ᠨᠣ᠋·ᠪᠠᠭᠠᠳᠤᠷ ᠄ 《ᠪᠢᠯᠢᠭ᠌ ᠤᠨ ᠭᠡᠭᠡᠪᠴᠢ》
ᠨᠢ᠋ᠮᠠ ᠂ ᠰᠡᠳᠬᠢᠯ ᠳᠤ ᠬᠤᠨᠤᠭᠰᠢᠭᠰᠠᠨ ᠬᠠᠢ᠌ᠷ᠎ᠠ
ᠨᠢᠭᠡᠳᠦᠭᠡᠷ ᠬᠡᠰᠡᠭ ᠂ ᠠᠷᠤ ᠭᠤᠤ ᠶᠢᠨ ᠬᠠᠯᠠᠭᠠᠢ

《ᠬᠠᠯᠠᠭᠠᠢ ᠢᠳᠡᠭ᠍ᠰᠡᠨ ᠳᠡᠮᠡᠭᠡ ᠰᠢᠭ᠌ ᠰᠥᠯᠡᠢ᠌ᠭᠡᠷ》 ᠭᠡᠵᠤ ᠮᠠᠨᠠᠢ᠌ᠭᠢᠨ ᠶᠡᠭᠡᠷᠭᠡᠭ᠌ ᠣᠮᠤᠭᠯᠠᠩ ᠭᠦᠮᠤᠨ ᠢ ᠳᠦᠷᠰᠦᠯᠡᠳᠡᠭ᠌ ᠴᠤ᠂ ᠮᠢᠨᠤ ᠨᠤᠳᠤᠭ ᠲᠤ ᠳᠡᠮᠡᠭᠡ ᠦᠭᠡᠶ ᠡᠴᠡ ᠬᠠᠯᠠᠭᠠᠢ ᠢᠳᠡᠭ᠍ᠰᠡᠨ ᠳᠡᠮᠡᠭᠡ ᠶᠠᠭᠠᠭᠢᠵᠤ ᠳᠦᠷᠢᠯᠡᠭᠦ ᠶᠢ ᠶᠠᠭ ᠣᠯᠵᠤ ᠥᠵᠡᠭ᠍ᠰᠡᠨ ᠦᠭᠡᠶ᠃ ᠵᠤᠳ ᠶᠡᠭᠡᠳᠡᠢ ᠡᠪᠦᠯ ᠦᠵᠦᠮᠤᠴᠢᠠᠴᠤᠳ ᠳᠠᠪᠣ ᠠᠷᠪᠠᠨ ᠡᠷᠦᠭᠡ ᠪᠠᠷ ᠭᠢᠩᠭ᠋ᠠᠨ ᠳᠠᠪᠠᠭ᠎ᠠ ᠶᠢ ᠳᠠᠪᠠᠵᠤ ᠢᠷᠡᠭᠡᠤᠨ ᠮᠠᠨ ᠤ ᠨᠤᠳᠤᠭ ᠲᠤ ᠡᠪᠦᠯᠵᠢᠭᠦ ᠳᠡᠭᠡᠨ ᠠᠯᠢ ᠡᠷᠦᠭᠡ ᠨᠢ ᠴᠤ ᠨᠢᠭᠡ ᠬᠤᠶᠠᠷ ᠳᠡᠮᠡᠭᠡ ᠲᠡᠶ ᠢᠷᠠᠪᠠᠴᠤ᠂ ᠬᠠᠪᠣᠷ ᠪᠣᠯᠵᠤ ᠬᠠᠢ᠌ᠯ ᠪᠠᠭᠤᠮᠠᠭᠴᠠ ᠳᠠᠪᠠᠭᠠᠨ ᠠᠷᠤ ᠳᠠᠭᠠᠨ ᠪᠣᠴᠠᠳᠠᠭ ᠪᠠᠢ᠌ᠯ᠎ᠠ᠃ ᠲ᠋ᠠᠳᠠᠨᠤᠰ ᠬᠠᠭᠢᠷ ᠡᠪᠦᠯ ᠤᠨ ᠴᠠᠭᠠᠨ ᠵᠤᠳ ᠲᠡᠶ ᠪᠠᠨ ᠬᠠᠮᠳᠤ ᠢᠷᠡᠭᠡᠤᠨ᠂ ᠴᠡᠭᠠᠨ ᠰᠠᠷ᠎ᠠ ᠥᠩᠭᠡᠷᠡᠮᠡᠭ᠍ᠴᠡ ᠬᠠᠷ᠎ᠠ ᠰᠢᠭᠤᠷᠭ᠎ᠠ ᠲᠡᠶ ᠪᠠᠨ ᠴᠤᠭ ᠶᠠᠪᠣᠵᠤ ᠠᠷᠢᠯᠳᠠᠭ ᠪᠠᠢ᠌ᠭᠰᠠᠨ᠃ ᠮᠢᠨᠤ ᠨᠤᠳᠤᠭ ᠣᠯᠠᠨ ᠠᠷᠪᠢᠨ ᠠᠭᠤᠯᠠ ᠬᠠᠢ᠌ᠷᠬᠠᠨ ᠤ ᠵᠠᠪᠰᠠᠷ ᠳᠠᠭᠢ ᠴᠢᠬᠤᠯᠬᠠᠨ ᠵᠢᠯᠠᠭᠠᠨ ᠳᠤ ᠰᠠᠭᠤᠷᠢᠰᠢᠵᠤ᠂ ᠲᠦᠷᠪᠠᠨ ᠵᠥᠭ᠌ ᠨᠢ᠋ᠮᠠᠨ ᠵᠤᠪᠭᠢᠰ ᠠᠯᠢ ᠵᠥᠭ᠌ ᠬᠠᠷᠠᠪᠠᠴᠤ ᠪᠦᠷ ᠠᠭᠤᠯᠠ᠃ ᠬᠠᠮᠤᠭ ᠦᠨᠳᠦᠷ ᠰᠠᠢ᠌ᠬᠠᠨ ᠬᠠᠨ ᠤ ᠣᠷᠤᠢ ᠳᠤ ᠭᠠᠷᠤᠭᠠᠤᠨ ᠬᠠᠷᠠᠭ᠎ᠠ ᠪᠠᠯᠴᠢᠭᠡᠭᠦ ᠳᠤ ᠮᠢᠩᠭ᠋᠎ᠠ ᠲᠦᠮᠡᠨ ᠣᠷᠭᠢᠯ ᠰᠠᠷᠢᠳᠠᠭ ᠤᠳ ᠳᠠᠯᠠᠢ ᠶᠢᠨ ᠳᠠᠪᠠᠯᠭᠠᠨ ᠰᠢᠭ ᠦᠶᠡᠯᠵᠠᠨ ᠳᠤᠯᠭᠢᠶᠠᠯᠠᠵᠤ ᠵᠡᠷᠭᠡᠯᠭᠡᠡᠳᠦᠨ᠎ᠡ᠃ ᠠᠭᠤᠯᠠᠨ ᠭᠠᠵᠠᠷ ᠭᠤᠤ ᠰᠤᠵᠠᠭ ᠠᠷᠪᠢᠨ ᠪᠠᠢ᠌ᠵᠤ᠂ ᠭᠤᠤ ᠰᠤᠵᠠᠭ ᠪᠣᠯᠭᠠᠨ ᠳᠠᠭᠠᠨ ᠪᠣᠳᠠ ᠪᠣᠳᠠ ᠪᠠᠷ ᠵᠠᠯᠭᠠᠯᠳᠤᠭᠰᠠᠨ ᠬᠠᠯᠠᠭᠠᠢ ᠯᠠ ᠵᠤᠵᠠᠭᠠᠨ ᠣᠷᠭᠤᠵᠤ ᠪᠠᠢ᠌ᠳᠠᠭ᠃ ᠲ᠋ᠡᠭᠡᠭᠦ ᠪᠠᠷ᠂ ᠬᠠᠯᠠᠭᠠᠢ ᠪᠣᠯ ᠮᠢᠨᠤ ᠨᠤᠳᠤᠭ ᠤᠨ ᠣᠠᠴᠠ ᠭᠠᠷᠤᠯᠳᠠ ᠭᠡᠮᠡᠯᠳᠡᠢ᠃

ᠪᠢ ᠶ‍ᠢᠰᠤᠨ ᠨᠠᠰᠤᠳᠠᠢ ᠵᠢᠯ ᠰᠤᠷᠭᠠᠭᠤᠯᠢ ᠳᠤ ᠣᠷᠤᠵᠤ᠂ ᠭᠤᠷᠪᠠᠬᠠᠨ ᠰᠠᠷ᠎ᠠ ᠪᠢᠴᠢᠭ᠌ ᠥᠵᠡᠭᠡᠳᠦᠢ ᠪᠠᠷ 《ᠰᠤᠶᠤᠯ ᠤᠨ ᠶᠡᠭᠡ ᠬᠤᠪᠢᠰᠭᠠᠯ》 ᠡᠭᠢᠯᠡᠵᠤ᠂ ᠨᠡᠭᠠᠴᠤ ᠶᠢᠨ ᠭᠠᠷᠤᠯ ᠮᠠᠭᠤ ᠶᠢᠨ ᠨᠥᠯᠦᠭᠡ ᠪᠠᠷ ᠪᠢ ᠴᠢᠨᠢ 《ᠮᠠᠭᠤ ᠬᠤᠪᠢᠳᠠᠨ ᠤ ᠵᠤᠯᠵᠠᠭ᠎ᠠ》 ᠪᠠᠷ ᠳᠤᠷᠤᠮᠵᠢᠯᠠᠭᠳᠠᠨ᠂ ᠠᠩᠭᠢ ᠶᠢᠨ ᠨᠥᠭᠦᠤᠨ ᠲᠡᠭᠡᠨ ᠶᠡᠭᠡᠪᠠᠷ ᠮᠠᠭᠤ ᠥᠵᠡᠭ᠍ᠳᠡᠭᠦ ᠪᠠᠷ ᠪᠠᠷᠠᠬᠤ ᠦᠭᠡᠶ᠂ ᠠᠭᠤᠤ ᠶᠡᠭᠡ ᠣᠳᠤᠷᠢᠳᠤᠭᠴᠢ ᠶᠢᠨ ᠭᠦᠷᠦᠭ᠌ ᠥᠭᠡᠳᠡ ᠱᠤᠭᠤᠮ ᠶᠢᠡᠷ ᠶᠢᠡᠨ ᠤᠨᠢᠯᠡᠵᠤ 《ᠫᠤᠤᠳᠡᠯ᠎ᠡ》 ᠭᠡᠰᠡᠨ ᠭᠢᠯᠢᠰ ᠶᠠᠯ᠎ᠠ ᠡᠭᠦᠷᠴᠤ ᠰᠤᠷᠭᠠᠭᠤᠯᠢ ᠡᠴᠡ ᠪᠠᠨ ᠭᠦᠭᠡᠭᠡᠭ᠍ᠳᠡᠭ᠍ᠰᠡᠨ ᠪᠠᠢ᠌ᠵᠡᠢ᠃ ᠡᠨᠡ ᠨᠢ ᠮᠢᠨᠤ ᠨᠢᠯᠬ᠎ᠠ ᠪᠠᠯᠴᠢᠷ ᠣᠶᠤᠨ ᠳᠤ ᠭᠦᠡᠳᠤ ᠴᠤᠭᠢᠯᠳᠠ ᠪᠣᠯᠵᠤ᠂ ᠦᠶ᠎ᠡ ᠶᠢᠨ ᠪᠠᠭᠠᠴᠤᠤᠯ ᠤᠨ ᠳᠤᠮᠳᠠ ᠪᠠᠨ 《ᠳᠤᠤᠷ᠎ᠠ ᠨᠢᠭᠡ ᠳᠠᠰ ᠤᠨ ᠭᠦᠮᠤᠨ》 ᠪᠤᠯᠦᠭᠠᠳ᠂ ᠨᠡᠭᠠᠴᠤ ᠡᠮᠡᠭᠡ ᠶᠢᠨ ᠭᠡᠯᠡᠳᠡᠭ᠌ 《ᠨᠢᠭᠦᠯ ᠪᠣᠶᠠᠨ ᠤ ᠥᠷ᠎ᠡ》 ᠭᠡᠳᠡᠭ᠌ ᠢ ᠢᠳᠡᠭᠡᠭᠦ ᠦᠭᠡᠶ ᠪᠣᠯᠬᠤ ᠦᠭᠡᠶ ᠭᠡᠮᠵᠢᠶᠡᠨ ᠳᠤ ᠭᠦᠷᠴᠤ᠂ ᠳᠡᠭᠡᠳᠤ ᠲᠦᠷᠦᠯ ᠤᠨ ᠬᠤᠷᠢᠶᠠᠭᠰᠠᠨ 《ᠨᠢᠭᠦᠯ》 ᠵᠢᠠᠨ ᠨᠠᠮᠠᠠᠴᠢᠯᠠᠵᠤ ᠪᠠᠢ᠌ᠭᠠᠤᠨ ᠨᠢᠮᠭᠡᠷᠡᠭᠦᠯᠭᠦ ᠡᠴᠡ ᠥᠭᠡᠷ᠎ᠡ ᠠᠷᠭ᠎ᠠ ᠥᠭᠡᠢ ᠪᠤᠯᠪᠠ᠃ ᠲ᠋ᠡᠭᠡᠭᠤᠨ ᠡᠴᠢᠭᠡ ᠡᠭᠡ ᠳᠡᠭᠡᠨ ᠬᠠᠮᠵᠢᠯᠴᠠᠨ ᠭᠡᠷ ᠤᠨ ᠠᠵᠢᠯ ᠭᠢᠳᠡᠭ᠌ ᠶᠢᠡᠷ ᠪᠠᠷᠠᠬᠤ ᠦᠭᠡᠶ᠂ ᠡᠳᠦᠷ ᠪᠦᠷᠢ ᠠᠭᠤᠯᠠ ᠠᠪᠠᠷᠢᠨ ᠰᠤᠵᠠᠭ ᠳᠤᠭᠤᠯᠵᠤ ᠬᠠᠯᠠᠭᠠᠢ ᠳᠡᠭᠦᠳᠡᠭ᠌ ᠪᠠᠢ᠌ᠵᠠᠢ᠃ ᠲ᠋ᠤᠬᠠᠢ ᠶᠢᠨ ᠦᠶ᠎ᠡ ᠳᠤ ᠠᠵᠤ ᠠᠮᠢᠳᠤᠷᠠᠯ ᠭᠦᠴᠢᠷᠳᠡᠢ᠂ ᠭᠦᠮᠤᠨ ᠠᠮᠠ ᠣᠯᠠᠨ ᠳᠤᠯᠠ ᠢᠳᠠᠵᠤ ᠡᠮᠦᠰᠭᠦ ᠪᠠᠨ ᠠᠷᠭᠠᠴᠠᠭᠠᠬᠤ ᠨᠢ ᠨᠢᠭᠡ ᠭᠡᠷ ᠤᠨ ᠬᠠᠮᠤᠭ ᠳᠦᠪᠠᠭ᠍ᠳᠡᠢ ᠠᠰᠠᠭᠤᠳᠠᠯ ᠪᠣᠯᠤᠭᠠᠤᠨ ᠪᠠᠢ᠌ᠪᠠ᠃

