ᠨᠣ᠋·ᠪᠠᠭᠠᠳᠤᠷ ᠄ 《ᠪᠢᠯᠢᠭ᠌ ᠤᠨ ᠭᠡᠭᠡᠪᠴᠢ》
ᠲᠠᠪᠤ ᠂ ᠤᠬᠠᠭᠠᠷᠠᠵᠤ ᠠᠮᠢᠳᠤᠷᠠᠬᠤ ᠬᠤᠷᠸ᠎ᠠ
ᠨᠢᠭᠡᠳᠦᠭᠡᠷ ᠬᠡᠰᠡᠭ ᠂ 《ᠲᠠᠯᠬ᠎ᠠ》 ᠶᠠᠭᠠᠬᠢᠵᠤ ᠢᠷᠡᠭᠰᠡᠨ ᠪᠤᠢ︖

ᠭᠠᠭᠴᠠᠭᠦ ᠭᠦᠮᠤᠨ ᠲᠦᠷᠦᠯᠭᠢᠳᠠᠨ ᠯᠠ ᠰᠠ‍‌ᠶᠢ ᠶ‍ᠢᠷᠳᠢᠠᠴᠤ ᠶᠢ ᠡᠭᠦᠳᠤᠨ ᠪᠦᠳᠦᠭᠡᠭ᠍ᠴᠢ ᠮᠦᠨ᠃ ᠬᠤᠷᠮᠤᠰᠳᠠ ᠳᠡᠭ᠍ᠷᠢ ᠪᠣᠯ ᠬᠠᠷᠢᠨ ᠬᠤᠷᠤᠬᠠᠢ ᠶᠢ ᠴᠤ ᠭᠦᠷᠭᠦ ᠦᠭᠡᠶ ᠭᠦᠭᠡᠷᠦᠭᠦᠢᠯᠡᠯᠳᠡᠢ ᠠᠮᠢᠳᠠᠨ ᠪᠢᠯᠠ᠃


᠊᠊᠊᠊᠊᠊᠊᠊᠊᠊᠊᠊᠊᠊᠊᠊᠊᠊᠊᠊᠊᠊᠊᠊᠊᠊᠊᠊ ᠢᠤᠢ᠌ᠭ᠋ᠤ᠋


ᠪᠢᠴᠢᠬᠠᠨ ᠺᠯᠸᠮᠸᠠᠽ ᠪᠠᠭ᠎ᠠ ᠰᠤᠷᠭᠠᠭᠤᠯᠢ ᠳᠤ ᠣᠷᠤᠪᠠ᠃ ᠪᠠᠭᠰᠢ ᠨᠢ ᠬᠤᠯ ᠡᠮᠡᠭᠡᠨ ᠪᠣᠯ ᠴᠢᠩ ᠰᠥᠰᠦᠭ᠌ ᠲᠡᠶ ᠡᡁᠧᠷᠢᠰᠳᠦᠰ ᠤᠨ ᠱᠠᠰᠢᠠᠳᠠᠨ ᠪᠣᠯᠤᠨ᠎ᠠ᠃ ᠲ᠋ᠠᠷᠠ ᠰᠤᠷᠤᠭᠴᠢᠳ ᠲᠠᠭᠠᠨ ᠥᠰᠦᠭ᠌ ᠤᠨ ᠳᠤᠯᠤᠭᠠᠢ ᠨᠢᠳᠦᠯᠡᠭᠦ ᠶᠢ ᠵᠢᠭᠠᠬᠤ ᠶᠢᠨ ᠳᠠᠯᠢᠮ ᠳ᠋ᠠᠭᠠᠨ 《ᠠᠷᠢᠭᠤᠨ ᠨᠤᠮ》 ᠊ᠢ ᠣᠩᠰᠢᠨ ᠳᠠᠢ᠌ᠯᠪᠣᠷᠢᠯᠠᠵᠤ ᠥᠭ᠍ᠳᠡᠭ᠌ ᠪᠠᠢ᠌ᠨ᠎ᠡ᠃ ᠲ᠋ᠡᠭᠡᠭᠡᠤᠨ 《ᠬᠤᠷᠮᠦᠰᠳᠡ ᠳᠡᠭ᠍ᠷᠢ ᠳᠤ ᠰᠠᠨᠠᠭ᠎ᠠ ᠪᠠᠨ ᠳᠠᠭᠠᠤᠠᠬᠠᠪᠠᠯ ᠭᠦᠰᠡᠭ᠍ᠰᠡᠨ ᠶᠤᠰᠤᠭᠠᠷ ᠴᠢᠨᠢ ᠬᠠᠩᠭ᠋ᠠᠵᠤ ᠦᠭ‍ᠭᠦᠨ᠎ᠡ》 ᠭᠡᠵᠤ ᠶᠠᠷᠢᠵᠤ ᠦᠭ‍ᠭᠦᠭ᠍ᠰᠡᠨ ᠳᠤ᠂ ᠪᠢᠴᠢᠬᠠᠨ ᠺᠯᠸᠮᠸᠠᠽ ᠪᠣᠰᠴᠤ ᠵᠤᠭᠰᠤᠭᠠᠤᠨ :

