠᠭᠢᠯ ᠲᠡᠶ ᠡᠨᠡᠷᠢᠯᠳᠤ ᠡᠭᠡ᠂  ᠪᠠᠰᠡ ᠴᠤ ᠭᠦᠢᠳᠡᠨ ᠴᠡᠪᠳᠡᠭ᠌ ᠵᠢᠷᠦᠭᠡ ᠲᠡᠶ ᠶᠠᠷᠢᠭᠠᠴᠢᠨ ᠪᠠᠢ᠌ᠭ᠎ᠠ ᠶ‍ᠦᠮ》 ᠭᠡᠵᠡᠢ᠃ ᠲ᠋ᠡᠭᠡᠭᠦ ᠳᠤ ᠪᠠᠢ᠌ᠭᠠᠯᠢ ᠶᠢ ᠡᠭᠡ ᠪᠣᠯᠭᠠᠨ᠎ᠠ ᠦᠦ᠂ ᠡᠰᠡᠭᠦᠯ᠎ᠡ ᠶᠠᠷᠢᠭᠠᠴᠢᠨ ᠪᠣᠯᠭᠠᠨ᠎ᠠ ᠦᠦ ᠭᠡᠳᠡᠭ᠌ ᠨᠢ ᠪᠦᠷ ᠭᠦᠮᠤᠨ ᠳᠤ ᠪᠣᠢ᠃ ᠲ᠋ᠠᠳᠠᠨ ᠤ ᠭᠡᠯᠡᠳᠡᠭ᠌ ᠳᠠᠷᠢᠶᠠᠴᠢᠳ ᠭᠡᠳᠡᠭ᠌ ᠨᠢ 1958 ᠣᠨ ᠳᠤ ᠰᠢᠯᠢ ᠶᠢᠨ ᠭᠤᠤᠯ ᠳᠤ ᠳᠠᠷᠢᠶ᠎ᠠ ᠳᠠᠷᠢᠭᠤᠯᠬᠤ ᠭᠡᠮᠡᠨ ᠣᠷᠤᠭᠤᠯᠵᠤ ᠢᠷᠡᠭ᠍ᠰᠡᠨ ᠭᠡᠷᠦᠮᠡᠯ ᠢᠷᠭᠡᠤᠨ ᠢ ᠭᠡᠯᠡᠵᠤ ᠪᠠᠢ᠌ᠨ᠎ᠡ᠃ ᠡᠳᠡᠨ ᠤ ᠳᠤᠬᠠᠢ ᠬᠣᠢ᠌ᠨ᠎ᠠ ᠥᠭᠦᠯᠡᠨ᠎ᠡ᠃

ᠭᠠᠩᠳᠠᠭᠰᠠᠨ ᠰᠠᠤᠠᠭᠢᠯ ᠤᠨ ᠴᠠᠩᠭ᠋ᠠᠭ᠎ᠠ ᠳᠠᠢ᠌ᠯᠵᠤ ᠰᠢᠳᠤ ᠶᠠᠩᠭᠢᠨᠠᠭᠤᠯᠤᠭᠰᠠᠨ ᠭᠦᠢᠳᠡᠨ ᠪᠣᠯᠠᠭ ᠤᠨ ᠣᠰᠤᠨ ᠡᠴᠡ ᠵᠠᠯᠭᠢᠯᠠᠵᠤ ᠰᠠᠭᠤᠳᠠᠯ᠎ᠠ ᠳᠦᠩᠭᠡᠭᠡᠤᠨ ᠨᠢᠭᠡ ᠪᠣᠷᠤᠭᠠᠨ ᠣᠷᠤᠯ᠎ᠠ᠃ ᠪᠣᠷᠤᠭᠠᠨ ᠤ ᠳᠠᠷᠠᠭ᠎ᠠ ᠠᠭᠠᠷ ᠠᠮᠢᠰᠬᠤᠯ ᠰᠠᠩᠭᠢᠨᠠᠵᠤ ᠳᠠᠯ᠎ᠠ ᠰᠤᠨᠢᠶᠠᠬᠤ ᠰᠢᠭ ᠪᠣᠯᠤᠭᠠᠤᠨ ᠣᠳᠤ ᠴᠤ ᠨᠢᠭᠡ ᠡᠪᠠᠰᠤ ᠨᠤᠭᠤᠭ᠎ᠠ ᠭᠦᠭᠡᠷᠡᠨ ᠮᠠᠯ ᠤᠨ ᠠᠮᠠ ᠳᠤᠰᠤᠳᠠᠬᠤ ᠨᠢ ᠭᠡᠵᠤ ᠪᠠᠶᠡᠷᠯᠡᠪᠡ᠃ ᠨᠡᠭᠡᠷᠡᠨ ᠴᠤ ᠠᠩᠭ᠋ᠠᠭᠰᠠᠨ ᠳᠠᠷᠢᠶᠠᠯᠠᠩ ᠳᠤᠷ ᠰᠢᠮᠠᠳᠤ ᠬᠤᠷ᠎ᠠ ᠪᠠᠭᠤᠭᠰᠠᠨ ᠰᠢᠭ ᠬᠠᠳᠠᠵᠤ ᠬᠡᠦᠷᠰᠢᠭ᠍ᠰᠡᠨ ᠭᠠᠵᠠᠷ ᠤᠨ ᠭᠦᠷᠦᠰᠤ ᠬᠤᠨᠤᠭᠠᠤᠨ ᠯᠠ ᠭᠠᠷᠬᠤ ᠳᠤ ᠪᠣᠳᠤᠭᠰᠢᠴᠢᠬᠠᠭᠰᠠᠨ ᠬᠠᠷᠠᠭᠳᠠᠯ᠎ᠠ᠃ ᠭᠡᠳᠡᠯ᠎ᠡ ᠣᠷᠭᠤᠵᠤ ᠪᠠᠢ᠌ᠭ᠎ᠠ ᠨᠢ ᠡᠪᠠᠰᠤ ᠪᠠᠯᠴᠢᠭᠡᠷ ᠪᠢᠰᠢ᠂ ᠠᠪᠣᠷ ᠳᠦᠪᠣᠷ ᠭᠦᠮᠡᠯᠢ ᠳᠠᠭᠠᠨ᠎ᠠ ᠶᠢᠨ ᠬᠤᠭᠤᠷᠤᠠᠳᠤ ᠮᠤᠭᠠᠢ ᠶᠢᠨ ᠬᠤᠤᠷ᠂ ᠬᠠᠮᠬᠤᠤᠯ ᠠᠮᠢ ᠣᠷᠤᠵᠤ ᠳᠦᠯᠭᠢᠴᠢᠭ᠍ᠰᠡᠨ ᠥᠵᠡᠭ᠍ᠳᠡᠨ᠎ᠡ᠃ ᠪᠤᠯᠠᠭ ᠤᠨ ᠭᠠᠳᠠᠭᠤᠷ ᠳᠠᠳᠠᠭᠰᠠᠨ ᠳᠠᠮᠤᠷ ᠰᠠᠷᠠᠯᠵᠢᠨ ᠳᠡᠭᠡᠷ᠎ᠡ ᠳᠦᠷᠦᠭᠦᠤ ᠵᠢᠯ ᠤᠨ ᠦᠨᠵᠢᠯ ᠬᠠᠮᠬᠤᠤᠯ ᠭᠡᠢ᠌ᠰᠤᠨ ᠢᠷᠠᠵᠤ ᠵᠢᠭᠤᠷᠠᠯᠳᠤᠭᠠᠤᠨ ᠭᠡᠷᠡᠮ ᠰᠢᠭ᠌ ᠬᠠᠨᠠᠷᠠᠵᠠᠢ᠃ 《ᠡᠨᠡ ᠭᠠᠵᠠᠷ ᠣᠤᠯ ᠳᠤ ᠪᠠᠨ ᠬᠠᠮᠬᠤᠤᠯ ᠪᠠᠢ᠌ᠭᠰᠠᠨ ᠦᠭᠡᠶ᠂  ᠬᠠᠮᠢᠭ᠎ᠠ ᠡᠴᠡ ᠴᠤ ᠢᠷᠡᠭ᠍ᠰᠡᠨ ᠢ ᠪᠣᠤ ᠮᠠᠳᠠ᠂ ᠣᠷᠴᠢᠮ ᠤᠨ ᠠᠷᠪᠠᠭᠠᠤᠨ ᠵᠢᠯ ᠳᠤ ᠡᠭᠦᠨ ᠡᠴᠡ ᠥᠭᠡᠷ᠎ᠡ ᠶᠠᠭᠤᠮ᠎ᠠ ᠣᠷᠭᠤᠬᠤ ᠪᠠᠨ ᠪᠤᠯᠢᠵᠠᠢ︕》 ᠭᠡᠵᠤ ᠡᠨᠡ ᠨᠤᠳᠤᠭ ᠤᠨ ᠮᠠᠯᠴᠢᠳ ᠰᠡᠭᠦᠷᠡᠰᠤ ᠠᠯᠳᠠᠨ ᠥᠭᠦᠯᠡᠨ᠎ᠡ᠃   ᠬᠠᠮᠬᠤᠤᠯ ᠤᠨ ᠦᠷ᠎ᠡ ᠡᠯᠡᠰᠤᠨ ᠰᠢᠭᠤᠷᠭ᠎ᠠ ᠪᠠᠷ ᠳᠠᠮᠵᠢᠨ ᠬᠠᠮᠢᠭ᠎ᠠ ᠬᠤᠯᠠ ᠡᠴᠡ ᠥᠯᠢᠶᠡᠭ᠍ᠳᠡᠨ ᠣᠷᠤᠵᠤ ᠢᠷᠡᠭ᠍ᠰᠡᠨ ᠠᠵᠢ᠃ 《ᠡᠷᠮ᠎ᠡ ᠬᠠᠮᠬᠤᠤᠯ ᠠᠷᠪᠢᠳᠤᠪᠠᠯ ᠨᠤᠳᠤᠭ ᠳᠤᠷᠣᠢ᠌ᠳᠠᠬᠤ ᠶᠢᠨ ᠳᠡᠮᠳᠡᠭ᠌᠂ ᠡᠯᠵᠢᠭᠡ ᠭᠠᠬᠠᠢ ᠠᠷᠪᠢᠳᠤᠪᠠᠯ ᠮᠤᠩᠭ᠋ᠤᠯ ᠳᠤᠷᠣᠢ᠌ᠳᠠᠬᠤ ᠶᠢᠨ ᠳᠡᠮᠳᠡᠭ᠌︕ 》 ᠭᠡᠵᠤ ᠪᠢ ᠭᠡᠯᠡᠭ᠍ᠰᠡᠨ ᠳᠤ ᠷᠠᠰᠢᠶᠠᠨ ᠣᠤᠭᠤᠵᠤ ᠪᠠᠢ᠌ᠭ᠎ᠠ ᠣᠯᠠᠨ ᠶᠢᠡᠷ ᠶᠢᠡᠨ ᠢᠨᠢᠶᠡᠯᠴᠡᠪᠡ᠃ ᠭᠦᠮᠤᠨ ᠤ ᠢᠨᠢᠶᠡᠭᠦ ᠰᠢᠯᠳᠠᠭᠠᠨ ᠣᠯᠠᠨ ᠪᠠᠢ᠌ᠭ᠎ᠠ ᠪᠣᠯᠪᠠᠴᠤ ᠡᠨᠡ ᠪᠣᠯ ᠪᠠᠶᠠᠷᠯᠠᠭᠠᠤᠨ ᠪᠠᠬ᠎ᠠ ᠨᠢ ᠬᠠᠨᠤᠭᠰᠠᠨ ᠦᠶ᠎ᠡ ᠶᠢᠨ ᠢᠨᠢᠶᠠᠳᠤ ᠪᠢᠰᠢ᠂ ᠬᠠᠷᠢᠨ ᠠᠷᠴᠠᠭ᠎ᠠ ᠦᠭᠡᠶ ᠪᠠᠢ᠌ᠳᠠᠯ ᠳᠤ ᠣᠷᠤᠭᠰᠠᠨ ᠦᠶ᠎ᠡ ᠶᠢᠨ ᠣᠭᠢᠯᠠᠯ ᠂ ᠶᠠᠭᠤᠮ᠎ᠠ ᠶᠢ ᠶᠠᠰᠤᠨ ᠳᠡᠭᠡᠷ᠎ᠡ ᠨᠢ ᠳᠤᠩᠰᠢᠵᠤ ᠭᠡᠯᠡᠭ᠍ᠰᠡᠨ ᠦᠶ᠎ᠡ ᠶᠢᠨ ᠵᠦᠪᠰᠢᠶᠠᠷᠠᠯ ᠪᠠᠢ᠌ᠭ᠎ᠠ ᠶ‍ᠦᠮ᠃ ᠲ᠋ᠡᠭᠡᠳᠡᠯ᠎ᠡ ᠣᠰᠤᠨ ᠳᠡᠭᠡᠷ᠎ᠡ ᠢᠷᠡᠭ᠍ᠰᠡᠨ ᠠᠪᠠᠭ᠎ᠠ ᠨᠤᠳᠤᠭ ᠤᠨ ᠨᠢᠭᠡᠨ ᠮᠡᠷᠭᠡᠨ ᠡᠪᠦᠭᠡᠨ᠄ 《ᠬᠤᠷ᠎ᠠ ᠪᠣᠷᠤᠭᠠᠨ ᠣᠷᠤᠯ᠎ᠠ ᠭᠡᠤᠨ ᠦᠨᠳᠦᠰᠦᠨ ᠳᠤ ᠨᠢ ᠭᠦᠷᠭᠦ ᠦᠭᠡᠶ᠂ ᠬᠤᠷᠮᠤᠰᠳᠠ ᠨᠠᠷᠠ ᠭᠠᠷᠤᠯ᠎ᠠ ᠭᠡᠤᠨ ᠳᠤᠯᠤᠭᠠᠢ ᠬᠠᠯᠠᠭᠠᠬᠤ ᠦᠭᠡᠶ ᠴᠠᠭ ᠪᠣᠯᠵᠠᠢ ᠦᠨᠦ ᠴᠢᠨᠢ︕》 ᠭᠡᠵᠤ ᠥᠭᠦᠯᠡᠪᠡ᠃ ᠡᠨᠡ ᠥᠭᠡ ᠮᠠᠰᠢ ᠭᠦᠨ ᠣᠤᠠᠬ᠎ᠠ ᠲᠡᠶ᠂ ᠭᠠᠭᠴᠠ ᠪᠠᠢ᠌ᠭᠠᠯᠢ ᠶᠢᠨ ᠥᠵᠡᠭ᠍ᠳᠡᠯ ᠢ ᠭᠡᠯᠡᠭ᠍ᠰᠡᠨ ᠳᠠᠳᠤᠢ ᠪᠢᠰᠢ ᠪᠠᠢ᠌ᠭ᠎ᠠ ᠶᠤᠮ᠃ ᠠᠷᠠᠤᠨ ᠤᠨ ᠳᠤᠬᠠᠢ ᠨᠠᠮ ᠤᠨ ᠪᠣᠳᠤᠯᠭ᠎ᠠ᠂ ᠦᠨᠳᠦᠰᠦᠳᠠᠨ ᠤ ᠡᠷᠭᠡ ᠠᠰᠢᠭ ᠢ ᠬᠠᠮᠠᠭᠠᠯᠠᠬᠤ ᠦᠨᠡᠨ ᠬᠠᠤᠯᠢ ᠠᠯᠤᠰ ᠪᠣᠢ᠌ᠳᠠ ᠠᠪᠠᠭ᠎ᠠ ᠨᠤᠳᠤᠭ ᠡᠴᠡ ᠨᠠᠯᠢᠶᠠᠤᠨ ᠵᠠᠢ ᠲᠡᠶ ᠪᠠᠢ᠌ᠭᠰᠠᠭᠠᠷ᠃

(ᠵᠤᠬᠢᠶᠠᠯ ᠲᠡᠭᠦᠰᠦᠭᠡ ᠦᠭᠡᠢ᠂  ᠠᠷᠤ ᠳᠡᠬᠢ 《ᠳᠠᠷᠠᠭᠠᠬᠢ》 ᠭᠡᠰᠡᠨ ᠢ ᠲᠤᠪᠴᠢᠳᠠᠨ ᠵᠠᠯᠭᠠᠨ ᠤᠩᠰᠢᠭᠠᠷᠠᠢ᠃)


ᠵᠤᠬᠢᠶᠠᠭᠴᠢ᠄ ᠭᠠ᠊·ᠰᠢᠷᠡᠪᠵᠠᠮᠰᠤ
ᠳᠠᠷᠤᠮ᠄ 14686
ᠴᠠᠭ᠄ 2007 ᠤᠨ ᠤ 06 ᠰᠠᠷ᠎ᠠ ᠶᠢᠨ 02