ᠬᠠᠪᠣᠷ ᠪᠣᠯᠵᠤ ᠨᠤᠭᠤᠭ᠎ᠠ ᠴᠤᠬᠣᠢ᠌ᠬᠤ ᠳᠤ ᠬᠠᠯᠠᠭᠠᠢ ᠬᠠᠮᠤᠭ ᠣᠷᠭᠤᠮᠠᠯ ᠡᠴᠡ ᠣᠷᠢᠳᠠᠵᠤ᠂ ᠨᠢᠯᠬ᠎ᠠ ᠭᠡᠦᠭᠡᠤᠨ ᠤᠨ ᠨᠢᠳᠤᠷᠭ᠎ᠠ ᠰᠢᠭ ᠨᠠᠪᠴᠢ ᠪᠠᠨ ᠬᠤᠮᠢᠭᠰᠠᠨ ᠰᠦᠶ᠎ᠠ ᠪᠠᠨ ᠭᠦᠷᠦᠰᠤᠨ ᠤ ᠳᠤᠤᠷ᠎ᠠ ᠡᠴᠡ ᠪᠣᠯᠳᠠᠢ᠌ᠯᠭᠠᠵᠤ ᠡᠭᠢᠯᠡᠨ᠎ᠡ᠃ ᠡᠨᠡ ᠦᠶᠡᠰ ᠴᠢ᠂ ᠡᠪᠦᠯ ᠬᠠᠪᠣᠷ ᠤᠨ ᠰᠠᠯᠭᠢᠨ ᠳᠤ ᠭᠡᠢ᠌ᠰᠴᠤ ᠬᠤᠷᠠᠭᠰᠠᠨ ᠡᠯᠡᠰᠤ ᠬᠤᠮᠠᠭ ᠢ ᠢᠷᠠᠪᠠᠯ ᠰᠠᠪᠬᠠᠨ ᠭᠢᠷᠢ ᠪᠦᠳᠦᠭᠦᠨ ᠰᠥᠭᠡᠮ ᠭᠢᠷᠢ ᠣᠷᠳᠤ ᠬᠠᠯᠠᠭᠠᠢ ᠶᠢᠨ ᠰᠦᠶ᠎ᠠ ᠶᠠᠭ ᠯᠠ ᠬᠠᠰ ᠶᠢᠡᠷ ᠰᠡᠢ᠌ᠯᠦᠭ᠍ᠰᠡᠨ ᠰᠢᠭ᠌ ᠢᠷᠵᠠᠢ᠌ᠨ ᠴᠠᠢ᠌ᠷᠠᠵᠤ ᠬᠠᠷᠠᠭᠳᠠᠬᠤ ᠪᠣᠯᠤᠨ᠎ᠠ᠃ ᠬᠠᠯᠠᠭᠠᠢ ᠶᠢᠨ ᠰᠦᠶ᠎ᠠ ᠳᠡᠭᠦᠭᠦ ᠳᠤ ᠭᠠᠷ ᠬᠠᠤᠠᠬᠤᠬᠤ ᠦᠭᠡᠶ᠂ ᠴᠢᠨᠠᠬᠤ ᠳᠤ ᠠᠷᠪᠢᠳᠠᠢ ᠮᠥᠷᠳᠡᠭᠡᠨ ᠦᠨᠦᠷ ᠠᠮᠳᠠ ᠨᠢ ᠡᠳᠡᠭᠡᠤᠨ ᠰᠠᠢ᠌ᠬᠠᠨ ᠪᠠᠢ᠌ᠳᠠᠭ᠃ ᠲ᠋ᠡᠭᠦᠵᠤ ᠢᠷᠡᠭ᠍ᠰᠡᠨ ᠬᠠᠯᠠᠭᠠᠢ ᠪᠠᠨ ᠠᠷᠢᠯᠭᠠᠵᠤ ᠴᠡᠪᠠᠷᠯᠡᠭᠡᠤᠨ ᠴᠠᠪᠠᠷ ᠣᠰᠤ ᠪᠠᠷ ᠣᠭᠢᠶᠠᠨ ᠪᠠᠭ᠎ᠠ ᠰᠠᠭ᠎ᠠ ᠱᠦᠯᠤᠨ ᠳᠤᠰᠤ ᠪᠣᠶᠤ ᠬᠤᠨᠢᠨ ᠥᠭᠡᠭᠦ ᠭᠢᠵᠤ ᠴᠢᠨᠡᠭᠠᠳ᠂ ᠨᠢᠭᠡ ᠠᠤᠠᠬᠤ ᠴᠠᠭᠠᠨ ᠭᠤᠯᠢᠷ ᠭᠢᠵᠤ ᠰᠠᠢ᠌ᠳᠤᠷ ᠨᠤᠬᠤᠵᠤ ᠪᠣᠯᠭᠤᠭᠠᠬᠤ ᠳᠤ ᠰᠢᠨ᠎ᠠ ᠰᠤᠷᠭᠤᠭ ᠨᠤᠭᠤᠭᠠᠨ ᠤ ᠠᠩᠭᠢᠯᠤᠮᠠᠯ ᠦᠨᠦᠷ ᠬᠠᠮᠠᠷ ᠴᠤᠷᠭᠢᠬᠤ ᠪᠣᠯᠤᠨ᠎ᠠ᠃ ᠲ᠋ᠠᠷᠠᠭ᠎ᠠ ᠨᠢ ᠨᠠᠷᠢᠮᠤ ᠶᠢᠨ ᠪᠣᠳᠠᠭᠠᠨ ᠭᠠᠮᠫᠠᠨ ᠶᠢᠡᠨ ᠠᠶᠠᠭᠠᠯᠠᠭᠠᠤᠨ ᠳᠡᠭᠡᠪᠦᠷ ᠴᠠᠭᠠᠰᠤᠯᠠᠳᠠᠭ ᠭᠤᠯᠢᠷ ᠰᠢᠭ ᠨᠢᠯᠳᠠᠭ ᠬᠠᠯᠠᠭᠠᠢ ᠪᠠᠨ ᠵᠠᠭᠤᠰᠢᠯᠠᠵᠤ ᠢᠳᠡᠭᠦ ᠳᠤ ᠳᠠᠷᠠ ᠠᠮᠳᠠ ᠭᠡᠵᠢ ᠡ᠂ ᠴᠢᠭᠢ ᠶᠢ ᠣᠭᠳᠤᠯᠪᠠᠴᠤ ᠮᠡᠳᠡᠭᠦ ᠦᠭᠡᠶ᠃ ᠭᠡᠳᠡᠯ᠎ᠡ ᠳᠠᠷᠠ ᠦᠶ᠎ᠡ ᠳᠤ ᠨᠠᠷᠢᠮᠤ ᠶᠢᠨ ᠪᠣᠳᠠᠭ᠎ᠠ ᠴᠢᠨᠢ ᠪᠠᠰᠠᠴᠤ ᠬᠤᠪᠣᠷ ᠡᠳ᠋ ᠪᠠᠢ᠌ᠵᠤ ᠭᠦᠮᠤᠨ ᠪᠦᠷᠢ ᠳᠤ ᠰᠠᠷ᠎ᠠ ᠳᠠᠭᠠᠨ ᠬᠤᠶᠠᠷᠬᠠᠨ ᠵᠢᠩ ᠬᠠᠩᠭ᠋ᠠᠵᠤ ᠪᠠᠢ᠌ᠯ᠎ᠡ᠃ ᠲ᠋ᠡᠭᠡᠭᠦᠯᠡᠷ ᠬᠤᠪᠤᠨ ᠰᠢᠷ᠎ᠠ ᠡᠷᠳᠡᠨᠢ ᠰᠢᠰᠢ ᠶᠢᠨ ᠭᠡᠮᠭᠡᠳᠡᠭ᠌ ᠶᠢᠡᠷ ᠴᠢᠨᠠᠭᠰᠠᠨ ᠪᠣᠳᠠᠭ᠎ᠠ ᠳᠡᠭᠡᠷ᠎ᠡ ᠪᠠᠨ ᠰᠢᠩᠭᠡᠨ ᠬᠠᠯᠠᠭᠠᠢ ᠠᠶᠠᠭᠠᠯᠠᠭᠠᠤᠨ ᠵᠢᠭᠤᠷᠠᠵᠤ ᠢᠳᠡᠭᠦ ᠳᠤ ᠮᠦᠨ ᠯᠠ 《ᠰᠢᠨᠠᠯᠠᠵᠤ》 ᠪᠠᠢ᠌ᠬᠤ ᠡ᠊ᠨᠳᠡᠯᠢ᠃ ᠡᠢ᠌ᠮᠦᠷᠭᠦ ᠠᠬᠤᠢ ᠳᠤ᠂ ᠮᠠᠨ ᠤ ᠠᠬ᠎ᠠ ᠳᠡᠭᠦᠤ ᠵᠢᠷᠭᠤᠭᠠᠭᠤᠯᠠ ᠳᠤᠭᠤᠭ᠎ᠠ ᠪᠠᠨ ᠳᠤᠭᠤᠷᠢᠨ ᠬᠠᠷᠢᠶᠠᠴᠠᠢ ᠶᠢᠨ ᠵᠤᠯᠵᠠᠭ᠎ᠠ ᠰᠢᠭ ᠠᠷᠬᠠᠢ᠌ᠯᠴᠡᠨ᠂ ᠡᠵᠢ ᠶᠢᠨ ᠬᠠᠯᠠᠭᠠᠢ ᠨᠤᠬᠤᠬᠤ ᠭᠦᠳᠡᠯᠦᠯ ᠢ ᠬᠠᠷᠠᠭᠰᠠᠭᠠᠷ ᠨᠢᠰᠤ ᠪᠠᠨ 《ᠰᠤᠷ ᠰᠡᠷ》 ᠭᠢᠯᠭᠡᠨ ᠳᠠᠳᠠᠳᠠᠭ ᠪᠢᠯᠠ᠃