《ᠪᠠᠭᠰᠢ ᠡ᠂ ᠪᠢ ᠭᠡᠷᠪᠡ ᠳᠤᠳᠠᠵᠤ ᠪᠠᠢ᠌ᠬᠤ ᠪᠠᠨ ᠬᠤᠷᠮᠤᠰᠳᠠ ᠳᠡᠭ᠍ᠷᠢ ᠳᠤ ᠳᠠᠭᠠᠤᠠᠬᠠᠪᠠᠯ ᠳᠠᠷᠠ ᠮᠢᠨᠤ ᠭᠦᠰᠡᠭ᠍ᠰᠡᠨ ᠶᠤᠰᠤᠭᠠᠷ ᠦᠭ‍ᠭᠦ ᠭᠡᠵᠢ ᠦᠦ︖》 ᠭᠡᠵᠤ ᠠᠰᠠᠭᠤᠭᠰᠠᠨ ᠳᠤ᠂ ᠪᠠᠭᠰᠢ ᠨᠢ :

《ᠳᠡᠭᠡᠯᠭᠦᠢ ᠶᠠᠭᠠᠬᠢᠬᠤᠪ︕ ᠡᠭᠦᠨ ᠳᠤ ᠴᠢ ᠡᠷᠭᠡᠪᠰᠢ ᠴᠢᠩ ᠦᠨᠡᠨ ᠰᠠᠤᠠᠭᠢᠯ ᠶᠢᠡᠷ ᠳᠠᠭᠠᠤᠠᠬᠠᠬᠤ ᠭᠡᠷᠡᠭ᠍ᠳᠡᠢ》 ᠭᠡᠵᠡᠢ᠃

ᠪᠢᠴᠢᠬᠠᠨ ᠺᠯᠸᠮᠸᠠᠽ ᠶᠢᠨ ᠰᠤᠷᠭᠠᠭᠤᠯᠢ ᠨᠢ ᠰᠠᠭᠤᠭᠠᠯᠢ ᠠᠷᠠᠤᠨ ᠤᠨ ᠳᠤᠭᠤᠷᠢᠭ ᠡᠴᠡ ᠨᠠᠯᠢᠶᠠᠤᠨ ᠬᠤᠯᠠ ᠪᠠᠢ᠌ᠭ᠎ᠠ ᠪᠣᠯᠬᠤᠷ ᠦᠳᠡ ᠶᠢᠨ ᠬᠤᠭᠤᠯᠠ ᠪᠠᠨ ᠰᠤᠷᠭᠠᠭᠤᠯᠢ ᠳᠠᠭᠠᠨ ᠠᠪᠠᠴᠢᠭᠠᠤᠨ ᠥᠳᠡᠯᠡᠳᠡᠭ᠌ ᠪᠠᠢ᠌ᠵᠠᠢ᠃ ᠺᠯᠸᠮᠸᠠᠽ ᠶᠢᠨ ᠭᠡᠷ ᠤᠨ ᠠᠮᠢᠳᠤᠷᠠᠯ ᠭᠦᠴᠢᠷᠳᠡᠢ ᠡᠴᠡ ᠪᠣᠯᠤᠭᠠᠤᠨ ᠡᠵᠢ ᠨᠢ ᠳᠡᠭᠦᠨ ᠳᠤ ᠰᠢᠰᠢᠨ ᠪᠣᠤᠪᠣ ᠳᠠᠪᠣᠰᠤᠳᠠᠢ ᠨᠤᠭᠤᠭ᠎ᠠ ᠡᠴᠡ ᠥᠭᠡᠷ᠎ᠡ ᠣᠯᠢᠭᠳᠠᠢ ᠬᠤᠭᠤᠯᠠ ᠥᠭ᠍ᠴᠤ ᠳᠡᠢ᠌ᠯᠭᠦ ᠦᠭᠡᠶ ᠪᠠᠢ᠌ᠪᠡ᠃ ᠭᠡᠳᠡᠯ᠎ᠡ ᠺᠯᠸᠮᠸᠠᠽ ᠶᠢᠨ ᠬᠠᠵᠠᠭᠤᠳᠠ ᠰᠠᠭᠤᠭ᠎ᠠ ᠰᠢᠷᠭᠠᠯ ᠭᠡᠵᠢᠭᠡ ᠲᠡᠶ ᠦᠬᠢᠨ ᠬᠠᠷᠢᠨ ᠪᠦᠳᠦᠭᠦᠨ ᠭᠡᠭ᠍ᠴᠢ ᠳᠠᠯᠬ᠎ᠠ ᠭᠠᠷᠭᠠᠭᠠᠤᠨ ᠠᠮᠳᠠᠳᠠᠢ᠌ᠬᠠᠨ ᠵᠤᠭᠤᠭᠯᠠᠵᠤ ᠳᠡᠭᠦᠨ ᠤ ᠬᠤᠪᠳᠤᠭ ᠢ ᠭᠦᠷᠭᠡᠳᠡᠭ᠌ ᠡᠡᠵᠢ᠃ ᠨᠢᠭᠡ ᠡᠳᠦᠷ᠂ ᠰᠢᠷᠭᠠᠯ ᠭᠡᠵᠢᠭᠡ ᠲᠡᠶ ᠥᠭᠢᠨ᠂ ᠲ᠋ᠡᠭᠦᠨ ᠤ ᠬᠤᠪᠳᠤᠭ ᠭᠦᠷᠴᠤ ᠪᠠᠢ᠌ᠭ᠎ᠠ ᠶᠢ ᠮᠡᠳᠡᠭᠡᠤᠨ ᠳᠠᠯᠬ᠎ᠠ ᠪᠠᠨ ᠳᠡᠭᠦᠨ ᠳᠤ ᠭᠦᠷᠭᠡᠵᠤ :

