ᠨᠣ᠋·ᠪᠠᠭᠠᠳᠤᠷ ᠄ 《ᠪᠢᠯᠢᠭ᠌ ᠤᠨ ᠭᠡᠭᠡᠪᠴᠢ》
ᠲᠠᠪᠤ ᠂ ᠤᠬᠠᠭᠠᠷᠠᠵᠤ ᠠᠮᠢᠳᠤᠷᠠᠬᠤ ᠬᠤᠷᠸ᠎ᠠ
ᠬᠤᠶᠠᠳᠤᠭᠠᠷ ᠬᠡᠰᠡᠭ ᠂ ᠤᠯᠵᠠ ᠶᠢᠨ ᠤᠷᠰᠢᠭ

ᠨᠢᠭᠡ ᠰᠠᠢ᠌ᠨ ᠣᠢ᠌ᠯᠠ ᠶᠢᠨ ᠬᠣᠢ᠌ᠨ᠎ᠠ ᠡᠴᠡ ᠣᠯᠠᠨ ᠠᠴᠢ ᠳᠤᠰᠠ ᠳᠠᠭᠠᠯᠳᠤᠵᠤ ᠪᠠᠢ᠌ᠳᠠᠭ᠃


᠊᠊᠊᠊᠊᠊᠊᠊᠊᠊᠊᠊᠊᠊᠊᠊᠊᠊᠊᠊᠊᠊᠊᠊᠊᠊᠊᠊᠊ ᠶᠠᠩ ᠱᠢ


ᠡᠨᠡ ᠪᠣᠯ ᠦᠵᠦᠮᠤᠴᠢᠨ ᠨᠤᠳᠤᠭ ᠲᠤ ᠭᠠᠷᠤᠭᠰᠠᠨ ᠥᠯᠢᠭᠡᠷ ᠶᠤᠮ᠃

ᠰᠤᠭᠠᠷ ᠭᠤᠸᠠᠢ ᠰᠤᠮᠤ ᠳᠤᠭᠤᠷᠢᠭ ᠲᠤ ᠣᠷᠤᠭᠠᠤᠨ ᠭᠡᠪ ᠤᠨ ᠴᠠᠢ᠂ ᠪᠣᠯᠭᠤᠭᠰᠠᠨ ᠠᠮᠤ᠁ ᠮᠠᠳᠤᠰ ᠤᠨ ᠠᠮᠢᠳᠤᠷᠠᠯ ᠤᠨ ᠭᠡᠷᠡᠭ᠍ᠰᠡᠯ ᠢ ᠱᠤᠤᠮᠠᠽᠢ ᠳᠦᠭᠦᠷᠡᠳᠡᠯ᠎ᠡ ᠴᠢᠭᠢᠵᠤ ᠭᠠᠠᠵᠤᠭᠠᠯᠠᠭᠠᠤᠨ ᠳᠤᠨᠳᠠᠭᠤᠷ ᠰᠢᠯ ᠬᠠᠷ᠎ᠠ ᠠᠷᠢᠭᠢ ᠭᠦᠡᠳᠦᠷᠴᠤ ᠣᠷᠭᠢᠭᠰᠠᠨ ᠴᠢᠨᠢ ᠵᠢᠭᠠᠬᠠᠨ ᠬᠠᠯᠠᠰᠬᠤ ᠮᠠᠶ‍ᠢᠭ ᠤᠷᠦᠵᠡᠢ᠂ ᠲ᠋ᠡᠭᠡᠭᠡᠤᠨ ᠭᠡᠷ ᠣᠷᠤᠭᠤ ᠪᠠᠨ ᠳᠠᠪᠭᠢᠭᠤᠯᠵᠤ ᠪᠠᠢ᠌ᠳᠠᠯ᠎ᠠ ᠰᠠᠯᠠᠭ᠎ᠠ ᠵᠠᠮ ᠤᠨ ᠬᠠᠪᠢ ᠪᠠᠷ ᠭᠠᠵᠤᠭ᠎ᠠ ᠨᠢ ᠳᠠᠰᠤᠷᠠᠭᠠᠤᠨ ᠱᠤᠤᠮᠠᠽᠢ ᠨᠢ ᠭᠡᠭᠡᠭ᠍ᠳᠡᠭ᠍ᠰᠡᠨ ᠢ ᠶᠠᠭ ᠮᠡᠳᠡᠭ᠍ᠰᠡᠨ ᠦᠭᠡᠶ᠃ ᠬᠣᠢ᠌ᠨ᠎ᠠ ᠡᠴᠡ ᠨᠢ ᠢᠷᠡᠭ᠍ᠰᠡᠨ ᠪᠢᠯᠢᠭ᠍ᠳᠤ ᠭᠤᠸᠠᠢ ᠱᠤᠤᠮᠠᠽᠢ ᠶᠢ ᠥᠵᠡᠭᠡᠤᠨ ᠰᠤᠭᠠᠷ ᠤᠨ ᠭᠢ ᠪᠣᠯᠬᠤ ᠶᠢ ᠮᠠᠳᠠᠵᠤ᠂ ᠣᠢ᠌ᠷᠠᠬᠠᠨ ᠪᠠᠢ᠌ᠭ᠎ᠠ ᠶᠤᠮ ᠴᠢᠨᠢ ᠪᠣᠴᠠᠨ ᠢᠷᠡᠭᠡᠤᠨ ᠳᠡᠭᠦᠵᠤ ᠠᠪᠬᠤ ᠪᠠᠢ᠌ᠯᠭᠦᠢ ᠭᠡᠵᠤ ᠪᠣᠳᠤᠭᠠᠤᠨ ᠭᠦᠳᠡᠯᠭᠡᠭ᠍ᠰᠡᠨ ᠦᠭᠡᠶ᠃ ᠲ᠋ᠡᠭᠦᠨ ᠤ ᠬᠣᠢ᠌ᠨ᠎ᠠ ᠡᠴᠡ ᠴᠤᠭᠳᠤ᠂ ᠶ‍ᠦᠰᠦᠳᠤ᠁ ᠭᠡᠤᠨ ᠳᠠᠪᠤᠨ ᠭᠦᠮᠤᠨ ᠥᠩᠭᠡᠷᠡᠭ᠍ᠰᠡᠨ ᠪᠣᠯᠪᠠᠴᠤ ᠠᠪᠣᠭᠰᠠᠨ ᠭᠦᠮᠤᠨ ᠦᠭᠡᠶ᠃ ᠣᠷᠤᠢ ᠪᠣᠯᠤᠭᠠᠤᠨ ᠢᠷᠡᠭ᠍ᠰᠡᠨ ᠴᠢᠠᠳᠠᠮᠤᠨᠢ ᠭᠤᠸᠠᠢ ᠳᠡᠭᠦᠵᠤ ᠠᠪᠣᠭᠠᠤᠨ ᠳᠦᠷᠦᠭᠦᠭᠡᠨ ᠪᠣᠴᠠᠭᠰᠠᠨ ᠰᠤᠶᠤᠯᠳᠤ ᠶᠢᠨ ᠭᠢ ᠭᠡᠵᠤ ᠪᠣᠳᠤᠭᠠᠤᠨ ᠭᠦᠷᠭᠡᠵᠤ ᠣᠴᠢᠭᠰᠠᠨ ᠳᠤ᠂ ᠰᠤᠶᠤᠯᠳᠤ ᠡᠴᠡ ᠡᠨᠡ ᠪᠣᠯ ᠮᠢᠨᠤ ᠳᠦᠷᠦᠭᠦᠨ ᠳᠤ ᠪᠣᠴᠠᠭᠰᠠᠨ ᠮᠠᠠᠳᠤᠯ᠎ᠠ ᠶᠢᠨ ᠭᠢ ᠭᠡᠵᠤ ᠭᠡᠯᠡᠵᠤ ᠥᠭ᠍ᠪᠡ᠃ ᠢᠩᠭᠢᠭᠡᠤᠨ ᠬᠠᠮᠤᠭ ᠤᠨ ᠰᠡᠭᠦᠯ ᠳ᠋ᠤᠨᠢ ᠭᠡᠭᠡᠭ᠍ᠰᠡᠨ ᠶᠠᠭᠤᠮ᠎ᠠ ᠣᠤᠯ ᠡᠵᠡᠨ ᠳᠡᠭᠡᠨ ᠪᠣᠴᠠᠭᠠᠤᠨ ᠬᠠᠷᠢᠵᠡᠢ᠃ ᠡᠨᠡ ᠦᠶ᠎ᠡ ᠳᠤ ᠰᠤᠭᠠᠷ ᠭᠤᠸᠠᠢ ᠶᠠᠭᠤᠮ᠎ᠠ ᠭᠡᠭᠡᠭ᠍ᠰᠡᠨ ᠶᠢᠡᠨ ᠮᠡᠳᠡᠭᠡ ᠦᠭᠡᠶ ᠮᠠᠩᠰᠢᠭᠤᠷᠠᠨ ᠣᠨᠳᠠᠭᠰᠠᠭᠠᠷ ᠪᠠᠢ᠌ᠯ᠎ᠠ᠃

ᠡᠨᠡ ᠪᠣᠯ ᠭᠡᠷ ᠶᠢᠡᠨ ᠴᠤᠤᠵᠢᠯᠠᠬᠤ ᠦᠭᠡᠶ᠂ ᠭᠡᠭᠡᠭ᠍ᠳᠡᠭ᠍ᠰᠡᠨ ᠢ ᠠᠪᠳᠠᠭ ᠦᠭᠡᠶ ᠥᠡᠳᠦᠷᠯᠢᠭ᠌ ᠤᠨ ᠮᠤᠩᠭ᠋ᠤᠯᠴᠤᠳ ᠤᠨ ᠣᠤᠷ ᠵᠠᠩᠰᠢᠯ ᠳᠠᠷᠬᠠᠨ ᠮᠦᠰᠤ ᠪᠣᠯᠬᠤ ᠶ‍ᠦᠮ᠃ ᠡᠳᠡᠭᠡᠷ ᠠᠷᠢᠭᠤᠨ ᠳᠠᠷᠬᠠᠨ ᠵᠣᠢ᠌ᠯᠠᠰ ᠵᠠᠬ᠎ᠠ ᠶᠢᠨ ᠠᠵᠤ ᠠᠬᠤᠢ ᠶᠢᠨ ᠳᠦᠷᠢᠯᠳᠠ᠂ ᠲ᠋ᠠᠶᠠᠭᠠᠷᠴᠢᠯᠠᠯᠳᠠ ᠶᠢᠨ ᠰᠢᠭᠤᠷᠭᠠᠨ ᠳᠤ ᠳᠠᠭᠠᠷᠢᠭᠳᠠᠵᠤ ᠵᠠᠬ᠎ᠠ ᠡᠴᠡ ᠪᠠᠨ ᠰᠠᠮᠠᠷᠠᠨ ᠵᠠᠵᠢᠨ ᠡᠴᠡ ᠪᠠᠨ ᠰᠢᠭᠤᠭᠳᠠᠵᠤ ᠪᠠᠢ᠌ᠬᠤ ᠨᠢ ᠳᠤᠩ ᠬᠠᠷᠠᠮᠰᠠᠯᠳᠠᠢ ᠠᠵᠢ᠃ ᠣᠳᠤᠬᠠᠨ ᠤ ᠡᠶ᠎ᠡ ᠨᠠᠢ᠌ᠷᠠᠮᠳᠠᠯᠳᠤ ᠨᠡᠢ᠌ᠭᠡᠮ ᠢ ᠪᠠᠢ᠌ᠭᠤᠯᠬᠤ ᠶᠡᠭᠡ ᠣᠷᠤᠰᠬᠠᠯ ᠳᠤ᠂ ᠡᠢ᠌ᠮᠦᠷᠭᠦᠤ ᠡᠷᠭᠢᠮ ᠳᠡᠭᠡᠳᠤ ᠣᠳᠤᠮᠰᠢᠯ ᠶᠢᠡᠨ ᠰᠡᠷᠭᠦᠭᠡᠨ ᠪᠠᠳᠠᠷᠠᠭᠤᠯᠬᠤ ᠨᠢ ᠴᠠᠭ ᠦᠶ᠎ᠡ ᠶᠢᠨ ᠱᠠᠭᠠᠷᠳᠠᠯᠭ᠎ᠠ ᠪᠣᠯᠵᠠᠢ᠃