ᠳᠡᠯᠭᠡᠷᠡᠭᠦ ᠳᠦᠷᠪᠡᠨ ᠰᠠᠷ᠎ᠠ ᠪᠣᠯᠬᠤ ᠳᠤ᠂ ᠬᠠᠯᠠᠭᠠᠢ ᠨᠤᠭᠤᠳ ᠢ ᠶᠠᠭᠠᠭᠢᠵᠤ ᠳᠤᠯᠤᠭᠠᠢ ᠥᠡᠳᠡᠢ᠌ᠯᠭᠡᠯ ᠦᠭᠡᠶ ᠳᠡᠭᠦᠵᠤ ᠪᠠᠢ᠌ᠯ᠎ᠠ ᠴᠤ ᠨᠢᠭᠡᠯᠡ ᠰᠦᠨᠢ ᠶᠢᠨ ᠬᠤᠭᠤᠷᠤᠠᠳᠤ ᠰᠥᠭᠡᠮ ᠭᠢᠷᠢ ᠰᠠᠷᠪᠠᠯᠵᠠᠨ ᠣᠷᠭᠤᠭᠠᠤᠨ᠂ ᠪᠠᠭᠰᠢᠷᠠᠭᠰᠠᠨ ᠨᠠᠷᠢᠨ ᠥᠷᠭᠦᠭᠡᠰᠤ ᠨᠢ ᠬᠤᠷᠴᠠ ᠨᠠᠷᠠᠨ ᠤ ᠭᠡᠷᠡᠯ ᠳᠤ ᠴᠠᠭᠠᠨ ᠭᠢᠷᠠᠭᠤ ᠣᠨᠠᠭᠰᠠᠨ ᠰᠢᠭ ᠴᠠᠢ᠌ᠯᠵᠠᠨ᠎ᠠ᠃ ᠬᠠᠷᠠᠬᠠᠨ ᠪᠠᠭ᠎ᠠ ᠡᠴᠡ ᠪᠠᠨ ᠬᠠᠯᠠᠭᠠᠢ ᠳᠡᠭᠦᠭ᠍ᠰᠡᠭᠡᠷ ᠪᠠᠢ᠌ᠵᠤ ᠭᠠᠷ ᠳᠡᠭᠡᠷ᠎ᠡ ᠣᠭᠠᠭᠠᠤᠨ ᠠᠷᠢᠯᠬᠤ ᠦᠭᠡᠶ ᠭᠦᠭᠡ ᠵᠢᠪᠠ ᠰᠡᠭᠤᠵᠤ᠂ ᠡᠪᠦᠯ ᠨᠢ ᠪᠠᠰᠠ ᠠᠷᠢᠯᠬᠤ ᠦᠭᠡᠶ ᠳᠠᠷᠠᠭ᠎ᠠ ᠬᠠᠪᠣᠷ ᠲᠡᠶ ᠪᠠᠨ ᠵᠠᠯᠭᠠᠳᠠᠭ ᠰᠠᠨ᠃ ᠬᠠᠯᠠᠭᠠᠢ ᠶᠢᠨ ᠰᠢᠭᠦᠰᠤᠨ ᠳᠤ ᠳᠡᠪᠳᠦᠭ᠍ᠰᠡᠭᠡᠷ ᠪᠠᠢ᠌ᠵᠤ ᠭᠠᠷ ᠬᠤᠷᠤᠭᠤ ᠣᠰᠴᠤ ᠬᠠᠭᠠᠷᠠᠭᠠᠤᠨ ᠠᠭᠠᠯᠵᠢᠨ ᠳᠤᠤᠷ ᠰᠢᠭ ᠨᠠᠷᠢᠨ ᠴᠠᠪ ᠲᠡᠶ ᠳᠠᠪ ᠰᠠᠭᠤᠭᠰᠠᠨ ᠪᠠᠢ᠌ᠯ᠎ᠡ᠃ ᠡᠨᠡ ᠦᠶᠡᠰ ᠦᠶᠡᠴᠤᠤᠯ ᠤᠨ ᠳᠠᠷᠬᠠᠯᠳᠠ ᠳᠠᠭᠠᠷᠠᠵᠤ ᠬᠠᠮᠳᠤ ᠬᠠᠯᠠᠭᠠᠢ ᠳᠡᠭᠦᠭᠦ ᠪᠠᠷ ᠶᠠᠪᠣᠪᠠᠯ ᠳᠠᠳᠠᠨᠤᠰ ᠳᠠᠩᠳᠠ ᠯᠠ ᠨᠢᠯᠵᠠᠷᠠᠢ ᠰᠢᠷ᠎ᠠ ᠬᠠᠯᠠᠭᠠᠢ ᠶᠢ ᠰᠤᠩᠭ᠋ᠤᠨ ᠴᠢᠮᠭᠢᠭᠦ ᠳ᠋ᠡᠭᠡᠨ 《ᠬᠠᠯᠠᠬᠠᠢ︕ ᠬᠠᠯᠠᠬᠠᠢ︕》 ᠭᠡᠮᠡᠨ ᠳᠠᠭᠤᠨ ᠠᠯᠳᠠᠬᠤ ᠳᠤ᠂ ᠪᠢ ᠬᠠᠵᠠᠭᠤ ᠡᠴᠡ ᠨᠢ ᠳᠤᠮᠤᠭᠯᠠᠨ ᠢᠨᠢᠶᠠᠵᠤ ᠳᠤᠭᠤᠭᠢ ᠪᠠᠷᠢᠵᠤ ᠬᠠᠨᠤᠭᠠᠤᠨ ᠰᠠ‍‌ᠶᠢ ᠭᠠᠷ ᠡᠷᠭᠢᠭᠦᠯᠤᠨ ᠬᠠᠳᠠᠭᠤ ᠥᠷᠭᠦᠭᠡᠰᠤ ᠲᠡᠶ ᠭᠦᠭᠡ ᠬᠠᠯᠠᠭᠠᠢ ᠶᠢ ᠪᠠᠵᠠᠯᠠᠨ ᠳᠡᠰᠦᠳᠡᠵᠤ᠂ ᠳᠦᠳᠡᠭᠡᠨ ᠵᠠᠭᠤᠷ᠎ᠠ ᠣᠭᠤᠳᠠ ᠪᠠᠨ ᠳᠦᠭ᠍ᠳᠡᠢ᠌ᠳᠡᠯ᠎ᠡ ᠴᠢᠭᠢᠵᠤ ᠳᠦᠭᠦᠷᠭᠡᠳᠡᠭ᠌ ᠪᠠᠢ᠌ᠪᠡ᠃ ᠲ᠋ᠡᠭᠡᠭᠡᠤᠨ ᠳᠦᠭᠦᠷᠡᠩ ᠣᠭᠤᠳᠠ ᠲᠡᠶ ᠬᠠᠯᠠᠭᠠᠢ ᠪᠠᠨ ᠣᠬᠤᠨᠠᠢ ᠶᠢᠨ ᠪᠣᠳᠠᠨ ᠳᠤ ᠡᠯᠭᠦᠵᠤ ᠬᠠᠶᠠᠭᠠᠤᠨ ᠳᠠᠳᠠᠨ ᠤ ᠬᠣᠢ᠌ᠨ᠎ᠠ ᠡᠴᠡ ᠲᠠᠭᠠᠨ ᠶᠠᠪᠣᠵᠤ᠂ ᠰᠤᠷᠭᠠᠭᠤᠯᠢ ᠳᠤ ᠶᠠᠪᠣᠭᠰᠠᠨ ᠰᠤᠨᠤᠰᠬᠠᠯ ᠢ ᠨᠢ ᠰᠤᠨᠤᠰᠬᠤ ᠭᠡᠵᠤ ᠥᠭᠡ ᠡᠭᠦᠰᠭᠡᠳᠡᠭ᠌ ᠪᠠᠢ᠌ᠨ᠎ᠡ᠃ ᠲ᠋ᠡᠭᠡᠭᠦ ᠳᠤ᠂ ᠲ᠋ᠠᠳᠠᠨᠤᠰ ᠪᠠᠰᠠ ᠮᠢᠨᠤ ᠰᠠᠨᠠᠭ᠎ᠠ ᠶᠢ ᠴᠠᠭᠠᠨ᠎ᠠ ᠨᠢ ᠭᠠᠷᠳᠠᠯ᠎ᠠ ᠮᠡᠳᠡᠵᠤ᠂ ᠥᠭᠡ ᠪᠠᠨ ᠪᠣᠷᠤᠭᠤᠯᠠᠨ ᠨᠠᠳᠠ ᠪᠠᠷ ᠣᠭᠤᠳᠠ ᠪᠠᠨ ᠳᠦᠭᠦᠷᠡᠳᠡᠯ᠎ᠡ ᠬᠠᠯᠠᠭᠠᠢ ᠳᠡᠭᠦᠯᠭᠡᠵᠤ ᠪᠠᠢ᠌ᠮᠠᠠᠵᠢᠨ ᠰᠠᠶ‍ᠢ ᠶᠠᠷᠢᠵᠤ ᠦᠭ‍ᠭᠦᠨ᠎ᠡ᠃ ᠪᠢ ᠴᠤ ᠳᠠᠳᠠᠨ ᠤ ᠠᠮᠳᠠ ᠰᠢᠮᠳᠠ ᠲᠡᠶ ᠰᠤᠶᠤᠯ ᠤᠨ ᠵᠤᠭᠤᠭ ᠢ ᠨᠢ ᠰᠤᠨᠤᠰᠴᠤ ᠬᠠᠯᠠᠭᠠᠢ ᠪᠠᠵᠠᠯᠠᠬᠤ ᠳᠠᠭᠠᠨ ᠬᠠᠤᠠᠬᠤᠭᠳᠠᠵᠤ ᠡᠪᠠᠦᠡᠭᠦ ᠪᠠᠨ ᠣᠭᠳᠤ ᠮᠡᠳᠡᠳᠡᠭ᠌ ᠦᠭᠡᠶ ᠠᠯᠢᠶᠠᠯᠠᠵᠤ ᠭᠦᠭᠡᠭᠡᠷᠦᠯᠳᠦᠭ᠍ᠰᠡᠭᠡᠷ ᠭᠡᠷ ᠲᠡᠭᠡᠨ ᠬᠠᠷᠢᠳᠠᠭ ᠪᠠᠢ᠌ᠯ᠎ᠡ᠃ ᠢᠩᠭᠢᠭᠡᠤᠨ ᠰᠤᠷᠭᠠᠭᠤᠯᠢ ᠶᠢᠨ ᠭᠠᠷᠠᠭ ᠨᠢ ᠮᠢᠨᠤ ᠬᠠᠮᠤᠭ ᠴᠡᠩᠭᠡᠯ ᠲᠡᠶ ᠡᠳᠦᠷ ᠪᠠᠢ᠌ᠵᠤ᠂ ᠬᠤᠷᠤᠭᠤ ᠳᠠᠷᠤᠨ ᠡᠳᠦᠷ ᠳᠤᠭᠠᠯᠠᠵᠤ ᠭᠠᠷᠠᠭ ᠤᠨ ᠡᠳᠦᠷ ᠢ ᠭᠦᠰᠡᠨ ᠭᠦᠯᠢᠶᠡᠳᠡᠭ᠌ ᠪᠠᠢ᠌ᠵᠠᠢ᠃ ᠦᠳᠠᠰᠢ ᠣᠷᠤᠢ ᠣᠷᠤᠨ ᠳᠡᠭᠡᠷ᠎ᠡ ᠪᠠᠨ ᠭᠠᠷᠴᠤ ᠭᠡᠪᠳᠡᠭᠦ ᠳᠤ᠂ ᠦᠨᠦ ᠡᠳᠦᠷ ᠤᠨ ᠡᠷᠡᠯᠭᠡᠭᠯᠡᠵᠤ ᠪᠠᠢ᠌ᠭᠰᠠᠨ ᠮᠠᠨᠢ ᠬᠤᠤᠷ ᠨᠢ ᠭᠠᠷᠴᠤ ᠬᠤᠶᠠᠷ ᠭᠠᠷ ᠮᠢᠨᠢ ᠭᠦᠭᠡᠷᠤᠨ ᠬᠠᠪᠣᠤᠠᠴᠤ᠂ ᠵᠢᠷᠦᠭᠡᠨ ᠳᠤ ᠣᠷᠤᠳᠠᠯ᠎ᠠ ᠵᠢᠮᠵᠢᠭᠢᠨᠡᠭᠦᠯᠤᠨ ᠡᠪᠠᠦᠡᠭᠡᠵᠤ ᠳᠠᠭᠠᠳᠠᠢ ᠳᠤᠭ ᠨᠣᠢ᠌ᠷ ᠡᠴᠡ ᠰᠡᠷᠢᠭᠡᠭᠦ ᠭᠡᠭ᠍ᠴᠢ ᠬᠠᠷ᠎ᠠ ᠳᠠᠮᠤ ᠪᠠᠢ᠌ᠵᠠᠢ᠃ ᠢᠩᠭᠢᠪᠠᠯ ᠭᠠᠷ ᠶᠢᠡᠨ ᠴᠠᠯ ᠭᠦᠢᠳᠡᠨ ᠣᠰᠤᠨ ᠳᠤ ᠳᠦᠷᠢᠪᠠᠯ ᠮᠠᠰᠢ ᠳᠠᠭᠠᠯᠠᠮᠵᠢᠳᠠᠢ ᠪᠣᠯᠳᠠᠭ ᠴᠤ ᠣᠰᠤᠨ ᠡᠴᠡ ᠭᠠᠷᠤᠭᠠᠤᠨ ᠪᠠᠭ᠎ᠠ ᠣᠳᠠᠭᠰᠠᠭᠠᠷ ᠳᠠᠭᠢᠨ ᠡᠪᠠᠦᠡᠴᠤ ᠡᠭᠢᠯᠡᠨ᠎ᠡ᠃ ᠲ᠋ᠡᠭᠡᠭᠡᠤᠨ ᠣᠷᠤᠨ ᠤ ᠪᠠᠨ ᠳᠡᠷᠭᠡᠳᠡ ᠰᠠᠭᠤᠯᠭ᠎ᠠ ᠲᠡᠶ ᠣᠰᠤ ᠳᠠᠯᠪᠢᠵᠤ᠂ ᠭᠠᠷ ᠶᠢᠡᠨ ᠪᠠᠢ᠌ᠨ ᠳᠠᠭᠢᠨ ᠣᠰᠤᠨ ᠳᠤ ᠳᠦᠷᠢᠭ᠍ᠰᠡᠭᠡᠷ ᠪᠠᠢ᠌ᠵᠤ ᠦᠷ ᠴᠠᠢ᠌ᠬᠤ ᠣᠢ᠌ᠷᠠᠲᠤᠬᠤᠯᠠᠷ ᠡᠪᠠᠷᠰᠢᠶᠡᠯ ᠨᠢ ᠨᠠᠮᠳᠠᠴᠢᠬᠤ ᠶᠤᠮ ᠦᠦ︖ ᠡᠰᠡᠭᠦᠯ᠎ᠡ ᠳᠤᠭ ᠨᠣᠢ᠌ᠷ ᠲᠠᠭᠠᠨ ᠳᠠᠷᠤᠭᠳᠠᠴᠢᠬᠤ ᠶᠤᠮ ᠦᠦ ᠪᠣᠤ ᠮᠡᠳᠡ᠂ ᠥᠷᠯᠦᠭᠡ ᠶᠢᠨ ᠨᠠᠷᠠᠨ ᠳᠡᠭᠡᠷ᠎ᠡ ᠭᠦᠭᠡᠷᠦᠳᠡᠯ᠎ᠡ ᠯᠥᠭ᠌ ᠰᠥᠭ᠌ ᠦᠭᠡᠶ ᠣᠠᠳᠠᠳᠠᠭ ᠰᠠᠨ᠃ ᠠᠮᠳᠠᠳᠤ ᠵᠡᠭᠦᠳᠤᠨ ᠳᠡᠭᠡᠨ ᠴᠤ ᠬᠠᠯᠠᠭᠠᠢ ᠳᠠᠰᠤᠳᠠᠬᠤ ᠪᠠᠨ ᠵᠤᠭᠰᠤᠳᠠᠭ ᠦᠭᠡᠶ ᠵᠦᠳᠠᠷᠠᠳᠠᠯ᠎ᠠ ᠪᠠᠨ ᠮᠤᠩᠭ᠋ᠠᠨᠢᠵᠤ᠂ ᠭᠠᠷ ᠬᠤᠷᠤᠭᠤ ᠴᠢᠨᠢ ᠭᠠᠯ ᠶᠢᠡᠷ ᠰᠢᠷᠠᠵᠤ ᠪᠠᠢ᠌ᠬᠤ ᠮᠠᠳᠤ ᠵᠡᠭᠦᠳᠤ ᠰᠡᠷᠢᠭᠦᠨ ᠤ ᠬᠤᠭᠤᠷᠤᠠᠳᠤ ᠰᠦᠨᠢ ᠪᠠᠨ ᠪᠠᠷᠠᠳᠠᠭ ᠪᠠᠢ᠌ᠪᠠ᠃ ᠮᠠᠷᠭᠠᠰᠢ ᠨᠢ ᠪᠣᠰᠤᠭᠠᠤᠨ ᠭᠠᠷᠬᠤ ᠳᠤ ᠥᠴᠦᠭᠡᠳᠦᠷ ᠰᠦᠨᠢ ᠶᠢᠨ ᠡᠪᠠᠷᠰᠢᠶᠡᠯ ᠶᠢᠡᠨ ᠳᠠᠭ ᠮᠠᠷᠳᠠᠵᠤ ᠣᠷᠭᠢᠭᠠᠤᠨ ᠠᠷᠤ ᠶᠢᠨ ᠭᠤᠤ ᠶᠢᠨ ᠬᠠᠯᠠᠭᠠᠢ ᠪᠠᠨ ᠳᠡᠭᠦᠭᠡᠤᠨ ᠪᠠᠷᠠᠪᠠᠯ ᠣᠯᠤᠩᠭ᠋ᠤᠤ ᠶᠢᠨ ᠠᠷᠪᠠᠨ ᠭᠠᠵᠠᠷ ᠤᠨ ᠵᠠᠮ ᠡᠴᠡ ᠰᠢᠷᠭᠢ᠌ᠯ ᠦᠭᠡᠶ ᠭᠦᠶ‍ᠦᠴᠢᠳᠡᠭ᠌ ᠪᠠᠢ᠌ᠭᠰᠠᠨ ᠶᠤᠮ᠃ ᠠᠷᠤ ᠶᠢᠨ ᠭᠤᠤ ᠭᠡᠳᠡᠭ᠌ ᠨᠢ ᠨᠢ᠋ᠮᠠᠨ ᠭᠠᠵᠠᠷ ᠣᠷᠳᠤ ᠠᠭᠤᠯᠠᠨ ᠨᠢᠷᠤᠭᠤ ᠶᠢᠨ ᠠᠷᠤ ᠭᠢᠷ᠎ᠠ ᠪᠠᠷ ᠠᠷᠪᠠᠭᠠᠤᠨ ᠭᠤᠤ ᠮᠤᠷᠤᠯᠵᠠᠨ ᠳᠠᠭᠢᠷᠯᠠᠵᠤ ᠳᠦᠭᠦᠷᠡᠩ ᠬᠠᠯᠠᠭᠠᠢ ᠪᠣᠳᠠᠯᠠᠵᠤ ᠪᠠᠢ᠌ᠳᠠᠭ ᠴᠤ ᠪᠦᠭᠦ ᠠᠢ᠌ᠯ ᠶᠢᠠᠷ ᠶᠢᠡᠨ ᠭᠦᠨᠡᠰᠤ ᠭᠢᠵᠤ ᠪᠠᠢ᠌ᠭ᠎ᠠ ᠪᠣᠯᠬᠤᠷ ᠣᠯᠠᠨ ᠭᠦᠮᠤᠨ ᠤ ᠳᠡᠭᠦᠭᠦ ᠳᠤ ᠣᠷᠭᠤᠵᠤ ᠵᠠᠪᠳᠤᠬᠤ ᠦᠭᠡᠶ ᠪᠠᠢ᠌ᠯ᠎ᠠ ᠰᠢᠤ᠃ ᠡᠵᠢ ᠮᠢᠨᠢ ᠳᠡᠭᠦᠵᠤ ᠢᠷᠡᠭ᠍ᠰᠡᠨ ᠬᠠᠯᠠᠭᠠᠢ ᠪᠠᠷ ᠭᠠᠭᠴᠠᠬᠦ ᠵᠠᠭᠤᠰᠢ ᠭᠢᠭᠦ ᠪᠠᠷ ᠵᠤᠭᠰᠤᠬᠤ ᠦᠭᠡᠶ᠂ ᠪᠣᠴᠠᠯᠤᠭᠰᠠᠨ ᠣᠰᠤ ᠪᠠᠷ ᠰᠢᠯᠵᠢᠯᠠᠵᠤ ᠠᠪᠣᠭᠠᠤᠨ ᠣᠰᠤ ᠶᠢ ᠨᠢ ᠰᠢᠪᠬᠠᠵᠤ ᠨᠠᠷᠢᠨ ᠳᠠᠯᠬᠠᠳᠠᠭᠰᠠᠨ ᠡᠷᠳᠡᠨᠢ ᠶᠢᠨ ᠰᠢᠰᠢᠨ ᠭᠤᠯᠢᠷ ᠲᠤ ᠪᠠᠭᠯᠠᠭᠠᠤᠨ ᠪᠣᠤᠵᠠ ᠵᠢᠩᠨᠡᠳᠡᠭ᠌ ᠴᠤ ᠪᠠᠢ᠌ᠯ᠎ᠡ᠃ ᠲ᠋ᠡᠭᠦᠦᠨᠡᠷ ᠤᠨ ᠦᠰᠴᠦ ᠳᠤᠮᠤᠭᠠᠷᠠᠬᠤ ᠶᠢ ᠳᠠᠭᠠᠯᠳᠤᠨ ᠢᠳᠡᠭᠦ ᠨᠢ ᠠᠷᠪᠢᠤᠠᠴᠤ ᠠᠮᠢᠳᠤᠷᠠᠯ ᠡᠳᠦᠷ ᠢᠷᠡᠭᠦᠶ᠎ᠡ ᠭᠦᠴᠢᠷᠳᠡᠭᠡᠤᠨ᠂ ᠡᠷᠳᠡᠨᠢ ᠶᠢᠨ ᠰᠢᠰᠢᠨ ᠭᠤᠯᠢᠷ ᠴᠤ ᠭᠦᠷᠦᠯᠴᠡᠭᠦ ᠦᠭᠡᠶ ᠰᠠᠠᠳᠤᠷᠭᠠᠬᠤ ᠳᠤ᠂ ᠡᠵᠢ ᠮᠢᠨᠢ ᠨᠢᠭᠡ ᠳᠤᠭᠤᠭ᠎ᠠ ᠬᠠᠯᠠᠭᠠᠢ ᠴᠢᠨᠠᠭᠠᠤᠨ ᠳᠤᠳᠤᠷ᠎ᠠ ᠨᠢ ᠨᠢᠭᠡ ᠠᠤᠠᠬᠤ ᠳᠡᠪᠤᠰᠤ᠂ ᠨᠢᠭᠡ ᠠᠶᠠᠭ᠎ᠠ ᠡᠷᠳᠡᠨᠢ ᠶᠢᠨ ᠰᠢᠰᠢᠨ ᠭᠤᠯᠢᠷ ᠭᠢᠭᠡᠤᠨ ᠰᠠᠢ᠌ᠳᠤᠷ ᠨᠤᠬᠤᠵᠤ ᠮᠠᠨ ᠳᠤ ᠬᠤᠭᠤᠯᠠᠨ ᠤ ᠣᠷᠤᠨ ᠳᠤ ᠢᠳᠡᠭᠦᠯᠳᠡᠭ᠌ ᠪᠠᠢ᠌ᠵᠡᠢ᠃ ᠢᠳᠡᠭ᠍ᠰᠡᠭᠡᠷ ᠪᠠᠢ᠌ᠵᠤ ᠨᠢᠭᠡᠮᠦᠰᠤᠨ ᠳᠤᠷ᠎ᠠ ᠠᠯᠳᠠᠷᠠᠭᠠᠤᠨ ᠬᠠᠯᠠᠭᠠᠢ ᠶᠢᠨ ᠦᠨᠦᠷ ᠢ ᠥᠨᠦᠷᠳᠦᠭ᠍ᠰᠡᠭᠡᠷ ᠳᠤᠷ᠎ᠠ ᠬᠤᠤᠠᠬᠤᠬᠤ ᠪᠤᠯᠵᠤ 《ᠡᠨᠡ ᠲᠦᠷᠦᠯ ᠳᠤ ᠬᠠᠯᠠᠭᠠᠢ ᠡᠴᠡ ᠰᠠᠯᠬᠤ ᠴᠠᠭ ᠪᠠᠢ᠌ᠳᠠᠭ ᠪᠣᠯ ᠦᠦ︖》 ᠭᠡᠵᠤ ᠭᠠᠰᠠᠯᠬᠤ ᠳᠤ᠂ ᠡᠵᠢ ᠮᠢᠨᠢ ᠄

《ᠨᠤᠭᠤᠭᠠᠨ ᠮᠠᠠᠵᠤᠰᠢᠷᠢ ᠪᠣᠷᠬᠠᠨ ᠴᠢᠨᠢ ᠬᠠᠯᠠᠭᠠᠢ ᠢᠳᠠᠵᠤ ᠪᠠᠢ᠌ᠭᠠᠤᠨ ᠪᠣᠷᠬᠠᠨ ᠪᠣᠯᠤᠭᠰᠠᠨ ᠶ‍ᠦᠮ᠃ ᠲ᠋ᠡᠭᠡᠭᠦᠯᠡᠷ ᠬᠠᠯᠠᠭᠠᠢ ᠪᠣᠯ ᠬᠠᠮᠤᠭ ᠤᠨ ᠰᠢᠮ᠎ᠠ ᠳᠡᠵᠢᠭᠡᠯ ᠲᠡᠶ ᠨᠤᠭᠤᠭ᠎ᠠ ᠶᠤᠮ ᠰᠢᠤ》 ᠭᠡᠵᠤ ᠮᠠᠨ ᠢ ᠠᠷᠭᠠᠳᠠᠵᠤ ᠪᠠᠢ᠌ᠵᠠᠢ᠃ ᠠᠷᠪᠢᠨ ᠢᠳᠠᠪᠠᠯ ᠪᠣᠷᠬᠠᠨ ᠪᠣᠯᠵᠤ ᠴᠢᠳᠠᠳᠠᠭ ᠡᠨᠡ ᠭᠦ ᠭᠠᠢ᠌ᠬᠠᠯᠳᠠᠢ ᠣᠷᠭᠤᠮᠠᠯ ᠢ ᠳᠤᠳᠤᠷ᠎ᠠ ᠪᠠᠨ ᠶᠠᠭᠠᠭᠢᠵᠤ ᠪᠢᠰᠢᠷᠠᠯ᠎ᠠ ᠴᠤ᠂ ᠭᠤᠯᠢᠷ ᠳᠤᠳᠤᠷᠭ᠎ᠠ ᠢᠳᠡᠭ᠍ᠰᠡᠳ 《ᠡᠡᠳ ᠴᠢᠦᠡᠭᠦᠷ》 ᠪᠤᠯᠤᠨ᠎ᠠ ᠭᠡᠳᠡᠭ᠌ ᠲᠤ ᠭᠦᠷᠪᠠᠯ᠂ ᠪᠢ ᠥᠴᠦᠭᠡᠨ ᠴᠤ ᠳᠠᠳᠠᠭᠠᠯᠵᠠᠬᠤ ᠦᠭᠡᠶ ᠪᠠᠷ 《ᠴᠢᠦᠡᠭᠦᠷ》᠊ᠤᠨ ᠵᠠᠮ ᠢ ᠡᠯᠭᠦᠨ᠎ᠡ᠂ ᠤᠴᠢᠷ ᠨᠢ ᠳᠠᠷᠠ ᠦᠶ᠎ᠡ ᠳᠤ ᠪᠢ 《ᠶᠠᠭᠤ ᠪᠣᠯᠬᠤ ᠪᠠᠨ》 ᠪᠣᠳᠤᠬᠤ ᠶᠢᠨ ᠵᠠᠪ ᠪᠠᠢ᠌ᠭᠰᠠᠨ ᠦᠭᠡᠶ᠂ ᠦᠯᠦᠨ ᠭᠡᠳᠡᠰᠤᠨ ᠳᠡᠭᠡᠨ ᠠᠮᠠᠷᠬᠠᠨ ᠣᠷᠤᠬᠤ ᠶᠠᠭᠤᠮ᠎ᠠ ᠣᠯᠤᠭᠠᠤᠨ ᠴᠢᠭᠢᠭᠡᠤᠨ ᠯᠠ ᠳᠦᠭᠦᠷᠭᠡᠪᠠᠯ ᠪᠣᠯᠴᠢᠬᠤ ᠪᠠᠢ᠌ᠪᠡ᠃ ᠲ᠋ᠡᠭᠡᠭᠡᠤᠨ ᠥᠯᠦᠰᠭᠦ ᠶᠢᠨ ᠡᠷᠭᠡ ᠪᠠᠷ ᠳᠡᠷᠡᠭᠦ ᠡᠭᠡᠭᠦᠨ ᠦᠨᠦᠷ ᠲᠡᠶ ᠬᠠᠯᠠᠭᠠᠢ ᠶᠢᠨ ᠪᠦᠭᠡᠮ ᠢ ᠠᠯᠪᠠ ᠪᠠᠷ ᠳᠤᠳᠤᠭᠰᠢ ᠵᠡᠯᠭᠢᠵᠤ᠂ ᠲ᠋ᠡᠷᠡᠭᠦ ᠭᠦᠴᠢᠷ ᠪᠠᠷᠭᠡᠰᠢᠶᠡᠯ ᠲᠡᠶ ᠰᠢᠷ᠎ᠠ ᠡᠳᠦᠷ ᠪᠣᠷᠤ ᠬᠤᠨᠤᠭ ᠢ ᠳᠤᠭᠤᠯᠵᠤ ᠢᠷᠠᠵᠠᠢ᠃ ᠠᠢ᠌ᠯ ᠰᠠᠭᠠᠬᠠᠯᠳᠠ ᠶᠢᠨ ᠬᠤᠶᠠᠷ ᠭᠦᠮᠤᠨ ᠣᠴᠠᠷᠠᠭᠠᠤᠨ ᠡᠢ᠌ᠨ ᠭᠦ ᠶᠠᠷᠢᠶ᠎ᠠ ᠪᠣᠯᠵᠠᠢ ;