《ᠴᠢ ᠨᠢᠭᠡ ᠬᠠᠵᠠᠭᠠᠤᠨ ᠠᠮᠳᠠᠯᠠᠵᠤ ᠥᠵᠡ》 ᠭᠡᠰᠡᠨ ᠳᠤ᠂ ᠪᠢᠴᠢᠬᠠᠨ ᠺᠯᠸᠮᠸᠠᠽ ᠳᠤᠯᠤᠭᠠᠢ ᠪᠠᠨ ᠰᠠᠵᠢᠭᠠᠤᠨ ᠥᠭᠡᠷ᠎ᠡ ᠳᠠᠰᠢ ᠬᠠᠷᠠᠴᠢᠬᠠᠪᠠ᠃ ᠦᠨᠦᠳᠤᠷ ᠳᠠᠷᠠ ᠪᠠᠭᠰᠢ ᠶᠢᠨ ᠶᠢᠡᠨ ᠥᠭᠡ ᠶᠢ ᠰᠤᠨᠤᠰᠤᠭᠠᠤᠨ ᠳᠤᠩ ᠪᠠᠶᠠᠷᠯᠠᠵᠤ :

《ᠪᠢ ᠮᠠᠷᠭᠠᠰᠢ ᠡᠴᠡ ᠪᠠᠰᠠ ᠴᠢᠮ᠎ᠠ ᠰᠢᠭ ᠪᠦᠳᠦᠭᠦᠨ ᠳᠠᠯᠬ᠎ᠠ ᠠᠪᠴᠢᠷᠡᠨ᠎ᠡ》 ᠭᠡᠵᠤ ᠪᠠᠳᠤᠯᠠᠭ᠎ᠠ ᠲᠡᠶ ᠭᠡᠯᠡᠵᠡᠢ᠃

ᠣᠷᠤᠢ ᠶᠢᠨ ᠳᠠᠷᠬᠠᠯᠳᠠ ᠪᠠᠷ ᠭᠡᠷ ᠲᠡᠭᠡᠨ ᠬᠠᠷᠢᠮᠠᠭᠴᠠ ᠪᠢᠴᠢᠬᠠᠨ ᠺᠯᠸᠮᠸᠠᠽ ᠦᠪᠡᠷ ᠤᠨ ᠥᠷᠦᠭᠡᠨ ᠳᠡᠭᠡᠨ ᠰᠢᠷᠭᠤᠭᠠᠤᠨ ᠠᠯᠠᠭ᠎ᠠ ᠪᠠᠨ ᠬᠠᠪᠰᠤᠷᠤᠨ ᠰᠥᠭᠦᠳᠤᠨ ᠵᠠᠯᠪᠠᠷᠢᠵᠤ 《ᠨᠠᠳᠠᠳᠤ ᠪᠦᠳᠦᠭᠦᠨ ᠳᠠᠯᠬ᠎ᠠ ᠦᠭ‍ᠭᠦᠭᠡᠴᠢ》 ᠭᠡᠵᠤ ᠰᠦᠨᠢ ᠳᠦᠯᠢ ᠪᠣᠯᠳᠠᠯ᠎ᠠ ᠳᠡᠭᠠᠳᠬᠠᠵᠡᠢ᠃ ᠰᠡᠭᠦᠯᠡᠷ ᠨᠢ ᠨᠣᠢ᠌ᠷ ᠭᠦᠷᠴᠤ ᠪᠠᠶ᠎ᠠ ᠪᠠᠨ ᠡᠵᠡᠮᠳᠡᠵᠤ ᠳᠡᠢ᠌ᠯᠭᠦ ᠦᠭᠡᠶ ᠪᠣᠯᠬᠤ ᠳᠠᠭᠠᠨ ᠭᠦᠰᠡᠷ᠎ᠡ ᠳᠤ ᠬᠠᠵᠠᠢ᠌ᠵᠤ ᠣᠨᠠᠭᠠᠤᠨ ᠣᠨᠳᠠᠴᠢᠬᠠᠵᠠᠢ᠃