《ᠭᠦᠮᠤᠨ ᠪᠣᠯᠬᠤ ᠪᠠᠭ᠎ᠠ ᠡᠴᠡ ᠪᠠᠨ᠂ ᠭᠦᠯᠦᠭ᠌ ᠪᠣᠯᠬᠤ ᠣᠨᠠᠭᠠᠨ ᠡᠴᠡ ᠪᠠᠨ》 ᠭᠡᠳᠡᠭ᠌ ᠶᠢᠡᠷ᠂ ᠮᠤᠩᠭ᠋ᠤᠯᠴᠤᠳ ᠦᠷ᠎ᠡ ᠭᠡᠦᠭᠡᠤᠨ ᠶᠢᠡᠨ ᠪᠠᠭ᠎ᠠ ᠡᠴᠡ ᠨᠢ 《ᠵᠦᠢ᠌ ᠦᠭᠡᠶ ᠣᠯᠵᠠᠨ ᠡᠴᠡ ᠵᠣᠢ᠌ᠳᠠᠢ ᠭᠠᠷᠤᠵᠠ ᠨᠢ ᠳᠡᠭᠡᠷ᠎ᠡ》 ᠭᠡᠵᠤ ᠰᠤᠷᠭᠠᠳᠠᠭ ᠪᠦᠭᠡᠤᠨ᠂ ᠭᠦᠮᠤᠨ ᠤ ᠶᠠᠭᠤᠮ᠎ᠠ ᠶᠢ ᠬᠤᠯᠠᠭᠠᠢ᠌ᠯᠠᠬᠤ ᠦᠭᠡᠶ᠂ ᠪᠣᠰᠤᠳ ᠤᠨ ᠬᠤᠭᠰᠢᠯ ᠢ ᠵᠦᠪᠰᠢᠶᠠᠷᠠᠯ ᠦᠭᠡᠶ ᠪᠠᠷ ᠭᠦᠳᠡᠯᠭᠡᠭᠦ ᠶᠢ ᠳᠠᠰᠤ ᠴᠡᠭᠡᠷᠯᠡᠵᠤ 《ᠭᠠᠯ ᠭᠤᠯᠤᠮᠳᠠ ᠪᠠᠨ ᠪᠤᠵᠡᠷᠯᠡᠨ᠎ᠡ》 ᠭᠡᠮᠡᠨ ᠴᠢᠩᠭ᠋᠎ᠠ ᠰᠡᠷᠡᠮᠵᠢᠯᠡᠭᠦᠯᠳᠡᠭ᠌ ᠪᠢᠯᠠ᠃ ᠲ᠋ᠤᠤᠷ᠎ᠠ ᠪᠢᠳᠠ ᠵᠦᠢ᠌ ᠦᠭᠡᠶ ᠣᠯᠵᠠᠨ ᠳᠤ ᠳᠤᠷᠠᠯᠠᠭᠠᠤᠨ ᠵᠣᠢ᠌ᠳᠠᠢ ᠢᠷᠡᠭᠡᠳᠦᠢ ᠪᠠᠨ ᠥᠭᠡᠢ᠌ᠭᠢᠭ᠍ᠰᠡᠨ ᠵᠢᠱᠢᠶ᠎ᠠ ᠶᠢ ᠨᠢᠭᠡ ᠦᠵᠡᠶ᠎ᠠ᠃

ᠴᠢᠩ ᠣᠯᠤᠰ ᠤᠨ ᠳᠡᠭ᠍ᠷᠢ ᠳᠡᠳᠭᠦᠭ᠍ᠴᠢ ᠶᠢᠨ ᠣᠨ ᠳᠤ᠂ ᠭᠠᠳᠠᠷ ᠣᠷᠤᠨ ᠤ ᠨᠢᠭᠡ ᠪᠢᠴᠢᠭ᠍ᠳᠡᠨ ᠰᠢᠯᠭᠠᠭᠤᠯᠢ ᠳᠤ ᠣᠷᠤᠯᠴᠠᠬᠤ ᠪᠠᠷ ᠨᠠᠢ᠌ᠰᠯᠠᠯ ᠳᠤ ᠢᠷᠡᠭᠡᠤᠨ᠂ ᠨᠤᠮ ᠤᠨ ᠰᠠᠩ ᠶᠢᠡᠷ ᠳᠤᠭᠤᠷᠢᠵᠤ ᠪᠠᠢ᠌ᠭᠠᠤᠨ ᠪᠣᠰᠤᠳ ᠤᠨ ᠣᠨᠠᠭᠠᠭᠰᠠᠨ ᠨᠢᠭᠡ ᠰᠢᠷᠭᠡᠭ᠌ ᠭᠠᠤᠯᠢᠨ ᠵᠤᠭᠤᠰ ᠢ ᠶᠡᠭᠡᠯ᠎ᠡ ᠣᠯᠵᠠᠷᠬᠠᠨ ᠳᠡᠭᠦᠵᠤ ᠪᠠᠶᠠᠷᠳᠠᠢ᠌ᠬᠠᠨ ᠬᠠᠷᠮᠠᠨ ᠳᠠᠭᠠᠨ ᠴᠢᠭᠢᠵᠠᠢ᠃ ᠬᠠᠵᠠᠭᠤ ᠡᠴᠡ ᠨᠢ ᠬᠠᠷᠠᠵᠤ ᠪᠠᠢ᠌ᠭᠰᠠᠨ ᠨᠢᠭᠡᠨ ᠥᠳᠡᠭᠦᠰ ᠳᠡᠭᠦᠨ ᠤ ᠨᠠᠷ᠎ᠠ ᠣᠪᠣᠭ ᠢ ᠯᠠᠪᠯᠠᠨ ᠠᠰᠠᠭᠤᠵᠤ ᠴᠡᠭᠡᠵᠢᠯᠡᠵᠤ ᠠᠪᠣᠭᠰᠠᠨ ᠪᠠᠢ᠌ᠯᠤᠭ᠎ᠠ᠃ ᠨᠢᠭᠡ ᠰᠢᠷᠭᠡᠭ᠌ ᠭᠠᠤᠯᠢᠨ ᠵᠤᠭᠤᠰ ᠨᠢ ᠳᠤᠬᠠᠢ ᠶᠢᠨ ᠦᠶ᠎ᠡ ᠳᠡᠭᠡᠨ ᠬᠤᠶᠠᠷ ᠬᠠᠢ᠌ᠷᠴᠠᠭ ᠴᠣᠢ᠌ᠳᠠᠩ ᠠᠪᠬᠤ ᠯᠠ ᠦᠨ᠎ᠡ ᠲᠡᠶ ᠠᠵᠢ᠃

ᠰᠡᠭᠦᠯᠡᠷ ᠨᠢ ᠡᠨᠡ ᠪᠢᠴᠢᠭ᠍ᠳᠡᠨ ᠰᠢᠯᠭᠠᠵᠤ ᠣᠷᠤᠭᠠᠤᠨ ᠵᠢᠶᠠᠩᠰᠤ ᠮᠤᠵᠢ ᠶᠢᠨ ᠴᠠᠩᠱᠤ ᠰᠢᠶᠠᠨ ᠤ ᠮᠡᠳᠡᠭᠴᠢ ᠪᠣᠯᠵᠠᠢ᠃ ᠲ᠋ᠠᠷᠠᠪᠠᠷ ᠳᠤᠰᠢᠶᠠᠯ ᠳᠤ ᠭᠠᠷᠬᠤ ᠨᠠᠷ᠎ᠠ ᠶᠢᠨ ᠬᠠᠭᠤᠳᠠᠰᠤ ᠪᠠᠨ ᠪᠠᠷᠢᠭᠠᠤᠨ ᠦᠪᠡᠷ ᠤᠨ ᠳᠡᠭᠡᠷ᠎ᠡ ᠱᠠᠳᠤ ᠪᠣᠯᠬᠤ ᠵᠢᠶᠠᠩᠰᠤ ᠮᠤᠵᠢ ᠶᠢᠨ ᠴᠠᠭᠳᠠᠨ ᠪᠠᠢ᠌ᠴᠠᠭᠠᠭᠴᠢ ᠲᠦᠰᠢᠮᠠᠯ ᠳᠠᠩ ᠪᠢᠨ ᠲᠡᠶ ᠠᠭᠤᠯᠵᠠᠬᠤ ᠪᠠᠷ ᠣᠴᠢᠬᠤ ᠳᠤ ᠭᠦᠯᠢᠶᠡᠨ ᠠᠪᠴᠤ ᠠᠭᠤᠯᠵᠠᠭᠰᠠᠨ ᠦᠭᠡᠶ᠃ ᠲ᠋ᠡᠭᠦᠨ ᠢ ᠠᠷᠪᠠᠳᠤᠭᠠᠷ ᠣᠳᠠᠭ᠎ᠠ ᠠᠭᠤᠯᠵᠠᠬᠤ ᠪᠠᠷ ᠣᠴᠢᠬᠤ ᠳᠤ᠂ ᠡᠭᠦᠳᠡᠨ ᠪᠣᠱᠤᠭ ᠨᠢ ᠪᠠᠢ᠌ᠴᠠᠭᠠᠭᠴᠢ ᠲᠦᠰᠢᠮᠠᠯ ᠤᠨ ᠵᠠᠷᠯᠢᠭ ᠢ ᠳᠠᠮᠵᠢᠭᠤᠯᠵᠤ :

《ᠴᠢ ᠪᠣᠯ ᠳᠠᠷᠠ ᠵᠢᠯ ᠨᠠᠢ᠌ᠰᠯᠠᠯ ᠤᠨ ᠨᠤᠮ ᠤᠨ ᠰᠠᠩ ᠳᠤ ᠭᠠᠤᠯᠢᠨ ᠵᠤᠭᠤᠰ ᠳᠡᠭᠦᠵᠤ ᠪᠠᠢ᠌ᠭᠰᠠᠨ ᠳᠠᠷᠠ ᠪᠢᠴᠢᠭ᠍ᠳᠡᠨ ᠪᠣᠯᠬᠤ ᠶᠢ ᠪᠢ ᠳᠠᠨᠢᠵᠤ ᠪᠠᠢ᠌ᠨ᠎ᠡ᠂ ᠨᠢᠭᠡ ᠪᠢᠴᠢᠭ᠍ᠳᠡᠨ ᠪᠠᠢ᠌ᠭᠠᠤᠨ ᠡᠢ᠌ᠮᠤ ᠬᠤᠪᠳᠤᠭ ᠰᠢᠨᠤᠬᠠᠢ ᠶᠤᠮ ᠴᠢᠨᠢ ᠨᠤᠶᠠᠨ ᠰᠠᠭᠤᠪᠠᠯ ᠠᠷᠠᠤᠨ ᠶᠢᠡᠨ ᠥᠭᠡᠢ᠌ᠷᠡᠳᠡᠯ᠎ᠡ ᠱᠤᠯᠦᠬᠤ ᠦᠭᠡᠶ ᠪᠠᠷ ᠵᠤᠭᠰᠤᠨ᠎ᠠ ᠭᠡᠵᠢ ᠦᠦ︖ ᠵᠡᠷᠭᠡ ᠳᠤᠰᠢᠶᠠᠯ ᠢ ᠴᠢᠨᠢ ᠬᠠᠰᠤᠭᠠᠤᠨ ᠬᠠᠶᠠᠴᠢᠬᠠᠯ᠎ᠡ᠂ ᠭᠡᠷ ᠲᠡᠭᠡᠨ ᠬᠠᠷᠢᠭᠠᠤᠨ ᠳᠠᠷᠢᠶ᠎ᠠ ᠪᠠᠨ ᠳᠡᠷᠢ》 ᠭᠡᠵᠡᠢ᠃ ᠡᠨᠡ ᠥᠭᠡ ᠶᠢ ᠰᠤᠨᠤᠰᠤᠭᠠᠤᠨ ᠳᠠᠷᠠ ᠪᠢᠴᠢᠭ᠍ᠳᠡᠨ ᠥᠭᠦᠳᠡᠯ᠎ᠡ ᠪᠠᠨ ᠭᠡᠮᠰᠢᠵᠤ ᠡᠭᠡᠷᠡᠳᠡᠯ᠎ᠡ ᠪᠠᠨ ᠣᠭᠢᠯᠠᠪᠠ ᠭᠡᠨ᠎ᠡ᠃ ᠲ᠋ᠦᠬᠠᠢ ᠶᠢᠨ ᠦᠶ᠎ᠡ ᠳᠤ ᠳᠠᠷᠠ ᠪᠢᠴᠢᠭ᠍ᠳᠡᠨ ᠳᠡᠭᠦᠵᠤ ᠠᠪᠣᠭᠰᠠᠨ ᠵᠤᠭᠤᠰ ᠶᠢᠡᠨ ᠡᠵᠡᠨ ᠳ᠋ᠤᠨᠢ ᠳᠤᠰᠢᠶᠠᠭᠰᠠᠨ ᠪᠣᠯ ᠶᠠᠮᠠᠷ ᠳ᠋ᠦ᠋ᠩ ᠭᠠᠷᠬᠤ ᠶᠢ ᠣᠩᠰᠢᠭᠴᠢ ᠳᠠᠨᠠᠷ ᠥᠪᠠᠷᠳᠡᠭᠡᠨ ᠳᠤᠩᠭ᠋ᠠᠵᠤ ᠥᠵᠡᠭᠡᠷᠡᠢ᠃

ᠭᠦᠮᠦᠰ ᠤᠨ ᠡᠢ᠌ᠮᠦᠷᠭᠦ ᠪᠠᠭ᠎ᠠ ᠣᠯᠵᠠᠨ ᠳᠤ ᠳᠤᠷᠠᠯᠠᠬᠤ ᠡᠮᠵᠡᠭ᠌ ᠴᠢᠨᠠᠷ ᠢ ᠠᠰᠢᠭᠯᠠᠭᠠᠤᠨ ᠮᠡᠭᠡᠯᠡᠭ᠍ᠴᠢᠳ ᠵᠤᠭᠤᠰ ᠭᠦᠵᠢᠷᠯᠡᠵᠤ ᠮᠥᠩᠭᠦ ᠬᠤᠠᠵᠢᠬᠤ ᠠᠷᠭ᠎ᠠ ᠶᠢ ᠠᠷᠪᠢᠨ ᠵᠤᠬᠢᠶᠠᠭᠰᠠᠨ ᠪᠠᠢ᠌ᠳᠠᠭ᠃ ᠡᠭᠦᠨ ᠤ ᠳᠤᠳᠤᠷ᠎ᠠ ᠪᠣᠭᠴᠤ ᠬᠠᠶᠠᠬᠤ ᠪᠣᠯ ᠬᠠᠮᠤᠭ ᠤᠨ ᠳᠦᠯᠦᠭᠡᠯᠡᠭᠦ ᠴᠢᠨᠠᠷ ᠲᠡᠶ ᠵᠢᠱᠢᠶ᠎ᠠ ᠪᠣᠯᠤᠨ᠎ᠠ᠃ ᠬᠠᠶᠠ ᠵᠠᠷᠢᠮ ᠬᠤᠳᠠ ᠶᠢᠨ ᠵᠡᠭᠡᠯᠢ ᠪᠠᠷ ᠶᠠᠪᠣᠬᠤ ᠳᠤ᠂ ᠵᠤᠭᠤᠰ ᠨᠢ ᠪᠣᠯᠳᠠᠢ᠌ᠭᠰᠠᠨ ᠪᠣᠭᠴᠤ ᠴᠥᠩᠭᠦ ᠵᠠᠮ ᠳᠡᠭᠡᠷ᠎ᠡ ᠴᠢᠨᠢ ᠥᠷᠭᠦᠯᠵᠢ ᠳᠠᠭᠠᠷᠢᠯᠳᠤᠨ᠎ᠠ᠃ ᠴᠢ ᠭᠡᠷᠪᠡ ᠣᠯᠵᠠᠨ ᠳᠤ ᠳᠤᠷᠠᠯᠠᠭᠠᠤᠨ ᠳᠡᠭᠦᠭᠡᠤᠨ ᠠᠪᠣᠪᠠᠯ ᠭᠦᠮᠤᠨ ᠬᠣᠢ᠌ᠨ᠎ᠠ ᠡᠴᠡ ᠴᠢᠨᠢ ᠭᠦᠶ‍ᠦᠵᠤ ᠢᠷᠡᠭᠡᠤᠨ ᠴᠢᠮᠢ᠋ᠢ ᠪᠠᠷᠢᠵᠤ ᠠᠷᠪᠢᠨ ᠵᠤᠭᠤᠰ ᠢ ᠨᠢ ᠠᠪᠴᠢᠬᠠᠯ᠎ᠠ ᠭᠡᠵᠤ ᠭᠦᠵᠢᠷᠯᠡᠭᠦ ᠪᠤᠯᠤᠨ᠎ᠠ᠃ ᠲ᠋ᠡᠭᠡᠭᠦ ᠳᠤ ᠴᠢᠨᠤ ᠳᠡᠭᠦᠭ᠍ᠰᠡᠨ ᠪᠣᠭᠴᠤᠨ ᠳᠤᠳᠤᠷ᠎ᠠ ᠦᠨᠦ ᠭᠦᠮᠤᠨ ᠤ ᠪᠠᠶ᠎ᠠ ᠶᠢᠨ ᠥᠨᠡᠮᠯᠡᠭᠦ ᠮᠠᠳᠤ ᠶᠢᠨ ᠭᠡᠷᠡᠴᠢ ᠳᠡᠮᠳᠡᠭ᠌ ᠭᠦᠢᠴᠡᠳ ᠪᠠᠢ᠌ᠭ᠎ᠠ ᠪᠣᠯᠬᠤᠷ᠂ ᠲ᠋ᠤᠮᠢᠯᠠᠭᠰᠠᠨ ᠰᠠᠯᠪᠣᠷᠢ ᠳᠤ ᠣᠴᠢᠪᠠᠴᠤ ᠪᠠᠶ᠎ᠠ ᠪᠠᠨ ᠴᠠᠭᠠᠷᠠᠭᠤᠯᠬᠤ ᠳᠤ ᠪᠠᠷᠭᠡᠳᠡᠢ ᠳᠤᠯᠠ᠂ ᠪᠠᠢ᠌ᠳᠠᠭ ᠮᠥᠩᠭᠦ ᠪᠠᠨ ᠠᠭᠤᠳᠠᠯᠠᠭᠠᠤᠨ ᠪᠠᠶ᠎ᠠ ᠰᠠᠯᠬᠤ ᠡᠴᠡ ᠥᠭᠡᠷ᠎ᠡ ᠰᠠᠢ᠌ᠨ ᠠᠷᠭ᠎ᠠ ᠦᠭᠡᠶ ᠪᠣᠯᠬᠤ ᠳᠤ ᠭᠦᠷᠦᠨ᠎ᠡ᠃ ᠲ᠋ᠡᠭᠡᠭᠡᠤᠨ ᠮᠤᠩᠭ᠋ᠤᠯᠴᠤᠳ ᠤᠨ ᠳᠤᠮᠤᠭᠯᠠᠳᠠᠭ 《ᠳᠠᠮᠴᠢ ᠪᠠᠨ ᠦᠭ‍ᠭᠦᠭᠡᠤᠨ ᠳᠡᠭᠡᠷ᠎ᠡ ᠨᠢ ᠪᠠᠰᠠ ᠰᠢᠳᠤᠯᠠᠩ ᠲᠡᠶ》 ᠭᠡᠳᠡᠭ᠌ ᠨᠢ ᠪᠠᠭ᠎ᠠ ᠣᠯᠵᠠᠨ ᠳᠤ ᠳᠤᠷᠠᠯᠠᠵᠤ ᠶᠡᠭᠡ ᠭᠠᠷᠤᠵᠠᠳᠠᠭᠰᠠᠨ ᠭᠦᠮᠤᠨ ᠢ ᠬᠤᠱᠤᠩᠨᠠᠭᠰᠠᠨ ᠪᠠᠢ᠌ᠵᠠᠢ᠃

ᠵᠤᠬᠢᠶᠠᠭᠴᠢ᠄ ᠨᠣ᠋·ᠪᠠᠭᠠᠳᠤᠷ
ᠳᠠᠷᠤᠮ᠄ 5947
ᠴᠠᠭ᠄ 2009 ᠤᠨ ᠤ 04 ᠰᠠᠷ᠎ᠠ ᠶᠢᠨ 29

ᠡᠮᠦᠨᠡᠬᠢ   ᠳᠠᠷᠠᠭᠠᠬᠢ

ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