《ᠬᠠᠯᠠᠭᠠᠢ ᠢᠳᠠᠪᠠᠤ︖》

《ᠳᠠᠢ᠌ᠮᠤ᠂ ᠴᠢ ᠶᠠᠭᠠᠭᠢᠵᠤ ᠮᠠᠳᠠᠪᠠ︖》

《ᠰᠢᠳᠤ ᠴᠢᠨᠢ ᠴᠠᠯ ᠨᠤᠭᠤᠭᠠᠨ ᠪᠠᠢ᠌ᠨ᠎ᠠ︕》

《ᠰᠢᠳᠤ ᠨᠤᠭᠤᠭᠠᠷᠠᠬᠤ ᠭᠠᠢ᠌ᠭᠤᠢ᠂ ᠣᠳᠠᠯ ᠦᠭᠡᠶ ᠪᠦᠭᠦ ᠪᠠᠶ᠎ᠠ ᠨᠤᠭᠤᠭᠠᠷᠠᠬᠤ ᠣᠢ᠌ᠷᠠᠳᠤᠪᠠ》

《ᠬᠨ᠂ ᠬᠨ ᠁ ᠲ᠋ᠡᠭᠡᠪᠠᠯ ᠳᠠ ᠴᠢᠨᠢ ᠪᠣᠷᠬᠠᠨ ᠪᠣᠯᠴᠢᠬᠤ ᠨᠢ ᠡ︕》 ᠃

ᠲ᠋ᠠᠷᠠᠭ ᠠᠢ᠌ᠷᠠᠭ ᠱᠤᠤᠭᠢᠭᠰᠠᠨ ᠳᠠᠪᠤᠨ ᠰᠠᠷ᠎ᠠ ᠪᠣᠯᠬᠤ ᠳᠤ᠂ ᠪᠦᠰᠡᠯᠡᠭᠦᠷ ᠴᠢᠨᠡᠭᠡ ᠣᠷᠭᠤᠭᠰᠠᠨ ᠬᠠᠯᠠᠭᠠᠢ ᠶᠢᠨ ᠥᠷᠭᠦᠭᠡᠰᠤ ᠨᠢ ᠵᠡᠭᠦᠤ ᠶᠢᠨ ᠥᠵᠦᠭᠦᠷ ᠰᠢᠭ᠌ ᠠᠷᠬᠠᠢ᠌ᠯᠴᠠᠨ ᠭᠦᠮᠤᠨ ᠠᠮᠢᠳᠠᠨ ᠢ ᠣᠢ᠌ᠷᠠᠤᠠᠬᠤ ᠶᠢᠨ ᠠᠷᠭ᠎ᠠ ᠦᠭᠡᠶ ᠪᠤᠯᠭᠠᠳᠠᠭ᠃ ᠡᠨᠡ ᠦᠶᠡᠰ ᠬᠠᠳᠤᠭᠤᠷ ᠠᠪᠴᠤ ᠣᠴᠢᠭᠠᠤᠨ ᠠᠷᠪᠠᠭᠠᠤᠨ ᠪᠣᠳᠠ ᠶᠢ ᠣᠭ ᠶᠢᠡᠷ ᠨᠢ ᠬᠠᠳᠤᠭᠠᠤᠨ ᠬᠠᠶᠠᠴᠢᠬᠠᠪᠠᠯ᠂ ᠬᠤᠶᠠᠷ ᠬᠤᠨᠤᠭ ᠤᠨ ᠳᠠᠷᠠᠭ᠎ᠠ ᠨᠢᠯᠵᠠᠷᠠᠢ ᠬᠠᠯᠠᠭᠠᠢ ᠨᠤᠭᠤᠳ ᠰᠥᠭᠡᠮ ᠭᠢᠷᠢ ᠣᠷᠭᠤᠭᠠᠤᠨ ᠢᠷᠡᠨ᠎ᠡ᠃ ᠡᠨᠡ ᠦᠶ᠎ᠡ ᠶᠢᠨ ᠥᠷᠭᠦᠭᠡᠰᠤ ᠨᠢ ᠳᠦᠷᠪᠡᠨ ᠰᠠᠷ᠎ᠠ ᠶᠢᠨ ᠬᠠᠯᠠᠭᠠᠢ ᠰᠢᠭ ᠢᠳᠡᠷᠡᠭᠦᠨ ᠪᠢᠰᠢ ᠪᠣᠯᠪᠠᠴᠤ ᠨᠠᠷᠢᠨ ᠱᠤᠷᠤ ᠨᠢ ᠮᠦᠨ ᠯᠠ ᠬᠤᠤᠷᠳᠠᠢ ᠪᠠᠢ᠌ᠵᠤ᠂ ᠭᠦᠯ ᠤᠨ ᠰᠢᠯᠪᠢ ᠪᠣᠶᠤ ᠭᠠᠷ ᠤᠨ ᠪᠠᠭᠤᠤ ᠪᠠᠨ ᠬᠠᠤᠠᠬᠤᠯᠠᠭᠠᠤᠨ ᠠᠪᠣᠪᠠᠯ ᠭᠦᠷᠪᠠᠢ᠌ᠳᠡᠯ᠎ᠡ ᠬᠠᠪᠣᠤᠠᠴᠤ ᠭᠡᠳᠤᠨ ᠡᠳᠦᠷ ᠵᠠᠭᠠᠳᠠᠨᠠᠭᠤᠯᠳᠠᠭ ᠪᠠᠢ᠌ᠵᠡᠢ᠃ ᠡᠨᠡ ᠣᠯᠠᠷᠢᠯ ᠳᠤ ᠰᠥ᠋ ᠴᠠᠭ᠎ᠠ ᠰᠠᠪᠠ ᠳᠦᠭᠦᠷᠤᠨ ᠬᠤᠷᠤᠳ ᠠᠭᠠᠷᠤᠤᠯ ᠳᠡᠭᠡᠪᠦᠷ ᠪᠦᠷᠭᠦᠨ ᠴᠠᠢ᠌ᠯᠵᠠᠭᠰᠠᠨ ᠪᠣᠯᠪᠠᠴᠤ᠂ ᠣᠷᠤᠢ ᠶᠢᠨ ᠬᠤᠭᠤᠯᠠᠨ ᠳᠤ ᠵᠠᠭᠤᠰᠢ ᠭᠢᠭᠦ ᠭᠦᠭᠡ ᠨᠤᠭᠤᠭ᠎ᠠ ᠣᠯᠳᠠᠬᠤ ᠭᠠᠵᠠᠷ ᠪᠠᠢ᠌ᠬᠤ ᠦᠭᠡᠶ᠃ ᠠᠷᠪᠠᠨ ᠭᠡᠳᠤᠨ ᠭᠠᠵᠠᠷ ᠵᠠᠢ᠌ᠳᠠᠢ ᠡᠪᠦᠯᠵᠢᠶᠡᠨ ᠰᠠᠭᠤᠷᠢᠨ ᠳᠤ ᠭᠦᠮᠤᠨ ᠡᠴᠡ ᠦᠨᠳᠦᠷ ᠡᠷᠡᠮ᠎ᠡ ᠨᠣᠢ᠌ᠯ ᠣᠷᠭᠤᠵᠤ ᠪᠠᠢ᠌ᠯ᠎ᠠ ᠴᠤ ᠢᠳᠡᠭᠦ ᠨᠤᠭᠤᠭ᠎ᠠ ᠳᠠᠷᠢᠵᠤ ᠠᠷᠠᠴᠢᠯᠠᠬᠤ ᠴᠢᠯᠦᠭᠡ ᠲᠡᠶ ᠠᠮᠢᠳᠠᠨ ᠪᠠᠢ᠌ᠬᠤ ᠦᠭᠡᠶ ᠪᠣᠯᠬᠤᠷ ᠠᠯᠪᠠ ᠪᠠᠷ ᠬᠠᠯᠠᠭᠠᠢ ᠪᠠᠨ ᠳᠦᠰᠢᠭᠦ ᠯᠠ ᠭᠡᠷᠡᠭ᠌᠃ ᠢᠩᠭᠢᠭᠡᠤᠨ ᠬᠠᠯᠠᠭᠠᠢ ᠳᠡᠭᠦᠭᠦ ᠬᠠᠳᠠᠭᠤ ᠠᠯᠪᠠ ᠮᠦᠨ ᠯᠠ ᠮᠢᠨᠤᠭᠢ ᠪᠣᠯᠴᠢᠬᠤ ᠨᠢ ᠳᠡᠷᠡ᠃ ᠡᠨᠡ ᠦᠶ᠎ᠡ ᠳᠤ ᠠᠭᠤᠯᠠ ᠳᠠᠯ᠎ᠠ ᠶᠢᠨ ᠡᠪᠠᠰᠤ ᠨᠤᠭᠤᠭ᠎ᠠ ᠳᠤᠬᠤᠢ ᠢᠯᠡᠭᠦᠤ ᠦᠨᠳᠦᠷ ᠣᠷᠭᠤᠵᠤ᠂ ᠵᠣᠢ᠌ᠯ ᠤᠨ ᠴᠡᠴᠡᠭ᠌ ᠥᠩᠭᠡ ᠪᠣᠯᠢᠶᠠᠯᠳᠤᠨ ᠮᠢᠷᠠᠯᠵᠠᠭᠠᠤᠨ ᠣᠷᠠᠨ ᠪᠤᠯᠵᠦᠮᠦᠷ᠂ ᠡᠷᠢᠶᠡᠨ ᠴᠡᠭ᠍ᠴᠡᠦᠭᠡᠢ᠂ ᠲ᠋ᠡᠯᠡᠨ ᠭᠡᠯᠡᠳᠤ ᠮᠠᠳᠤ ᠶᠢᠨ ᠣᠯᠠᠨ ᠰᠢᠪᠠᠭᠤᠳ ᠬᠤᠭᠤᠯᠠᠢ ᠮᠦᠷᠣᠢ᠌ᠴᠠᠨ ᠳᠤᠩᠭ᠋ᠤᠤᠠᠬᠤᠶ᠎ᠠ᠂ ᠣᠩᠭ᠋ᠤᠨ ᠪᠠᠢ᠌ᠭᠠᠯᠢ ᠶᠢᠨ ᠠᠷᠤᠤᠬᠠᠨ ᠦᠵᠡᠮᠵᠢ ᠳᠤ ᠰᠤᠭᠳᠤᠭᠤᠷᠠᠭᠰᠠᠨ ᠪᠢ᠂ ᠠᠷᠤ ᠶᠢᠨ ᠭᠤᠤ ᠶᠢᠨ ᠢᠷᠮᠡᠭ᠌ ᠢ ᠰᠠᠠᠳᠠᠢ᠌ᠯᠠᠨ ᠰᠠᠭᠤᠭᠠᠤᠨ᠂ ᠠᠯᠤᠰ ᠡᠴᠡ ᠬᠠᠷᠠᠭᠳᠠᠬᠤ ᠰᠤᠷᠭᠠᠭᠤᠯᠢ ᠶᠢᠨ ᠭᠦᠷᠢᠶᠡᠨ ᠳᠤᠮᠳᠠ ᠠᠪᠠᠭᠠᠷᠠᠯᠳᠤᠨ ᠭᠦᠳᠡᠯᠭᠦ ᠰᠢᠷᠭᠤᠯᠵᠢ ᠶᠢᠨ ᠴᠢᠨᠡᠭᠡᠨ ᠭᠦᠮᠤᠨ ᠤ ᠪᠠᠷ᠎ᠠ ᠶᠢ ᠠᠵᠢᠭᠯᠠᠭᠰᠠᠭᠠᠷ᠂ ᠰᠤᠷᠬᠤ ᠨᠠᠰᠤᠨ ᠤ ᠰᠢᠵᠢᠷ ᠠᠯᠳᠠᠨ ᠴᠠᠭ ᠮᠦᠴᠡ ᠪᠠᠨ ᠬᠠᠯᠠᠭᠠᠢ ᠪᠠᠵᠠᠯᠠᠨ ᠳᠠᠯᠭᠠᠷ ᠨᠥᠭ᠍ᠴᠢᠭᠡᠵᠤ ᠪᠠᠢ᠌ᠬᠤ ᠳᠠᠭᠠᠨ ᠭᠤᠮᠤᠳᠠᠨ ᠣᠶᠠᠷᠠᠵᠤ᠂ ᠢ᠌ᠷᠠᠢ᠌ᠳᠠᠯ᠎ᠠ ᠨᠡᠭᠡᠭᠡᠭ᠍ᠳᠡᠵᠤ ᠪᠠᠢ᠌ᠭ᠎ᠠ ᠰᠤᠷᠭᠠᠭᠤᠯᠢ ᠶᠢᠨ ᠭᠦᠷᠢᠶ᠎ᠡ ᠨᠢ ᠨᠠᠳᠠᠳᠤ ᠡᠭᠦᠷᠢᠳᠡ ᠳᠠᠪᠠᠰᠢ ᠦᠭᠡᠶ ᠳᠡᠭ᠍ᠷᠢ ᠶᠢᠨ ᠪᠣᠱᠤᠭ ᠠᠳᠠᠯᠢ ᠰᠠᠨᠠᠭᠳᠠᠬᠤᠯᠠᠷ ᠪᠣᠮ ᠲᠦᠮᠡᠨ ᠭᠢᠯᠢᠰ ᠭᠤᠮᠤᠷᠬᠠᠯ ᠪᠦᠭᠦᠨ ᠨᠢᠭᠡᠯᠡ ᠳᠤᠤᠷ᠎ᠠ ᠬᠤᠷᠠᠮᠳᠤᠨ ᠴᠡᠭᠡᠵᠢᠨ ᠳᠤ ᠪᠠᠭᠳᠠᠷᠠᠵᠤ ᠭᠠᠳᠠᠭᠰᠢ ᠳᠦᠯᠭᠢᠯᠡᠭᠡᠤᠨ᠂ ᠬᠦᠷᠢᠵᠤ ᠬᠠᠰᠢᠵᠤ ᠪᠠᠢ᠌ᠭᠰᠠᠨ ᠴᠤ ᠪᠣᠯᠤᠭᠰᠠᠨ ᠦᠭᠡᠶ ᠱᠤᠭᠰᠢᠳᠠᠯ᠎ᠠ ᠪᠠᠨ ᠣᠭᠢᠯᠠᠳᠠᠭ ᠪᠢᠯᠠ᠃ ᠣᠭᠢᠯᠠᠵᠤ ᠬᠠᠨᠤᠭᠠᠤᠨ ᠨᠢᠳᠤ ᠪᠠᠨ ᠠᠷᠴᠢᠵᠤ ᠠᠶᠠᠰ ᠤᠨ ᠰᠠᠯᠭᠢᠨ ᠳᠤ ᠰᠠᠵᠢᠯᠯᠠᠬᠤ ᠬᠠᠯᠠᠭᠠᠢ ᠶᠢᠨ ᠪᠣᠳᠠ ᠶᠢ ᠰᠢᠷᠳᠡᠭ᠍ᠰᠡᠭᠡᠷ 《ᠮᠡᠭᠤ ᠬᠤᠪᠢᠳᠠᠨ ᠤ ᠵᠤᠯᠵᠠᠭ᠎ᠠ》 ᠳᠤ ᠬᠠᠯᠠᠭᠠᠢ ᠯᠠ ᠵᠤᠭᠢᠷᠠᠬᠤ ᠵᠠᠶᠠᠭ᠎ᠠ ᠲᠡᠶ ᠶᠤᠮ ᠪᠠᠢ᠌ᠨ᠎ᠠ ᠭᠡᠵᠤ ᠪᠣᠳᠤᠬᠤᠯᠠᠷ ᠥᠷᠭᠦᠭᠡᠰᠤ ᠨᠢ ᠵᠢᠷᠦᠭᠡᠨ ᠳᠤ ᠬᠠᠤᠠᠬᠤᠭᠰᠠᠨ ᠠᠳᠠᠯᠢ ᠰᠤᠴᠢᠨ ᠳᠠᠭᠵᠢᠵᠤ ᠠᠪᠳᠠᠭ ᠡᠡᠵᠢ᠃ ᠲ᠋ᠡᠭᠡᠭᠡᠤᠨ ᠠᠮᠠᠨ ᠤ ᠠᠶ᠎ᠠ ᠪᠠᠷ᠄

ᠠᠷᠤ ᠶᠢᠨ ᠭᠤᠤ ᠶᠢᠨ ᠬᠠᠯᠠᠭᠠᠢ ᠨᠢ

ᠠᠶᠤᠤᠯᠢᠬᠠᠢ ᠨᠠᠪᠳᠠᠯᠠᠮ᠎ᠠ ᠥᠷᠭᠦᠭᠡᠰᠤ ᠳᠠᠢ

ᠠᠯᠠᠭ᠎ᠠ ᠪᠠᠨ ᠴᠤᠭᠤᠯᠠᠭᠤᠯᠤᠭᠰᠠᠨ ᠪᠠᠭᠠᠳᠤᠷ ᠨᠢ

ᠠᠯᠴᠢᠭᠤᠷ ᠳᠡᠪᠳᠦᠭᠡᠮ᠎ᠡ ᠨᠢᠯᠪᠣᠰᠤ ᠳᠠᠢ

ᠡᠨ ᠬᠨ ᠭᠦᠢ ᠊᠊᠊᠊᠊᠊᠊᠊᠊᠊᠊᠊᠊᠊᠊

ᠬᠠᠮᠠᠭᠤ ᠳᠠᠭᠠᠷᠢᠭᠰᠠᠨ ᠬᠠᠯᠠᠭᠠᠢ ᠤᠳ︕

ᠦᠪᠣᠷ ᠰᠤᠵᠠᠭ ᠤᠨ ᠬᠠᠯᠠᠭᠠᠢ ᠨᠢ

ᠦᠷᠦᠴᠠ ᠶᠢ ᠰᠢᠪᠳᠤᠯᠤᠮ᠎ᠠ ᠥᠷᠭᠦᠭᠡᠰᠤ ᠳᠠᠢ

ᠥᠷᠭᠡᠰᠤᠨ ᠳ᠋ᠤᠨᠢ ᠨᠡᠪᠳᠡᠯᠡᠭᠦᠯᠦᠭ᠍ᠰᠡᠨ ᠪᠠᠭᠠᠳᠤᠷ ᠨᠢ

ᠦᠶ᠎ᠡ ᠶᠢᠨ ᠦᠶ᠎ᠡ ᠳᠡᠭᠡᠨ ᠬᠤᠷᠤᠰᠤᠯ ᠳᠠᠢ

ᠡᠨ ᠬᠨ ᠭᠦᠢ ᠊᠊᠊᠊᠊᠊᠊᠊᠊᠊᠊᠊᠊᠊᠊

ᠬᠠᠷᠠᠯᠠᠵᠤ ᠳᠠᠭᠤᠰᠬᠤ ᠬᠠᠯᠠᠭᠠᠢ ᠤᠳ︕ ᠭᠡᠵᠤ ᠬᠠᠯᠠᠭᠠᠢ ᠳᠤ ᠬᠤᠷᠤᠰᠤᠭᠰᠠᠨ ᠰᠡᠳᠬᠢᠯᠭᠡ ᠪᠠᠨ ᠡᠷᠢᠶᠡᠨ ᠮᠠᠷᠢᠶᠠᠨ ᠬᠤᠭᠤᠯᠠᠢ ᠪᠠᠷ ᠳᠠᠭᠤᠯᠠᠳᠠᠭ ᠪᠠᠢ᠌ᠯ᠎ᠠ᠃

ᠭᠡᠨᠡᠳᠲᠡ ᠭᠦᠨ ᠪᠣᠳᠤᠯᠭᠠᠰᠢᠷᠠᠯ ᠡᠴᠡ ᠪᠠᠨ ᠰᠡᠷᠢᠭᠦ ᠳᠤ᠂ ᠨᠠᠷᠠ ᠨᠢᠭᠡ᠊ᠨᠳᠡ ᠠᠭᠤᠯᠠᠨ ᠳᠤᠯᠤᠭᠠᠢ ᠰᠢᠭᠦᠷᠡᠮ᠎ᠡ ᠵᠠᠢ᠌ᠳᠠᠢ ᠪᠤᠯᠵᠤ᠂ ᠡᠵᠢ ᠮᠢᠨᠢ ᠣᠷᠤᠢ ᠶᠢᠨ ᠵᠠᠭᠤᠰᠢ ᠪᠠᠨ ᠪᠠᠯᠡᠳᠭᠦ ᠭᠡᠤᠨ ᠰᠠᠷᠠᠪᠴᠢᠯᠠᠨ ᠰᠠᠷᠠᠪᠴᠢᠯᠠᠨ ᠬᠠᠷᠠᠵᠤ ᠪᠠᠢ᠌ᠬᠤ ᠶᠢ ᠪᠣᠳᠤᠵᠤ ᠣᠯᠤᠭᠠᠤᠨ ᠭᠤᠤ ᠣᠷᠤᠭᠤ ᠦᠰᠦᠷᠤᠨ ᠣᠷᠤᠵᠤ ᠬᠠᠤᠠᠬᠤᠵᠤ ᠰᠢᠪᠦᠭᠡᠯᠡᠭᠦ ᠶᠢ ᠬᠠᠢ᠌ᠬᠤᠷᠤᠯ ᠦᠭᠡᠶ ᠶᠠᠭᠠᠷᠠᠤ ᠰᠠᠠᠳᠠᠷᠠᠤ ᠬᠠᠯᠠᠭᠠᠢ ᠳᠠᠰᠤᠳᠠᠨ ᠣᠭᠤᠳᠠ ᠪᠠᠨ ᠳᠦᠭ᠍ᠳᠡᠢ᠌ᠳᠡᠯ᠎ᠡ ᠴᠢᠭᠢᠵᠤ ᠠᠪᠣᠭᠠᠤᠨ ᠭᠡᠷ ᠥᠭᠡᠳᠡ ᠪᠠᠨ ᠳᠠᠪᠭᠢᠳᠠᠭ ᠪᠠᠢ᠌ᠨ᠎ᠠ᠃ ᠦᠳᠠᠰᠢ ᠨᠢ ᠬᠠᠪᠣᠤᠠᠴᠤ ᠵᠢᠮᠵᠢᠭᠢᠨᠡᠭᠦ ᠭᠠᠷ ᠬᠤᠷᠤᠭᠤ ᠪᠠᠨ ᠭᠦᠢᠳᠡᠨ ᠣᠰᠤᠨ ᠳᠤ ᠳᠦᠷᠢᠵᠤ ᠪᠠᠢ᠌ᠬᠤ ᠳᠠᠭᠠᠨ ᠬᠠᠯᠠᠭᠠᠢ ᠳᠤ ᠥᠭᠦᠨ ᠬᠤᠷᠤᠰᠴᠤ᠂ ᠦᠰᠴᠦ ᠳᠤᠮᠤᠭᠠᠷᠠᠭᠠᠤᠨ ᠴᠢᠳᠠᠯ ᠣᠷᠤᠭᠰᠠᠨ ᠤ ᠬᠣᠢ᠌ᠨ᠎ᠠ ᠠᠷᠪᠢᠨ ᠭᠦᠮᠤᠨ ᠳᠠᠭᠠᠭᠤᠯᠵᠤ ᠣᠴᠢᠭᠠᠤᠨ ᠳᠡᠳᠡᠭᠡᠷ ᠵᠢᠭ᠍ᠰᠢᠯᠳᠡᠢ ᠬᠠᠯᠠᠭᠠᠢ ᠤᠳ ᠢ ᠦᠨᠳᠦᠰᠦ ᠪᠠᠷ ᠨᠢ ᠮᠠᠯᠳᠠᠭᠠᠤᠨ ᠬᠠᠶᠠᠴᠢᠬᠠᠶ᠎ᠠ ᠭᠡᠵᠤ ᠰᠢᠳᠤ ᠵᠠᠭᠤᠵᠤ ᠪᠠᠢ᠌ᠭᠰᠠᠨ ᠰᠢᠤ᠃

ᠵᠦᠰᠠ ᠪᠣᠷᠤᠭᠠᠨ ᠥᠷᠭᠦᠯᠵᠢᠯᠡᠭ᠍ᠰᠡᠨ ᠵᠤᠨ ᠤ ᠵᠢᠷᠭᠤᠭᠠᠨ ᠰᠠᠷ᠎ᠠ ᠪᠣᠯᠬᠤᠶ᠎ᠠ᠂ ᠬᠠᠯᠠᠭᠠᠢ ᠨᠤᠭᠤᠳ ᠭᠡᠳᠥᠢᠨᠡᠢ ᠭᠦᠮᠤᠨ ᠡᠴᠡ ᠦᠨᠳᠦᠷ ᠰᠠᠭᠯᠠᠢ᠌ᠨ ᠪᠣᠳᠠᠯᠠᠭᠠᠤᠨ ᠰᠡᠷᠪᠠᠭᠡᠷ ᠨᠠᠪᠴᠢᠨ ᠤ ᠭᠢᠨᠢ ᠵᠠᠪᠰᠠᠷ ᠶᠢᠡᠷ ᠣᠠᠵᠢᠭ᠎ᠠ ᠰᠠᠠᠵᠢᠭ᠎ᠠ ᠰᠣᠢ᠌ᠬ᠎ᠠ ᠳᠡᠭᠦᠵᠢᠩᠨᠡᠭ᠍ᠳᠡᠵᠤ ᠴᠡᠴᠡᠭᠯᠡᠵᠤ ᠡᠭᠢᠯᠡᠭ᠍ᠰᠡᠨ ᠪᠠᠢ᠌ᠳᠠᠭ᠃ ᠡᠨᠡ ᠪᠣᠯ ᠮᠢᠨᠤ ᠠᠷᠪᠠᠨ ᠭᠤᠷᠪᠠᠳᠠᠢ ᠵᠢᠯ ᠤᠨ ᠵᠤᠨ ᠪᠠᠢ᠌ᠵᠤ᠂ ᠭᠦᠳᠡᠭᠡ ᠳᠤᠰᠬᠤᠨ ᠤ ᠣᠳᠤᠷᠢᠤᠠᠬᠤ ᠪᠠᠭ ᠢ ᠴᠡᠭ᠍ᠴᠡᠯᠡᠭᠦ ᠪᠠᠷ ᠴᠡᠷᠢᠭ᠌ ᠤᠨ ᠣᠬᠠᠭᠤᠯᠬᠤ ᠠᠩᠭᠢ ᠶᠢᠨ ᠴᠢᠨ ᠣᠪᠣᠭᠳᠠᠢ ᠱᠲ᠋ᠠᠪ ᠤᠨ ᠳᠠᠷᠤᠭ᠎ᠠ ᠬᠤᠶᠠᠷ ᠬᠠᠮᠠᠭᠠᠯᠠᠭᠴᠢ ᠲᠡᠶ ᠪᠠᠨ ᠮᠠᠨ ᠤ ᠠᠢ᠌ᠯ ᠳᠤ ᠪᠠᠭᠤᠭᠰᠠᠨ ᠶᠤᠮ᠃ ᠲ᠋ᠠᠳᠠᠨᠤᠰ ᠮᠤᠩᠭ᠋ᠤᠯ ᠥᠭᠡ ᠶᠢ ᠳᠠᠭ ᠳᠦᠭᠦᠭᠡᠷᠡᠭᠦ ᠦᠭᠡᠶ ᠪᠠᠢ᠌ᠵᠤ᠂ ᠮᠠᠯᠴᠢᠳ ᠲᠡᠶ ᠭᠡᠯᠡ ᠠᠮᠠ ᠪᠠᠨ ᠣᠯᠤᠯᠴᠠᠵᠤ ᠳᠡᠢ᠌ᠯᠭᠦ ᠦᠭᠡᠶ ᠪᠣᠯᠬᠤᠷ ᠮᠤᠩᠭ᠋ᠤᠯ ᠭᠢᠳᠠᠤᠨ ᠥᠭᠡᠨ ᠳᠡᠭᠡᠨ ᠨᠡᠪᠳᠡᠷᠡᠭ᠍ᠰᠡᠨ ᠮᠢᠨᠤ ᠠᠪᠣ ᠶᠢ ᠪᠠᠶ᠎ᠠ ᠡᠴᠡ ᠪᠠᠨ ᠰᠠᠯᠭᠠᠯ ᠦᠭᠡᠶ ᠳᠠᠭᠠᠭᠤᠯᠵᠤ ᠶᠠᠪᠣᠳᠠᠭ ᠪᠠᠢ᠌ᠵᠠᠢ᠃