ᠮᠠᠷᠭᠠᠰᠢ ᠥᠷᠯᠦᠭᠡ ᠨᠢ ᠨᠣᠢ᠌ᠷ ᠡᠴᠡ ᠪᠠᠨ ᠰᠡᠷᠢᠮᠡᠭ᠍ᠴᠡ ᠬᠤᠷᠮᠤᠰᠳᠠ ᠳᠡᠭ᠍ᠷᠢ ᠯᠠᠪᠳᠠᠢ ᠮᠢᠨᠤ ᠦᠨᠡᠠᠴᠢ ᠳᠠᠭᠠᠤᠠᠬᠠᠯ ᠳᠤ ᠢᠭᠳᠦᠯᠡᠵᠤ᠂ ᠪᠤᠭᠴᠤ ᠳᠦᠭᠦᠷᠡᠩ ᠳᠠᠯᠬ᠎ᠠ ᠭᠢᠴᠢᠭ᠍ᠰᠡᠨ ᠮᠠᠭᠠᠤᠨ ᠭᠡᠵᠤ ᠪᠣᠳᠤᠮᠠᠭᠴᠠ ᠭᠤᠤᠰ ᠦᠰᠦᠷᠤᠨ ᠪᠣᠰᠤᠭᠠᠤᠨ ᠪᠢᠴᠢᠭ᠌ ᠤᠨ ᠪᠣᠭᠴᠤ ᠪᠠᠨ ᠠᠭᠤᠳᠠᠯᠵᠤ ᠥᠵᠡᠭ᠍ᠰᠡᠨ ᠳᠤ᠂ ᠭᠡᠳᠤᠨ ᠳᠠᠪᠳᠠᠷ ᠡᠯᠡᠭ᠍ᠳᠡᠭ᠍ᠰᠡᠨ ᠭᠢᠴᠢᠶᠠᠯ ᠤᠨ ᠪᠢᠴᠢᠭ᠌ ᠪᠠ ᠨᠤᠭᠤᠴᠢᠭᠳᠠᠨ ᠬᠤᠮᠢᠷᠠᠯᠳᠤᠭᠰᠠᠨ ᠦᠳᠡᠮᠠᠯ ᠳᠠᠰᠬᠠᠯ ᠡᠴᠡ ᠥᠭᠡᠷ᠎ᠡ ᠶᠠᠭᠤ ᠴᠤ ᠦᠭᠡᠶ ᠪᠠᠢ᠌ᠪᠡ᠃ ᠡᠭᠦᠨ ᠳᠤ ᠳᠠᠷᠠ ᠨᠠᠯᠢᠶᠠᠤᠨ ᠭᠤᠮᠤᠳᠠᠭᠰᠠᠨ ᠪᠣᠯᠪᠠᠴᠤ ᠳᠤᠳᠤᠷ᠎ᠠ ᠪᠠᠨ 《ᠶ‍ᠢᠷᠳᠢᠠᠴᠤ ᠳᠡᠭᠡᠷ᠎ᠡ ᠭᠠᠭᠴᠠᠬᠠᠨ ᠬᠤᠷᠮᠤᠰᠳᠠ ᠳᠡᠭ᠍ᠷᠢ ᠪᠠᠢ᠌ᠬᠤ ᠳᠤ᠂ ᠲ᠋ᠠᠯᠬ᠎ᠠ ᠭᠤᠶᠤᠭᠰᠠᠨ ᠠᠪᠣ ᠶᠢᠨ ᠭᠦᠤ ᠬᠠᠷᠢᠨ ᠳᠤᠭᠠᠯᠠᠰᠢ ᠦᠭᠡᠶ ᠣᠯᠠᠨ ᠪᠠᠢ᠌ᠬᠤ ᠳᠤᠯᠠ ᠠᠯᠢ ᠶᠢ ᠨᠢ ᠬᠠᠮᠢᠶᠠᠷᠤᠭᠠᠤᠨ ᠵᠠᠪᠳᠤᠬᠤ ᠪᠣᠢ᠂ ᠴᠢᠩ ᠰᠠᠤᠠᠭᠢᠯ ᠶᠢᠡᠷ ᠳᠠᠭᠠᠤᠠᠬᠠᠭᠠᠤᠨ ᠪᠠᠢ᠌ᠪᠠᠯ ᠬᠤᠷᠮᠤᠰᠳᠠ ᠶᠢᠨ ᠨᠢᠳᠤᠨ ᠳᠤ ᠦᠷᠲᠦᠵᠦ ᠮᠡᠳᠡᠨ᠎ᠡ》 ᠭᠡᠵᠤ ᠪᠣᠳᠤᠭᠠᠤᠨ ᠳᠠᠭᠠᠤᠠᠬᠠᠯ ᠶᠢᠡᠨ ᠣᠰᠤᠯᠳᠤᠯ ᠦᠭᠡᠶ ᠥᠷᠭᠦᠯᠵᠢᠯᠡᠭᠦᠯᠵᠡᠢ᠃

ᠨᠢᠭᠡ ᠰᠠᠷ᠎ᠠ ᠶᠢᠨ ᠳᠠᠷᠠᠭ᠎ᠠ᠂ ᠰᠢᠷᠭᠠᠯ ᠭᠡᠵᠢᠭᠡᠳᠤ ᠦᠬᠢᠨ ᠳᠡᠭᠦᠨ ᠡᠴᠡ 《ᠴᠢᠨᠤ ᠠᠪᠴᠢᠷᠠᠬᠤ ᠭᠡᠰᠡᠨ ᠳᠠᠯᠬ᠎ᠠ ᠴᠢᠨᠢ ᠶᠠᠭᠠᠭᠢᠪᠠ︖》 ᠭᠡᠵᠤ ᠠᠰᠠᠭᠤᠭᠰᠠᠨ ᠳᠤ᠂ ᠪᠢᠴᠢᠬᠠᠨ ᠺᠯᠸᠮᠸᠠᠽ ᠠᠷᠭ᠎ᠠ ᠪᠣᠶᠤ ᠦᠪᠡᠷ ᠤᠨ ᠳᠠᠯᠬ᠎ᠠ ᠭᠤᠶᠤᠨ ᠵᠠᠯᠪᠠᠷᠢᠵᠤ ᠪᠠᠢ᠌ᠬᠤ ᠪᠠᠨ ᠭᠡᠯᠡᠭ᠍ᠰᠡᠨ ᠳᠤ᠂ ᠲ᠋ᠠᠷᠠ ᠦᠬᠢᠨ ᠠᠯᠠᠭ᠎ᠠ ᠳᠠᠰᠢᠨ ᠢᠨᠢᠶᠠᠵᠤ :

《ᠪᠢ ᠣᠤᠯ ᠳᠠᠭᠠᠨ ᠭᠦᠮᠦᠰ ᠳᠠᠢ᠌ᠮᠤ ᠣᠷᠳᠤ ᠬᠤᠭᠤᠴᠠᠭ᠎ᠠ ᠪᠠᠷ ᠵᠠᠯᠪᠠᠷᠢᠨ ᠳᠠᠭᠠᠤᠠᠬᠠᠵᠤ ᠪᠠᠢ᠌ᠳᠠᠭ ᠨᠢ ᠶᠠᠭᠤ ᠭᠤᠶᠤᠵᠤ ᠪᠠᠢ᠌ᠬᠤ ᠶᠢ ᠨᠢ ᠶᠠᠭ ᠮᠡᠳᠡᠭᠦ ᠦᠭᠡᠶ ᠪᠠᠢ᠌ᠵᠠᠢ᠃ ᠣᠤᠯ ᠨᠢ ᠳᠠᠯᠬ᠎ᠠ ᠭᠤᠶᠤᠵᠤ ᠪᠠᠢ᠌ᠳᠠᠭ ᠶ‍ᠦᠮᠰᠡᠡᠵᠢ᠂ ᠨᠢᠭᠡ ᠭᠡᠰᠡᠭ᠌ ᠳᠠᠯᠬ᠎ᠠ ᠶᠢ ᠭᠡᠳᠦᠭᠡᠨ ᠪᠣᠳᠠᠷᠬᠠᠢ ᠮᠥᠩᠭᠦ ᠪᠣᠯ ᠬᠤᠳᠠᠯᠳᠤᠭᠠᠤᠨ ᠠᠪᠴᠢᠬᠠᠨ᠎ᠡ᠃ ᠲ᠋ᠡᠭᠡᠵᠤ ᠣᠷᠳᠤ ᠬᠤᠭᠤᠴᠠᠭ᠎ᠠ ᠪᠠᠷ ᠣᠢ᠌ᠯᠠ ᠪᠠᠨ ᠦᠵᠡᠨ ᠰᠥᠭᠦᠳᠤᠨ ᠵᠠᠯᠪᠠᠷᠢᠬᠤ ᠶᠢᠨ ᠣᠷᠤᠨ ᠳᠤ ᠭᠡᠳᠤᠨ ᠵᠤᠭᠤᠰ ᠡᠷᠭᠢᠴᠡᠭᠦᠯᠭᠦ ᠠᠷᠭ᠎ᠠ ᠪᠣᠳᠤᠴᠢᠬᠠᠵᠤ ᠪᠣᠯᠬᠤ ᠦᠭᠡᠶ ᠶᠤᠮ ᠦᠦ︖ ᠮᠡᠢ᠂ ᠡᠨᠡ ᠳᠠᠯᠬ᠎ᠠ ᠶᠢ ᠴᠢ ᠢᠳᠡᠴᠢᠭᠡ᠂ ᠥᠳᠡ ᠳᠤ ᠪᠢ ᠶᠠᠭᠤᠮ᠎ᠠ ᠢᠳᠡᠭᠦ ᠦᠭᠡᠶ ᠳᠤ ᠪᠤᠯᠤᠨ᠎ᠠ》 ᠭᠡᠪᠡ᠃