ᠨᠢᠭᠡᠨ ᠡᠳᠦᠷ᠂ ᠴᠢᠨ ᠱᠲ᠋ᠠᠪ ᠤᠨ ᠳᠠᠷᠤᠭ᠎ᠠ ᠮᠠᠨ ᠤ ᠳᠤ ᠠᠪᠣ ᠶᠢ ᠡᠷᠢᠭᠦ ᠪᠠᠷ ᠢᠷᠡᠭᠡᠤᠨ᠂ ᠮᠢᠨᠤ ᠰᠤᠷᠭᠠᠭᠤᠯᠢ ᠡᠴᠡ ᠪᠠᠨ ᠵᠤᠭᠰᠤᠭᠰᠠᠨ ᠰᠢᠯᠳᠠᠭᠠᠨ ᠢ ᠨᠠᠷᠢᠪᠴᠢᠯᠠᠨ ᠠᠰᠠᠭᠤᠵᠤ᠂ 《ᠡᠨᠡ ᠪᠣᠯ ᠡᠷᠭᠢᠭᠦᠤ ᠪᠠᠭᠰᠢ ᠶᠢᠨ ᠥᠢᠯᠡᠳᠦᠭ᠍ᠰᠡᠨ ᠳᠡᠨᠡᠭ᠌ ᠶᠠᠪᠣᠳᠠᠯ ᠪᠠᠢ᠌ᠨ᠎ᠠ᠂ ᠲᠦᠢ᠌︕》 ᠭᠡᠵᠤ ᠭᠠᠵᠠᠷ ᠨᠢᠯᠪᠣᠭᠠᠤᠨ᠂ ᠮᠢᠨᠤ ᠣᠰᠴᠤ ᠬᠠᠭᠠᠷᠠᠭᠰᠠᠨ ᠬᠤᠶᠠᠷ ᠭᠠᠷ ᠢ ᠪᠠᠷᠢᠭᠠᠤᠨ ᠣᠳᠠᠳᠠᠯ᠎ᠠ ᠰᠡᠭᠦᠷᠡᠰᠤ ᠠᠯᠳᠠᠵᠤ ᠪᠢᠯᠡ᠃ ᠲ᠋ᠡᠭᠡᠭᠡᠤᠨ ᠭᠠᠴᠠᠭᠠᠨ ᠳᠠᠷᠤᠭ᠎ᠠ ᠪᠣᠯᠤᠨ ᠰᠤᠷᠭᠠᠭᠤᠯᠢ ᠶᠢᠨ ᠵᠠᠭᠢᠷᠤᠯ ᠢ ᠠᠯᠪᠠᠨ ᠭᠡᠷ ᠲᠡᠭᠡᠨ ᠳᠠᠭᠤᠳᠠᠵᠤ ᠰᠢᠷᠡᠭᠡ ᠠᠯᠠᠭᠠᠳᠤᠨ ᠭᠠᠢ᠌ᠭᠤᠢ ᠵᠠᠩᠨᠠᠵᠤ ᠭᠡᠨ᠎ᠡ᠃ ᠲ᠋ᠦᠬᠠᠢ ᠶᠢᠨ ᠵᠢᠯ ᠤᠨ ᠠᠩᠭᠢ ᠶᠢᠨ ᠡᠷᠭᠢᠯᠡᠭ᠍ᠴᠢ ᠪᠠᠢ᠌ᠭᠰᠠᠨ ᠰᠠᠮᠪᠠᠯ ᠪᠠᠭᠰᠢ ᠭᠡᠷᠪᠡ ᠥᠭᠡᠷ᠎ᠡ ᠭᠠᠵᠠᠷ ᠰᠢᠯᠵᠢᠭ᠍ᠰᠡᠨ ᠦᠭᠡᠶ ᠶᠤᠮ ᠪᠣᠯ ᠯᠠᠪᠳᠠᠢ ᠴᠢᠩᠭ᠋᠎ᠠ ᠳᠤᠩᠭ᠋ᠤᠳᠤᠭᠳᠠᠬᠤ ᠪᠠᠢ᠌ᠭᠰᠠᠨ ᠳ᠋ᠡ᠃ ᠴᠡᠷᠢᠭ᠌ ᠭᠦᠮᠤᠨ ᠤ ᠠᠵᠢᠯ ᠤᠨ ᠣᠪᠣᠷ ᠭᠡᠭ᠍ᠴᠢ ᠲᠦᠪ ᠭᠤᠤᠯᠴᠢ ᠪᠦᠭᠡᠤᠨ ᠳᠦᠷᠭᠡᠨ ᠱᠠᠯᠠᠮᠠᠭᠠᠢ ᠶᠢ ᠶᠠᠭᠤᠨ ᠥᠭᠦᠯᠡᠭᠦ᠃ ᠲ᠋ᠡᠭᠡᠭᠡᠤᠨ ᠳᠠᠷᠠ ᠡᠳᠦᠷ ᠳᠤᠨᠢ ᠨᠠᠮᠢ᠋ᠢ ᠰᠤᠷᠭᠠᠭᠤᠯᠢ ᠳᠤ ᠭᠦᠷᠭᠡᠵᠤ ᠬᠤᠶᠠᠳᠤᠭᠠᠷ ᠣᠨ ᠳᠤ ᠣᠷᠤᠭᠤᠯᠤᠭᠰᠠᠨ ᠪᠦᠭᠡᠤᠨ᠂ ᠡᠡᠩᠭᠢ ᠶᠢᠨ ᠭᠡᠷ ᠤᠨ ᠬᠠᠮᠤᠭ ᠳᠤᠭᠢᠯᠠᠭ ᠪᠠᠢ᠌ᠷᠢᠨ ᠳᠤ ᠠᠪᠠᠴᠢᠵᠤ ᠰᠠᠭᠤᠯᠭᠠᠭᠰᠠᠨ ᠪᠠᠢ᠌ᠨ᠎ᠡ᠃ ᠢᠩᠭᠢᠭ᠍ᠰᠡᠨ ᠶᠢᠡᠷ ᠨᠠᠳᠠ ᠲᠡᠶ ᠬᠠᠮᠳᠤ ᠬᠠᠯᠠᠭᠠᠢ ᠳᠡᠭᠦᠳᠡᠭ᠌ ᠦᠶᠡᠴᠤᠤᠯ ᠮᠢᠨᠢ ᠨᠠᠮᠢ᠋ᠢ ᠠᠶᠤᠵᠤ ᠪᠢᠰᠢᠷᠡᠭ᠍ᠰᠡᠨ ᠬᠠᠷᠠᠴᠠ ᠪᠠᠷ ᠰᠢᠷᠳᠡᠭᠦ ᠪᠤᠯᠵᠤ 《ᠴᠢᠯᠦᠭᠡᠯᠡᠭᠦ ᠴᠡᠷᠢᠭ᠌ ᠤᠨ ᠬᠠᠮᠠᠭᠠᠯᠠᠯᠳᠠ ᠲᠡᠶ ᠢᠷᠡᠭ᠍ᠰᠡᠨ ᠶᠡᠭᠡ ᠭᠦᠮᠤᠨ》 ᠭᠡᠵᠤ ᠡᠷᠭᠦᠭᠦ ᠪᠤᠯᠵᠠᠢ᠃ ᠡᠭᠦᠨ ᠡᠴᠡ ᠠᠪᠣᠭᠠᠤᠨ ᠪᠢ ᠴᠢᠯᠦᠭᠡᠯᠡᠭᠦ ᠴᠡᠷᠢᠭ᠌ ᠢ ᠣᠠᠴᠠ ᠪᠢᠰᠢᠷᠠᠨ ᠭᠦᠡᠳᠦᠦᠡᠭᠡᠳᠡᠭ᠌ ᠪᠤᠯᠵᠤ᠂ ᠴᠢᠯᠦᠭᠡᠯᠡᠭᠦ ᠴᠡᠷᠢᠭ᠌ ᠲᠡᠶ ᠵᠢᠷᠤᠭᠳᠤ ᠴᠠᠭᠠᠰᠤ ᠶᠢ ᠭᠢᠮᠠᠭᠠᠳᠠᠨ ᠬᠠᠳᠠᠭᠠᠯᠠᠬᠤ ᠪᠠᠷ ᠪᠠᠷᠠᠬᠤ ᠦᠭᠡᠶ᠂ ᠴᠢᠯᠦᠭᠡᠯᠡᠭᠦ ᠴᠡᠷᠢᠭ᠌ ᠢ ᠮᠠᠭᠳᠠᠭᠰᠠᠨ ᠳᠠᠭᠤᠤ ᠪᠦᠭᠦᠨ ᠢ ᠰᠤᠷᠴᠤ ᠠᠪᠣᠭᠠᠤᠨ ᠳᠠᠭᠤᠯᠠᠵᠤ ᠠᠷᠠᠤᠨ ᠤᠨ ᠰᠤᠷᠭᠠᠭᠤᠯᠢ ᠳᠤ ᠣᠷᠤᠭᠤᠯᠤᠭᠰᠠᠨ ᠠᠴᠢ ᠭᠠᠪᠢᠶ᠎ᠠ ᠶᠢ ᠨᠢ ᠦᠶ᠎ᠡ ᠶᠢᠨ ᠦᠶ᠎ᠡ ᠳᠤ ᠪᠠᠳᠤ ᠴᠡᠭᠡᠵᠢᠯᠡᠶ᠎ᠡ ᠭᠡᠵᠤ ᠳᠠᠰᠤ ᠪᠣᠳᠤᠳᠠᠭ ᠪᠤᠯᠪᠠ᠃ ᠳᠦᠴᠢᠭᠡᠤᠨ ᠵᠢᠯ ᠤᠨ ᠰᠡᠭᠦᠯᠡᠷᠭᠢ ᠡᠨᠡ ᠡᠳᠦᠷ᠂ ᠬᠠᠯᠠᠭᠠᠢ ᠶᠢᠨ ᠨᠤᠭᠤᠭᠠᠨ ᠥᠩᠭᠡ ᠶᠢ ᠬᠠᠷᠠᠬᠤ ᠪᠦᠷᠢ ᠠᠷᠪᠠᠨ ᠬᠤᠷᠤᠭᠤ ᠵᠢᠮᠵᠢᠭᠢᠨᠡᠭᠦ ᠳᠦᠷᠦᠭ᠍ᠳᠡᠯ ᠣᠷᠤᠳᠠᠭ ᠪᠦᠭᠡᠤᠨ᠂ ᠴᠡᠷᠢᠭ᠌ ᠤᠨ ᠬᠤᠪᠴᠠᠰᠤ ᠲᠡᠶ ᠭᠦᠮᠤᠨ ᠢ ᠥᠵᠡᠮᠡᠭ᠍ᠴᠡ ᠰᠠᠤᠠᠭᠢᠯ ᠳᠤᠭᠳᠤᠯᠤᠨ ᠭᠦᠡᠳᠦᠦᠡᠭᠡᠯ ᠪᠢᠰᠢᠷᠠᠯ ᠤᠨ ᠬᠠᠯᠠᠭᠤᠨ ᠬᠠᠯᠢᠶ᠎ᠠ ᠦᠷᠦᠴᠠᠨ ᠳᠤ ᠳᠤᠯᠭᠢᠶᠠᠯᠠᠳᠠᠭ ᠪᠤᠯᠵᠠᠢ᠃ ᠴᠢᠯᠦᠭᠡᠯᠡᠭᠦ ᠴᠡᠷᠢᠭ᠌ ᠨᠢ ᠭᠠᠭᠴᠠᠬᠦ ᠳᠤᠮᠳᠠᠳᠤ ᠣᠯᠤᠰ ᠢ ᠴᠢᠯᠦᠭᠡᠯᠡᠭ᠍ᠰᠡᠨ ᠳᠠᠳᠤᠢ ᠦᠭᠡᠶ᠂ 《ᠬᠠᠭᠤᠴᠢᠨ ᠭᠦᠤ》   ᠶᠢᠨ ᠮᠦᠷ ᠢ ᠮᠦᠰᠭᠢᠵᠤ ᠬᠠᠯᠠᠭᠠᠢ᠌ᠳᠤ ᠭᠤᠤ ᠳᠠᠭᠠᠨ ᠳᠠᠯᠴᠢᠯᠠᠵᠤ ᠶᠠᠪᠣᠭ᠎ᠠ ᠨᠠᠮᠢ᠋ᠢ ᠴᠢᠯᠦᠭᠡᠯᠡᠵᠤ᠂ ᠰᠤᠶᠤᠯ ᠤᠨ ᠮᠦᠷ ᠢ ᠵᠠᠯᠭᠠᠭᠤᠯᠵᠤ ᠦᠭ‍ᠭᠦᠭ᠍ᠰᠡᠨ ᠠᠴᠢᠳᠤ ᠭᠦᠮᠤᠨ ᠪᠠᠢ᠌ᠵᠡᠢ᠃

ᠲ᠋ᠠᠷᠠ ᠵᠤᠨ ᠤ ᠪᠣᠷᠤᠭᠠᠨ ᠭᠡᠵᠢ ᠡ᠂ ᠬᠤᠷᠢᠭᠠᠳ ᠬᠤᠨᠤᠭ ᠵᠤᠭᠰᠤᠯ ᠦᠭᠡᠶ ᠨᠦᠷᠢᠯᠠᠨ ᠣᠷᠤᠵᠤ᠂ ᠶᠠᠮᠤᠨ ᠰᠦᠮ᠎ᠡ ᠶᠢ ᠨᠤᠷᠠᠭᠠᠨ ᠳᠤᠭᠤᠰᠬ᠎ᠠ ᠪᠠᠷ ᠨᠢ ᠪᠠᠷᠢᠭᠰᠠᠨ ᠰᠤᠷᠭᠠᠭᠤᠯᠢ ᠶᠢᠨ ᠭᠡᠷ ᠠᠪᠬᠤ ᠶᠢᠨ ᠳᠠᠮᠳᠤᠭ ᠦᠭᠡᠶ ᠭᠤᠭᠤᠵᠢᠵᠤ ᠭᠢᠴᠢᠶᠡᠯᠯᠡᠭᠦ ᠶᠢᠨ ᠠᠷᠭ᠎ᠠ ᠦᠭᠡᠶ ᠪᠣᠯᠤᠭᠰᠠᠨ ᠶᠢᠡᠷ᠂ ᠵᠤᠨ ᠤ ᠳᠠᠷᠬᠠᠯᠳᠠ ᠪᠠᠨ ᠣᠷᠢᠤᠠᠴᠢᠯᠠᠨ ᠳᠠᠯᠪᠢᠵᠤ ᠪᠢᠯᠠ᠃ ᠬᠤᠷ᠎ᠠ ᠪᠣᠷᠤᠭᠠᠨ ᠨᠤᠵᠤᠭᠠᠷᠠᠨ ᠴᠢᠭᠢᠭ᠌ ᠨᠣᠢ᠌ᠳᠠᠨ ᠥᠷᠭᠦᠯᠵᠢᠯᠡᠭ᠍ᠰᠡᠨ ᠶᠢᠡᠷ᠂ ᠨᠠᠭᠠᠴᠤ ᠡᠮᠡᠭᠡ ᠶᠢᠨ ᠮᠢᠨᠢ ᠭᠦᠯ ᠨᠢᠷᠤᠭᠤᠨ ᠤ ᠬᠤᠶᠠᠩ ᠨᠢ ᠭᠦᠳᠡᠯᠦᠭᠡᠤᠨ ᠭᠡᠪᠳᠡᠷᠢ ᠳᠤ ᠤᠷᠦᠵᠡᠢ᠃ ᠲ᠋ᠡᠭᠡᠭᠡᠤᠨ᠄