ᠡᠨᠡ ᠨᠢᠭᠡ ᠥᠭᠡ ᠨᠢ ᠪᠢᠴᠢᠬᠠᠨ ᠺᠯᠸᠮᠸᠠᠽ ᠶᠢ ᠣᠨᠳᠠᠭᠰᠠᠨ ᠨᠣᠢ᠌ᠷ ᠡᠴᠡ ᠨᠢ ᠰᠡᠷᠢᠭᠡᠯ᠎ᠡ᠃ ᠲ᠋ᠡᠭᠡᠭᠡᠤᠨ ᠳᠠᠷᠠ ᠵᠢᠭᠠᠯ ᠦᠬᠢᠨ ᠤ ᠳᠠᠯᠬ᠎ᠠ ᠶᠢ ᠴᠢᠨᠠᠭᠰᠢ ᠲᠦᠯᠬᠢᠵᠤ ᠬᠠᠯᠠᠭᠤᠨ ᠰᠠᠤᠠᠭᠢᠯ ᠳ᠋ᠤᠨᠢ ᠳᠠᠯᠠᠷᠬᠠᠭᠠᠤᠨ᠂ ᠭᠢᠴᠢᠶᠠᠯ ᠰᠤᠷᠤᠯᠭ᠎ᠠ ᠪᠠᠨ ᠰᠠᠭᠠᠳᠤᠭᠠᠬᠤ ᠦᠭᠡᠶ ᠪᠠᠢ᠌ᠳᠠᠯ ᠳᠤᠤᠷ᠎ᠠ ᠶᠠᠭᠠᠭᠢᠵᠤ ᠵᠤᠭᠤᠰ ᠣᠯᠬᠤ ᠠᠷᠭ᠎ᠠ ᠶᠢ ᠰᠤᠪᠢᠵᠤ ᠥᠵᠡᠭ᠍ᠰᠡᠨ ᠳᠤ᠂ ᠬᠤᠯ ᠪᠠᠭᠰᠢ ᠶᠢ ᠪᠠᠭᠳᠠᠭᠠᠭᠰᠠᠨ ᠨᠢᠭᠡ ᠪᠦᠯᠦᠭ᠌ ᠠᠢ᠌ᠯ ᠰᠢᠤᠳᠠᠨ ᠳᠤᠪᠴᠢᠶ᠎ᠠ ᠡᠴᠡ ᠵᠠᠢ᠌ᠳᠠᠢ ᠪᠠᠢ᠌ᠳᠠᠭ ᠡᠴᠡ ᠰᠤᠨᠢᠨ ᠣᠩᠰᠢᠬᠤ ᠳᠤ ᠶᠡᠭᠡᠯ᠎ᠡ ᠳᠦᠭᠦᠮ ᠦᠭᠡᠶ ᠪᠠᠢ᠌ᠬᠤ ᠶᠢ ᠪᠣᠳᠤᠵᠤ ᠣᠯᠪᠠ᠃ ᠦᠪᠡᠷ ᠤᠨ ᠪᠠᠶ᠎ᠠ ᠨᠢ ᠡᠳᠦᠷ ᠪᠦᠷᠢ ᠰᠤᠷᠭᠠᠭᠤᠯᠢ ᠳᠤ ᠢᠷᠡᠭᠦ ᠳᠡᠭᠡᠨ ᠰᠢᠤᠳᠠᠨ ᠳᠤᠪᠴᠢᠶᠠᠨ ᠤ ᠡᠭᠦᠳᠡᠨ ᠡᠮᠦᠨᠡᠭᠦᠷ ᠥᠩᠭᠡᠷᠡᠵᠤ ᠪᠠᠢ᠌ᠭ᠎ᠠ ᠶᠤᠮ ᠴᠢᠨᠢ ᠰᠤᠨᠢᠨ ᠬᠤᠳᠠᠯᠳᠤᠪᠠᠯ ᠭᠠᠷ ᠤᠨ ᠠᠶᠠᠪᠠᠷ ᠵᠤᠭᠤᠰ ᠣᠯᠵᠤ ᠪᠣᠯᠬᠤ ᠶᠢ ᠮᠡᠳᠡᠯ᠎ᠡ᠃ ᠲ᠋ᠡᠭᠡᠭᠡᠤᠨ ᠳᠠᠷᠠ ᠡᠳᠦᠷ ᠪᠦᠷᠢ ᠨᠢᠭᠡ ᠴᠠᠭ ᠡᠷᠳᠡᠯᠡᠨ ᠪᠣᠰᠴᠤ ᠰᠤᠨᠢᠨ ᠵᠠᠭᠢᠶᠠᠯᠠᠨ ᠬᠤᠳᠠᠯᠳᠤᠵᠤ᠂ ᠦᠳᠠ ᠳᠤ ᠢᠳᠡᠭᠦ ᠳᠤᠮᠤ ᠳᠠᠯᠬ᠎ᠠ ᠲᠡᠶ ᠪᠣᠯᠤᠭᠰᠠᠨ ᠶᠢᠡᠷ ᠪᠠᠷᠠᠬᠤ ᠦᠭᠡᠶ᠂ ᠵᠠᠷᠢᠮ ᠳᠠᠭᠠᠨ ᠭᠡᠳᠤᠨ ᠮᠥᠩᠭᠦ ᠢᠯᠡᠭᠦᠴᠢᠯᠡᠵᠤ ᠡᠵᠢ ᠳᠡᠭᠡᠨ ᠳᠤᠰᠢᠶᠠᠳᠠᠭ ᠪᠣᠯᠪᠠ᠃ ᠪᠢᠴᠢᠬᠠᠨ ᠺᠯᠸᠮᠸᠠᠽ ᠡᠨᠡ ᠶᠠᠪᠣᠳᠠᠯ ᠶᠢᠡᠷ ᠳᠠᠮᠵᠢᠭᠤᠯᠵᠤ ᠬᠠᠮᠤᠭ ᠤᠨ ᠥᠭᠡᠡᠴᠡ ᠮᠤᠨᠤᠭ ᠭᠦᠮᠤᠨ ᠰᠠ‍‌ᠶᠢ ᠬᠤᠷᠮᠤᠰᠳᠠ ᠳᠡᠭ᠍ᠷᠢ ᠳᠤ ᠳᠠᠭᠠᠤᠠᠬᠠᠬᠤ ᠡᠴᠡ ᠪᠢᠰᠢ᠂ ᠪᠦᠭᠦᠢ᠌ᠯᠡ ᠭᠦᠮᠤᠨ ᠤ ᠠᠮᠢᠳᠤᠷᠠᠯ ᠨᠢ ᠪᠦᠷ ᠦᠪᠡᠷ ᠤᠨ ᠪᠠᠶ᠎ᠠ ᠳᠡᠭᠡᠨ ᠳᠦᠰᠢᠭ᠍ᠯᠡᠵᠤ᠂ ᠪᠠᠶ᠎ᠡ ᠶᠢᠨ ᠭᠦᠳᠡᠯᠮᠦᠷᠢ ᠪᠠᠷ ᠶᠢᠡᠨ ᠳᠠᠯᠬ᠎ᠠ ᠪᠣᠶᠤ ᠵᠤᠯ ᠵᠢᠷᠭᠠᠯ ᠢ ᠵᠤᠯᠢᠨ ᠠᠪᠴᠢᠷᠠᠳᠠᠭ ᠭᠡᠰᠡᠨ ᠶᠤᠰᠤ ᠶᠢ ᠣᠬᠠᠭᠠᠷᠠᠭᠰᠠᠨ ᠪᠠᠢ᠌ᠨ᠎ᠠ᠃