《ᠵᠢᠭᠡ ᠣᠮᠪᠣᠯ ᠮᠢᠨᠢ ᠶᠠᠪᠣᠭᠠᠤᠨ ᠬᠠᠯᠠᠭᠠᠢ ᠶᠢᠨ ᠬᠤᠵᠤᠤᠯ᠎ᠠ ᠮᠠᠯᠳᠠᠭᠠᠤᠨ ᠢᠷ᠎ᠡ᠂ ᠡᠮᠡᠭᠡ ᠨᠢ ᠡᠨᠡ ᠮᠠᠭᠤ ᠠᠷᠬᠠᠭ ᠶᠢᠡᠨ ᠡᠮᠨᠡᠶ᠎ᠡ》 ᠭᠡᠯ᠎ᠡ᠃ ᠪᠢ ᠬᠠᠯᠠᠭᠠᠢ ᠶᠢ ᠢᠳᠠᠵᠤ ᠪᠣᠯᠬᠤ ᠶᠢ ᠮᠡᠳᠡᠭᠦ ᠡᠴᠡ ᠪᠢᠰᠢ᠂ ᠡᠮᠴᠢᠯᠭᠡᠨ ᠳᠡᠭᠡᠷ᠎ᠡ ᠭᠡᠷᠡᠭᠯᠡᠵᠤ ᠪᠣᠯᠬᠤ ᠶᠢ ᠣᠭᠳᠤ ᠮᠡᠳᠡᠭᠦ ᠦᠭᠡᠶ ᠪᠠᠢ᠌ᠭᠰᠠᠨ ᠶᠢᠡᠷ ᠶᠡᠭᠡ ᠰᠤᠨᠢᠷᠬᠠᠵᠤ᠂ ᠵᠡᠭᠡᠳᠡᠤ ᠠᠪᠴᠤ ᠭᠠᠷᠤᠭᠠᠤᠨ ᠣᠳᠠᠯ ᠦᠭᠡᠶ ᠬᠠᠭᠠᠰ ᠠᠷᠤᠭ ᠮᠠᠯᠳᠠᠭᠠᠤᠨ ᠠᠪᠴᠢᠷᠠᠵᠠᠢ᠃ ᠨᠠᠭᠠᠴᠤ ᠡᠮᠡᠭᠡ ᠨᠢᠭᠡ ᠳᠤᠭᠤᠭ᠎ᠠ ᠣᠰᠤ ᠭᠢᠯᠭᠡᠵᠤ ᠬᠠᠯᠠᠭᠠᠢ ᠶᠢᠨ ᠬᠤᠵᠤᠤᠯ᠎ᠠ ᠪᠠᠨ ᠣᠭᠳᠤᠴᠢᠨ ᠭᠡᠷᠴᠢᠭᠡᠤᠨ ᠣᠳᠠᠳᠠᠯ᠎ᠠ ᠴᠢᠨᠠᠵᠤ᠂ ᠰᠦᠮᠤᠰᠤ ᠪᠠᠷ ᠨᠢ ᠭᠦᠯ ᠨᠢᠷᠤᠭᠤ ᠪᠠᠨ ᠴᠠᠭ ᠭᠠᠷᠤᠢ ᠱᠠᠪᠰᠢᠵᠤ ᠭᠠᠷᠴᠠᠢ᠃ ᠮᠠᠷᠭᠠᠰᠢ ᠨᠢ ᠪᠣᠯᠬᠤ ᠳᠤ᠂ ᠨᠠᠭᠠᠴᠤ ᠡᠮᠡᠭᠡ ᠮᠢᠨᠢ ᠭᠡᠳᠥᠢᠨᠡᠢ ᠬᠠᠠᠵᠤᠨ ᠡᠴᠡ ᠪᠠᠨ ᠪᠠᠭᠤᠭᠠᠤᠨ ᠳᠤᠭᠤᠯ ᠪᠢᠷᠠᠭᠤᠨ ᠳᠠᠭᠠᠨ ᠱᠤᠭᠰᠢᠭᠠᠤᠨ ᠭᠦᠶ‍ᠦᠴᠢᠭ᠍ᠰᠡᠨ ᠪᠠᠢ᠌ᠪᠠ᠃ ᠬᠠᠯᠠᠭᠠᠢ ᠳᠤ ᠡᠢ᠌ᠮᠤ ᠰᠥᠷᠡᠭᠡᠢ ᠡᠮᠴᠢᠯᠭᠡᠨ ᠤ ᠷᠢᠳᠢ ᠰᠢᠳᠢ ᠲᠡᠶ ᠶᠢ ᠥᠵᠡᠭᠡᠤᠨ᠂ ᠪᠢ ᠵᠠᠨᠤᠵᠤ ᠪᠠᠢ᠌ᠭᠰᠠᠨ ᠡᠴᠡ ᠪᠠᠨ ᠪᠢᠰᠢᠷᠡᠭᠦ ᠪᠣᠯᠵᠤ ᠨᠢᠭᠡ ᠵᠣᠢ᠌ᠯ ᠤᠨ ᠵᠤᠷ ᠰᠤᠷᠤᠯ᠎ᠠ ᠭᠡᠤᠨ ᠶᠡᠭᠡ ᠣᠯᠵᠠᠷᠬᠠᠵᠤ ᠪᠢᠯᠠ᠃

ᠣᠨᠠᠭᠰᠠᠨ ᠮᠠᠯᠠᠭᠠᠢ ᠠᠪᠬᠤ ᠶᠢᠨ ᠵᠠᠪ ᠦᠭᠡᠶ ᠰᠢᠷᠭᠠᠯ ᠨᠠᠮᠤᠷ ᠤᠨ ᠶᠠᠭᠠᠷᠠᠤ ᠣᠯᠠᠷᠢᠯ ᠪᠣᠯᠬᠤ ᠳᠤ᠂ ᠬᠠᠯᠠᠭᠠᠢ ᠨᠤᠭᠤᠳ ᠲᠤ ᠪᠠᠭᠰᠢᠷᠠᠭᠰᠠᠨ ᠵᠤᠵᠠᠭᠠᠨ ᠵᠢᠵᠢᠭ᠌ ᠬᠠᠷ᠎ᠠ ᠮᠥᠭᠦᠯᠢᠭ᠌ ᠲᠡᠶ ᠦᠷ᠎ᠡ ᠰᠠᠭᠤᠵᠤ ᠡᠰᠢ ᠨᠢ ᠮᠤᠳᠤᠵᠢᠨ ᠰᠢᠷᠠᠯᠠᠭᠠᠤᠨ ᠡᠭᠢᠯᠡᠨ᠎ᠡ᠃ ᠡᠨᠡ ᠦᠶ᠎ᠡ ᠶᠢᠨ ᠥᠷᠭᠦᠭᠡᠰᠤ ᠨᠢ ᠮᠤᠳᠤᠯᠢᠭ ᠰᠢᠠᠵᠢ ᠣᠷᠤᠵᠤ ᠭᠦᠮᠤᠨ ᠢ ᠬᠤᠤᠷᠳᠠᠢ ᠬᠠᠤᠠᠬᠤᠬᠤ ᠪᠠᠷ ᠪᠠᠷᠠᠬᠤ ᠦᠭᠡᠶ᠂ ᠬᠠᠤᠠᠬᠤᠭᠳᠠᠭᠰᠠᠨ ᠰᠢᠷᠬ᠎ᠠ ᠨᠢ ᠬᠠᠯᠠᠭᠠᠢ ᠶᠢᠨ ᠥᠷᠭᠦᠭᠡᠰᠤ ᠢᠯᠵᠢᠷᠠᠵᠤ ᠳᠠᠭᠤᠰᠳᠠᠯ᠎ᠠ ᠰᠠᠢ᠌ᠨ ᠪᠣᠯᠳᠠᠭ ᠦᠭᠡᠶ ᠡᠡᠵᠢ᠃ ᠡᠨᠡ ᠦᠶᠡᠰ᠂ ᠠᠪᠣ ᠨᠠᠮᠢ᠋ᠢ ᠳᠠᠭᠠᠭᠤᠯᠤᠨ ᠬᠠᠯᠠᠭᠠᠢ ᠬᠠᠳᠤᠬᠤ ᠪᠠᠷ ᠶᠠᠪᠣᠳᠠᠭ᠃ ᠨᠠᠮᠤᠷ ᠤᠨ ᠳᠠᠷᠬᠠᠯᠳᠠ ᠳᠠᠭᠤᠰᠬᠤ ᠡᠴᠡ ᠡᠮᠦᠨ᠎ᠡ ᠵᠠᠪᠳᠤᠵᠤ ᠭᠡᠷ ᠲᠡᠭᠡᠨ ᠢᠯᠡᠭᠦᠭᠡᠨ ᠠᠵᠢᠯ ᠭᠢᠶ᠎ᠠ ᠭᠡᠵᠤ ᠪᠣᠳᠤᠭᠰᠠᠨ ᠪᠢ ᠶᠠᠮᠠᠷᠪᠠ ᠠᠵᠢᠯ ᠳᠤ ᠴᠤ ᠬᠣᠢ᠌ᠰᠢ ᠣᠬᠤᠷᠢᠬᠤ ᠦᠭᠡᠶ ᠪᠠᠢ᠌ᠳᠠᠯ᠎ᠠ ᠪᠠᠨ ᠬᠠᠯᠠᠭᠠᠢ ᠭᠡᠭ᠍ᠴᠢ 《ᠥᠰᠢᠶᠡᠳᠡᠨ》 ᠊ᠢ ᠳᠠᠷᠤᠵᠤ ᠣᠨᠠᠭᠠᠬᠤ ᠠᠵᠢᠯ ᠡᠴᠡ ᠨᠠᠩ ᠬᠤᠴᠤᠷᠠᠭᠠᠤᠨ ᠪᠣᠯᠤᠨ᠎ᠠ ᠦᠦ︖ ᠵᠡᠭᠦᠨ ᠭᠠᠷ ᠶᠢᠡᠨ ᠮᠦᠷᠤ ᠳᠤᠯᠳᠠᠯ᠎ᠠ ᠪᠠᠨ ᠵᠤᠵᠠᠭᠠᠨ ᠳᠠᠪᠣᠤ ᠪᠠᠷ ᠣᠷᠢᠶᠠᠵᠤ᠂ ᠪᠠᠷᠠᠭᠤᠨ ᠭᠠᠷ ᠲᠠᠭᠠᠨ ᠬᠠᠳᠤᠭᠤᠷ ᠪᠠᠷᠢᠭᠠᠤᠨ ᠬᠠᠯᠠᠭᠠᠢ ᠶᠢ ᠪᠣᠳᠠ ᠳᠠᠷᠠᠭᠠᠯᠠᠨ ᠳᠠᠷᠤᠵᠤ ᠣᠨᠠᠭᠠᠳᠠᠭ ᠪᠠᠢ᠌ᠵᠠᠢ᠃ ᠲ᠋ᠠᠭᠢᠭᠠᠤᠨ ᠬᠤᠶᠠᠷ ᠬᠤᠨᠤᠭ ᠥᠭ᠍ᠰᠢᠷᠡᠭᠡᠭ᠍ᠰᠡᠨ ᠤ ᠬᠤᠢ᠌ᠨ᠎ᠠ᠂ ᠨᠢᠭᠡᠳᠦᠯ ᠤᠨ ᠥᠭᠡᠷ ᠳᠡᠷᠭᠡ ᠶᠢ ᠣᠯᠵᠤ ᠳᠡᠭᠡᠭᠡᠵᠤ ᠠᠪᠴᠢᠷᠠᠭᠠᠤᠨ ᠦᠳᠦᠷᠮ᠎ᠠ ᠳᠡᠭᠡᠷ᠎ᠡ ᠳᠡᠯᠭᠡᠵᠤ ᠬᠠᠳᠠᠭᠠᠨ᠎ᠠ᠃ ᠬᠠᠳᠠᠭᠰᠠᠨ ᠬᠣᠢ᠌ᠨ᠎ᠠ ᠨᠢ ᠰᠢᠳᠠᠮᠳᠠᠵᠤ ᠦᠷ᠎ᠡ ᠨᠠᠪᠴᠢ ᠶᠢ ᠨᠢ ᠭᠦᠪᠢᠵᠤ ᠠᠪᠣᠭᠠᠤᠨ ᠭᠦᠮᠦᠷᠭᠡᠯᠡᠵᠤ ᠭᠠᠬᠠᠢ ᠪᠣᠷᠳᠤᠳᠠᠭ ᠪᠠᠢ᠌ᠨ᠎ᠠ᠃ ᠢᠩᠭᠢᠵᠤ ᠪᠠᠢ᠌ᠭᠠᠤᠨ ᠵᠢᠯ ᠪᠦᠷᠢ ᠬᠤᠶᠠᠷ ᠪᠦᠳᠦᠭᠦᠨ ᠭᠠᠬᠠᠢ ᠪᠤᠷᠳᠦᠵᠤ᠂ ᠡᠪᠦᠯ ᠨᠢ ᠬᠤᠳᠠᠯᠳᠤᠭᠠᠤᠨ ᠨᠢᠭᠡ ᠭᠡᠷ ᠤᠨ ᠵᠢᠯ ᠤᠨ ᠵᠠᠷᠤᠳᠠᠯ ᠶᠢᠡᠨ ᠡᠪᠯᠡᠭᠦᠯᠳᠡᠭ᠌ ᠪᠠᠢ᠌ᠭᠰᠠᠨ᠃ ᠴᠢᠩᠭᠢᠵᠤ ᠵᠢᠯ ᠳᠤᠷᠰᠢ ᠬᠠᠯᠠᠭᠠᠢ ᠲᠡᠶ ᠨᠤᠴᠤᠯᠳᠤᠨ ᠬᠠᠯᠠᠭᠠᠢ ᠶᠢᠨ ᠠᠴᠢ ᠳᠤᠰᠠ ᠳᠤ ᠰᠢᠳᠦᠭᠡᠤᠨ ᠭᠠᠴᠢᠭ ᠭᠠᠮᠰᠢᠭ ᠲᠡᠶ ᠣᠨ ᠵᠢᠯ ᠢ ᠳᠤᠭᠤᠯᠤᠭᠰᠠᠨ ᠠᠩᠭᠢᠷ ᠵᠠᠯᠠᠭᠤ ᠨᠠᠰᠤᠨ ᠤ ᠨᠤᠭᠤᠭᠠᠨ ᠥᠩᠭᠡᠳᠤ ᠳᠤᠷᠠᠤᠠᠬᠠᠯ ᠮᠢᠨᠢ ᠣᠭᠤᠷᠠᠭ ᠳᠠᠷᠢᠭᠢᠨ ᠳᠤ ᠰᠡᠢ᠌ᠯᠦᠭ᠍ᠳᠡᠵᠤ ᠪᠣᠷᠤ ᠵᠢᠷᠦᠭᠡᠨ ᠳᠤ ᠮᠢᠨᠢ ᠬᠠᠳᠠᠩᠰᠢᠭᠰᠠᠨ ᠪᠠᠢ᠌ᠯ᠎ᠠ ᠁

ᠥᠷᠭᠦᠭᠡᠰᠤ ᠶᠡᠭᠡᠳᠡᠢ ᠠᠷᠤ ᠶᠢᠨ ᠭᠤᠤ ᠶᠢᠨ ᠬᠠᠯᠠᠭᠠᠢ ᠮᠢᠨᠢ᠂ ᠪᠠᠯᠴᠢᠷ ᠨᠠᠰᠤᠨ ᠤ ᠭᠠᠷ ᠬᠤᠷᠤᠭᠤ ᠶᠢ ᠪᠠᠠᠳᠠᠢ᠌ᠳᠠᠯ᠎ᠠ ᠬᠠᠤᠠᠬᠤᠵᠤ ᠪᠠᠢ᠌ᠯ᠎ᠠ ᠴᠤ ᠪᠠᠶᠠᠨ ᠪᠠᠢ᠌ᠭᠠᠯᠢ ᠶᠢᠨ ᠦᠭ‍ᠭᠢᠶᠡᠮᠦᠷ ᠬᠤᠷ᠎ᠠ ᠪᠠᠢ᠌ᠵᠤ᠂ ᠪᠠᠷᠳᠠᠭ᠎ᠠ ᠵᠥᠳᠡᠭᠦᠷᠢᠳᠤ ᠠᠮᠢᠳᠤᠷᠠᠯ ᠤᠨ ᠠᠶᠠᠨ ᠤ ᠠᠮᠢ ᠵᠠᠯᠭᠠᠬᠤ ᠭᠦᠨᠡᠰᠤ ᠪᠠᠢ᠌ᠵᠠᠢ᠃

ᠵᠤᠬᠢᠶᠠᠭᠴᠢ᠄ ᠨᠣ᠋·ᠪᠠᠭᠠᠳᠤᠷ
ᠳᠠᠷᠤᠮ᠄ 5952
ᠴᠠᠭ᠄ 2009 ᠤᠨ ᠤ 04 ᠰᠠᠷ᠎ᠠ ᠶᠢᠨ 29

ᠡᠮᠦᠨᠡᠬᠢ   ᠳᠠᠷᠠᠭᠠᠬᠢ

ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