ᠣᠯᠠᠨ ᠵᠢᠯ ᠤᠨ ᠳᠠᠷᠠᠭ᠎ᠠ᠂ ᠪᠢᠴᠢᠬᠠᠨ ᠺᠯᠸᠮᠸᠠᠽ ᠦᠰᠦᠨ ᠪᠣᠢ᠌ᠵᠢᠭᠠᠤᠨ ᠳᠡᠯᠡᠭᠡᠢ ᠶᠢᠨ ᠣᠷᠠᠨ ᠵᠤᠬᠢᠶᠠᠯ ᠤᠨ ᠳᠠᠪᠴᠠᠩ ᠢ ᠳᠤᠩᠰᠤᠯᠭᠠᠭᠰᠠᠨ ᠠᠪᠣᠷᠭᠤ ᠵᠤᠬᠢᠶᠠᠯᠴᠢ ᠪᠤᠯᠪᠠ᠃ ᠲ᠋ᠡᠭᠦᠨ ᠤ ᠪᠢᠷ ᠤᠨ ᠨᠠᠷ᠎ᠠ ᠨᠢ ᠮᠠᠺ᠂ ᠲ᠋ᠧᠸᠢ᠌ᠨ ᠭᠡᠳᠡᠭ᠌᠃ ᠲ᠋ᠡᠷᠡ ᠥᠵᠦᠭ᠌ ᠪᠢᠷ ᠶᠢᠡᠷ ᠶᠢᠡᠨ ᠵᠡᠪᠰᠡᠭ᠌ ᠪᠣᠯᠭᠠᠵᠤ ᠭᠦᠮᠤᠨ ᠢ ᠮᠤᠩᠬᠠᠷᠠᠭᠤᠯᠳᠠᠭ ᠮᠤᠬᠤᠷ ᠪᠢᠰᠢᠷᠠᠯ ᠥᠭᠡᠳᠡ ᠭᠠᠯᠯᠠᠵᠤ᠂ ᠬᠤᠷᠮᠤᠰᠳᠠ ᠳᠡᠭ᠍ᠷᠢ ᠳᠤ ᠬᠤᠪᠢ ᠵᠠᠶᠠᠭ᠎ᠠ ᠪᠠᠨ ᠳᠠᠭᠠᠤᠠᠬᠠᠬᠤ ᠶᠢᠨ ᠣᠷᠤᠨ ᠳᠤ ᠠᠷᠢᠭᠤᠨ ᠭᠦᠳᠡᠯᠮᠦᠷᠢ ᠪᠠᠨ ᠵᠠᠷᠤᠴᠠᠭᠤᠯᠤᠨ ᠳᠤᠰᠤᠨ ᠭᠦᠯᠦᠰᠤ ᠪᠠᠨ ᠣᠷᠤᠰᠬᠠᠪᠠᠯ ᠰᠠ‍‌ᠶᠢ ᠭᠦᠰᠡᠭ᠍ᠰᠡᠨ ᠰᠠᠨᠠᠭᠰᠠᠨ ᠶᠢᠡᠨ ᠭᠦᠢᠴᠤᠨᠭᠡᠵᠤ ᠪᠣᠯᠬᠤ ᠶᠢ ᠭᠦᠮᠦᠰ ᠲᠤ ᠳᠠᠨᠢᠭᠤᠯᠤᠭᠰᠠᠨ ᠪᠠᠢ᠌ᠨ᠎ᠠ᠃ 《ᠮᠤᠬᠤᠷ ᠪᠢᠰᠢᠷᠠᠯ ᠪᠣᠯ ᠣᠶᠤᠨ ᠰᠠᠨᠠᠭᠠᠨ ᠤ ᠬᠠᠷ᠎ᠠ ᠳᠠᠮᠠᠭᠢ》 ᠪᠣᠯᠬᠤ ᠶᠢ ᠪᠢᠴᠢᠬᠠᠨ ᠺᠯᠸᠮᠸᠠᠽ ᠶᠢᠨ ᠣᠬᠠᠭᠠᠷᠠᠭᠰᠠᠨ ᠶᠠᠪᠣᠴᠠ ᠮᠠᠨ ᠳᠤ ᠭᠡᠯᠡᠵᠤ ᠪᠠᠢ᠌ᠨ᠎ᠠ᠃


ᠵᠤᠬᠢᠶᠠᠭᠴᠢ᠄ ᠨᠣ᠋·ᠪᠠᠭᠠᠳᠤᠷ
ᠳᠠᠷᠤᠮ᠄ 5970
ᠴᠠᠭ᠄ 2009 ᠤᠨ ᠤ 04 ᠰᠠᠷ᠎ᠠ ᠶᠢᠨ 29

ᠡᠮᠦᠨᠡᠬᠢ   ᠳᠠᠷᠠᠭᠠᠬᠢ

ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